| ᠤᠯᠠᠭᠠᠨᠬᠤᠲᠠ ᠶᠢᠨ ᠭᠡᠭᠡᠨᠰᠦ᠋ᠮ᠎ᠡ ᠪᠠᠯᠭᠠᠰᠤᠨ ᠳᠤ ᠡᠶᠢᠮᠦ ᠨᠢᠭᠡᠨ ᠡᠮᠡᠭᠲᠡᠶ ᠪᠠᠶᠢᠳᠠᠭ᠂ ᠲᠡᠷᠡ ᠯᠠᠪᠳᠠᠭᠤᠨ | ᠪᠠᠲᠤᠲᠠᠶ ᠴᠥᠬᠦᠷᠡᠰᠢ ᠥᠬᠡᠶ ᠲᠡᠮᠡᠴᠡᠯ ᠢᠶᠠᠷ ᠢᠶᠠᠨ ᠥᠪᠡᠷ ᠤᠨ ᠠᠮᠢᠳᠤᠷᠠᠯ ᠢᠶᠠᠨ ᠤᠯᠠᠮ ᠠᠴᠠ ᠤᠯᠠᠮ | ᠰᠠᠶᠢᠵᠢᠷᠠᠭᠤᠯᠵᠤ᠂ ᠨᠠᠩ ᠴᠦ ᠭᠤᠶᠠᠴᠢ ᠥᠬᠡᠶ ᠬᠤᠪᠢ ᠨᠡᠮᠡᠷᠢ ᠦᠵᠡᠭᠦᠯᠬᠦ ᠵᠣᠷᠢᠭ ᠰᠠᠨᠠᠭ᠎ᠠ ᠪᠠᠷ ᠭᠠᠴᠠᠭᠠᠨ ᠤ | ᠠᠷᠠᠳ ᠢᠶᠠᠨ ᠳᠠᠭᠠᠭᠤᠯᠤᠨ ᠪᠠᠶᠠᠵᠢᠨ ᠴᠢᠨᠡᠭᠡᠯᠢᠭᠵᠢᠬᠦ ᠵᠠᠮ ᠢᠶᠠᠷ ᠵᠠᠮᠨᠠᠵᠤ᠂ ᠤᠯᠠᠮᠵᠢᠯᠠᠯᠲᠤ ᠡᠷᠳᠡᠨᠢ ᠰᠢᠰᠢ ᠳᠠᠷᠢᠬᠤ | ᠡᠷᠦᠬᠡ ᠠᠴᠠ ᠲᠦᠬᠦᠭᠡᠷᠦᠮᠵᠢᠲᠦ ᠲᠠᠷᠢᠶᠠᠯᠠᠩ ᠤᠨ ︽ᠳᠠᠭᠠᠭᠤᠯᠤᠭᠴᠢ︾ ᠪᠣᠯᠤᠭᠰᠠᠨ ᠭᠠᠶᠢᠬᠠᠮᠰᠢᠭᠲᠤ | ᠬᠤᠪᠢᠷᠠᠯᠲᠠ ᠶᠢ ᠪᠡᠶᠡᠯᠡᠭᠦᠯᠪᠡ᠃ ᠲᠡᠷᠡ ᠪᠣᠯ ᠳᠠᠷᠤᠶ ᠬᠥᠳᠡᠭᠡ ᠲᠣᠰᠬᠤᠨ ᠤ ᠪᠠᠶᠠᠵᠢᠯ ᠤᠨ ᠳᠠᠭᠠᠭᠤᠯᠤᠭᠴᠢ ᠴᠧᠨ | ᠬᠤᠩ ᠰᠢᠶᠠ ᠪᠣᠯᠤᠨ᠎ᠠ᠃ | ᠤᠯᠠᠭᠠᠨᠬᠤᠲᠠ ᠶᠢᠨ ᠭᠡᠭᠡᠨᠰᠦ᠋ᠮ᠎ᠡ ᠪᠠᠯᠭᠠᠰᠤᠨ ᠤ ᠲᠦᠬᠦᠭᠡᠷᠦᠮᠵᠢᠲᠦ ᠲᠠᠷᠢᠶᠠᠯᠠᠩ ᠤᠨ ᠬᠦᠷᠢᠶᠡᠯᠡᠩ ᠤᠨ | ᠴᠧᠨ ᠬᠤᠩ ᠰᠢᠶᠠ ᠶᠢᠨ ᠬᠦᠯᠡᠮᠵᠢ ᠳᠤ ᠣᠷᠣᠬᠤ ᠳᠤ᠂ ᠰᠠᠭᠤᠷᠢ ᠰᠠᠭᠤᠷᠢ ᠲᠥᠪᠡᠳ ᠬᠠᠰᠢ ᠶᠢᠨ ᠴᠢᠬᠢ ᠶᠢᠨ | ᠤᠷᠭᠤᠴᠠ ᠰᠠᠶᠢᠨ ᠪᠠᠶᠢᠵᠤ᠂ ᠴᠧᠨ ᠬᠤᠩ ᠰᠢᠶᠠ ᠶᠠᠭ ᠲᠥᠪᠡᠳ ᠬᠠᠰᠢ ᠶᠢᠨ ᠰᠠᠯᠠᠭ᠎ᠠ ᠨᠠᠮᠠᠭ᠎ᠠ ᠶᠢ ᠵᠠᠰᠠᠨ | ᠶᠠᠭᠠᠷᠠᠯᠲᠠᠢ ᠪᠠᠶᠢᠯ᠎ᠠ᠃ ᠬᠦᠯᠡᠮᠵᠢ ᠳᠤ ᠲᠠᠷᠢᠭᠰᠠᠨ ᠰᠢᠯᠲᠠᠭᠠᠨ ᠤ ᠲᠤᠬᠠᠶ ᠴᠧᠨ ᠬᠤᠩ ᠰᠢᠶᠠ ᠰᠤᠷᠪᠤᠯᠵᠢᠯᠠᠭᠴᠢ ᠳᠤ | ᠂ ᠥᠩᠭᠡᠷᠡᠭᠰᠡᠨ ᠳᠤ ᠲᠡᠷᠡ ᠨᠥᠬᠦᠷ ᠲᠠᠢ ᠪᠠᠨ ᠤᠯᠠᠮᠵᠢᠯᠠᠯᠲᠤ ᠪᠦᠳᠦᠭᠦᠯᠢᠭ ᠦᠢᠯᠡᠳᠪᠦᠷᠢᠯᠡᠯ ᠤᠨ ᠠᠷᠭ᠎ᠠ ᠮᠠᠶ᠋ᠢᠭ ᠲᠤ | ᠲᠦᠰᠢᠭᠯᠡᠨ ᠡᠷᠳᠡᠨᠢ ᠰᠢᠰᠢ ᠳᠠᠷᠢᠵᠤ᠂ ᠨᠢᠭᠡ ᠵᠢᠯ ᠤᠨ ᠣᠷᠤᠯᠭ᠎ᠠ ᠨᠢ ᠡᠳᠦᠷ ᠲᠤᠲᠤᠮ ᠤᠨ ᠵᠠᠷᠤᠯᠭ᠎ᠠ ᠳᠤ ᠯᠠ | ᠬᠦᠷᠴᠦ ᠪᠠᠶᠢᠪᠠ᠃ 2013 ᠣᠨ ᠳᠤ᠂ ᠭᠡᠭᠡᠨᠰᠦ᠋ᠮ᠎ᠡ ᠪᠠᠯᠭᠠᠰᠤ ᠲᠠᠷᠢᠮᠠᠯ ᠤᠨ ᠪᠦᠲᠦᠴᠡ ᠶᠢ ᠲᠤᠬᠢᠷᠠᠭᠤᠯᠤᠨ | ᠰᠢᠯᠢᠳᠡᠭᠵᠢᠭᠦᠯᠵᠦ᠂ ᠲᠦᠬᠦᠭᠡᠷᠦᠮᠵᠢᠲᠦ ᠲᠠᠷᠢᠶᠠᠯᠠᠩ ᠢ ᠶᠡᠬᠡᠪᠡᠷ ᠬᠥᠭᠵᠢᠭᠦᠯᠵᠦ᠂ ᠴᠧᠨ ᠬᠤᠩ ᠰᠢᠶᠠ ᠡᠨᠡ ᠬᠦ | ᠠᠵᠠ ᠲᠣᠬᠢᠶᠠᠯ ᠢ ᠠᠮᠵᠢᠵᠤ᠂ ᠬᠦᠯᠡᠮᠵᠢ ᠳᠠᠭᠠᠭᠠᠴᠢᠯᠠᠨ ᠥᠷᠭᠡᠰᠦᠲᠦ ᠬᠡᠮᠬᠡ᠂ ᠲᠥᠪᠡᠳ ᠬᠠᠰᠢ᠂ ᠪᠤᠷᠴᠠᠭ᠂ | ᠵᠢᠵᠢᠭ ᠴᠠᠭᠠᠨ ᠨᠣᠭᠤᠭ᠎ᠠ᠂ ᠦᠨᠦᠷᠲᠦ ᠨᠣᠭᠤᠭ᠎ᠠ ᠵᠡᠷᠭᠡ ᠡᠯ᠎ᠡ ᠵᠦᠢᠯ ᠤᠨ ᠢᠳᠡᠰᠢᠨ ᠨᠣᠭᠤᠭ᠎ᠠ ᠲᠠᠷᠢᠵᠤ᠂ | ᠲᠠᠰᠤᠷᠠᠯᠲᠠ ᠦᠭᠡᠢ ᠰᠦᠪᠡᠭᠴᠢᠯᠡᠨ ᠦᠢᠯᠡᠳᠦᠯᠭᠡᠵᠢᠭᠦᠯᠵᠦ᠂ ᠲᠠᠷᠢᠵᠤ ᠤᠷᠭᠤᠭᠤᠯᠬᠤ ᠬᠡᠪᠴᠢᠶ᠎ᠡ ᠵᠢᠯ ᠠᠴᠠ ᠵᠢᠯ | ᠥᠷᠭᠡᠵᠢᠵᠦ᠂ ᠣᠷᠤᠯᠭ᠎ᠠ ᠨᠢ ᠮᠠᠰᠢ ᠰᠠᠶᠢᠨ ᠭᠡᠵᠦ ᠬᠡᠯᠡᠨ᠎ᠡ᠃ ︽ᠪᠢ ᠣᠳᠣ 13 ᠬᠦᠯᠡᠮᠵᠢ ᠳᠤ ᠢᠳᠡᠰᠢᠨ | ᠨᠣᠭᠤᠭ᠎ᠠ ᠳᠠᠷᠢᠵᠤ᠂ ᠬᠠᠭᠤᠷᠠᠶᠢᠰᠠᠭ ᠥᠷᠭᠡᠰᠦᠲᠦ ᠬᠡᠮᠬᠡ᠂ ᠲᠥᠪᠡᠳ ᠬᠠᠰᠢ᠂ ᠯᠠᠵᠤᠤ᠂ ᠪᠤᠷᠴᠠᠭ᠂ ᠵᠢᠵᠢᠭ | ᠨᠣᠭᠤᠭ᠎ᠠ ᠵᠡᠷᠭᠡ ᠪᠠᠶᠢᠵᠤ᠂ ᠬᠦᠯᠡᠮᠵᠢ ᠨᠢᠭᠡᠪᠦᠷᠢ ᠶᠢ ᠨᠢᠭᠡ ᠵᠢᠯ ᠳᠤ ᠭᠤᠷᠪᠠᠨ ᠤᠳᠠᠭ᠎ᠠ ᠳᠠᠷᠢᠵᠤ᠂ ᠨᠢᠭᠡ ᠵᠢᠯ ᠳᠤ | ᠨᠢᠭᠡ ᠬᠦᠯᠡᠮᠵᠢ ᠠᠴᠠ ᠬᠤᠶᠠᠷ ᠲᠦᠮᠡᠨ ᠲᠥᠭᠦᠷᠢᠭ ᠬᠤᠳᠠᠯᠳᠤᠵᠤ᠂ ᠣᠷᠣᠯᠭ᠎ᠠ ᠨᠡᠯᠢᠶᠡᠳ ᠰᠠᠶᠢᠨ ᠪᠠᠶᠢᠨ᠎ᠠ︾ | ᠬᠡᠵᠦ ᠴᠧᠨ ᠬᠤᠩ ᠰᠢᠶᠠ ᠬᠡᠯᠡᠪᠡ᠃ | ᠭᠠᠴᠠᠭᠠᠨ ᠤ ᠠᠷᠠᠳ ᠢ ᠳᠠᠭᠠᠭᠤᠯᠤᠨ ᠬᠠᠮᠲᠤᠪᠠᠷ ᠪᠠᠶᠠᠵᠢᠬᠤ ᠶᠢᠨ ᠲᠥᠯᠥᠭᠡ᠂ ᠴᠧᠨ ᠬᠤᠩ ᠰᠢᠶᠠ | ᠲᠦᠷᠦᠭᠦᠯᠡᠨ ᠲᠠᠷᠢᠮᠠᠯ ᠤᠨ ᠲᠤᠰᠬᠠᠢ ᠬᠤᠷᠰᠢᠶ᠎ᠠ ᠪᠠᠶᠢᠭᠤᠯᠵᠤ᠂ ᠭᠠᠴᠠᠭᠠᠨ ᠤ ᠠᠷᠠᠳ ᠤᠨ ᠲᠦᠬᠦᠭᠡᠷᠦᠮᠵᠢᠲᠦ | ᠲᠠᠷᠢᠶᠠᠯᠠᠩ ᠢ ᠬᠥᠭᠵᠢᠭᠦᠯᠬᠦ ᠶᠢ ᠬᠦᠳᠦᠯᠦᠨ ᠵᠢᠯᠣᠭᠤᠳᠴᠤ ᠵᠣᠷᠢᠭᠵᠢᠭᠤᠯᠪᠠ᠃ ᠬᠦᠯᠡᠮᠵᠢ ᠶᠢᠨ ᠪᠥᠲᠥᠭᠡᠨ | ᠪᠠᠶᠢᠭᠤᠯᠤᠯᠲᠠ ᠠᠴᠠ ᠴᠢᠬᠢ ᠪᠤᠶᠢᠵᠢᠭᠤᠯᠬᠤ ᠬᠦᠷᠲᠡᠯ᠎ᠡ᠂ ᠲᠠᠷᠢᠶᠠᠨ ᠭᠠᠵᠠᠷ ᠤᠨ ᠬᠠᠮᠢᠶᠠᠷᠤᠯᠲᠠ ᠠᠴᠠ ᠵᠠᠬ᠎ᠠ | ᠳᠡᠯᠭᠡᠭᠦᠷ ᠤᠨ ᠪᠣᠷᠣᠯᠠᠭᠤᠯᠭ᠎ᠠ ᠬᠦᠷᠲᠡᠯ᠎ᠡ᠂ ᠲᠡᠷᠡ ᠠᠶᠢᠯ ᠡᠷᠦᠬᠡ ᠳᠤ ᠣᠷᠣᠵᠤ ᠵᠢᠭᠠᠨ ᠵᠢᠯᠣᠭᠤᠳᠪᠠ᠃ ᠲᠡᠭᠦᠨ ᠤ | ᠵᠢᠱᠢᠶ᠎ᠡ ᠦᠵᠡᠭᠦᠯᠬᠦ ᠳᠠᠶᠢᠴᠢᠯᠠᠯᠲᠠ ᠳᠣᠣᠷ᠎ᠠ᠂ ᠤᠯᠠᠮ ᠠᠴᠠ ᠤᠯᠠᠨ ᠲᠣᠰᠬᠤᠨ ᠤ ᠠᠷᠠᠳ ᠬᠦᠯᠡᠮᠵᠢ ᠶᠢᠨ ᠢᠳᠡᠰᠢᠨ | ᠨᠣᠭᠤᠭ᠎ᠠ ᠶᠢᠨ ᠬᠦᠯᠡᠮᠵᠢ ᠶᠢᠨ ᠲᠠᠷᠢᠮᠠᠯ ᠤᠨ ᠡᠩᠨᠡᠭᠡ ᠳᠤ ᠣᠷᠣᠵᠤ᠂ ᠴᠧᠨ ᠬᠤᠩ ᠰᠢᠶᠠ ᠴᠤ ᠥᠪᠡᠷ ᠤᠨ | ᠲᠠᠷᠢᠮᠠᠯ ᠤᠨ ᠲᠤᠷᠰᠢᠯᠭ᠎ᠠ ᠪᠠᠨ ᠭᠤᠶᠠᠴᠢ ᠦᠭᠡᠢ ᠬᠤᠪᠢᠶᠠᠯᠴᠠᠵᠤ᠂ ᠨᠡᠷ᠎ᠡ ᠨᠢᠳᠡᠷ ᠲᠡᠭᠡᠨ ᠨᠡᠶᠢᠴᠡᠭᠰᠡᠨ ᠬᠥᠳᠡᠭᠡ | ᠲᠣᠰᠬᠤᠨ ᠤ ᠪᠠᠶᠠᠵᠢᠯ ᠤᠨ ᠲᠠᠭᠠᠭᠤᠯᠤᠬᠴᠢ ᠪᠣᠯᠤᠭᠰᠠᠨ ᠪᠠᠶᠢᠨ᠎ᠠ᠃ | ︽ᠴᠧᠨ ᠬᠤᠩ ᠰᠢᠶᠠ ᠶᠢᠨ ᠬᠠᠪᠰᠤᠷᠤᠯᠭ᠎ᠠ ᠳᠣᠣᠷ᠎ᠠ᠂ ᠪᠢ ᠬᠤᠶᠠᠷ ᠬᠦᠯᠡᠮᠵᠢ ᠰᠣᠩᠭᠢᠨ᠎ᠠ ᠲᠠᠷᠢᠪᠠ᠂ | ᠤᠳᠤ ᠶᠢᠨ ᠣᠷᠣᠯᠭ᠎ᠠ ᠤᠤᠯ ᠠᠴᠠ ᠪᠠᠨ ᠬᠡᠳᠦᠨ ᠳᠠᠬᠢᠨ ᠨᠡᠮᠡᠭᠳᠡᠵᠦ᠂ ᠪᠢ ᠦᠷᠭᠦᠯᠵᠢᠯᠡᠨ ᠲᠡᠬᠦᠨ ᠠᠴᠠ ᠮᠡᠷᠭᠡᠵᠢᠯ | ᠰᠤᠷᠴᠤ᠂ ᠲᠠᠷᠢᠬᠤ ᠬᠡᠪᠴᠢᠶ᠎ᠡ ᠪᠠᠨ ᠥᠷᠭᠡᠳᠬᠡᠬᠦ ᠪᠠᠷ ᠲᠥᠯᠥᠪᠯᠡᠵᠦ ᠪᠠᠶᠢᠨ᠎ᠠ︾ ᠭᠡᠵᠦ ᠴᠧᠨ ᠬᠤᠩ ᠰᠢᠶᠠ ᠲᠠᠢ | ᠬᠠᠮᠲᠤ ᠭᠡᠭᠡᠨᠰᠦ᠋ᠮ᠎ᠡ ᠪᠠᠯᠭᠠᠰᠤᠨ ᠤ ᠲᠦᠬᠦᠭᠡᠷᠦᠮᠵᠢᠲᠦ ᠲᠠᠷᠢᠶᠠᠯᠠᠩ ᠤᠨ ᠬᠦᠷᠢᠶᠡᠯᠡᠩ ᠳᠤ ᠢᠳᠡᠰᠢᠨ ᠨᠣᠭᠤᠭ᠎ᠠ | ᠲᠠᠷᠢᠭᠰᠠᠨ ᠶᠢᠨ ᠯᠢᠶᠠᠨ ᠬᠡᠯᠡᠪᠡ᠃ | ᠥᠪᠡᠷ ᠤᠨ ᠴᠢᠷᠮᠠᠶᠢᠯᠭ᠎ᠠ ᠪᠠᠷ ᠢᠶᠠᠨ ᠪᠠᠶᠠᠵᠢᠯ ᠤᠨ ᠵᠠᠮ ᠳᠠᠭᠠᠨ ᠣᠷᠣᠭᠰᠠᠨ ᠤ ᠳᠠᠷᠠᠭ᠎ᠠ᠂ ᠴᠧᠨ ᠬᠤᠩ | ᠰᠢᠶᠠ ᠪᠠᠰᠠ ᠠᠵᠢᠯ ᠣᠯᠭᠤᠯᠲᠠ ᠶᠢᠨ ᠬᠥᠭᠦᠷᠭᠡ ᠪᠠᠶᠢᠭᠤᠯᠵᠤ᠂ ᠣᠶᠢᠷ᠎ᠠ ᠬᠠᠪᠢ ᠶᠢᠨ ᠲᠣᠰᠬᠤᠨ ᠤ ᠠᠷᠠᠳ ᠲᠤ | ᠠᠮᠢᠳᠤᠯᠢᠭ ᠠᠵᠢᠯ ᠣᠯᠭᠤᠯᠲᠠ ᠶᠢᠨ ᠠᠵᠢᠯ ᠤᠨ ᠪᠠᠶᠢᠷᠢ ᠬᠠᠩᠭᠠᠵᠤ᠂ ᠵᠢᠯ ᠪᠦᠷᠢ ᠶᠢᠨ ᠠᠵᠢᠯᠴᠢᠨ ᠬᠡᠷᠡᠭᠯᠡᠬᠦ | ᠵᠠᠷᠤᠯᠭ᠎ᠠ 6 ᠲᠦᠮᠡ ᠭᠠᠷᠤᠢ ᠲᠥᠭᠦᠷᠢᠭ ᠢ ᠳᠠᠪᠠᠵᠤ᠂ 10 ᠭᠠᠷᠤᠢ ᠬᠥᠮᠦᠨ ᠤ ᠠᠵᠢᠯ ᠣᠯᠭᠤᠯᠲᠠ ᠶᠢ | ᠲᠠᠶᠢᠴᠢᠯᠠᠪᠠ᠃ ︽ᠪᠢ ᠡᠨᠡ ᠬᠦ ᠢᠳᠡᠰᠢᠨ ᠨᠣᠭᠤᠭ᠎ᠠ ᠶᠢᠨ ᠬᠦᠯᠡᠮᠵᠢ ᠶᠢᠨ ᠬᠠᠮᠢᠶᠠᠷᠤᠯᠲᠠ ᠶᠢᠨ ᠠᠵᠢᠯ ᠢ | ᠬᠠᠷᠢᠭᠤᠴᠠᠵᠤ᠂ ᠡᠪᠡᠰᠦ᠂ ᠰᠠᠯᠠᠭ᠎ᠠ ᠨᠠᠮᠠᠭ᠎ᠠ ᠶᠢ ᠵᠠᠰᠠᠵᠤ᠂ ᠭᠡᠷ ᠠᠴᠠ ᠪᠠᠨ ᠣᠶᠢᠷ᠎ᠠ᠂ ᠭᠡᠷ ᠪᠦᠯᠢ ᠪᠠᠨ | ᠬᠠᠷᠠᠭᠠᠯᠵᠠᠵᠤ ᠳᠡᠶᠢᠯᠬᠦ ᠮᠦᠷᠲᠡᠭᠡᠨ ᠰᠠᠷ᠎ᠠ ᠳᠤ ᠬᠤᠶᠠᠷ ᠭᠤᠷᠪᠠᠨ ᠮᠢᠩᠭᠠᠨ ᠲᠥᠭᠦᠷᠢᠭ ᠤᠨ ᠣᠷᠣᠯᠭ᠎ᠠ ᠣᠯᠵᠤ | ᠪᠠᠶᠢᠨ᠎ᠠ︾ ᠭᠡᠵᠦ ᠢᠳᠡᠰᠢᠨ ᠨᠣᠭᠤᠭ᠎ᠠ ᠶᠢᠨ ᠬᠦᠯᠡᠮᠵᠢ ᠳᠤ ᠶᠠᠭᠠᠷᠠᠯᠳᠤᠵᠤ ᠪᠠᠶᠢᠭ᠎ᠠ ᠭᠡᠭᠡᠨᠰᠦ᠋ᠮ᠎ᠡ ᠪᠠᠯᠭᠠᠰᠤᠨ ᠤ | ᠠᠭᠤᠢ ᠶᠢᠨ ᠠᠶᠢᠯ ᠭᠠᠴᠠᠭᠠᠨ ᠤ ᠠᠷᠠᠳ ᠸᠧᠢ ᠵᠢᠩ ᠷᠦᠩ ᠬᠡᠯᠡᠪᠡ᠃ | ︽ᠪᠢ ᠭᠠᠭᠴᠠᠭᠠᠷ ᠢᠶᠠᠨ ᠪᠠᠶᠠᠵᠢᠬᠤ ᠨᠢ ᠪᠠᠶᠠᠵᠢᠬᠤ ᠳᠤ ᠲᠣᠭᠠᠴᠠᠭᠳᠠᠬᠤ ᠦᠭᠡᠢ᠂ ᠤᠯᠠᠨ ᠢ ᠳᠠᠭᠠᠭᠤᠯᠤᠨ | ᠬᠠᠮᠲᠤ ᠪᠠᠶᠠᠵᠢᠪᠠᠯ ᠰᠠᠶ᠋ᠢ ᠰᠡᠳᠬᠢᠯ ᠰᠠᠨᠠᠭ᠎ᠠ ᠲᠣᠭᠲᠠᠭᠤᠨ ᠪᠣᠯᠵᠤ ᠳᠡᠶᠢᠯᠦᠨ᠎ᠡ᠃ ᠳᠠᠷᠠᠭᠠᠴᠢ ᠶᠢᠨ ᠠᠯᠬᠤᠮ ᠳᠤ᠂ | ᠪᠢ ᠥᠪᠡᠷ ᠤᠨ ᠢᠳᠡᠰᠢᠨ ᠨᠣᠭᠤᠭ᠎ᠠ ᠶᠢᠨ ᠲᠦᠷᠦᠯ ᠲᠡᠮᠳᠡᠭ ᠢ ᠡᠭᠦᠳᠦᠨ ᠪᠠᠶᠢᠭᠤᠯᠵᠤ᠂ ᠤᠯᠠᠮ ᠠᠴᠠ ᠤᠯᠠᠨ | ᠲᠠᠷᠢᠶᠠᠴᠢᠨ ᠡᠷᠦᠬᠡ ᠶᠢ ᠳᠠᠶᠢᠴᠢᠯᠠᠨ ᠬᠦᠯᠡᠮᠵᠢ ᠶᠢᠨ ᠲᠠᠷᠢᠮᠠᠯ ᠢ ᠡᠷᠬᠢᠯᠡᠵᠦ᠂ ᠲᠡᠳᠡᠨ ᠢ ᠭᠡᠷ ᠤᠨ ᠡᠭᠦᠳᠡᠨ ᠳᠤ ᠪᠠᠨ | ᠪᠠᠶᠠᠵᠢᠨ ᠴᠢᠨᠡᠭᠡᠯᠢᠭᠵᠢᠭᠦᠯᠵᠦ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠥᠪᠡᠷ ᠤᠨ ᠬᠦᠴᠦᠨ | ᠴᠢᠳᠠᠯ ᠢᠶᠠᠨ ᠡᠷᠭᠦᠨ᠎ᠡ︾ ᠭᠡᠵᠦ ᠢᠷᠡᠭᠡᠳᠦᠢ ᠶᠢᠨ ᠲᠥᠯᠥᠪᠵᠢᠭᠦᠯᠭᠡ ᠶᠢᠨ ᠲᠤᠬᠠᠢ ᠴᠧᠨ ᠬᠤᠩ ᠰᠢᠶᠠ ᠢᠲᠡᠭᠡᠯ | ᠳᠦᠭᠦᠷᠡᠩ ᠶᠠᠷᠢᠨ᠎ᠠ᠃ | | | | |