| ᠤᠶᠢᠷ᠎ᠠ ᠶᠢᠨ ᠬᠤᠭᠤᠴᠠᠭᠠᠨ ᠳᠤ᠂ ᠤᠯᠠᠭᠠᠨᠬᠤᠳᠠ ᠶᠢᠨ ᠰᠦᠨᠢ ᠶᠢᠨ ᠵᠠᠬ᠎ᠠ ᠲᠡᠯᠬᠡᠬᠦᠷ ᠢᠶᠠᠷ ᠲᠤᠭᠤᠷᠢᠬᠤ | ᠬᠦᠮᠦᠨ ᠤᠯᠠᠰᠢᠷᠠᠵᠠᠢ᠃ ᠰᠦᠨᠢ ᠶᠢᠨ ᠵᠠᠬ᠎ᠠ ᠲᠡᠯᠬᠡᠬᠦᠷ ᠤᠨ ᠤᠶᠢᠷ᠎ᠠ ᠬᠠᠪᠢ ᠪᠠᠷ ᠬᠦᠮᠦᠨ ᠪᠠ ᠮᠠᠰᠢᠨ ᠲᠡᠷᠬᠡ | ᠤᠯᠠᠰᠢᠷᠠᠵᠦ᠂ ᠵᠠᠷᠢᠮ ᠬᠦᠮᠦᠨ ᠮᠠᠰᠢᠨ ᠲᠡᠷᠭᠡ ᠪᠠᠨ ᠲᠤᠷᠠᠪᠡᠷ ᠵᠤᠬᠰᠤᠭᠠᠬᠤ ᠪᠠᠶᠢᠳᠠᠯ ᠢᠯᠡᠷᠡᠵᠦ᠂ ᠤᠶᠢᠷ᠎ᠠ | ᠬᠠᠪᠢ ᠶᠢᠨ ᠰᠠᠭᠤᠭᠠᠯᠢ ᠠᠷᠠᠳ ᠤᠨ ᠨᠠᠭᠠᠰᠢ ᠴᠠᠭᠠᠰᠢ ᠶᠠᠪᠤᠬᠤ ᠳᠤ ᠰᠠᠭᠠᠳ ᠤᠴᠠᠷᠠᠭᠤᠯᠵᠦ ᠪᠤᠢ᠃ ᠡᠨᠡᠬᠦ | ᠦᠵᠡᠭᠳᠡᠯ ᠳᠤ ᠴᠢᠭᠯᠡᠬᠦᠯᠵᠦ᠂ ᠤᠯᠠᠭᠠᠨᠬᠤᠳᠠ ᠶᠢᠨ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠶᠢᠨ ᠵᠠᠮ | ᠬᠠᠷᠢᠯᠴᠠᠭᠠᠨ ᠤ ᠬᠠᠮᠢᠶᠠᠷᠦᠯᠳᠠ ᠶᠢᠨ ᠶᠡᠭᠡ ᠠᠩᠬᠢ ᠶᠢᠨ ᠬᠢᠨ ᠰᠦᠨᠢ ᠶᠢᠨ ᠵᠠᠬ᠎ᠠ ᠲᠡᠯᠬᠡᠬᠦᠷ ᠤᠨ ᠤᠶᠢᠷ᠎ᠠ ᠬᠠᠪᠢ ᠪᠠᠷ | ᠮᠠᠰᠢᠨ ᠲᠡᠷᠬᠡ ᠪᠠᠨ ᠲᠦᠷᠢᠮ ᠠᠴᠠ ᠵᠦᠷᠢᠴᠡᠨ ᠵᠤᠬᠰᠤᠭᠠᠵᠦ ᠪᠠᠶᠢᠭ᠎ᠠ ᠠᠵᠢᠯᠯᠠᠭ᠎ᠠ ᠶᠢ ᠴᠡᠭᠴᠡᠯᠡᠨ ᠵᠠᠰᠠᠵᠠᠢ᠃ | ᠠᠵᠢᠯᠯᠠᠭ᠎ᠠ ᠳᠤ᠂ ᠠᠷᠠᠳ ᠤᠨ ᠴᠠᠬᠳᠠᠭ᠎ᠠ ᠨᠠᠷ ︽5 · 1︾ ᠠᠭᠤᠳᠠᠮ ᠲᠠᠯᠠᠪᠠᠢ ᠶᠢᠨ ᠰᠦᠨᠢ ᠶᠢᠨ ᠵᠠᠬ᠎ᠠ | ᠲᠡᠯᠬᠡᠬᠦᠷ ᠶᠢᠨ ᠤᠶᠢᠷ᠎ᠠ ᠬᠠᠪᠢ ᠶᠢᠨ ᠵᠠᠮ ᠤᠨ ᠬᠡᠰᠡᠭ ᠢᠶᠠᠷ ᠪᠠᠶᠢᠴᠠᠭᠠᠯᠳᠠ ᠬᠢᠵᠦ᠂ ᠴᠠᠭ ᠲᠤᠬᠠᠢ ᠳᠤᠨᠢ ᠶᠠᠪᠤᠬᠰᠠᠨ | ᠦᠬᠡᠢ ᠮᠠᠰᠢᠨ ᠲᠡᠷᠬᠡ ᠵᠡᠷᠬᠡ ᠶᠢ ᠢᠳᠬᠠᠨ ᠵᠢᠯᠤᠭᠤᠳᠴᠠᠢ᠃ ᠪᠠᠰᠠ ᠲᠦᠷᠢᠮ ᠠᠴᠠ ᠵᠦᠷᠢᠴᠡᠨ ᠵᠤᠬᠰᠤᠭᠠᠬᠰᠠᠨ | ᠮᠠᠰᠢᠨ ᠲᠡᠷᠬᠡᠨ ᠲᠡᠭᠡᠷ᠎ᠡ ᠲᠦᠷᠢᠮ ᠠᠴᠠ ᠵᠦᠷᠢᠴᠡᠨ ᠵᠤᠬᠰᠤᠭᠠᠬᠰᠠᠨ ᠮᠡᠳᠡᠭᠳᠡᠯ ᠤᠨ ᠪᠢᠴᠢᠭ ᠨᠠᠭᠠᠬᠰᠠᠨ ᠪᠤᠶᠤ | ᠴᠢᠷᠴᠦ ᠠᠪᠠᠴᠢᠬᠤ ᠠᠷᠭ᠎ᠠ ᠪᠠᠷ ᠰᠠᠭᠤᠭᠠᠯᠢ ᠠᠷᠠᠳ ᠲᠤ ᠠᠮᠦᠷ ᠲᠦᠪᠰᠢᠨ ᠨᠠᠭᠠᠰᠢ ᠴᠠᠭᠠᠰᠢ ᠶᠠᠪᠤᠬᠤ ᠵᠠᠮ | ᠬᠠᠷᠢᠯᠴᠠᠭᠠᠨ ᠤ ᠤᠷᠴᠢᠨ ᠲᠤᠭᠤᠷᠢᠨ ᠪᠠ ᠪᠤᠯᠪᠠᠰᠦᠨ ᠲᠦᠷᠢᠮᠵᠢᠬᠦᠨ ᠢᠶᠠᠷ ᠮᠠᠰᠢᠨ ᠲᠡᠷᠬᠡ ᠵᠤᠬᠰᠤᠭᠠᠬᠤ ᠡᠮᠬᠢ | ᠲᠢᠭᠯᠢᠮ ᠲᠠᠢ ᠪᠠᠶᠢᠬᠤ ᠤᠷᠴᠢᠨ ᠢ ᠪᠦᠷᠢᠯᠳᠦᠬᠦᠯᠵᠦ ᠦᠭᠴᠠᠢ᠃ | ᠲᠠᠷᠠᠭᠠᠴᠢ ᠪᠠᠷ᠂ ᠤᠯᠠᠭᠠᠨᠬᠤᠳᠠ ᠶᠢᠨ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠶᠢᠨ ᠵᠠᠮ | ᠬᠠᠷᠢᠯᠴᠠᠭᠠᠨ ᠤ ᠬᠠᠮᠢᠶᠠᠷᠦᠯᠳᠠ ᠶᠢᠨ ᠶᠡᠭᠡ ᠠᠩᠬᠢ ᠶᠢᠨ ᠬᠢᠨ ᠵᠠᠷᠢᠮ ᠬᠦᠮᠦᠨ ᠤ ᠮᠠᠰᠢᠨ ᠲᠡᠷᠬᠡ ᠪᠠᠨ ᠲᠦᠷᠢᠮ ᠠᠴᠠ | ᠵᠦᠷᠢᠴᠡᠨ ᠵᠤᠬᠰᠤᠭᠠᠬᠤ ᠠᠵᠢᠯᠯᠠᠭ᠎ᠠ ᠶᠢ ᠦᠷᠬᠦᠯᠵᠢᠯᠡᠨ ᠴᠡᠭᠴᠡᠯᠡᠨ ᠵᠠᠰᠠᠵᠦ᠂ ᠰᠦᠨᠢ ᠶᠢᠨ ᠵᠠᠬ᠎ᠠ ᠲᠡᠯᠬᠡᠬᠦᠷ ᠤᠨ | ᠤᠶᠢᠷ᠎ᠠ ᠬᠠᠪᠢ ᠶᠢᠨ ᠭᠤᠤᠯᠳᠠᠯᠭ᠎ᠠ ᠲᠠᠢ ᠵᠠᠮ ᠤᠨ ᠬᠡᠰᠡᠭ ᠤᠨ ᠵᠠᠮ ᠬᠠᠷᠢᠯᠴᠠᠭᠠᠨ ᠤ ᠠᠮᠦᠷ ᠲᠦᠪᠰᠢᠨ ᠢ ᠴᠡᠭᠴᠡᠯᠡᠨ | ᠵᠠᠰᠠᠬᠤ ᠬᠦᠴᠦᠯᠡᠴᠡ ᠪᠠᠨ ᠨᠡᠮᠡᠭᠳᠡᠬᠦᠯᠵᠦ᠂ ᠤᠯᠠᠨ ᠲᠦᠮᠡᠨ ᠤ ᠠᠮᠦᠷ ᠲᠦᠪᠰᠢᠨ ᠢ ᠪᠦᠬᠦ ᠬᠦᠴᠦ ᠪᠠᠷ ᠪᠠᠳᠦᠯᠠᠬᠤ | ᠪᠤᠯᠤᠨ᠎ᠠ᠃ ︵ᠰᠡᠷᠬᠦᠯᠡᠩ︶ | |