ᠠᠳᠤᠭᠤᠨ ᠤ ᠠᠷᠠᠴᠢᠯᠠᠭ᠎ᠠ ᠲᠤᠳᠤᠮᠳᠠᠯᠭ᠎ᠠ
ᠨᠡᠶᠢᠲᠡᠯᠡᠭᠰᠡᠨ ᠴᠠᠭ᠄
2025/4/24
            ᠤᠷᠢᠶᠠᠩᠬᠠᠨ ᠤ · ᠶᠤᠨᠳᠤᠨ       ᠠᠳᠣᠭᠤ ᠮᠠᠯᠵᠢᠬᠤ ᠳᠤ ᠨᠢᠭᠡ ᠠᠳᠣᠭᠤᠴᠢᠨ ᠬᠦᠮᠦᠨ ᠳᠤ ᠠᠪᠴᠤ ᠬᠡᠯᠡᠪᠡᠯ ᠠᠳᠣᠭᠤᠨ ᠤ ᠠᠷᠠᠴᠢᠯᠠᠭ᠎ᠠ ᠲᠤᠳᠤᠮᠳᠠᠯᠭ᠎ᠠ ᠬᠠᠮᠤᠭ ᠤᠨ ᠴᠢᠬᠤᠯᠠ ᠪᠤᠯᠳᠠᠭ ᠪᠦᠭᠡᠳ ᠠᠳᠣᠭᠤ ᠰᠦᠷᠦᠭᠯᠡᠭᠦ᠂ ᠠᠳᠣᠭᠤ ᠬᠠᠷᠢᠭᠤᠯᠬᠤ᠂ ᠠᠳᠣᠭᠤ ᠣᠰᠣᠯᠠᠵᠤ ᠬᠤᠵᠢᠷᠯᠠᠬᠤ᠂ ᠠᠳᠣᠭᠤᠨ ᠳᠤ ᠣᠰᠣᠨ ᠲᠠᠷᠭᠤ᠂ ᠲᠤᠰᠣᠨ ᠲᠠᠷᠭᠤ ᠠᠪᠤᠭᠤᠯᠬᠤ᠂ ᠠᠳᠣᠭᠤᠨ ᠤ ᠲᠠᠷᠭᠤ ᠬᠠᠮᠠᠭᠠᠯᠠᠬᠤ᠂ ᠠᠳᠣᠭᠤ ᠤᠳᠣᠷᠯᠠᠬᠤ᠂ ᠠᠯᠳᠠᠭᠰᠡᠨ ᠠᠳᠣᠭᠤ ᠪᠠᠨ ᠡᠷᠢᠬᠦ᠂ ᠭᠡᠭᠦᠦ ᠶᠢᠨ ᠬᠡᠬᠡᠯ ᠬᠠᠮᠠᠭᠠᠯᠠᠬᠤ ᠂ ᠤᠨᠠᠭ᠎ᠠ ᠪᠤᠶᠢᠵᠢᠭᠤᠯᠬᠤ ᠵᠡᠷᠭᠡ ᠤᠯᠠᠨ ᠲᠦᠷᠦᠯ ᠤᠨ ᠬᠢᠳᠡᠯ ᠪᠠᠷᠢᠳᠡᠯ ᠱᠠᠭᠠᠷᠳᠠᠳᠠᠭ ᠶᠤᠮ᠃ ᠠᠳᠤᠭᠤ ᠰᠦᠷᠦᠭᠯᠡᠬᠦ — ᠠᠳᠤᠭᠤᠨ ᠤ ᠪᠠᠨ ᠤᠯᠠᠨ ᠴᠦᠬᠡᠨ ᠢᠶᠠᠷ ᠬᠤᠪᠢᠶᠠᠨ ᠰᠠᠯᠭᠠᠵᠦ ᠰᠦᠷᠦᠭᠯᠡᠬᠦ᠂ ᠲᠡᠷᠤᠢ ᠠᠵᠢᠷᠭ᠎ᠠ ᠪᠠᠷ ᠲᠤᠰᠠᠭᠠᠷ ᠲᠤᠭᠠᠴᠠᠭ᠎ᠠ ᠪᠤᠯᠭᠠᠭᠰᠠᠨ ᠭᠡᠳᠦᠨ ᠠᠵᠢᠷᠭ᠎ᠠ ᠠᠳᠤᠭᠤ ᠶᠢ ᠨᠡᠶᠢᠯᠡᠭᠦᠯᠦᠨ ᠬᠠᠷᠢᠭᠤᠯᠬᠤ ᠶᠢ ᠬᠡᠯᠠᠨ᠎ᠡ᠃ ᠨᠢᠭᠡ ᠠᠵᠢᠷᠭ᠎ᠠ ᠠᠳᠤᠭᠤᠨ ᠳᠤ ᠠᠷᠪᠠᠭᠠᠳ ᠭᠡᠭᠦᠤ᠂ ᠤᠨᠠᠭ᠎ᠠ ᠲᠠᠭ᠎ᠠ ᠰᠢᠳᠦᠯᠡᠬᠦ᠂ ᠨᠡᠯᠢᠶᠡᠳ ᠮᠤᠷᠢᠳ ᠲᠠᠢ ᠭᠤᠴᠢᠭᠠᠳ ᠤᠷᠴᠢᠮ ᠲᠤᠭᠠᠨ ᠤ ᠪᠠᠶᠢᠳᠠᠭ᠃ ᠠᠳᠤᠭᠤ ᠬᠠᠷᠢᠭᠤᠯᠬᠤ ᠪᠠ ᠲᠠᠷᠭᠤ ᠠᠪᠤᠭᠤᠯᠬᠤ — ᠠᠳᠤᠭᠤᠳ ᠢᠶᠠᠨ ᠦᠷᠯᠦᠭᠡ ᠡᠷᠳᠡ ᠳᠤ ᠬᠤᠷᠢᠶᠠᠨ ᠴᠤᠭᠯᠠᠭᠤᠯᠤᠨ ᠪᠦᠷᠢᠳᠭᠡᠬᠦ᠂ ᠤᠷᠤᠢ ᠳᠠᠭᠠᠨ ᠵᠦᠭᠯᠡᠭᠦᠯᠦᠨ ᠲᠠᠯᠪᠢᠬᠤ ᠶᠢ ᠬᠠᠷᠢᠭᠤᠯᠬᠤ ᠭᠡᠨ᠎ᠡ᠃ ᠲᠠᠷᠭᠤ ᠠᠪᠤᠭᠤᠯᠬᠤ ᠳᠤ ᠵᠤᠨ ᠨᠠᠮᠤᠷ ᠲᠠᠭᠠᠨ ᠪᠡᠯᠴᠢᠭᠡᠷ ᠤᠨ ᠰᠤᠷᠭᠤᠭ ᠢ ᠰᠤᠩᠭᠤᠨ᠂ ᠤᠰᠤᠨ ᠤ ᠲᠤᠩᠭᠠᠯᠠᠭ ᠢ ᠰᠢᠯᠢᠨ ᠤᠰᠤᠨ ᠲᠠᠷᠭᠤ ᠪᠤᠶᠤ ᠲᠤᠰᠤᠨ ᠲᠠᠷᠭᠤ ᠠᠪᠤᠭᠤᠯᠵᠦ᠂ ᠠᠳᠤᠭᠤ ᠪᠠᠨ ᠭᠦᠢᠴᠡᠳ ᠲᠠᠷᠭᠤ ᠠᠪᠤᠭᠤᠯᠬᠤ ᠶᠢ ᠭᠡᠯᠡᠨ᠎ᠡ᠃ ᠠᠳᠤᠭᠤ ᠡᠷᠢᠬᠦ — ᠠᠳᠤᠭᠤᠨ ᠤ ᠲᠤᠭ᠎ᠠ ᠲᠤᠳᠠᠵᠦ᠂ ᠠᠯᠳᠠᠵᠦ ᠭᠡᠭᠡᠪᠡᠯ ᠡᠷᠢᠵᠦ ᠤᠯᠬᠤ ᠶᠠᠪᠤᠳᠠᠭ᠂ ᠪᠤᠷᠤᠭᠠᠨ ᠰᠠᠯᠬᠢᠨ ᠳᠤ ᠭᠦᠶᠦᠯᠭᠡᠬᠦ᠂ ᠵᠤᠳ ᠰᠢᠭᠤᠷᠭᠠᠨ ᠳᠤ ᠶᠠᠪᠤᠭᠤᠯᠬᠤ᠂ ᠲᠠᠯᠳᠠ ᠭᠠᠵᠠᠷ ᠨᠢᠭᠤᠭᠳᠠᠬᠤ᠂ ᠬᠤᠯᠠᠭᠠᠢ ᠳᠤ ᠠᠯᠳᠠᠵᠦ ᠶᠠᠪᠤᠭᠤᠯᠬᠤ ᠵᠡᠷᠭᠡ ᠶᠠᠪᠤᠳᠠᠯ ᠵᠦᠩᠳᠡᠭᠡᠨ ᠭᠠᠷᠳᠠᠭ᠃ ᠭᠡᠭᠦᠤ ᠶᠢᠨ ᠬᠡᠭᠡᠯ ᠬᠠᠮᠠᠭᠠᠯᠠᠬᠤ — ᠭᠡᠭᠦᠤ ᠭᠡᠭᠡᠯ ᠰᠠᠭᠤᠭᠰᠠᠨ ᠤ ᠲᠠᠷᠠᠭ᠎ᠠ ᠤᠨᠤᠵᠦ ᠡᠳ᠋ᠯᠡᠬᠦ ᠦᠭᠡᠢ᠂ ᠬᠦᠨᠳᠦ ᠶᠠᠭᠤᠮ᠎ᠠ ᠠᠴᠢᠬᠤ ᠦᠭᠡᠢ ᠪᠤᠶᠤ ᠴᠤᠬᠢᠭᠤᠯᠬᠤ ᠦᠭᠡᠢ᠂ ᠭᠡᠳᠦ ᠬᠦᠭᠡᠭᠡᠭᠳᠡᠬᠦ᠂ ᠡᠪᠡᠰᠦ ᠤᠰᠤ ᠶᠢ ᠨᠢ ᠲᠡᠩᠴᠡᠭᠦᠯᠬᠦ ᠵᠡᠷᠭᠡ ᠠᠷᠠᠴᠢᠯᠠᠭ᠎ᠠ ᠪᠠᠨ ᠰᠠᠶᠢᠳᠦᠷ ᠬᠢᠵᠦ᠂ ᠭᠡᠭᠡᠯ ᠬᠠᠶᠠᠬᠤ ᠶᠢ ᠰᠡᠷᠭᠡᠶᠢᠯᠡᠬᠦ ᠶᠢ ᠭᠡᠭᠡᠯ ᠬᠠᠮᠠᠭᠠᠯᠠᠬᠤ ᠭᠡᠨ᠎ᠡ᠃ ᠤᠨᠠᠭ᠎ᠠ ᠪᠤᠶᠢᠵᠢᠭᠤᠯᠬᠤ — ᠬᠡᠭᠡᠯ ᠲᠠᠢ ᠭᠡᠭᠦᠤ ᠪᠠᠨ ᠠᠷᠠᠴᠢᠯᠠᠵᠦ ᠨᠢᠯᠭ᠎ᠠ ᠲᠦᠯ ᠢ ᠲᠤᠰᠴᠤ ᠠᠪᠬᠤ᠂ ᠡᠬᠡ ᠳᠤᠨᠢ ᠭᠦᠭᠦᠭᠦᠯᠬᠦ᠂ ᠰᠦᠨ ᠳᠤᠨᠢ ᠴᠠᠳᠬᠠᠬᠤ᠂ ᠪᠦᠷᠢᠳᠭᠡᠬᠦ᠂ ᠭᠦᠷᠪᠡᠭᠡᠰᠢᠭᠦᠯᠦᠨ ᠨᠤᠭᠤᠭᠠᠨ ᠳᠤ ᠤᠷᠤᠭᠤᠯᠬᠤ ᠶᠢ ᠤᠨᠠᠭ᠎ᠠ ᠪᠤᠶᠢᠵᠢᠭᠤᠯᠬᠤ ᠭᠡᠨ᠎ᠡ᠃ ᠡᠭᠦᠨ ᠳᠤ ᠬᠠᠷᠢᠭᠤᠯᠭ᠎ᠠ ᠮᠠᠨᠠᠭ᠎ᠠ᠂ ᠠᠷᠠᠴᠢᠯᠭ᠎ᠠ ᠮᠠᠯᠵᠢᠯᠭ᠎ᠠ ᠲᠦᠢᠯ ᠢᠶᠠᠷ ᠬᠡᠷᠡᠭᠰᠡᠳᠡᠭ᠃ 
 
ᠢᠷᠡᠯᠲᠡ᠄ ᠠᠯᠠᠱᠠ ᠵᠠᠬᠦᠨ ᠬᠤᠰᠢᠭᠤᠨ ᠤ ᠠᠷᠡᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号