ᠬᠢᠩᠭᠠᠨ ᠠᠶᠢᠮᠠᠭ ᠤᠨ ᠨᠠᠮ ᠤᠨ ᠬᠤᠷᠢᠶ᠎ᠠ ᠠᠶᠢᠮᠠᠭ ᠤᠨ ᠨᠠᠮ ᠤᠨ ᠬᠤᠷᠢᠶᠠᠨ ᠤ ᠭᠡᠰᠢᠭᠦᠳ ᠤᠨ ᠬᠤᠷᠠᠯ ᠵᠢᠴᠢ ᠠᠶᠢᠮᠠᠭ ᠤᠨ ᠠᠮᠢ ᠠᠬᠤᠢ ᠣᠷᠴᠢᠨ ᠲᠣᠭᠤᠷᠢᠨ ᠤ ᠬᠠᠮᠠᠭᠠᠯᠠᠯᠳᠠ ᠶᠢᠨ ᠵᠦᠪᠯᠡᠯ ᠤᠨ ᠬᠤᠷᠠᠯ ᠢ ᠬᠤᠷᠠᠯᠳᠤᠭᠤᠯᠵᠠᠢ
ᠨᠡᠶᠢᠲᠡᠯᠡᠭᠰᠡᠨ ᠴᠠᠭ᠄
2025/4/15
          4 ᠰᠠᠷ᠎ᠠ ᠶᠢᠨ 11 ᠤ ᠡᠳᠦᠷ᠂ ᠬᠢᠩᠭᠠᠨ ᠠᠶᠢᠮᠠᠭ ᠤᠨ ᠨᠠᠮ ᠤᠨ ᠬᠤᠷᠢᠶ᠎ᠠ ᠠᠶᠢᠮᠠᠭ ᠤᠨ ᠨᠠᠮ ᠤᠨ ᠬᠤᠷᠢᠶᠠᠨ ᠤ ᠭᠡᠰᠢᠭᠦᠳ ᠤᠨ ᠬᠤᠷᠠᠯ ᠵᠢᠴᠢ ᠠᠶᠢᠮᠠᠭ ᠤᠨ ᠠᠮᠢ ᠠᠬᠤᠶ ᠣᠷᠴᠢᠨ ᠲᠣᠭᠤᠷᠢᠨ ᠤ ᠬᠠᠮᠠᠭᠠᠯᠠᠯᠲᠠ ᠶᠢᠨ ᠬᠤᠷᠠᠯ ᠢ ᠬᠤᠷᠠᠯᠳᠤᠭᠤᠯᠵᠦ᠂ ᠶᠡᠷᠦᠩᠭᠡᠢ ᠱᠦᠵᠢ ᠰᠢ ᠶᠢᠨ ᠫᠢᠩ ᠤᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠵᠢᠴᠢ ᠲᠥᠪ ᠬᠤᠷᠢᠶ᠎ᠠ᠂ ᠥᠪᠡᠷᠲᠡᠭᠡᠨ ᠵᠠᠰᠠᠬᠤ ᠣᠷᠣᠨ ᠤ ᠬᠤᠯᠪᠣᠭᠳᠠᠯ ᠪᠥᠬᠦᠶ ᠬᠤᠷᠠᠯ ᠤᠨ ᠵᠤᠷᠢᠭ ᠰᠠᠨᠠᠭ᠎ᠠ ᠶᠢ ᠤᠯᠠᠮᠵᠢᠯᠠᠨ ᠰᠤᠷᠤᠯᠴᠠᠵᠦ᠂ ᠪᠦᠬᠦ ᠠᠶᠢᠮᠠᠭ ᠤᠨ ᠠᠮᠢ ᠠᠬᠤᠢ ᠤᠷᠴᠢᠨ ᠳᠤᠭᠤᠷᠢᠨ ᠤ ᠠᠰᠠᠭᠤᠳᠠᠯ ᠢ ᠶᠡᠭᠡᠪᠡᠷ ᠪᠠᠶᠢᠴᠠᠭᠠᠵᠦ ᠶᠡᠭᠡᠪᠡᠷ ᠴᠡᠭᠴᠡᠯᠡᠨ ᠰᠠᠶᠢᠵᠢᠷᠠᠭᠤᠯᠤᠭᠰᠠᠨ᠂ ᠤᠢ ᠰᠢᠭᠤᠢ ᠨᠤᠳᠤᠬ ᠪᠡᠯᠴᠢᠭᠡᠷ ᠢ ᠡᠪᠳᠡᠵᠦ ᠬᠠᠤᠯᠢ ᠲᠤᠭᠳᠠᠭᠠᠯ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠲᠥᠪᠯᠡᠷᠡᠭᠦᠯᠦᠨ ᠴᠡᠭᠴᠡᠯᠡᠨ ᠵᠠᠰᠠᠭᠰᠠᠨ ᠵᠡᠷᠭᠡ ᠠᠵᠢᠯ ᠤᠨ ᠪᠠᠶᠢᠳᠠᠯ ᠤᠨ ᠬᠠᠷᠢᠭᠤ ᠮᠡᠳᠡᠭᠦᠯᠦᠯᠲᠡ ᠶᠢ ᠰᠣᠨᠣᠰᠴᠤ᠂ ᠲᠠᠷᠠᠭᠠᠴᠢ ᠶᠢᠨ ᠭᠤᠤᠯᠳᠠᠯᠭ᠎ᠠ ᠲᠠᠢ ᠠᠵᠢᠯ ᠢ ᠰᠤᠳᠤᠯᠤᠨ ᠪᠠᠶᠢᠷᠢᠯᠠᠭᠤᠯᠪᠠ᠃ ᠬᠤᠷᠠᠯ ᠠᠴᠠ ᠴᠢᠬᠤᠯᠠᠴᠢᠯᠠᠭᠰᠠᠨ ᠨᠢ᠂ ᠲᠥᠪ ᠬᠤᠷᠢᠶᠠᠨ ᠤ ᠤᠯᠤᠰ ᠲᠥᠷᠥ ᠶᠢᠨ ᠲᠣᠪᠴᠢᠶᠠᠨ ᠤ ᠬᠤᠷᠠᠯ ᠤᠨ ᠵᠣᠷᠢᠭ ᠰᠠᠨᠠᠭ᠎ᠠ ᠪᠣᠯᠤᠨ ᠶᠡᠷᠦᠩᠭᠡᠢ ᠱᠦᠵᠢ ᠰᠢ ᠶᠢᠨ ᠫᠢᠩ ᠤᠨ ᠨᠡᠶᠢᠰᠯᠡᠯ ᠤᠨ ᠠᠯᠪᠠᠨ ᠵᠢᠷᠤᠮ ᠤᠨ ᠮᠣᠳᠣ ᠳᠠᠷᠢᠬᠤ ᠠᠵᠢᠯᠯᠠᠭ᠎ᠠ ᠳᠤ ᠣᠷᠣᠯᠴᠠᠬᠤ ᠦᠶ᠎ᠡ ᠶᠢᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠭᠦᠨᠵᠡᠭᠡᠶ ᠰᠤᠷᠤᠯᠴᠠᠨ ᠤᠶᠢᠯᠠᠭᠠᠵᠦ᠂ ︽ᠠᠮᠢ ᠠᠬᠤᠶ ᠣᠷᠴᠢᠨ ᠲᠣᠭᠤᠷᠢᠨ ᠤ ᠬᠠᠮᠠᠭᠠᠯᠠᠯᠲᠠ ᠶᠢᠨ ᠱᠠᠯᠠᠪᠳᠠᠭᠤᠯᠤᠨ ᠪᠠᠶᠢᠴᠠᠭᠠᠬᠤ ᠠᠵᠢᠯ ᠤᠨ ᠳᠦᠷᠢᠮ︾ ᠢ ᠴᠢᠩᠭ᠎ᠠ ᠨᠠᠶᠢᠳᠠᠪᠤᠷᠢᠵᠢᠭᠤᠯᠵᠤ᠂ ᠠᠮᠢ ᠠᠬᠤᠶ ᠣᠷᠴᠢᠨ ᠳᠤᠭᠤᠷᠢᠨ ᠤ ᠠᠰᠠᠭᠤᠳᠠᠯ ᠢ ᠶᠡᠬᠡᠪᠡᠷ ᠵᠢᠭᠰᠠᠭᠠᠨ ᠪᠠᠶᠢᠴᠠᠭᠠᠵᠤ ᠶᠡᠬᠡᠪᠡᠷ ᠴᠡᠭᠴᠡᠯᠡᠨ ᠰᠠᠶᠢᠵᠢᠷᠠᠭᠤᠯᠬᠤ ᠶᠢ ᠴᠢᠨᠠᠷ ᠰᠠᠶᠢᠲᠠᠶ ᠪᠥᠭᠡᠳ ᠥᠨᠳᠥᠷ ᠪᠦᠲᠦᠮᠵᠢᠲᠡᠶ ᠪᠠᠷ ᠠᠬᠢᠭᠤᠯᠵᠤ᠂ ᠣᠯᠠᠨ ᠲᠦᠮᠡᠨ ᠤ ᠲᠤᠰᠬᠠᠯ ᠶᠡᠬᠡᠲᠡᠶ ᠪᠠᠶᠢᠭ᠎ᠠ ᠣᠷᠴᠢᠨ ᠠᠬᠤᠶ ᠶᠢᠨ ᠲᠣᠪᠤᠶᠢᠮ᠎ᠠ ᠠᠰᠠᠭᠤᠳᠠᠯ ᠢ ᠬᠦᠴᠦᠯᠡᠨ ᠰᠠᠶᠢᠲᠤᠷ ᠰᠢᠢᠳᠪᠦᠷᠢᠯᠡᠵᠦ᠂ ᠶᠡᠭᠡ ᠬᠡᠪᠴᠢᠶ᠎ᠡ ᠪᠠᠷ ᠤᠯᠤᠰ ᠤᠨ ᠨᠤᠲᠤᠭ ᠳᠡᠪᠢᠰᠭᠡᠷ ᠢ ᠨᠣᠭᠤᠭᠠᠷᠠᠭᠤᠯᠬᠤ ᠠᠵᠢᠯᠯᠠᠭ᠎ᠠ ᠶᠢ ᠰᠢᠨᠵᠢᠯᠡᠬᠦ ᠤᠬᠠᠭᠠᠨᠴᠢ ᠪᠠᠷ ᠥᠷᠨᠢᠭᠦᠯᠦᠨ᠂ ᠬᠤᠷᠴᠢᠨ ᠤ ᠡᠯᠡᠰᠦᠷᠬᠡᠭ ᠭᠠᠵᠠᠷ ᠢ ᠰᠥᠨᠥᠭᠡᠬᠦ ᠲᠠᠶᠢᠯᠠᠯᠳᠤᠭᠠᠨ ᠪᠠ ︽ᠤᠮᠠᠷᠠᠳᠦ ᠶᠢᠨ ᠭᠤᠷᠪᠠᠨ ᠤᠷᠤᠨ︾ ᠤ ᠢᠨᠵᠧᠨᠧᠷᠢᠩ ᠤᠨ ᠪᠤᠭᠤᠮᠳᠠ ᠰᠢᠪᠳᠤᠯᠬᠤ ᠳᠠᠶᠢᠯᠠᠯᠳᠤᠭᠠᠨ ᠤ ᠢᠯᠠᠯᠲᠠ ᠶᠢ ᠪᠥᠬᠦ ᠬᠦᠴᠦᠨ ᠢᠶᠠᠷ ᠢᠶᠠᠨ ᠰᠠᠶᠢᠲᠤᠷ ᠬᠢᠵᠦ᠂ ᠮᠠᠨ ᠤ ᠤᠯᠤᠰ ᠤᠨ ᠤᠮᠠᠷᠠᠲᠤ ᠶᠢᠨ ᠴᠢᠬᠤᠯᠠ ᠠᠮᠢ ᠠᠬᠤᠶ ᠶᠢᠨ ᠠᠮᠤᠷ ᠲᠦᠪᠰᠢᠨ ᠤ ᠬᠠᠯᠬᠠᠪᠴᠢ ᠶᠢ ᠡᠷᠡᠰ ᠪᠠᠲᠤ ᠪᠠᠬᠢᠵᠢᠬᠦᠯᠬᠦ ᠬᠡᠷᠡᠭᠳᠡᠢ ᠭᠡᠪᠡ᠃          ᠬᠤᠷᠠᠯ ᠠᠴᠠ ᠱᠠᠭᠠᠷᠳᠠᠭᠰᠠᠨ ᠨᠢ᠂ ᠣᠶ ᠰᠢᠭᠤᠶ ᠨᠤᠳᠤᠬ ᠪᠡᠯᠴᠢᠭᠡᠷ ᠢ ᠡᠪᠳᠡᠵᠦ ᠬᠠᠤᠯᠢ ᠲᠣᠭᠲᠠᠭᠠᠯ ᠠᠴᠠ ᠵᠥᠷᠢᠴᠡᠭᠰᠡᠨ ᠠᠵᠢᠯᠯᠠᠭ᠎ᠠ ᠶᠢ ᠲᠥᠪᠯᠡᠷᠡᠭᠦᠯᠦᠨ ᠴᠡᠭᠴᠡᠯᠡᠨ ᠵᠠᠰᠠᠬᠤ ᠠᠵᠢᠯ ᠢ ᠬᠦᠴᠦᠲᠡᠶ ᠪᠥᠭᠡᠳ ᠡᠮᠬᠢ ᠳᠢᠭᠯᠢᠮ ᠲᠠᠢ ᠥᠷᠨᠢᠭᠦᠯᠵᠦ᠂ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠᠨ ᠴᠢᠩᠭᠠᠳᠬᠠᠵᠤ᠂ ᠠᠵᠢᠯ ᠤᠨ ᠲᠣᠭᠲᠠᠴᠠ ᠪᠠᠨ ᠪᠦᠷᠢᠨᠰᠢᠬᠦᠯᠵᠦ᠂ ᠠᠵᠢᠯ ᠤᠨ ᠠᠷᠭ᠎ᠠ ᠬᠡᠮᠵᠢᠶ᠎ᠡ ᠪᠠᠨ ᠲᠡᠭᠦᠯᠳᠡᠷᠵᠢᠭᠦᠯᠦᠨ᠂ ᠬᠠᠤᠯᠢ ᠬᠡᠷᠡᠭᠵᠢᠭᠦᠯᠬᠦ ᠡᠩᠨᠡᠭᠡ ᠶᠢᠨ ᠪᠠᠶᠢᠭᠤᠯᠤᠯᠲᠠ ᠶᠢ ᠪᠥᠬᠦ ᠲᠠᠯ᠎ᠠ ᠪᠠᠷ ᠴᠢᠩᠭᠠᠳᠬᠠᠨ᠂ ᠣᠭᠲᠣᠬᠠᠨ ᠴᠤ ᠠᠭᠤᠴᠢᠯᠠᠬᠤ ᠥᠬᠡᠶ ᠣᠪᠣᠷ ᠢᠶᠠᠷ ᠣᠶ ᠰᠢᠭᠤᠶ ᠨᠤᠳᠤᠬ ᠪᠡᠯᠴᠢᠭᠡᠷ ᠤᠨ ᠡᠬᠢ ᠪᠠᠶᠠᠯᠢᠭ ᠢ ᠡᠪᠳᠡᠭᠰᠡᠨ ᠡᠯ᠎ᠡ ᠲᠥᠷᠥᠯ ᠤᠨ ᠬᠠᠤᠯᠢ ᠲᠣᠭᠲᠠᠭᠠᠯ ᠠᠴᠠ ᠵᠥᠷᠢᠴᠡᠭᠰᠡᠨ ᠦᠢᠯᠡ ᠠᠵᠢᠯᠯᠠᠭ᠎ᠠ ᠳᠤ ᠴᠢᠩᠭ᠎ᠠ ᠴᠣᠬᠢᠯᠲᠠ ᠥᠭᠴᠦ᠂ ᠣᠶ ᠰᠢᠭᠤᠶ ᠡᠪᠡᠰᠦ ᠪᠡᠯᠴᠢᠭᠡᠷ ᠤᠨ ᠡᠬᠢ ᠪᠠᠶᠠᠯᠢᠭ ᠤᠨ ᠬᠠᠮᠠᠭᠠᠯᠠᠯᠲᠠ ᠬᠠᠮᠢᠶᠠᠷᠤᠯᠲᠠ ᠶᠢᠨ ᠬᠢᠷᠢ ᠬᠡᠮᠵᠢᠶ᠎ᠡ ᠶᠢ ᠦᠷᠭᠦᠯᠵᠢᠯᠡᠨ ᠳᠡᠭᠡᠭᠰᠢᠯᠡᠭᠦᠯᠬᠦ ᠬᠡᠷᠡᠭᠲᠡᠶ ᠭᠡᠪᠡ᠃          ᠬᠤᠷᠠᠯ ᠠᠴᠠ ᠴᠢᠬᠤᠯᠠᠴᠢᠯᠠᠭᠰᠠᠨ ᠨᠢ᠂ ᠶᠡᠷᠦᠩᠭᠡᠢ ᠱᠦᠵᠢ ᠰᠢ ᠶᠢᠨ ᠫᠢᠩ ᠤᠨ ᠲᠤᠭᠤᠷᠢᠨ ᠪᠠᠶᠢᠴᠠᠭᠠᠬᠤ ᠠᠵᠢᠯ ᠤᠨ ᠲᠤᠬᠠᠢ ᠴᠢᠬᠤᠯᠠ ᠦᠬᠦᠯᠡᠯᠳᠡ ᠶᠢ ᠬᠦᠨᠵᠡᠭᠡᠢ ᠰᠤᠷᠤᠯᠴᠠᠨ ᠤᠶᠢᠯᠠᠭᠠᠵᠦ᠂ ᠰᠢᠨ᠎ᠡ ᠪᠠᠷ ᠵᠠᠰᠠᠪᠤᠷᠢ ᠣᠷᠣᠭᠤᠯᠤᠭᠰᠠᠨ ︽ᠳᠤᠮᠳᠠᠳᠤ ᠤᠯᠤᠰ ᠤᠨ ᠡᠪ ᠬᠠᠮᠲᠤ ᠨᠠᠮ ᠤᠨ ᠲᠣᠭᠤᠷᠢᠨ ᠪᠠᠶᠢᠴᠠᠭᠠᠬᠤ ᠠᠵᠢᠯ ᠤᠨ ᠳᠦᠷᠢᠮ︾ ᠪᠣᠯᠤᠨ ︽ᠲᠣᠭᠤᠷᠢᠨ ᠪᠠᠶᠢᠴᠠᠭᠠᠭᠳᠠᠬᠤ ᠨᠠᠮ ᠤᠨ ᠵᠣᠬᠢᠶᠠᠨ ᠪᠠᠶᠢᠭᠤᠯᠤᠯᠲᠠ ᠶᠢᠨ ᠲᠣᠭᠤᠷᠢᠨ ᠪᠠᠶᠢᠴᠠᠭᠠᠬᠤ ᠠᠵᠢᠯ ᠢ ᠬᠠᠮᠵᠢᠯᠴᠠᠬᠤ ᠲᠣᠭᠲᠠᠭᠠᠯ︾ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠭᠤᠰᠢᠯᠠᠭᠤᠯᠵᠦ᠂ ᠲᠣᠭᠤᠷᠢᠨ ᠪᠠᠶᠢᠴᠠᠭᠠᠵᠤ ᠬᠢᠨᠠᠯᠲᠠ ᠲᠠᠯᠪᠢᠬᠤ ᠶᠢ ᠬᠦᠯᠢᠶᠡᠬᠦ ᠪᠠ ᠬᠠᠮᠵᠢᠯᠴᠠᠬᠤ ᠶᠢ ᠴᠢᠬᠤᠯᠠ ᠤᠯᠤᠰ ᠲᠦᠷᠦ ᠶᠢᠨ ᠡᠭᠦᠷᠭᠡ ᠪᠣᠯᠭᠠᠵᠤ᠂ ᠲᠣᠭᠤᠷᠢᠨ ᠪᠠᠶᠢᠴᠠᠭᠠᠯᠲᠠ ᠳᠤ ᠵᠥᠪ ᠢᠶᠠᠷ ᠬᠠᠨᠳᠤᠵᠤ᠂ ᠲᠥᠪ ᠴᠢᠩᠭ᠎ᠠ ᠪᠠᠷ ᠬᠠᠨᠳᠤᠵᠤ᠂ ᠤᠬᠠᠮᠰᠠᠷ ᠠᠴᠠ ᠪᠠᠨ ᠰᠠᠨᠠᠭᠠᠴᠢᠯᠠᠭ᠎ᠠ ᠠᠴᠠ ᠪᠠᠨ ᠲᠤᠭᠤᠷᠢᠨ ᠪᠠᠶᠢᠴᠠᠭᠠᠯᠳᠠ ᠶᠢ ᠬᠦᠯᠢᠶᠡᠬᠦ ᠬᠡᠷᠡᠭᠳᠡᠢ᠃ ᠲᠣᠭᠤᠷᠢᠨ ᠪᠠᠶᠢᠴᠠᠭᠠᠵᠤ ᠬᠢᠨᠠᠯᠲᠠ ᠲᠠᠯᠪᠢᠬᠤ ᠶᠢ ᠦᠷᠭᠦᠯᠵᠢᠯᠡᠨ ᠭᠦᠨᠵᠡᠭᠡᠶᠢᠷᠡᠭᠦᠯᠵᠦ᠂ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ᠂ ᠴᠢᠩᠭ᠎ᠠ ᠪᠠᠶᠢᠬᠤ ᠦᠨᠳᠦᠰᠦᠨ ᠬᠦᠭ ᠠᠶᠠᠰ ᠢ ᠳᠤᠪᠤᠶᠢᠯᠭᠠᠵᠤ᠂ ᠲᠣᠭᠤᠷᠢᠨ ᠪᠠᠶᠢᠴᠠᠭᠠᠬᠤ ᠠᠵᠢᠯ ᠢ ᠳᠠᠰᠤᠷᠠᠯᠳᠠ ᠦᠭᠡᠢ ᠠᠬᠢᠭᠤᠯᠬᠤ ᠬᠡᠷᠡᠭᠲᠡᠢ ᠭᠡᠪᠡ᠃          ᠬᠤᠷᠠᠯ ᠠᠴᠠ ᠱᠠᠭᠠᠷᠳᠠᠭᠰᠠᠨ ᠨᠢ᠂ ᠲᠦᠢᠯ ᠤᠨ ᠶᠡᠭᠡ ᠪᠣᠷᠣᠭᠠᠨ ᠴᠠᠰᠤ ᠲᠠᠢ ᠴᠠᠭ ᠠᠭᠤᠷ ᠢ ᠠᠷᠭᠠᠴᠠᠭᠠᠬᠤ ᠪᠠ ᠭᠠᠮᠰᠢᠭ ᠢ ᠰᠡᠷᠭᠡᠶᠢᠯᠡᠬᠦ ᠭᠠᠮᠰᠢᠭ ᠢ ᠪᠠᠭᠠᠰᠬᠠᠬᠤ ᠭᠠᠮᠰᠢᠭ ᠠᠴᠠ ᠠᠪᠤᠷᠠᠬᠤ ᠠᠵᠢᠯ ᠢ ᠯᠠᠪᠳᠠᠭᠤᠨ ᠪᠠᠲᠤᠲᠠᠢ ᠰᠠᠶᠢᠲᠤᠷ ᠬᠢᠵᠦ᠂ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ ᠪᠠ ᠪᠠᠴᠢᠮ ᠪᠠᠶᠢᠳᠠᠯ ᠢ ᠠᠷᠭᠠᠴᠠᠭᠠᠬᠤ ᠪᠠᠲᠤᠯᠠᠭ᠎ᠠ ᠶᠢ ᠴᠢᠩᠭᠠᠳᠬᠠᠵᠤ᠂ ᠭᠤᠣᠯᠳᠠᠯᠭ᠎ᠠ ᠲᠠᠢ ᠬᠦᠷᠢᠶ᠎ᠡ ᠪᠣᠯᠤᠨ ᠭᠤᠣᠯᠳᠠᠯᠭ᠎ᠠ ᠲᠠᠢ ᠣᠷᠣᠨ ᠪᠠᠶᠢᠷᠢ ᠶᠢ ᠴᠢᠩᠭ᠎ᠠ ᠠᠩᠬᠠᠷᠴᠤ ᠲᠣᠭᠤᠷᠢᠨ ᠪᠠᠶᠢᠴᠠᠭᠠᠵᠤ ᠪᠠᠨ ᠴᠢᠩᠭᠠᠳᠬᠠᠵᠤ᠂ ᠠᠮᠤᠷ ᠲᠦᠪᠰᠢᠨ ᠤ ᠭᠡᠮ ᠰᠣᠭᠤᠭ ᠢ ᠴᠠᠭ ᠲᠤᠬᠠᠢ ᠳᠤᠨᠢ ᠠᠷᠢᠯᠭᠠᠵᠤ᠂ ᠤᠯᠠᠨ ᠲᠦᠮᠡᠨ ᠤ ᠦᠢᠯᠡᠳᠪᠦᠷᠢᠯᠡᠯ ᠠᠮᠢᠳᠤᠷᠠᠯ ᠢ ᠨᠥᠯᠥᠭᠡᠯᠡᠬᠦ ᠦᠭᠡᠢ ᠪᠠᠶᠢᠬᠤ ᠶᠢ ᠪᠠᠲᠤᠯᠠᠬᠤ ᠬᠡᠷᠡᠭᠲᠡᠢ ᠭᠡᠪᠡ᠃          ᠬᠤᠷᠠᠯ ᠠᠴᠠ ︽ᠠᠶᠢᠮᠠᠭ ᠤᠨ ᠳᠡᠰ ᠤᠨ ᠤᠳᠤᠷᠢᠳᠬᠤ ᠨᠥᠬᠦᠳ ᠤᠨ ᠭᠤᠣᠯᠳᠠᠯᠭ᠎ᠠ ᠲᠠᠢ ᠠᠵᠤ ᠠᠬᠤᠶᠢᠯᠠᠯ ︿ᠨᠢᠭᠡᠳᠦᠭᠡᠷ ᠪᠦᠯᠦᠭ﹀ ᠢ ᠳᠠᠭᠠᠭᠠᠴᠢᠯᠠᠨ ᠬᠠᠷᠢᠯᠴᠠᠬᠤ ᠠᠵᠢᠯ ᠤᠨ ᠲᠣᠭᠲᠠᠴᠠ ᠶᠢ ᠴᠢᠨᠠᠭᠰᠢᠳᠠ ᠲᠡᠭᠦᠯᠳᠡᠷᠵᠢᠭᠦᠯᠬᠦ ᠲᠤᠬᠠᠢ︾ ᠵᠡᠷᠭᠡ ᠪᠢᠴᠢᠭ ᠮᠠᠲ᠋ᠧᠷᠢᠶᠠᠯ ᠢ ᠬᠢᠨᠠᠨ ᠵᠥᠪᠯᠡᠵᠡᠢ᠃ ︵ᠬᠠᠨ ᠸᠧᠨ ᠪᠢᠨ︶
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号