| ᠵᠤᠨ ᠤᠷᠤᠬᠤ ᠶᠢ ᠲᠠᠭᠠᠯᠳᠤᠨ ᠮᠠᠰᠢ ᠣᠯᠠᠨ ᠬᠥᠮᠦᠰ ᠭᠠᠳᠠᠭ᠎ᠠ ᠬᠥᠳᠡᠯᠭᠡᠭᠡᠨ ᠬᠢᠵᠤ ᠡᠬᠢᠯᠡᠯ᠎ᠠ᠃ | ᠡᠬᠦᠨ ᠳᠤ ᠨᠢᠭᠡ ᠵᠦᠢᠯ ᠤᠨ ᠬᠥᠳᠡᠯᠭᠡᠭᠡᠨ ᠨᠢ ᠬᠦᠩᠬᠡᠨ ᠳᠤᠮᠳᠠ ᠵᠡᠷᠭᠡ ᠶᠢᠨ ᠬᠦᠵᠦᠭᠦᠨ ᠶᠠᠰᠤᠨ ᠤ | ᠡᠪᠡᠳᠴᠢᠲᠡᠨ ᠳᠤ ᠮᠠᠰᠢ ᠲᠣᠬᠢᠷᠠᠨ᠎ᠠ᠂ ᠡᠨᠡ ᠨᠢ ᠲᠠᠷᠤᠢ ᠲᠠ ᠨᠠᠷ ᠤᠨ ᠰᠠᠶᠢᠨ ᠮᠡᠳᠡᠳᠡᠭ ᠴᠠᠭᠠᠰᠤᠨ ᠰᠢᠪᠠᠭᠤ | ᠨᠢᠰᠬᠡᠬᠦ ᠬᠦᠳᠡᠯᠬᠡᠬᠡᠨ ᠪᠣᠯᠤᠨ᠎ᠠ᠃ | ᠴᠠᠭᠠᠰᠤᠨ ᠰᠢᠪᠠᠭᠤ ᠨᠢᠰᠬᠡᠬᠦ ᠨᠢ ᠬᠦᠵᠦᠭᠦᠨ ᠶᠠᠰᠤᠨ ᠤ ᠡᠪᠡᠳᠴᠢᠨ ᠢ ᠦᠨᠡᠬᠡᠷ ᠵᠠᠰᠠᠵᠤ ᠲᠠᠶᠢᠯᠤᠨ᠎ᠠ | ᠬᠡᠵᠤ ᠤᠤ︖ ᠶᠠᠷᠢᠶᠠᠨ ᠦᠬᠡᠢ ᠦᠨᠡᠨ ᠡ᠂ ᠡᠮᠴᠢ ᠠᠴᠠ ᠡᠬᠦᠨ ᠤ ᠳᠤᠬᠠᠢ ᠨᠠᠷᠢᠯᠢᠬ ᠲᠠᠶᠢᠯᠪᠤᠷᠢᠯᠠᠯ ᠬᠢᠭᠰᠡᠡ | ᠪᠠᠶᠢᠨ᠎ᠠ᠃ | ᠤᠳᠤᠬᠢ ᠨᠠᠶᠢᠬᠡᠮ ᠳᠤ ᠡᠯ᠎ᠠ ᠵᠦᠢᠯ ᠤᠨ ᠡᠪᠡᠳᠴᠢᠨ ᠳᠤ ᠨᠡᠷᠪᠡᠭᠳᠡᠵᠤ ᠪᠠᠶᠢᠭ᠎ᠠ ᠵᠠᠯᠠᠭᠤᠴᠤᠳ | ᠤᠯᠠᠮ ᠠᠴᠠ ᠤᠯᠠᠠ ᠪᠤᠯᠵᠤ᠂ ᠢᠯᠠᠩᠭᠤᠶ᠎ᠠ ᠬᠦᠵᠦᠭᠦᠨ ᠶᠠᠰᠤᠨ ᠤ ᠡᠪᠡᠳᠴᠢᠨ ᠵᠠᠯᠠᠭᠤᠴᠤᠳ ᠢ ᠰᠢᠨᠠᠯᠭᠠᠵᠤ ᠪᠤᠢ᠃ | 20 ᠭᠠᠷᠤᠢ ᠨᠠᠰᠤᠲᠠᠢ ᠵᠠᠯᠠᠭᠤᠴᠤᠳ ᠬᠠᠷᠢᠨ 50 ᠭᠠᠷᠤᠢ ᠨᠠᠰᠤᠲᠠᠢ ᠬᠦᠮᠤᠨ ᠤ ᠬᠦᠵᠦᠭᠦᠨ ᠶᠠᠰᠤ ᠲᠠᠢ | ᠪᠠᠶᠢᠳᠠᠭ ᠨᠢ ᠴᠤᠬᠤᠮ ᠶᠠᠮᠠᠷ ᠤᠴᠢᠷ ᠲᠠᠢ ᠪᠣᠯ︖ ᠲᠡᠬᠡᠪᠡᠯ ᠪᠢᠳᠡ ᠡᠩ ᠲᠠᠷᠢᠬᠦᠨ ᠳᠤ ᠠᠷᠤᠭ ᠶᠠᠰᠤᠨ ᠤ | ᠪᠦᠲᠦᠴᠡ ᠠᠴᠠ ᠡᠬᠢᠯᠡᠵᠦ ᠶᠠᠷᠢᠬᠤ ᠴᠢᠬᠤᠯᠠᠳᠠᠢ᠃ ᠬᠥᠮᠦᠨ ᠤ ᠪᠡᠶ᠎ᠡ ᠶᠢᠨ ᠬᠦᠵᠦᠭᠦᠨ ᠤ ᠶᠠᠰᠤ᠂ ᠴᠡᠬᠡᠵᠢ | ᠰᠡᠬᠡᠷ ᠤᠨ ᠶᠠᠰᠤ᠂ ᠨᠢᠷᠤᠭᠤᠨ ᠤ ᠶᠠᠰᠤ᠂ ᠤᠭᠤᠴᠠᠠ ᠤ ᠰᠡᠬᠡᠷ ᠨᠢ ᠡᠮᠤᠨᠡᠰᠢ᠂ ᠬᠤᠶᠢᠰᠢ᠂ ᠡᠮᠤᠨᠡᠰᠢ᠂ | ᠬᠤᠶᠢᠰᠢ ᠶᠢᠨ ᠪᠠᠶᠢᠭᠠᠯᠢᠯᠢᠭ ᠮᠤᠷᠦ᠋ᠢᠴᠠ ᠲᠠᠢ ᠪᠠᠶᠢᠵᠤ᠂ ᠶᠡᠭᠡ ᠲᠥᠯᠥᠪ ᠲᠡᠭᠡᠨ ︽S︾ ᠬᠡᠯᠪᠡᠷᠢ ᠲᠠᠢ᠂ | ᠡᠮᠨᠡᠯᠬᠡ ᠶᠢᠨ ᠤᠬᠠᠭᠠᠨ ᠲᠡᠬᠡᠷ᠎ᠠ ︽ᠹᠢᠽᠢᠣᠯᠣᠭᠢ ᠶᠢᠨ ᠮᠤᠷᠦ᠋ᠢᠴᠠ︾ ᠬᠡᠮᠡᠭᠳᠡᠵᠤ᠂ ᠮᠦᠷᠬᠦᠵᠤ ᠲᠠᠭᠠᠷᠢᠬᠤ ᠳᠤ | ᠬᠦᠴᠤ ᠶᠢ ᠨᠢ ᠪᠠᠭᠠᠰᠬᠠᠬᠤ᠂ ᠪᠤᠯᠴᠢᠩ ᠤᠨ ᠲᠠᠩᠴᠡᠬᠦᠷᠢ ᠶᠢ ᠪᠠᠳᠤᠯᠠᠬᠤ᠂ ᠪᠠᠶ᠎ᠠ ᠶᠢᠨ ᠲᠠᠩᠴᠠᠬᠦᠷᠢᠳᠤ ᠴᠢᠨᠠᠷ | ᠪᠤᠯᠤᠨ ᠪᠤᠰᠤᠭ᠎ᠠ ᠲᠦᠷᠢ ᠪᠠᠶᠢᠳᠠᠯ ᠵᠡᠷᠬᠡ ᠶᠢ ᠪᠠᠳᠤᠯᠠᠨ ᠬᠠᠮᠠᠭᠠᠯᠠᠬᠤ ᠳᠤ ᠮᠠᠰᠢ ᠴᠢᠬᠤᠯᠠ ᠤᠶᠢᠯᠠᠳᠤᠯ ᠦᠵᠡᠬᠦᠯᠵᠤ | ᠪᠠᠶᠢᠳᠠᠭ᠃ | ᠣᠳᠣ ᠦᠶ᠎ᠡ ᠶᠢᠨ ᠨᠡᠶᠢᠭᠡᠮ ᠠᠮᠢᠳᠤᠷᠠᠯ ᠤᠨ ᠬᠤᠷᠳᠤᠴᠠ ᠮᠠᠰᠢ ᠲᠦᠷᠭᠡᠨ ᠪᠤᠯᠬᠤ ᠶᠢ ᠲᠠᠭᠠᠯᠳᠤᠨ | ᠣᠯᠠᠩᠬᠢ ᠬᠥᠮᠦᠰ ᠺᠣᠮᠫᠢᠦ᠋ᠲ᠋ᠧᠷ᠂ ᠭᠠᠷ ᠤᠲᠠᠰᠤ᠂ ᠲᠧᠯᠸᠢᠰ ᠦᠵᠡᠬᠦ ᠵᠢᠴᠢ ᠺᠣᠮᠫᠢᠦ᠋ᠲ᠋ᠧᠷ ᠪᠤᠯᠤᠨ ᠭᠠᠷ | ᠤᠳᠠᠰᠤ ᠶᠢᠨ ᠳᠠᠷᠤᠪᠴᠢ ᠵᠡᠷᠭᠡ ᠶᠢ ᠤᠷᠲᠤ ᠬᠤᠭᠤᠴᠠᠭ᠎ᠠ ᠪᠠᠷ ᠬᠡᠷᠡᠭᠯᠡᠭᠦ ᠪᠤᠯᠪᠠ᠂ ᠡᠶᠢᠮᠤᠷᠬᠦ ᠳᠤᠯᠤᠭᠠᠢ ᠪᠠᠨ | ᠤᠬᠤᠶᠢᠵᠤ ᠨᠢᠷᠤᠭᠤ ᠪᠠᠨ ᠪᠦᠭᠳᠤᠶᠢᠯᠭᠡᠭᠰᠡᠨ ᠬᠡᠪ ᠤᠨ ᠪᠤᠰᠤ ᠲᠦᠷᠢ ᠪᠠᠶᠢᠳᠠᠯ ᠨᠢ ᠬᠦᠵᠤᠬᠦᠨ ᠤ ᠶᠠᠰᠤ ᠶᠢᠨ | ᠶᠠᠷᠤ ᠶᠢᠨ ᠭᠦᠳᠤᠶᠢᠬᠦ ᠬᠡᠰᠡᠭ ᠤᠨ ᠹᠢᠽᠢᠣᠯᠣᠭᠢ ᠶᠢᠨ ᠮᠤᠷᠦ᠋ᠢᠴᠠ ᠶᠢ ᠵᠦᠷᠢᠴᠡᠭᠰᠡᠡ ᠪᠠᠶᠢᠨ᠎ᠠ᠃ | ᠤᠳᠠᠭᠠᠨ ᠳᠠᠭᠠᠨ ᠬᠦᠵᠦᠭᠦᠦ ᠶᠢᠨ ᠡᠷᠭᠢᠨ ᠲᠣᠭᠤᠷᠢᠨ ᠳᠠᠬᠢ ᠵᠥᠭᠡᠯᠡᠨ ᠨᠡᠬᠡᠳᠡᠰᠤ ᠬᠡᠮᠳᠤᠬᠦ᠂ | ᠬᠦᠵᠦᠭᠦᠦ ᠶᠢᠨ ᠮᠤᠷᠦ᠋ᠢᠴᠠ ᠶᠢᠨ ᠬᠡᠮᠵᠢᠶ᠎ᠡ ᠠᠰᠬᠠᠨ ᠪᠤᠯᠬᠤ᠂ ᠴᠢᠨᠠᠭᠰᠢᠯᠠᠪᠠᠯ ᠳᠤᠳᠤᠭᠰᠢ ᠬᠤᠳᠦ᠋ᠢᠬᠤ᠂ | ᠬᠦᠵᠦᠭᠦᠨ ᠤ ᠶᠠᠰᠤ ᠶᠢᠨ ᠡᠳ᠋ ᠤᠷᠭᠤᠬᠤ᠂ ᠬᠦᠵᠤᠬᠦᠨ ᠤ ᠶᠠᠰᠤᠨ ᠤ ᠵᠠᠪᠰᠠᠷ ᠤᠨ ᠲᠠᠪᠠᠭ ᠭᠦᠳᠤᠶᠢᠬᠦ ᠵᠡᠷᠭᠡ | ᠠᠰᠠᠭᠤᠳᠠᠯ ᠭᠠᠷᠤᠨ᠎ᠠ᠃ ᠡᠨᠡ ᠨᠢ ᠳᠠᠷᠤᠢ ᠮᠠᠰᠢ ᠣᠯᠠᠨ ᠬᠥᠮᠦᠨ ᠬᠦᠵᠦᠭᠦᠨ ᠶᠠᠰᠤᠨ ᠤ ᠡᠪᠡᠳᠴᠢᠨ ᠳᠤ | ᠨᠡᠷᠪᠡᠭᠳᠡᠵᠤ ᠪᠠᠶᠢᠭ᠎ᠠ ᠶᠢᠨ ᠰᠢᠯᠲᠠᠭᠠᠨ ᠪᠣᠯᠤᠨ᠎ᠠ᠃ | ᠪᠢᠳᠠ ᠬᠦᠵᠦᠭᠦᠨ ᠤ ᠶᠠᠰᠤ ᠡᠪᠡᠳᠬᠦ ᠶᠢ ᠤᠮᠳᠤᠭᠠᠶᠢᠯᠠᠵᠤ ᠪᠤᠯᠬᠤ ᠦᠬᠡᠢ᠃ ᠬᠦᠵᠦᠭᠦᠨ ᠶᠠᠰᠤᠨ ᠤ | ᠡᠪᠡᠳᠴᠢᠨ ᠤ ᠡᠬᠢᠨ ᠤ ᠬᠤᠭᠤᠴᠠᠭᠠᠨ ᠳᠤ ᠣᠯᠠᠩᠬᠢ ᠬᠦᠮᠤᠰ ᠤᠨ ᠬᠦᠵᠦᠭᠦᠦ ᠬᠥᠰᠢᠵᠤ᠂ ᠴᠢᠨᠤᠵᠤ ᠱᠡᠷᠬᠢᠷᠠᠬᠤ | ᠵᠡᠷᠭᠡ ᠬᠦᠩᠬᠡᠨ ᠡᠪᠡᠳᠴᠢᠨ ᠤ ᠪᠠᠶᠢᠳᠠᠯ ᠢᠯᠡᠷᠠᠬᠦ ᠳᠤ᠂ ᠴᠠᠭ ᠲᠤᠬᠠᠢ ᠳᠤᠨᠢ ᠬᠡᠪ ᠤᠨ ᠪᠤᠰᠤ ᠰᠠᠭᠤᠵᠤ ᠬᠡᠪᠳᠡᠬᠦ | ᠲᠦᠷᠢ ᠪᠠᠶᠢᠳᠠᠯ ᠢᠶᠠᠨ ᠵᠠᠯᠠᠷᠠᠭᠤᠯᠵᠤ᠂ ᠭᠦᠢᠴᠡᠳ ᠠᠮᠠᠷᠠᠭᠰᠠᠭᠠᠷ ᠠᠭᠠᠵᠢᠮ ᠢᠶᠠᠷ ᠰᠠᠶᠢᠨ ᠪᠤᠯᠴᠢᠬᠠᠨ᠎ᠠ᠃ ᠬᠡᠷᠪᠡ | ᠪᠡᠶ᠎ᠡ ᠳᠤ ᠴᠢᠨᠢ ᠦᠭᠬᠦ ᠰᠡᠷᠡᠮᠵᠢ ᠶᠢᠨ ᠳᠤᠬᠢᠶ᠎ᠠ ᠶᠢ ᠤᠮᠳᠤᠭᠠᠢᠢᠯᠠᠵᠤ᠂ ᠬᠥᠵᠦᠭᠦᠨ ᠤ ᠶᠡᠰᠤ ᠶᠢ ᠦᠷᠬᠦᠯᠵᠢᠯᠡᠨ | ᠬᠡᠮᠳᠤᠬᠡᠬᠦ ᠠᠵᠢᠯᠯᠠᠭ᠎ᠠ ᠶᠢ ᠬᠠᠶᠢᠬᠤᠷᠬᠤ ᠦᠬᠡᠢ ᠪᠠᠷ ᠬᠢᠪᠠᠯ ᠡᠪᠡᠳᠴᠢᠨ ᠤ ᠪᠠᠶᠢᠳᠠᠯ ᠠᠭᠠᠵᠢᠮ ᠢᠶᠠᠷ ᠬᠦᠨᠳᠦᠷᠡᠳᠡᠭ᠃ | ᠬᠥᠵᠦᠭᠦᠦ ᠮᠥᠷᠦ᠂ ᠲᠣᠯᠣᠭᠠᠢ ᠶᠢᠨ ᠬᠡᠰᠡᠭ ᠢᠶᠠᠷ ᠤᠯᠠᠮ ᠡᠪᠡᠳᠬᠦ ᠪᠤᠯᠵᠤ᠂ ᠴᠢᠨᠠᠭᠰᠢᠯᠠᠨ ᠭᠠᠷ ᠡᠪᠡᠳᠴᠤ | ᠮᠢᠨᠴᠦᠭᠦᠷᠡᠬᠦ᠂ ᠲᠣᠯᠣᠭᠠᠢ ᠡᠷᠭᠢᠵᠤ ᠳᠤᠳᠤᠷ ᠮᠠᠭᠤᠬᠠᠶᠢᠷᠠᠬᠤ᠂ ᠵᠢᠷᠤᠬᠡ ᠲᠡᠯᠡᠰᠴᠤ ᠬᠦᠯᠤᠰᠤ ᠭᠠᠷᠬᠤ᠂ ᠲᠡᠷᠡᠴᠢᠯᠡᠨ | ᠲᠡᠭᠰᠢ ᠠᠯᠬᠤᠵᠤ ᠴᠢᠳᠠᠬᠤ ᠦᠬᠡᠢ᠂ ᠬᠦᠯ ᠭᠠᠷ ᠬᠦᠳᠡᠯᠵᠤ ᠲᠠᠶᠢᠯᠬᠦ ᠪᠠᠨ ᠪᠤᠯᠢᠵᠤ᠂ ᠬᠦᠨᠳᠤ ᠨᠤᠴᠢᠳᠠᠢ | ᠡᠪᠡᠳᠴᠢᠨ ᠤ ᠪᠠᠶᠢᠳᠠᠯ ᠢᠯᠡᠷᠡᠳᠡᠭ ᠪᠠᠶᠢᠨ᠎ᠠ᠃ | ᠡᠶᠢᠮᠤ ᠪᠠᠷ ᠢᠶᠠᠨ ᠴᠠᠭᠠᠰᠤᠨ ᠰᠢᠪᠠᠭᠤ ᠨᠢᠰᠬᠡᠬᠦ ᠨᠢ ᠬᠦᠵᠤᠬᠦᠨ ᠶᠠᠰᠤᠨ ᠤ ᠡᠪᠡᠳᠴᠢᠨ ᠢ ᠡᠳᠡᠬᠡᠬᠦ ᠳᠤ | ᠰᠠᠶᠢᠨ ᠲᠠᠢ ᠲᠠᠯ᠎ᠠ ᠤᠯᠠᠨ ᠪᠠᠶᠢᠳᠠᠭ᠃ ᠴᠠᠭᠠᠰᠤᠨ ᠰᠢᠪᠠᠭᠤ ᠶᠢ ᠰᠠᠶ᠋ᠢ ᠡᠬᠢᠯᠠᠨ ᠨᠢᠰᠬᠡᠬᠦ ᠳᠤ ᠪᠢᠳᠡ ᠠᠶᠠᠨᠳᠠᠭᠠᠨ | ᠲᠣᠯᠣᠭᠠᠢ ᠪᠠᠨ ᠡᠷᠭᠦᠵᠦ᠂ ᠴᠠᠭᠠᠰᠤᠨ ᠰᠢᠪᠠᠭᠤᠨ ᠤ ᠬᠥᠳᠡᠯᠦᠯ ᠪᠠᠶᠢᠳᠠᠯ ᠢ ᠠᠩᠬᠠᠷᠴᠤ᠂ ᠭᠠᠷ ᠲᠠᠬᠢ ᠤᠲᠠᠰᠤ ᠪᠠᠨ | ᠴᠠᠭ ᠲᠤᠬᠠᠢ ᠳᠤᠨᠢ ᠠᠮᠢᠳᠤᠯᠢᠭ ᠢᠶᠠᠷ ᠲᠣᠬᠢᠷᠠᠭᠤᠯᠤᠨ ᠦᠨᠳᠤᠷ ᠲᠤ ᠨᠢᠰᠬᠡᠬᠦ ᠶᠢ ᠪᠤᠳᠤᠳᠠᠭ᠃ ᠴᠠᠭᠠᠰᠤᠨ ᠰᠢᠪᠠᠭᠤ | ᠴᠡᠩᠬᠡᠷ ᠤᠬᠳᠠᠷᠭᠤᠢ ᠳᠤ ᠯᠠᠪᠳᠠᠭᠤᠬᠠᠨ ᠨᠢᠰᠬᠦ ᠶᠢ ᠳᠠᠭᠠᠯᠳᠤᠨ ᠪᠢᠳᠡ ᠴᠤ ᠪᠠᠶᠠᠷᠯᠠᠯᠳᠤᠨ ᠲᠠᠭᠠᠵᠤ ᠬᠦᠶᠤᠨᠠ᠂ | ᠬᠤᠶᠠᠷ ᠭᠠᠷ ᠢᠶᠠᠷ ᠢᠶᠠᠨ ᠴᠠᠭᠠᠰᠤᠨ ᠰᠢᠪᠠᠭᠤ ᠨᠢᠰᠬᠡᠬᠦ ᠤᠲᠠᠰᠤ ᠶᠢ ᠴᠢᠩᠭ᠎ᠠ ᠠᠳᠬᠤᠵᠤ᠂ ᠪᠠᠶᠢᠨ ᠪᠠᠶᠢᠨ | ᠲᠣᠯᠣᠭᠠᠢ ᠪᠠᠨ ᠵᠡᠬᠦᠨᠰᠢ ᠪᠠᠷᠠᠭᠤᠨᠰᠢ ᠬᠠᠷᠠᠵᠤ᠂ ᠴᠠᠭᠠᠰᠤᠨ ᠰᠢᠪᠠᠭᠤᠨ ᠤ ᠬᠠᠨᠳᠤᠰᠢ ᠶᠢ ᠠᠵᠢᠭᠯᠠᠨ᠎ᠠ᠃ ᠡᠨᠡ ᠬᠦ | ᠶᠠᠪᠤᠴᠠ ᠳᠤ ᠪᠢᠳᠡ ᠲᠣᠯᠣᠭᠠᠢ ᠥᠨᠳᠡᠶᠢᠨ ᠳᠡᠭᠡᠭᠰᠢ ᠪᠠᠨ ᠬᠠᠷᠠᠬᠤ ᠪᠣᠯᠬᠤᠷ ᠡᠳᠦᠷ ᠳᠣᠳᠣᠮ ᠤᠨ ᠠᠵᠢᠯ | ᠠᠮᠢᠳᠤᠷᠠᠯ ᠤᠨ ᠳᠤᠮᠳᠠ ᠤᠷᠲᠤ ᠬᠤᠭᠤᠴᠠᠭ᠎ᠠ ᠪᠠᠷ ᠲᠣᠯᠣᠭᠠᠢ ᠪᠠᠨ ᠪᠦᠬᠦᠶᠢᠬᠦ ᠪᠠᠶᠢᠳᠠᠯ ᠲᠠᠢ ᠶᠠᠭ ᠡᠰᠡᠷᠭᠦ | ᠬᠦᠳᠡᠯᠬᠡᠬᠡᠨ ᠬᠢᠵᠤ᠂ ᠬᠦᠵᠦᠭᠦᠨ ᠤ ᠲᠠᠷᠤᠭᠠᠰᠤ ᠶᠢ ᠬᠦᠩᠬᠡᠷᠡᠬᠦᠯᠳᠡᠭ ᠪᠠᠶᠢᠨ᠎ᠠ᠃ ᠡᠨᠡ ᠨᠢ ᠬᠦᠵᠦᠭᠦᠤ ᠮᠦᠷᠤ ᠶᠢᠨ | ᠬᠡᠰᠡᠭ ᠤᠨ ᠮᠡᠳᠡᠷᠡᠯ ᠪᠣᠯᠤᠨ ᠪᠤᠯᠴᠢᠩ ᠢᠶᠠᠨ ᠬᠦᠢᠴᠠᠳ ᠰᠤᠩᠭᠠᠠ ᠪᠠᠶ᠎ᠠ ᠪᠠᠨ ᠪᠤᠯᠪᠠᠰᠤᠷᠠᠭᠤᠯᠬᠤ᠂ ᠬᠦᠵᠦᠭᠦᠤ | ᠮᠦᠷᠤ ᠶᠢᠨ ᠵᠦᠬᠡᠯᠡᠨ ᠨᠡᠬᠡᠳᠡᠰᠤ ᠬᠠᠳᠠᠭᠤᠷᠠᠬᠤ᠂ ᠶᠠᠳᠠᠷᠠᠯ ᠤᠨ ᠬᠡᠮᠳᠤᠯ ᠢ ᠨᠠᠮᠳᠠᠭᠤᠯᠬᠤ᠂ ᠰᠢᠨᠳᠠᠰᠤᠨ ᠤ ᠬᠠᠷᠢᠮᠠᠬᠠᠢ | ᠴᠢᠨᠠᠷ ᠢ ᠴᠢᠩᠭᠠᠷᠠᠭᠤᠯᠬᠤ᠂ ᠬᠦᠵᠤᠬᠦᠨ ᠤ ᠶᠠᠰᠤ ᠶᠢᠨ ᠠᠮᠢᠳᠤᠯᠢᠬ ᠴᠢᠨᠠᠷ ᠪᠤᠯᠤᠨ ᠳᠤᠭᠳᠠᠪᠤᠷᠢᠳᠤ ᠴᠢᠨᠠᠷ ᠢ | ᠲᠡᠬᠡᠭᠰᠢᠯᠡᠬᠦᠯᠬᠦ ᠳᠤ ᠳᠤᠰᠠᠳᠠᠢ ᠶᠤᠮ᠃ | ᠬᠦᠳᠡᠯᠬᠡᠬᠡᠨ ᠬᠢᠬᠦ ᠦᠬᠡᠢ ᠦᠶᠠᠰ ᠲᠤ ᠬᠥᠮᠦᠨ ᠤ ᠪᠡᠶ᠎ᠡ ᠶᠢᠨ ᠬᠦᠵᠦᠭᠦᠨ ᠤ ᠶᠠᠰᠤ ᠶᠢᠨ ᠮᠦᠬᠡᠷᠰᠤᠨ | ᠨᠡᠬᠡᠳᠡᠰᠦ᠂ ᠶᠠᠰᠤᠨ ᠤ ᠵᠠᠪᠰᠠᠷ ᠤᠨ ᠲᠠᠪᠠᠭ ᠵᠡᠷᠭᠡ ᠵᠠᠩᠭᠢᠯᠠᠭ᠎ᠠ ᠶᠢᠨ ᠬᠡᠰᠡᠭ ᠲᠤ ᠴᠢᠰᠤᠨ ᠰᠤᠳᠠᠯ ᠨᠢ ᠰᠢᠭᠤᠳ | ᠰᠢᠮ᠎ᠠ ᠲᠡᠵᠢᠭᠡᠯ ᠬᠠᠩᠭᠠᠬᠤ ᠦᠬᠡᠢ᠂ ᠬᠦᠳᠡᠯᠬᠡᠬᠡᠨ ᠬᠢᠬᠦ ᠦᠶᠠᠰ ᠲᠠᠷᠤᠢ ᠴᠠᠭᠠᠰᠤᠨ ᠰᠢᠪᠠᠭᠤ ᠨᠢᠰᠬᠡᠬᠦ ᠦᠶ᠎ᠡ ᠳᠤ | ᠬᠦᠵᠦᠭᠦᠨ ᠤ ᠬᠡᠰᠡᠭ ᠤᠨ ᠬᠥᠳᠡᠯᠭᠡᠭᠡᠨ ᠠᠷᠪᠢᠳᠴᠤ᠂ ᠲᠡᠪᠬᠢᠵᠤ ᠭᠦᠶᠦᠬᠦ ᠦᠶ᠎ᠡ ᠶᠢᠨ ᠬᠦᠵᠤᠬᠦᠨ ᠤ ᠬᠡᠰᠡᠭ ᠤᠨ | ᠳᠤᠷᠬᠢᠯᠳᠠ ᠨᠢ ᠪᠦᠬᠦ ᠪᠡᠶ᠎ᠠ ᠳᠤ ᠬᠦᠢᠴᠡᠳ ᠳᠠᠷᠤᠯᠲᠠ ᠦᠭᠳᠡᠭ᠂ ᠢᠩᠭᠢᠵᠤ ᠬᠦᠳᠡᠯᠬᠡᠬᠡᠨ ᠬᠢᠬᠦ ᠨᠢ ᠬᠦᠵᠦᠭᠦᠨ ᠤ | ᠶᠠᠰᠤ ᠶᠢᠨ ᠵᠠᠪᠰᠡᠷ ᠤᠨ ᠲᠠᠪᠠᠭ᠂ ᠮᠦᠬᠡᠷᠰᠤᠨ ᠨᠡᠬᠡᠳᠡᠰᠦ ᠶᠢᠨ ᠰᠢᠮ᠎ᠡ ᠲᠡᠵᠢᠭᠡᠯ ᠤᠨ ᠰᠣᠯᠢᠯᠴᠠᠭ᠎ᠠ ᠬᠢᠬᠦ ᠶᠢ | ᠠᠬᠢᠭᠤᠯᠵᠤ᠂ ᠴᠢᠨᠠᠭᠰᠢᠯᠠᠨ ᠬᠦᠵᠦᠭᠦᠨ ᠶᠠᠰᠤ ᠨᠠᠰᠤᠵᠢᠬᠤ ᠪᠣᠯᠤᠨ ᠶᠠᠰᠤᠨ ᠤ ᠵᠠᠪᠰᠡᠷ ᠤᠨ ᠲᠠᠪᠠᠭ ᠭᠦᠳᠤᠶᠢᠬᠦ ᠶᠢ | ᠰᠡᠷᠬᠡᠶᠢᠯᠠᠵᠤ ᠴᠢᠳᠠᠨ᠎ᠠ᠃ | ᠴᠠᠭᠠᠰᠣᠨ ᠰᠢᠪᠠᠭᠤ ᠨᠢᠰᠬᠡᠬᠦ ᠨᠢ ᠠᠮᠤᠷ ᠲᠦᠪᠰᠢᠨ᠂ ᠦᠷ᠎ᠠ ᠪᠦᠲᠦᠮᠵᠢᠲᠡᠢ ᠮᠦᠷᠳᠡᠬᠡᠨ ᠰᠣᠨᠢᠷᠬᠠᠯᠲᠠᠢ | ᠬᠦᠳᠡᠯᠬᠡᠬᠡᠨ ᠪᠤᠯᠤᠨ᠎ᠠ᠃ ᠬᠦᠮᠦᠰ ᠨᠠᠭᠠᠰᠢ ᠴᠠᠭᠠᠰᠢ ᠬᠦᠶᠤᠨ᠂ ᠬᠦᠳᠡᠭᠡ ᠭᠠᠳᠠᠭ᠎ᠠ ᠪᠠᠶᠠᠷ ᠪᠠᠶᠠᠰᠬᠤᠯᠠᠩᠳᠠᠢ ᠪᠠᠷ | ᠰᠢᠨ᠎ᠡ ᠰᠤᠷᠭᠤᠭ ᠠᠭᠠᠷ ᠢ ᠠᠮᠢᠰᠬᠤᠯᠯᠠᠨ᠂ ᠨᠠᠷᠠᠨ ᠤ ᠡᠨᠧᠷᠭᠢ ᠶᠢ ᠰᠢᠩᠬᠡᠬᠡᠵᠤ᠂ ᠰᠡᠳᠬᠢᠯ ᠰᠠᠨᠠᠭ᠎ᠠ ᠪᠠᠶᠠᠰᠤᠩᠭᠤᠢ | ᠪᠤᠯᠳᠠᠭ᠃ ᠲᠠᠷᠠᠴᠢᠯᠠᠨ ᠴᠠᠭᠠᠰᠤᠨ ᠰᠢᠪᠠᠭᠤ ᠨᠢᠰᠬᠡᠬᠦ ᠨᠢ ᠪᠠᠰᠠ ᠰᠢᠨ᠎ᠡ ᠬᠠᠭᠤᠴᠢᠨ ᠤ ᠰᠣᠯᠢᠯᠴᠠᠭ᠎ᠠ ᠶᠢ | ᠰᠠᠶᠢᠵᠢᠷᠠᠭᠤᠯᠤᠨ᠂ ᠵᠢᠷᠦᠬᠡ ᠠᠭᠤᠰᠬᠢᠨ ᠤ ᠴᠢᠳᠠᠮᠵᠢ ᠶᠢ ᠳᠡᠭᠡᠭᠰᠢᠯᠡᠬᠦᠯᠵᠦ᠂ ᠶᠠᠰᠣ ᠰᠡᠶᠢᠷᠡᠭᠵᠢᠬᠦ ᠶᠢ ᠰᠡᠷᠭᠡᠶᠢᠯᠡᠵᠤ | ᠴᠢᠳᠠᠳᠠᠭ᠂ ᠡᠭᠦᠨ ᠤ ᠤᠯᠠᠮ ᠠᠴᠠ ᠪᠡᠶ᠎ᠡ ᠶᠢᠨ ᠡᠪᠡᠳᠴᠢᠨ ᠢ ᠡᠰᠡᠷᠬᠦᠴᠡᠬᠦ ᠴᠢᠳᠠᠪᠤᠷᠢ ᠶᠢ ᠲᠡᠬᠡᠭᠰᠢᠯᠡᠬᠦᠯᠦᠨ᠂ | ᠬᠦᠩᠬᠡᠨ ᠳᠤᠮᠳᠠ ᠵᠡᠷᠭᠡ ᠶᠢᠨ ᠬᠦᠵᠦᠬᠦᠨ ᠶᠠᠰᠤᠨ ᠤ ᠡᠪᠡᠳᠴᠢᠨ ᠢ ᠰᠡᠷᠬᠡᠶᠢᠯᠡᠬᠦ ᠳᠤ ᠢᠳᠡᠪᠬᠢ ᠦᠢᠯᠡᠳᠦᠯ | ᠦᠵᠡᠬᠦᠯᠳᠡᠭ᠃ ︵︽ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ︾ ᠠᠴᠠ | ᠰᠢᠯᠵᠢᠬᠦᠯᠪᠡ︶ | | | | |