ᠣᠨᠠᠭᠠᠨ ᠪᠠᠭ᠎ᠠ ᠨᠠᠰᠣ ᠶᠢ ᠣᠬᠠᠭᠠᠨ ᠪᠣᠳᠣᠯ ᠲᠠᠢ ᠮᠢᠨᠢ ᠬᠤᠮᠢᠵᠣ᠂ ᠰᠡᠳᠭᠢᠯ ᠰᠠᠨᠠᠭᠠᠨ ᠤ ᠬᠠᠮᠤᠭ ᠣᠶᠢᠷ᠎ᠠ | ᠵᠠᠢ ᠳᠤ ᠡᠰᠭᠡᠨ ᠰᠡᠶᠢᠯᠥᠭᠰᠡᠨ᠂ ᠨᠣᠳᠤᠭ ᠤᠨ ᠮᠢᠨᠢ ᠡᠨᠡᠬᠦ ᠵᠢᠵᠢᠭᠬᠡᠨ ᠨᠠᠭᠤᠷ ᠲᠣᠭᠤᠷᠢᠮ ᠬᠡᠮᠡᠷ ᠨᠣᠮᠢᠨ ᠴᠡᠩᠬᠡᠷ | ᠴᠡᠩᠬᠡᠭ ᠣᠰᠣᠨ ᠢ ᠠᠯᠢᠰᠣᠨ ᠪᠣᠬᠠᠯ ᠭᠡᠳᠡᠭ᠃ ᠠᠯᠢᠰᠣᠨ ᠪᠣᠬᠠᠯ ᠪᠠᠷᠠᠭᠤᠨ ᠲᠠᠯ᠎ᠠ ᠪᠠᠷ ᠢᠶᠠᠨ ᠨᠣᠮᠣᠨ ᠬᠡᠯᠪᠡᠷᠢ ᠶᠢᠨ | ᠮᠦᠷᠭᠦᠴᠡᠭ ᠡᠷᠭᠢ ᠲᠠᠢ᠃ ᠮᠦᠷᠭᠦᠴᠡᠭ ᠡᠷᠭᠢ ᠠᠴᠠ ᠴᠢᠨᠠᠭᠰᠢ ᠦᠷᠬᠦᠯᠵᠢᠯᠡᠭᠰᠡᠨ᠂ ᠨᠢᠳᠥ ᠠᠯᠳᠠᠮ᠎ᠠ ᠲᠡᠭᠰᠢ | ᠰᠠᠶᠢᠬᠠᠨ ᠰᠠᠷᠠᠭᠤᠯ ᠲᠡᠨᠵᠢ ᠨᠢ᠂ ᠡᠪᠦᠭᠡ ᠶᠢᠨ ᠮᠢᠨᠢ ᠠᠯᠢᠰᠣ ᠡᠪᠡᠰᠥ ᠪᠠᠨ ᠬᠤᠷᠢᠶᠠᠳᠠᠭ ᠪᠠᠶᠠᠨ ᠲᠠᠩᠰᠤᠭ | ᠬᠠᠳᠣᠯᠠᠩ ᠨᠢ ᠮᠦᠨ ᠪᠠᠶᠢᠵᠠᠢ᠃ ᠦᠩᠰᠢᠭ ᠰᠠᠶᠢᠬᠠᠨ ᠨᠠᠮᠣᠷ ᠤᠨ ᠣᠯᠠᠷᠢᠯ ᠬᠦᠷᠴᠥ ᠢᠷᠡᠬᠦ ᠲᠣᠭᠠᠯᠠᠩ ᠳᠤ᠂ | ᠡᠪᠦᠭᠡ ᠮᠢᠨᠢ ᠬᠢᠶᠠᠭ ᠡᠪᠡᠰᠥ ᠬᠠᠳᠣᠯᠠᠩ ᠳᠤ ᠪᠠᠨ ᠭᠠᠷᠴᠥ᠂ ᠠᠯᠢᠰᠣᠨ ᠪᠣᠬᠠᠯ ᠤᠨ ᠢᠶᠠᠨ ᠡᠷᠭᠢ ᠲᠡᠨᠵᠢ ᠳᠤ | ᠣᠷᠭᠤᠭᠰᠠᠨ᠂ ᠰᠠᠭᠯᠠᠭᠠᠷ ᠰᠠᠶᠢᠬᠠᠨ ᠡᠪᠥᠭᠡᠨ ᠬᠠᠶᠢᠯᠠᠰᠣᠨ ᠤ ᠰᠡᠭᠦᠳᠡᠷ ᠲᠤ ᠭᠠᠵᠠᠷ ᠡᠷᠥᠭᠰᠡᠨ ᠵᠣᠣᠬᠠᠨ ᠳᠤ ᠪᠠᠨ | ᠭᠠᠣᠯᠢᠨ ᠲᠡᠪᠥᠷᠡ ᠪᠠᠨ ᠰᠠᠭᠤᠯᠭᠠᠵᠣ᠂ ᠠᠯᠢᠰᠣᠨ ᠪᠣᠬᠠᠯ ᠤᠨ ᠢᠶᠠᠨ ᠠᠷᠢᠭᠤᠨ ᠲᠣᠩᠭᠠᠯᠠᠭ ᠷᠠᠰᠢᠶᠠᠨ ᠣᠰᠣ ᠪᠠᠷ | ᠬᠡᠪ ᠤᠨ ᠴᠠᠢ ᠪᠠᠨ ᠴᠢᠨᠠᠵᠣ᠂ ᠠᠮᠰᠠᠬᠤ ᠠᠴᠠ ᠪᠠᠨ ᠣᠷᠢᠳ᠂ ᠠᠷᠢᠭᠤᠨ ᠰᠢᠮ᠎ᠡ ᠣᠮᠳᠠᠭᠠᠨ ᠤ ᠲᠡᠭᠡᠵᠢ ᠬᠡᠮᠡᠨ | ᠲᠦᠷᠪᠡᠨ ᠵᠦᠭ ᠲᠤ ᠰᠠᠴᠣᠯᠢ ᠡᠷᠭᠦᠵᠥ ᠪᠠᠶᠢᠭᠰᠠᠨ᠃ ᠣᠳᠠᠵᠣ ᠲᠦᠳᠡᠯ ᠦᠭᠡᠢ᠂ ᠬᠠᠯᠢᠭᠤᠨ ᠨᠠᠮᠣᠷ ᠤᠨ ᠦᠶ᠎ᠡ | ᠪᠣᠯᠵᠣ᠂ ᠡᠪᠦᠭᠡ ᠮᠢᠨᠢ ᠬᠠᠳᠣᠵᠣ ᠬᠢᠷᠭᠠᠭᠰᠠᠨ ᠬᠠᠳᠠᠭᠰᠠᠨ ᠰᠠᠶᠢᠬᠠᠨ ᠠᠯᠢᠰᠣ ᠡᠪᠡᠰᠥ ᠪᠠᠨ ᠭᠡᠷ ᠲᠡᠷᠭᠡ ᠮᠡᠳᠥ ᠲᠣᠮᠣ | ᠲᠣᠮᠣ ᠠᠯᠢᠰᠣᠨ ᠪᠣᠬᠠᠯ ᠲᠠᠷᠣᠵᠣ᠂ ᠡᠪᠥᠯ ᠤᠨ ᠦᠯᠴᠢᠷ᠂ ᠬᠠᠪᠣᠷ ᠤᠨ ᠬᠠᠳᠠᠭᠤ ᠳᠤ ᠰᠠᠶ᠋ᠢ ᠬᠤᠳᠠ ᠬᠤᠷᠤᠭ᠎ᠠ | ᠵᠦᠭ ᠢᠶᠠᠨ ᠲᠡᠷᠭᠡ ᠪᠠᠷ ᠢᠶᠠᠨ ᠲᠡᠭᠡᠭᠡᠵᠥ᠂ ᠲᠠᠪᠣᠨ ᠬᠤᠰᠢᠭᠤ ᠮᠠᠯ ᠰᠦᠷᠥᠭ ᠲᠤ ᠪᠠᠨ ᠲᠡᠵᠢᠭᠡᠯ ᠪᠣᠷᠳᠤᠭ᠎ᠠ | ᠬᠠᠩᠭᠠᠳᠠᠭ᠃ ᠡᠶᠢᠨᠬᠦ ᠡᠴᠢᠭᠡ ᠲᠡᠭᠡᠳᠥ ᠶᠢᠨ ᠦᠶ᠎ᠡ ᠠᠴᠠ ᠡᠨᠡᠬᠦ ᠰᠠᠶᠢᠬᠠᠨ ᠲᠣᠩᠭᠠᠯᠠᠭ ᠣᠰᠣᠨ ᠤ ᠪᠠᠨ ᠲᠡᠨᠵᠢ ᠳᠤ᠂ | ᠠᠯᠢᠰᠣ ᠡᠪᠡᠰᠥ ᠪᠠᠨ ᠪᠣᠬᠠᠯᠠᠵᠣ ᠨᠦᠬᠡᠴᠡᠯᠡᠭᠰᠡᠨ ᠠᠴᠠ ᠮᠠᠨ ᠤ ᠬᠢᠨ ᠣᠨ ᠣᠳᠠᠭᠠᠨ ᠳᠤ ᠪᠠᠨ ᠲᠣᠰ ᠣᠰᠣ ᠪᠠᠨ | ᠠᠯᠢᠰᠣᠨ ᠪᠣᠬᠠᠯ ᠭᠡᠵᠣ ᠨᠡᠷᠡᠯᠡᠵᠡᠢ᠃ | ᠠᠯᠢᠰᠣᠨ ᠪᠣᠬᠠᠯ ᠤᠨ ᠬᠤᠶᠢᠳᠣ ᠵᠠᠬ᠎ᠠ ᠳᠤ᠂ ᠡᠷᠭᠢ ᠨᠠᠯᠠᠵᠣ ᠣᠷᠭᠤᠭᠰᠠᠨ ᠣᠨᠵᠢᠯᠭ᠎ᠠ ᠰᠠᠶᠢᠬᠠᠨ | ᠮᠦᠴᠢᠷ ᠲᠠᠢ ᠨᠢᠭᠡ ᠰᠠᠭᠤᠷᠢ ᠠᠪᠣᠷᠭᠤ ᠣᠳᠠ ᠮᠣᠳᠣᠨ ᠤ ᠣᠭ ᠠᠴᠠ ᠪᠠᠭᠠᠬᠠᠨ ᠬᠠᠷᠠᠵᠠ ᠪᠣᠯᠠᠭ ᠣᠨᠳᠣᠷᠴᠣ᠂ | ᠠᠯᠢᠰᠣᠨ ᠪᠣᠬᠠᠯ ᠤᠨ ᠣᠰᠣᠨ ᠳᠤ ᠡᠬᠢ ᠰᠣᠷᠪᠣᠯᠵᠢ ᠪᠣᠯᠵᠣ ᠪᠠᠶᠢᠬᠤ ᠨᠢ ᠦᠵᠡᠬᠦ ᠳᠤ ᠢᠯᠡᠬᠡᠨ᠃ ᠭᠡᠪᠡᠴᠥ | ᠠᠯᠢᠰᠣᠨ ᠪᠣᠬᠠᠯ ᠤᠨ ᠣᠰᠣᠨ ᠲᠦᠪᠰᠢᠨ ᠵᠢᠯ ᠤᠨ ᠲᠦᠷᠪᠡᠨ ᠣᠯᠠᠷᠢᠯ ᠳᠤ ᠶᠡᠷᠥ ᠲᠣᠭᠳᠠᠮᠠᠯ ᠪᠠᠶᠢᠳᠠᠭ ᠨᠢ ᠠᠳᠠᠪᠠᠰᠢ | ᠭᠠᠶᠢᠬᠠᠯᠳᠠᠢ᠃ ᠭᠡᠶ᠎ᠡ᠂ ᠠᠯᠢᠰᠣᠨ ᠪᠣᠬᠠᠯ ᠤᠨ ᠡᠨᠡᠬᠦ ᠣᠨᠴᠠᠯᠢᠭ ᠨᠢ ᠠᠯᠳᠠᠨ ᠬᠢᠩᠭᠠᠨ ᠤ ᠰᠡᠵᠢᠭᠦᠷ ᠲᠤ ᠡᠭᠦᠰᠥᠭᠰᠡᠨ | ᠲᠡᠭᠷᠢ ᠨᠠᠭᠤᠷ ᠲᠠᠢ ᠨᠡᠯᠢᠶᠡᠳ ᠲᠦᠰᠳᠡᠢ ᠪᠠᠶᠢᠨ᠎ᠠ᠃ ᠭᠡᠪᠡᠴᠥ ᠰᠢᠨᠡᠬᠡᠨ ᠰᠢᠳᠠᠭᠠᠭᠰᠠᠨ ᠸᠠᠭᠠᠷ ᠰᠠᠪᠠᠨ ᠳᠤ | ᠰᠠᠪᠠᠯᠠᠭᠰᠠᠨ ᠣᠰᠣ ᠬᠡᠮᠡᠷ ᠲᠡᠭᠷᠢ ᠨᠠᠭᠤᠷ ᠤᠨ ᠤᠰᠤᠨ ᠳᠤ ᠰᠢᠷᠬᠡᠭ ᠡᠪᠡᠰᠥ ᠣᠷᠭᠤᠳᠠᠭ ᠦᠭᠡᠢ᠂ ᠰᠢᠨᠠᠭᠠᠨ | ᠬᠤᠷᠣᠬᠠᠢ ᠴᠤ ᠲᠦᠯᠵᠢᠳᠡᠭ ᠦᠭᠡᠢ ᠦᠬᠦᠮᠡᠯ ᠣᠰᠣ ᠪᠣᠯᠬᠤ ᠲᠣᠯᠠ ᠪᠢ ᠲᠡᠭᠦᠨ ᠢ ᠶᠢᠷᠳᠢᠨᠴᠥ ᠶᠢᠨ ᠠᠮᠢᠳᠠᠨ | ᠵᠢᠷᠭᠤᠭᠠᠨ ᠵᠦᠢᠯ ᠳᠤ ᠠᠮᠢᠨ ᠣᠰᠣᠨ ᠪᠣᠯᠣᠭᠰᠠᠨ ᠠᠯᠢᠰᠣᠨ ᠪᠣᠬᠠᠯ ᠲᠠᠢ ᠪᠠᠨ ᠵᠥᠢᠷᠯᠡᠬᠦ ᠲᠣᠷᠠᠰᠢᠯ ᠶᠡᠷᠥ ᠬᠦᠷᠬᠦ | ᠦᠭᠡᠢ᠃ | ᠠᠯᠢᠰᠣᠨ ᠪᠣᠬᠠᠯ ᠤᠨ ᠡᠬᠢ ᠪᠣᠯᠠᠭ ᠲᠤ᠂ ᠨᠢᠭᠡᠨ ᠴᠠᠭᠠᠨ ᠡᠷᠢᠶᠡᠨ ᠮᠣᠭᠠᠢ ᠣᠷᠣᠩᠨᠠᠵᠣ ᠪᠠᠶᠢᠳᠠᠭ᠃ | ᠠᠬᠠᠮᠠᠳ ᠲᠣᠮᠣᠭᠠᠳᠠᠳ ᠠᠴᠠ ᠲᠣᠰ ᠮᠣᠭᠠᠢ ᠶᠢ ᠠᠯᠢᠰᠣᠨ ᠪᠣᠬᠠᠯ ᠤᠨ ᠣᠰᠣ ᠪᠠᠨ ᠰᠠᠬᠢᠭᠰᠠᠨ ᠯᠣᠣᠰ ᠤᠨ | ᠠᠶᠢᠮᠠᠭᠳᠠᠨ ᠪᠣᠯᠣᠨ᠎ᠠ ᠭᠡᠵᠤ ᠬᠡᠯᠡᠯᠴᠡᠨ᠎ᠠ᠃ ᠨᠠᠳᠠ ᠶᠢ ᠪᠠᠭ᠎ᠠ ᠪᠠᠶᠢᠬᠤ ᠳᠤ ᠠᠶᠢᠯ ᠤᠨ ᠡᠪᠥᠭᠡᠴᠥᠥᠯ ᠲᠠᠭᠳᠣ ᠶᠢᠨ | ᠰᠦᠮ᠎ᠡ ᠶᠢᠨ ᠨᠡᠷᠡᠳᠥ ᠯᠠᠮᠠ ᠶᠢ ᠵᠠᠯᠠᠵᠣ᠂ ᠲᠣᠰ ᠪᠣᠯᠠᠭ ᠤᠨ ᠣᠰᠣᠨ ᠳᠤ ᠢᠷᠡᠵᠥ᠂ ᠯᠣᠣᠰ ᠰᠠᠪᠳᠠᠭ ᠲᠠᠬᠢᠵᠣ᠂ | ᠨᠣᠮ ᠰᠣᠳᠣᠷ ᠣᠩᠰᠢᠭᠤᠯᠵᠣ ᠪᠠᠶᠢᠭᠰᠠᠨ ᠣᠴᠢᠷᠳᠠᠢ᠃ | ᠠᠯᠢᠰᠣᠨ ᠪᠣᠬᠠᠯ ᠤᠨ ᠨᠣᠮᠢᠨ ᠣᠢ ᠪᠠᠷ ᠡᠮᠵᠢᠶᠡᠷᠢᠯᠡᠭᠰᠡᠨ ︽ᠬᠦᠪᠴᠢ︾ ᠲᠠᠯ᠎ᠠ ᠶᠢᠨ ᠭᠥᠢᠬᠡᠨ ᠨᠣᠭᠤᠭᠠᠨ | ᠣᠰᠣᠨ ᠤ ᠵᠠᠬ᠎ᠠ ᠪᠠᠷ᠂ ᠬᠤᠯᠣᠰᠣ ᠵᠡᠭᠡᠰᠥ ᠰᠠᠬᠤᠯᠢᠭᠵᠢᠨ ᠣᠷᠭᠤᠵᠣ᠂ ᠬᠦᠯ ᠲᠣᠯᠬᠤ ᠦᠭᠡᠢ ᠭᠦᠨ ᠴᠡᠭᠡᠯ ᠳᠤ ᠨᠢ | ᠠᠷᠣ ᠭᠠᠵᠠᠷ ᠤᠨ ᠣᠰᠣᠨ ᠣᠷᠭᠤᠮᠠᠯ ᠣᠨᠠᠭᠠᠨ ᠲᠣᠭᠤᠷᠠᠢ ︵ᠣᠨᠠᠭᠠᠨ ᠲᠣᠭᠤᠷᠠᠢ ᠮᠡᠳᠥ ᠨᠠᠪᠴᠢ ᠲᠠᠢ ᠣᠰᠣᠨ ᠤ | ᠤᠷᠭᠤᠮᠡᠯ︶ ᠬᠡᠰᠡᠭ ᠢᠶᠠᠷ ᠬᠦᠭᠯᠡᠷᠡᠭᠡᠳ᠂ ᠲᠣᠯᠢᠭᠠᠷ ᠰᠠᠶᠢᠬᠠᠨ ᠣᠰᠣᠨ ᠨᠢᠭᠤᠷ ᠢ ᠲᠡᠮᠡᠴᠡᠭᠰᠡᠨ ᠨᠠᠪᠴᠢᠰ ᠨᠢ | ᠨᠠᠷᠠᠨ ᠤ ᠲᠣᠶᠠᠭᠠᠨ ᠳᠤ ᠪᠦᠷᠢᠶᠡᠰᠥᠯᠡᠵᠥ ᠬᠠᠷᠠᠭᠳᠠᠬᠤ ᠨᠢ ᠡᠮᠣᠨᠡᠳᠥ ᠣᠷᠣᠨ ᠤ ᠯᠢᠩᠬᠤᠸᠠᠳᠣ ᠨᠠᠭᠤᠷ ᠢ ᠡᠷᠬᠡ | ᠦᠭᠡᠢ ᠰᠠᠨᠠᠭᠳᠠᠭᠤᠯᠣᠮᠠ ᠠᠵᠢ᠃ | ᠠᠭᠠᠷ ᠲᠡᠭᠷᠢ ᠳᠤ ᠲᠡᠭᠦᠵᠢᠯᠡᠭᠳᠡᠭᠰᠡᠨ ᠠᠷᠢᠭᠤᠨ ᠬᠡᠬᠡᠨᠴᠢᠷ ᠬᠠᠰ ᠲᠠᠪᠠᠭ ᠮᠡᠳᠥ᠂ ᠵᠣᠨ ᠤ ᠰᠦᠨᠢ ᠶᠢᠨ | ᠲᠡᠷᠭᠡᠯ ᠰᠠᠷᠠᠨ ᠤ ᠲᠣᠩᠭᠤᠷᠣᠣ ᠲᠦᠷᠰᠥ᠂ ᠠᠯᠢᠰᠣᠨ ᠪᠣᠬᠠᠯ ᠤᠨ ᠣᠰᠣᠨ ᠤ ᠭᠦᠨ ᠳᠤ ᠲᠣᠨᠣᠯᠵᠠᠩᠬᠠᠨ | ᠬᠠᠷᠠᠭᠳᠠᠬᠤ ᠨᠢ ᠶᠠᠭ ᠭᠠᠵᠠᠷ ᠤᠨ ᠦᠷᠥᠴᠡ᠂ ᠯᠣᠣᠰ ᠤᠨ ᠣᠷᠳᠣᠨ ᠠᠴᠠ ᠨᠠᠷᠠᠨ ᠮᠠᠨᠳᠣᠭᠰᠠᠨ ᠮᠡᠳᠥ ᠦᠨᠡᠨ | ᠪᠣᠳᠠᠳᠣ ᠠᠬᠤᠢ ᠪᠣᠯᠵᠣ ᠰᠣᠯᠢᠭᠳᠠᠭᠠᠳ᠂ ᠠᠯᠢᠰᠣᠨ ᠪᠣᠬᠠᠯ ᠤᠨ ᠣᠰᠣ ᠶᠢ ᠣᠯᠠᠮ ᠨᠢᠭᠤᠴᠠᠯᠢᠭ ᠦᠵᠡᠮᠵᠢ ᠪᠠᠷ | ᠴᠢᠮᠡᠵᠡᠢ᠃ ᠦᠳᠡᠰᠢ ᠰᠦᠨᠢ᠂ ᠡᠳᠥᠷ ᠲᠤ ᠦᠨᠳᠥᠷ ᠮᠣᠳᠣᠨ ᠤ ᠪᠠᠭᠯᠠᠷᠠᠭᠰᠠᠨ ᠮᠦᠴᠢᠷ ᠨᠠᠪᠴᠢᠰ ᠲᠤ | ᠬᠤᠨᠣᠭᠯᠠᠭᠰᠠᠨ ᠵᠢᠰᠥᠨ ᠵᠦᠢᠯ ᠤᠨ ᠰᠢᠪᠠᠭᠤᠳ ᠤᠨ ᠣᠶᠠᠩᠭᠠᠳᠣ ᠲᠠᠭᠤ ᠴᠠᠷᠴᠠᠬᠤ ᠳᠤ᠂ ᠡᠪᠡᠰᠥᠨ ᠨᠠᠮᠠᠭᠠᠨ ᠳᠤ | ᠨᠢᠭᠤᠭᠳᠠᠭᠰᠠᠨ᠂ ᠭᠤᠯᠢᠶ᠎ᠠ ᠶᠢᠨ ᠢᠰᠭᠡᠷᠥᠯᠳᠡ᠂ ᠴᠠᠷᠴᠠᠬᠠᠢ ᠶᠢᠨ ᠴᠠᠷᠭᠢᠯᠳᠠ᠂ ᠵᠦᠯᠭᠡᠨ ᠳᠤ ᠭᠤᠸᠠᠭᠯᠠᠬᠤ | ᠮᠡᠯᠡᠬᠡᠢ ᠶᠢᠨ ᠲᠠᠭᠤᠨ ᠲᠠᠢ ᠬᠤᠣᠰᠯᠠᠨ ᠠᠯᠢᠰᠣᠨ ᠪᠣᠬᠠᠯ ᠳᠤ ᠪᠠᠨ ᠨᠠᠶᠢᠷᠠᠯ ᠬᠦᠭᠵᠢᠮ ᠪᠣᠯᠵᠣ ᠣᠶᠠᠩᠭᠠᠷᠠᠬᠤ ᠨᠢ | ᠴᠢᠬᠢᠨ ᠳᠤ ᠨᠢᠭᠡ ᠯᠡ ᠡᠭᠡᠯᠢᠳᠡᠢ᠃ ᠭᠡᠨᠡᠳᠳᠡ ᠣᠰᠣᠨ ᠤ ᠬᠦᠪᠡᠭᠡ ᠲᠠᠭᠠᠵᠣ ︽ᠬᠤᠯᠠᠩ ᠭᠡᠬᠦ ᠲᠣᠮᠣ ᠵᠢᠭᠠᠰᠣᠨ ᠤ | ᠴᠣᠯᠭᠢᠯᠳᠠ ᠴᠣᠣᠷᠢᠶ᠎ᠠ ᠲᠠᠳᠠᠬᠤ ᠲᠠᠢ ᠵᠡᠷᠭᠡ᠂ ᠠᠭᠤᠯᠠ ᠶᠢᠨ ᠪᠣᠭᠤ ᠭᠦᠷᠥᠭᠡᠰᠥ᠂ ᠦᠳᠡᠰᠢ ᠶᠢᠨ ᠨᠠᠮ ᠰᠡᠯᠡᠬᠦᠨ ᠢ | ᠵᠠᠪᠰᠢᠵᠣ᠂ ᠠᠯᠢᠰᠣᠨ ᠪᠣᠬᠠᠯ ᠢ ᠵᠣᠷᠢᠨ ᠢᠷᠡᠵᠥ᠂ ᠷᠠᠰᠢᠶᠠᠨ ᠣᠰᠣᠨ ᠠᠴᠠ ᠠᠭᠤᠵᠢᠷᠠᠳᠠᠯ᠎ᠠ ᠣᠮᠳᠠᠯᠠᠵᠣ ᠪᠠᠶᠢᠬᠤ ᠨᠢ | ᠮᠡᠳᠡᠵᠢ ᠶᠢᠨ ᠬᠡᠷᠡᠭ᠃ ᠭᠡᠶ᠎ᠡ᠂ ᠪᠣᠭᠤ ᠭᠦᠷᠥᠭᠡᠰᠥ ᠭᠡᠬᠦ ᠠᠴᠠ ᠵᠡᠷᠯᠢᠭ ᠠᠮᠢᠳᠠᠳ ᠴᠤ ᠬᠦᠮᠥᠨ ᠲᠦᠷᠥᠯᠬᠢᠳᠡᠨ ᠰᠢᠭ | ᠣᠨᠳᠣᠷᠴᠣ ᠲᠠᠰᠣᠭᠰᠠᠨ ᠨᠣᠳᠤᠭ ᠣᠰᠣᠨ ᠳᠤ ᠪᠠᠨ ᠬᠡᠮᠵᠢᠶᠡᠯᠡᠰᠢ ᠦᠭᠡᠢ ᠬᠠᠶᠢᠷ᠎ᠠ ᠭᠠᠮᠳᠠᠢ ᠭᠡᠳᠡᠭ ᠢ | ᠣᠬᠠᠭᠠᠷᠠᠭᠤᠯᠣᠭᠰᠠᠨ ᠨᠢ᠂ ᠬᠠᠷᠠᠬᠠᠨ ᠪᠠᠭ᠎ᠠ ᠨᠠᠰᠣ ᠶᠢ ᠮᠢᠨᠢ ᠨᠠᠭᠠᠯᠢᠩᠬᠠᠶᠢᠳᠤᠭᠤᠯᠣᠭᠰᠠᠨ ᠬᠤᠩᠭᠤᠷ ᠨᠠᠮᠣᠷ ᠤᠨ | ᠲᠡᠷᠡᠬᠦ ᠨᠠᠮᠵᠢᠭᠤᠨ ᠰᠠᠶᠢᠬᠠᠨ ᠦᠳᠡᠰᠢ ᠪᠠᠶᠢᠵᠣ ᠳ᠋ᠠ ᠬᠦᠭᠡᠷᠥᠬᠦᠢ᠃ ᠠᠪᠤ ᠶᠢᠨ ᠠᠵᠢᠯ ᠳᠤ ᠬᠠᠮ ᠲᠡᠮ ᠪᠣᠯᠵᠣ᠂ | ᠠᠵᠠᠢ ᠪᠣᠭᠤᠷᠣᠯ ᠡᠪᠦᠭᠡ ᠲᠠᠢ ᠪᠠᠨ ᠬᠤᠶᠠᠭᠤᠯᠠ ᠠᠯᠢᠰᠣᠨ ᠪᠣᠬᠠᠯ ᠤᠨ ᠲᠡᠨᠵᠢ ᠳᠤ ᠠᠯᠢᠰᠣ ᠪᠣᠬᠠᠯᠠᠵᠣ ᠶᠠᠭᠠᠷᠠᠪᠠ᠃ | — ᠦᠷᠯᠥᠭᠡ ᠦᠳᠡᠰᠢ ᠶᠢᠨ ᠰᠢᠭᠦᠳᠡᠷᠢ ᠶᠢᠨ ᠣᠰᠣ ᠭᠡᠭᠴᠢ ᠪᠠᠶᠢᠭᠠᠯᠢ ᠶᠢᠨ ᠭᠤᠷᠪᠠᠨ ᠷᠠᠰᠢᠶᠠᠨ ᠤ | ᠨᠢᠭᠡ ᠨᠢ ᠶᠣᠮ ᠰᠢᠣ ᠬᠦᠥ ᠮᠢᠨᠢ︕ | — ᠰᠢᠭᠦᠳᠡᠷᠢ ᠶᠢᠨ ᠣᠰᠣᠨ ᠳᠤ ᠠᠯᠢᠰᠣ ᠪᠣᠬᠠᠯᠠᠪᠠᠯ᠂ ᠠᠯᠢᠰᠣ ᠡᠪᠡᠰᠥ ᠣᠨᠴᠠᠭᠠᠢ ᠰᠢᠮ᠎ᠡ ᠲᠡᠵᠢᠭᠡᠯ | ᠰᠠᠭᠤᠬᠤ ᠪᠣᠯᠣᠨ᠎ᠠ ᠳ᠋ᠠ︕ ᠶᠠᠷᠢᠶ᠎ᠠ ᠬᠦᠭᠡᠷᠥᠭᠡ ᠲᠠᠢ ᠡᠪᠦᠭᠡ ᠶᠢᠨ ᠢᠶᠠᠨ ᠶᠠᠷᠢᠭᠰᠠᠨ ᠬᠡᠯᠡᠭᠰᠡᠨ ᠶᠣᠰᠣ ᠪᠠᠷ᠂ | ᠦᠷᠯᠥᠭᠡ ᠦᠳᠡᠰᠢ ᠶᠢ ᠲᠡᠮᠡᠴᠡᠨ ᠠᠯᠢᠰᠣ ᠪᠣᠬᠠᠯᠠᠬᠤ ᠳᠠᠭᠠᠨ᠂ ᠠᠯᠢᠰᠣᠨ ᠪᠣᠬᠠᠯ ᠤᠨ ᠣᠰᠣ ᠮᠢᠨᠢ ᠯᠠᠪᠳᠠᠢ | ᠪᠠᠶᠢᠭᠠᠯᠢ ᠶᠢᠨ ᠨᠦᠭᠦᠭᠡ ᠨᠢᠭᠡ ᠷᠠᠰᠢᠶᠠᠨ ᠳᠤ ᠨᠢ ᠲᠣᠭᠠᠴᠠᠭᠳᠠᠨ᠎ᠠ ᠳ᠋ᠠ︕ ᠭᠡᠵᠥ ᠨᠢᠯᠬ᠎ᠠ ᠶᠢᠨ ᠴᠠᠭᠠᠨ | ᠢᠳᠡᠭᠡᠯ ᠳᠡᠭᠡᠨ ᠪᠠᠶᠠᠰᠴᠣ ᠪᠠᠶᠢᠪᠠ᠃ ᠦᠨᠡᠬᠡᠷ ᠬᠠᠴᠢᠨ ᠳ᠋ᠠ︕ ᠨᠢᠭᠡ ᠪᠣᠬᠠᠯ ᠠᠯᠢᠰᠣ ᠰᠠᠯᠬᠢ ᠦᠭᠡᠢ ᠳᠤ | ᠰᠠᠳᠠᠷᠠᠨ᠂ ᠵᠢᠪᠠᠷ ᠦᠭᠡᠢ ᠳᠤ ᠵᠠᠳᠠᠷᠠᠭᠠᠳ ᠪᠠᠶᠢᠳᠠᠭ ᠨᠢ ᠡᠪᠦᠭᠡ ᠪᠢᠳᠡ ᠬᠤᠶᠠᠷ ᠲᠤ ᠲᠠᠶᠢᠯᠬᠤᠶᠠ ᠪᠡᠷᠬᠡ ᠣᠨᠢᠰᠤᠭ᠎ᠠ | ᠠᠪᠴᠢᠷᠠᠵᠠᠢ᠃ ᠡᠭᠦᠨ ᠤ ᠲᠣᠬᠠᠢ ᠬᠡᠳᠥᠨ ᠡᠳᠥᠷ ᠴᠦᠬᠦᠷᠡᠩ ᠢᠶᠠᠨ ᠪᠠᠷᠠᠭᠰᠠᠨ ᠡᠪᠦᠭᠡ ᠮᠢᠨᠢ᠂ ᠡᠴᠥᠰ | ᠰᠡᠭᠦᠯ ᠳᠤ ᠪᠠᠨ ᠠᠯᠢᠰᠣᠨ ᠪᠣᠬᠠᠯ ᠢᠶᠠᠨ ᠮᠠᠨᠠᠬᠤ ᠠᠴᠠ ᠳᠤᠭᠤᠰᠢᠳᠠᠢ ᠰᠢᠢᠳᠪᠥᠷᠢ ᠠᠯᠠᠭ᠎ᠠ ᠪᠣᠯᠪᠠ᠃ ᠡᠪᠦᠭᠡ ᠪᠢᠳᠡ | ᠬᠤᠶᠠᠷ ᠴᠢᠨᠠᠳᠣ ᠲᠠᠯ᠎ᠠ ᠳᠤ ᠠᠭᠤᠯᠠ ᠲᠣᠪᠤ ᠮᠡᠳᠥ ᠲᠦᠩᠬᠦ᠋ᠢᠨ ᠬᠠᠷᠠᠭᠳᠠᠬᠤ ᠠᠯᠢᠰᠣᠨ ᠪᠣᠬᠠᠯ ᠢ ᠣᠩᠭᠢᠴᠠᠨ᠂ | ᠲᠦᠷ ᠴᠠᠭ ᠤᠨ ᠣᠷᠣᠴᠠ ᠣᠷᠣᠩᠨᠠᠯ ᠪᠣᠯᠭᠠᠨ᠂ ᠬᠠᠷᠠᠬᠤ ᠳᠤ ᠲᠦᠭᠦᠮ ᠢ ᠪᠣᠳᠣᠵᠣ ᠪᠦᠭᠭᠦᠨ ᠰᠠᠭᠤᠵᠠᠢ᠃ ᠬᠠᠶᠠ | ᠪᠠᠶᠢᠨ ᠦᠳᠡᠰᠢ ᠶᠢᠨ ᠰᠠᠶᠢᠬᠠᠨ ᠠᠯᠢᠰᠣᠨ ᠪᠣᠬᠠᠯ ᠤᠨ ᠢᠶᠠᠨ ᠭᠠᠩᠭᠠᠩ ᠪᠠᠶᠢᠭᠠᠯᠢ ᠳᠠᠭᠠᠨ ᠰᠣᠭᠳᠣᠭᠤᠷᠠᠵᠣ ᠪᠠᠶᠢᠳᠠᠯ᠎ᠠ | ᠭᠡᠨᠡᠳᠳᠡ ᠪᠠᠷᠠᠭᠤᠨ ᠠᠭᠤᠯᠠ ᠶᠢᠨ ᠪᠢᠳᠡᠭᠦᠥ ᠬᠦᠪᠴᠢ ᠠᠴᠠ ᠪᠢᠷᠠᠭᠤᠨ ᠪᠣᠬ᠎ᠠ ᠶᠢᠨ ᠮᠦᠭᠡᠷᠡᠯ ᠲᠣᠭᠤᠯᠳᠠᠪᠠ᠂᠂ | — ᠪᠣᠬ᠎ᠠ ᠶᠢᠨ ᠮᠦᠭᠡᠷᠡᠯ ᠪᠢᠰᠢ ᠰᠢᠣ᠂ ᠪᠣᠭᠤ ᠶᠢᠨ ᠣᠷᠣᠮᠳᠠᠯ ᠪᠣᠯᠣᠨ᠎ᠠ ᠳ᠋ᠠ︕ ᠭᠡᠵᠣ ᠡᠪᠦᠭᠡ ᠮᠢᠨᠢ | ᠪᠣᠭᠤ ᠶᠢᠨ ᠲᠣᠬᠠᠢ ᠨᠠᠮ ᠲᠠᠭᠤ ᠪᠠᠷ ᠨᠠᠮ᠎ᠠ ᠳᠤ ᠣᠴᠢᠷᠯᠠᠵᠣ ᠪᠠᠶᠢᠳᠠᠯ᠎ᠠ᠂ ᠦᠳᠡᠰᠢ ᠰᠦᠨᠢ ᠶᠢᠨ ᠠᠵᠢᠨ ᠲᠦᠵᠢᠨ ᠢ | ᠡᠪᠳᠡᠨ ᠡᠯᠡᠰᠥᠨ ᠭᠤᠪᠢ ᠶᠢᠨ ᠲᠡᠮᠡᠭᠡᠨ ᠵᠢᠩ ᠮᠡᠳᠥ᠂ ᠨᠢᠭᠡ ᠴᠣᠪᠣᠭ᠎ᠠ ᠠᠩᠭᠢ ᠴᠡᠷᠢᠭ ᠤᠨ ᠡᠩᠨᠡᠭᠡ ᠴᠤ ᠠᠳᠠᠯᠢ | ᠮᠦᠷ ᠮᠦᠷ ᠢᠶᠠᠨ ᠮᠦᠰᠭᠢᠭᠰᠡᠨ᠂ ᠶᠡᠭᠡ ᠪᠠᠭ᠎ᠠ ᠨᠢ ᠠᠳᠠᠯᠢ ᠪᠣᠰᠣ ᠲᠠᠪᠣᠨ ᠪᠣᠭᠤ ᠠᠯᠢᠰᠣᠨ ᠪᠣᠬᠠᠯ ᠢ ᠵᠣᠷᠢᠨ | ᠨᠠᠭᠠᠰᠢᠯᠠᠨ᠎ᠠ᠃ ᠡᠪᠦᠭᠡ ᠪᠢᠳᠡ ᠬᠤᠶᠠᠷ ᠭᠠᠶᠢᠬᠠᠯ ᠰᠣᠴᠢᠷᠳᠠᠯ ᠳᠤ ᠨᠠᠮ ᠴᠣᠬᠢᠭᠤᠯᠵᠣ᠂ ᠪᠦᠬᠦ ᠠᠩᠬᠠᠷᠣᠯ ᠢᠶᠠᠨ | ᠲᠦᠪᠯᠡᠷᠡᠭᠦᠯᠥᠨ᠂ ᠪᠣᠭᠤ ᠶᠢᠨ ᠰᠦᠷᠥᠭ ᠢ ᠯᠠᠪᠯᠠᠪᠠᠯ᠂ ᠬᠠᠭᠰᠢᠶᠠᠯ ᠮᠣᠳᠣ ᠡᠭᠦᠷᠥᠭᠰᠡᠨ ᠮᠡᠳᠥ ᠣᠯᠠᠨ ᠰᠠᠯᠠᠭᠠᠳᠣ | ᠡᠪᠡᠷ ᠲᠠᠢ ᠲᠣᠮᠣ ᠪᠣᠭᠤ ᠲᠦᠷᠥᠭᠦᠯᠡᠵᠥ᠂ ᠲᠡᠪᠬᠡᠶᠢᠭᠰᠡᠨ ᠲᠠᠰᠢᠶ᠎ᠠ ᠲᠠᠢ᠂ ᠭᠤᠨᠠᠯᠵᠠᠭᠰᠠᠨ ᠰᠠᠶᠢᠬᠠᠨ ᠠᠯᠬᠤᠳᠠᠯ ᠲᠠᠢ | ᠬᠤᠶᠠᠷ ᠰᠣᠭᠤ᠂ ᠠᠰ ᠲᠣᠰ ᠤᠨ ᠨᠦᠷᠥᠭᠡ ᠪᠠᠨ ᠠᠷᠣ ᠠᠷᠣ ᠠᠴᠠ ᠪᠠᠨ ᠲᠠᠭᠠᠭᠤᠯᠵᠣ ᠶᠠᠪᠣᠬᠤ ᠨᠢ ᠦᠨᠡᠬᠡᠷ ᠦᠩᠭᠡ | ᠬᠤᠷᠸ᠎ᠠ ᠡᠬᠡ ᠪᠠᠶᠢᠭᠠᠯᠢ ᠶᠢᠨ ᠡᠷᠳᠡᠨᠢ ᠶᠢᠨ ᠵᠢᠮᠰᠡᠭ ᠮᠡᠳᠥ᠃ ᠪᠣᠭᠤ ᠶᠢᠨ ᠰᠦᠷᠥᠭ ᠵᠦᠷᠢᠭ ᠴᠣᠪᠣᠭ᠎ᠠ ᠪᠠᠨ ᠪᠠᠷᠢᠨ | ᠨᠠᠭᠠᠰᠢᠯᠠᠭᠰᠠᠭᠠᠷ᠃ ᠪᠣᠭᠤ ᠶᠢᠨ ᠰᠦᠷᠥᠭ ᠡᠪᠦᠭᠡ ᠪᠢᠳᠡ ᠬᠤᠶᠠᠷ ᠤᠨ ᠰᠠᠶ᠋ᠢᠬᠠᠨ ᠬᠤᠷᠢᠶᠠᠭᠰᠠᠨ ᠲᠡᠷᠡᠬᠦ ᠰᠠᠭᠤᠷᠢ | ᠠᠯᠢᠰᠣᠨ ᠪᠣᠬᠠᠯ ᠳᠤ ᠬᠠᠯᠴᠠ ᠲᠣᠯᠭᠠᠷᠠᠵᠣ ᠬᠦᠷᠥᠭᠡᠳ᠂ ᠪᠦᠴᠡᠭᠡᠳ ᠠᠪᠣᠭᠰᠠᠨ ᠨᠢ ᠠᠳᠠᠪᠠᠰᠢ ᠭᠠᠶᠢᠬᠠᠯᠳᠠᠢ᠃ | ᠲᠦᠷᠥᠭᠦᠯᠡᠵᠥ ᠢᠷᠡᠭᠰᠡᠨ ᠡᠯᠵᠢᠭᠡᠨ ᠠᠴᠠ ᠪᠦᠳᠥᠭᠦᠨ ᠦᠯ ᠠᠯᠠᠭ ᠪᠣᠭᠤ ᠠᠴᠠ ᠡᠬᠢᠯᠡᠨ᠂ ᠠᠯᠢᠰᠣᠨ ᠪᠣᠬᠠᠯ ᠢ | ᠠᠷᠪᠠᠭᠠᠷ ᠲᠣᠮᠣ ᠡᠪᠡᠷ ᠢᠶᠠᠷ ᠢᠶᠠᠨ ᠠᠴᠠᠳᠠᠵᠣ᠂ ᠠᠷᠪᠠ ᠲᠠᠪᠣᠨ ᠠᠯᠬᠤᠮ ᠤᠨ ᠴᠠᠭᠠᠨ᠎ᠠ ᠬᠦᠭᠯᠡᠷᠡᠭᠦᠯᠵᠣ ᠬᠠᠶᠠᠬᠤ ᠨᠢ | ᠨᠡᠩ ᠭᠡᠴᠡᠭᠦᠥ ᠦᠵᠡᠮᠥᠷᠢ ᠪᠣᠯᠪᠠ᠃ ᠬᠤᠶᠠᠷ ᠰᠣᠭᠤ ᠴᠤ ᠮᠣᠯᠳᠤᠭ ᠲᠣᠯᠣᠭᠠᠢ ᠪᠠᠨ ᠲᠠᠮᠤᠷᠳᠠᠭᠤᠯᠵᠣ᠂ ᠠᠯᠢᠰᠣᠨ | ᠪᠣᠬᠠᠯ ᠢ ᠬᠤᠷᠣᠰᠣᠯᠳᠠᠶᠢᠬᠠᠨ ᠮᠦᠷᠭᠦᠨ ᠰᠡᠭᠴᠢᠵᠥ ᠪᠠᠶᠢᠨ᠎ᠠ᠃ ᠬᠠᠷᠢᠨ ᠬᠤᠶᠠᠷ ᠨᠦᠷᠥᠭᠡ ᠨᠢ ᠬᠡᠳᠥ | ᠣᠮᠳᠠᠭᠠᠰᠣᠭᠰᠠᠨ ᠪᠣᠯᠣᠯᠳᠠᠢ ᠠᠯᠢᠰᠣᠨ ᠪᠣᠬᠠᠯ ᠤᠨ ᠣᠰᠣᠨ ᠵᠦᠭ ᠰᠢᠨᠣᠯᠳᠠᠶᠢᠬᠠᠨ ᠬᠠᠷᠠᠵᠣ᠂ ᠣᠰᠣᠨ ᠤ ᠦᠨᠥᠷ ᠢ | ᠬᠠᠮᠠᠷ ᠱᠣᠣᠭᠢᠨᠠᠭᠤᠯᠣᠨ ᠬᠠᠨᠣᠮᠵᠢᠳᠠᠶᠢᠬᠠᠨ ᠦᠨᠥᠷᠯᠡᠵᠥ ᠵᠣᠭᠰᠣᠪᠠ᠃ ᠵᠡᠭᠦᠳᠥ ᠰᠣᠪᠢᠩ ᠳᠤ ᠴᠤ ᠪᠠᠭᠤᠮ᠎ᠠ ᠦᠭᠡᠢ | ᠨᠢᠳᠥᠨ ᠡᠮᠥᠨ᠎ᠡ ᠪᠣᠯᠵᠣ ᠪᠠᠶᠢᠭ᠎ᠠ ᠪᠣᠭᠤ ᠭᠥᠷᠥᠭᠡᠰᠥᠨ ᠤ ︽ᠬᠢᠳᠡᠯ ᠶᠠᠪᠣᠳᠠᠯ︾ ᠢ ᠵᠦᠪᠳᠡᠭᠡᠵᠥ᠂ ᠪᠠᠶᠢᠭᠠᠯᠢ | ᠲᠡᠯᠡᠬᠡᠢ ᠶᠢᠨ ᠠᠯᠢᠪᠠ ᠪᠦᠬᠦᠨ ᠢ ᠦᠪᠡᠷ ᠤᠨ ᠢᠶᠠᠨ ᠪᠣᠯᠭᠠᠵᠣ ᠰᠠᠶᠢᠷᠬᠠᠬᠤ ᠬᠦᠮᠥᠨ ᠲᠦᠷᠥᠯᠬᠢᠳᠡᠨ ᠭᠡᠵᠢ ᠳ᠋ᠡ︕ | ᠭᠡᠵᠣ ᠡᠪᠦᠭᠡ ᠮᠢᠨᠢ ᠠᠮᠠᠨ ᠳᠠᠭᠠᠨ ᠲᠦᠳᠥᠨᠡᠭᠰᠡᠭᠡᠷ ᠪᠣᠭᠤ ᠶᠢᠨ ᠰᠦᠷᠥᠭ ᠤᠨ ︽ᠠᠵᠢᠯ︾ ᠤᠨ ᠪᠦᠳᠥᠮᠵᠢ ᠶᠢ | ᠦᠨᠳᠥᠷ ᠲᠦᠪᠰᠢᠨ ᠳᠤ ᠬᠦᠷᠦᠬᠦᠯᠦᠭᠰᠡᠨ ᠳᠡᠭᠡᠨ ᠰᠡᠳᠬᠢᠯ ᠮᠠᠰᠢ ᠬᠠᠩᠬᠤᠯᠣᠭᠤᠨ᠃ | ᠮᠠᠨ ᠢ ᠪᠠᠭ᠎ᠠ ᠪᠠᠶᠢᠬᠤ ᠳᠤ ᠱᠣᠷᠤᠭ ᠵᠢᠭᠠᠰᠣᠨ ᠤ ᠲᠣᠬᠠᠢ ᠠᠬᠠᠮᠠᠳ ᠲᠣᠮᠣᠭᠠᠳᠠᠳ ᠠᠴᠠ ᠣᠰᠣ | ᠣᠷᠣᠨ ᠢᠶᠠᠨ ᠭᠤᠯᠣᠭᠰᠠᠨ ᠲᠣᠮᠣ ᠱᠣᠷᠤᠭ ᠵᠢᠭᠠᠰᠣ ᠦᠳᠡᠰᠢ ᠰᠦᠨᠢ ᠶᠢᠨ ᠰᠢᠭᠦᠳᠡᠷᠢ ᠶᠢᠨ ᠣᠰᠣ ᠶᠢ ᠪᠠᠷᠢᠵᠣ᠂ | ᠲᠠᠪᠤ ᠲᠣᠯᠣᠭᠠᠨ ᠭᠠᠵᠠᠷ ᠵᠠᠶᠢᠳᠠᠢ ᠪᠠᠶᠢᠬᠤ ᠦᠭᠡᠷ᠎ᠡ ᠨᠢᠭᠡ ᠭᠤᠣᠯ ᠣᠰᠣᠨ ᠳᠤ ᠨᠡᠭᠦᠴᠢᠭᠡᠳᠡᠭ ᠶᠣᠮᠰᠠᠨ ᠭᠡᠵᠥ | ᠬᠠᠭᠤᠴᠢᠯᠠᠳᠠᠭ ᠪᠠᠶᠢᠭᠰᠠᠨ᠃ ᠲᠣᠮᠤᠭ ᠦᠨᠡᠨ ᠤ ᠬᠤᠭᠤᠷᠣᠨᠳᠣᠬᠢ ᠶᠠᠷᠢᠶ᠎ᠠ ᠬᠦᠭᠡᠷᠥᠭᠡ ᠶᠢ ᠰᠣᠨᠣᠰᠣᠭᠠᠳ᠂ ᠱᠠᠯ | ᠢᠳᠡᠭᠡᠭᠰᠡᠨ ᠪᠢ ᠴᠢᠨᠢ ᠠᠯᠢᠰᠣᠨ ᠪᠣᠬᠠᠯ ᠤᠨ ᠮᠢᠨᠢ ᠵᠢᠭᠠᠰᠣ ᠪᠢᠳᠡᠭᠡᠢ ᠨᠡᠭᠦᠭᠡᠰᠡᠢ ᠳ᠋ᠠ︕ ᠭᠡᠵᠥ ᠬᠤᠨᠤᠭ ᠤᠨ | ᠭᠦᠨ ᠳᠡᠭᠡᠨ ᠪᠣᠳᠣᠯ ᠮᠠᠨᠠᠭᠰᠠᠭᠠᠷ᠂ ᠠᠯᠢᠰᠣᠨ ᠪᠣᠬᠠᠯ ᠤᠨ ᠵᠢᠭᠠᠰᠣ ᠪᠦᠬᠦᠨ ᠢᠶᠠᠷ ᠢᠶᠠᠨ ᠨᠡᠭᠦᠴᠢᠭᠡᠭᠰᠡᠨ ᠭᠡᠵᠥ | ᠵᠡᠭᠦᠳᠥ ᠪᠠᠷ ᠢᠶᠠᠨ ᠣᠬᠢᠯᠠᠵᠣ ᠪᠠᠶᠢᠭᠰᠠᠨ᠃ | ᠦᠷᠯᠥᠭᠡ ᠡᠷᠳᠡ ᠶᠢᠨ ᠨᠠᠮ ᠰᠡᠯᠡᠬᠦᠨ ᠢ ᠡᠪᠳᠡᠵᠣ᠂ ᠠᠯᠢᠰᠣᠨ ᠪᠣᠬᠠᠯ ᠤᠨ ᠬᠤᠯᠣᠰᠣ ᠵᠡᠭᠡᠰᠥᠨ ᠳᠤ | ᠡᠭᠦᠷᠯᠡᠭᠰᠡᠨ᠂ ᠭᠠᠯᠠᠭᠤ ᠨᠣᠭᠤᠰᠣ ᠭᠠᠩᠭᠠᠨᠠᠯᠳᠣᠨ ᠨᠢᠰᠥᠯᠳᠥᠬᠦ ᠳᠤ᠂ ᠠᠷᠯᠠᠬᠤ ᠣᠰᠣᠨ ᠤ ᠲᠡᠭᠡᠭᠦᠷ ᠦᠩᠭᠡ ᠶᠢᠨ | ᠰᠠᠶᠢᠬᠠᠨ ᠴᠠᠬᠤᠯᠠᠢ ᠰᠢᠪᠠᠭᠤ ᠵᠢᠭᠠᠰᠣ ᠦᠭᠶᠥᠭᠡᠯᠡᠵᠥ ᠶᠠᠭᠠᠷᠠᠯᠳᠣᠨ᠎ᠠ᠃ | ᠠᠯᠢᠰᠣᠨ ᠪᠣᠬᠠᠯ ᠤᠨ ᠮᠦᠷᠭᠦᠴᠡᠭ ᠡᠷᠭᠢ᠂ ᠰᠠᠶᠢᠷ ᠲᠠᠩ ᠤᠨ ᠲᠠᠯᠠᠩ ᠵᠢᠴᠢ ᠣᠨᠠᠭᠠᠨ ᠲᠣᠭᠤᠷᠠᠢ | ᠭᠤᠷᠪᠠ ᠨᠢ ᠶᠣᠰᠣᠳᠠᠢ ᠲᠣᠰ ᠣᠰᠣᠨ ᠳᠠᠬᠢ ᠵᠢᠰᠥᠨ ᠵᠥᠢᠯ ᠤᠨ ᠠᠮᠢᠳᠠᠳ ᠤᠨ ᠣᠷᠣᠰᠢᠯ ᠣᠷᠣᠩᠨᠠᠯ᠂ ᠦᠷᠡᠵᠢᠯ | ᠲᠦᠯᠵᠢᠯ ᠵᠢᠴᠢ ᠭᠤᠣᠯ ᠴᠡᠩᠬᠡᠬᠦᠨ ᠤ ᠣᠷᠣᠨ ᠨᠢ ᠪᠣᠯᠵᠣ ᠲᠠᠭᠠᠷᠠᠵᠠᠢ᠃ ᠵᠣᠨ ᠤ ᠨᠠᠷᠠᠨ ᠳᠤ ᠠᠯᠢᠰᠣᠨ ᠪᠣᠬᠠᠯ ᠤᠨ | ᠡᠷᠭᠢ ᠳᠤ ᠪᠦᠭᠳᠦ᠋ᠢᠨ ᠣᠷᠭᠤᠭᠰᠠᠨ ᠪᠦᠳᠥᠭᠦᠨ ᠣᠳᠠ᠂ ᠡᠩᠭᠡᠯᠵᠡᠭᠦᠷ ᠲᠣᠣᠷᠠᠬᠢ ᠣᠭ᠍ᠶᠣ ᠨᠣᠭᠤᠭᠠᠨ | ᠣᠰᠣᠨ ᠳᠤ ᠪᠠᠨ ᠪᠠᠷᠠᠭᠠᠨ ᠰᠡᠭᠦᠳᠡᠷ ᠢᠶᠠᠨ ᠰᠢᠬᠦᠷᠯᠡᠬᠦ ᠳᠤ ᠲᠣᠯᠣᠨ ᠵᠢᠭᠠᠰᠣ᠂ ᠬᠤᠯᠳᠣᠣ᠂ ᠵᠢᠪᠡᠭᠡ᠂ ᠮᠡᠳᠥ ᠶᠢᠨ | ᠲᠣᠮᠣ ᠲᠣᠮᠣ ᠵᠢᠭᠠᠰᠣ ᠶᠠᠭ ᠯᠡ ᠵᠣᠰᠠᠯᠠᠩ ᠳᠤ ᠪᠠᠨ ᠪᠠᠭᠤᠭᠰᠠᠨ ᠰᠢᠭ᠋ ᠬᠡᠳᠥ ᠬᠡᠳᠥ ᠪᠠᠷ ᠢᠶᠠᠨ ᠴᠦᠷᠭᠦᠯᠡᠨ ᠢᠷᠡᠵᠣ᠂ | ᠲᠠᠪᠠᠳᠠᠢ ᠰᠠᠶᠢᠬᠠᠨ ᠰᠡᠷᠢᠭᠦᠴᠡᠵᠥ ᠵᠣᠭᠰᠣᠬᠤ ᠨᠢ ᠲᠠᠯᠠᠢ ᠲᠠᠩᠬᠢᠰ ᠤᠨ ᠠᠮᠢᠯᠠᠭᠰᠠᠨ ᠵᠢᠷᠤᠭ ᠮᠡᠳᠣ ᠨᠢᠳᠣᠨ ᠳᠤ | ᠲᠠᠭᠠᠳᠠᠢ ᠨᠢ ᠠᠷᠭ᠎ᠠ ᠦᠭᠡᠢ᠃ ᠵᠢᠭᠠᠰᠣᠨ ᠮᠢᠬᠠᠨ ᠳᠤ ᠬᠤᠪᠣᠰᠣᠭᠰᠠᠨ ᠠᠪᠤ ᠮᠢᠨᠢ᠂ ᠣᠰᠣᠨ ᠤ ᠨᠢᠭᠤᠷ ᠱᠣᠳᠣᠷᠴᠣ | ᠣᠷᠭᠤᠭᠰᠠᠨ ᠣᠳᠠᠨ ᠰᠠᠯᠠᠭᠠᠨ ᠳᠤ ᠵᠣᠭᠰᠣᠵᠣ᠂ ᠪᠣᠷᠭᠠᠰᠣᠨ ᠤ ᠨᠠᠷᠢᠨ ᠦᠵᠥᠭᠦᠷ ᠲᠤ ᠲᠠᠮᠣᠵᠣ ᠵᠡᠭᠡᠭᠰᠡᠨ | ᠬᠢᠯᠭᠠᠰᠣᠨ ᠣᠷᠠᠬ᠎ᠠ ᠪᠠᠨ ᠣᠰᠣ ᠣᠷᠣᠭᠤ ᠵᠠᠯᠠᠵᠣ᠂ ᠠᠯᠢ ᠢᠳᠡᠬᠦ ᠲᠣᠷᠠᠳᠠᠢ ᠨᠢᠭᠡ ᠪᠦᠳᠥᠭᠦᠨ ᠵᠢᠭᠠᠰᠣᠨ ᠤ ᠵᠠᠪᠠᠵᠢ | ᠵᠠᠭᠠᠯᠮᠠᠢ ᠪᠠᠷ ᠣᠷᠠᠠᠬᠯᠠᠨᠠ᠃ ᠦᠭᠡᠷ᠎ᠡ ᠵᠢᠭᠠᠰᠥ ᠨᠤᠭᠤᠳ ᠯᠠᠪ ᠦᠭᠶᠥᠭᠡ ᠬᠦᠭᠡᠭᠡᠵᠥ ᠪᠠᠶᠢᠬ᠎ᠠ ᠭᠡᠵᠣ ᠡ᠊ᠨᠳᠡᠭᠦᠷᠡᠨ | ᠣᠰᠣᠨ ᠲᠦᠪᠰᠢᠨ ᠦᠭᠡᠳᠡ ᠣᠷᠣᠭᠤᠯ ᠱᠠᠮᠪᠢᠭᠠᠨᠠᠭᠤᠯᠣᠨ ᠲᠡᠮᠡᠴᠡᠵᠡᠭᠡᠨᠡ᠃ ᠭᠡᠪᠡᠴᠥ ᠠᠪᠤ ᠮᠢᠨᠢ ᠢᠳᠡᠵᠣ ᠬᠦᠷᠬᠦ | ᠬᠡᠮᠵᠢᠶ᠎ᠡ ᠪᠠᠷ ᠢᠶᠠᠨ ᠨᠢᠭᠡ ᠬᠤᠶᠠᠷ ᠵᠢᠭᠠᠰᠣ ᠣᠷᠠᠬᠠᠯᠠᠬᠤ ᠠᠴᠠ ᠪᠢᠰᠢ᠂ ᠣᠯᠠᠨ ᠵᠢᠭᠠᠰᠣ ᠣᠷᠠᠬᠠᠯᠠᠬᠤ ᠲᠣᠷᠠᠰᠢᠯ | ᠬᠦᠷᠬᠦ ᠦᠭᠡᠢ ᠪᠠᠶᠢᠪᠠ᠃ | ᠠᠶ᠎ᠠ᠂ ᠠᠮᠢᠨ ᠣᠰᠣᠨ ᠪᠣᠯᠣᠭᠰᠠᠨ ᠠᠯᠢᠰᠣᠨ ᠪᠣᠬᠠᠯ ᠳᠤ ᠮᠢᠨᠢ᠂ ᠠᠶᠣᠩᠭᠤᠷᠢ ᠶᠢᠨ ᠪᠠᠷᠠᠭᠠᠨ ᠬᠠᠷ᠎ᠠ | ᠲᠦᠷᠥᠳᠡᠰᠥ᠂ ᠠᠮᠢᠳᠠᠨ ᠤ ᠠᠶᠣᠯᠳᠣ ᠴᠦᠪ ᠢᠪ ᠲᠠᠷᠣᠵᠣ ᠪᠠᠭᠤᠭᠰᠠᠨ ᠢ ᠬᠡᠨ ᠠᠩᠵᠠᠷᠠᠯᠠ ᠳ᠋ᠠ᠃ ᠨᠢᠭᠡᠨ ᠡᠳᠥᠷ | ᠠᠶᠢᠯ ᠠᠶᠢᠮᠠᠭ ᠲᠤ ᠪᠠᠨ ︽ᠬᠤᠳᠣᠭᠴᠢᠨ︾ ᠬᠤᠴᠢ ᠲᠠᠢ ᠵᠠᠮᠢᠶᠠᠨ ᠭᠤᠸᠠᠢ᠂ ᠬᠦᠯ ᠨᠢ ᠦᠨᠳᠥᠷ᠂ ᠨᠢᠷᠣᠭᠤ ᠨᠢ | ᠪᠣᠭᠤᠨᠢ ᠬᠠᠨ ᠣᠪᠣᠭᠳᠣ ᠵᠢᠭᠠᠰᠣᠴᠢᠨ ᠢ ᠬᠡᠳᠥᠨ ᠬᠠᠮᠰᠠᠭᠠᠳᠠᠨ ᠲᠠᠢ ᠨᠢ ᠬᠠᠮᠳᠣ ᠲᠠᠭᠠᠭᠤᠯᠵᠣ᠂ ᠭᠤᠣᠯ ᠣᠰᠣ ᠶᠢ | ᠦᠨᠴᠥᠭ ᠪᠣᠯᠣᠩ ᠦᠯᠡᠳᠡᠭᠡᠯ ᠦᠭᠡᠢ ᠱᠦᠭᠦᠭᠰᠡᠭᠡᠷ ᠴᠢᠪ ᠬᠡᠮᠡᠨ ᠲᠡᠳᠡᠨ ᠤ ᠡᠷᠢᠯ ᠤᠨ ᠭᠦᠨ ᠳᠤ ᠨᠢᠭᠤᠭᠳᠠᠭᠰᠠᠨ᠂ | ᠠᠯᠢᠰᠣᠨ ᠪᠣᠬᠠᠯ ᠳᠤ ᠮᠢᠨᠢ ᠬᠦᠷᠴᠥ ᠢᠷᠡᠭᠡᠳ᠂ ᠪᠦᠳᠥᠭᠦᠨ ᠨᠠᠷᠢᠨ ᠵᠢᠭᠠᠰᠣᠨ ᠠᠯᠭ᠎ᠠ ᠶᠢ ᠲᠠᠷᠠᠭ᠎ᠠ ᠮᠦᠷ ᠲᠠᠢ | ᠬᠠᠶᠠᠵᠣ᠂ ᠪᠠᠰᠠ ᠵᠠᠯᠭᠢᠬᠤ ᠶᠢ ᠨᠢ ᠰᠡᠷᠭᠡᠶᠢᠯᠡᠵᠥ ᠬᠦᠵᠥᠭᠦᠥ ᠶᠢ ᠨᠢ ᠬᠦᠩᠬᠡᠨ ᠪᠣᠭᠤᠭᠰᠠᠨ᠂ ᠬᠡᠭᠡᠷ᠎ᠡ ᠶᠢᠨ ᠬᠠᠷ᠎ᠠ | ᠨᠣᠭᠤᠰᠣ ᠮᠡᠳᠥ ᠵᠢᠭᠠᠰᠣᠨ ᠰᠢᠪᠠᠭᠤ ᠶᠢ ᠠᠷᠪᠠᠭᠠᠳ ᠢᠯᠡᠭᠦᠥ ᠬᠦᠪᠥᠭᠦᠯᠵᠥ ᠵᠢᠭᠠᠰᠣ ᠠᠩᠨᠠᠵᠠᠢ᠃ ᠬᠠᠨ ᠢᠷᠭᠡᠨ | ᠬᠡᠳᠦ᠋ᠢᠪᠡᠷ ᠠᠯᠢᠰᠣᠨ ᠪᠣᠬᠠᠯ ᠤᠨ ᠵᠢᠭᠠᠰᠣ ᠪᠠᠷ ᠰᠠᠪᠠ ᠰᠠᠭᠠᠯᠢ ᠪᠠᠨ ᠲᠦᠭᠦᠷᠭᠡᠵᠥ ᠪᠣᠴᠠᠭᠰᠠᠨ ᠴᠤ ᠶᠣᠯᠣ | ᠰᠢᠪᠠᠭᠤᠨ ᠤ ᠭᠡᠳᠡᠰᠥ ᠮᠡᠳᠥ ᠴᠠᠳᠬᠤ ᠪᠠᠨ ᠮᠡᠳᠡᠬᠦ ᠦᠭᠡᠢ ᠪᠣᠯᠣᠭᠰᠠᠨ ᠲᠡᠷᠡ ᠲᠠᠮᠰᠢᠭ᠂ ᠲᠡᠮᠡᠢ ᠬᠤᠶᠠᠷ ᠡᠳᠥᠷ | ᠪᠣᠯᠤᠭ᠎ᠠ ᠦᠭᠡᠢ ᠬᠠᠮᠰᠠᠭᠠᠳᠠᠨ ᠢᠶᠠᠨ ᠲᠠᠭᠠᠭᠤᠯᠵᠣ᠂ ᠠᠯᠢᠰᠣᠨ ᠪᠣᠬᠠᠯ ᠳᠤ ᠲᠠᠬᠢᠨ ᠢᠷᠡᠵᠣ᠂ ᠬᠢᠮᠢ ᠶᠢᠨ ᠡᠮ ᠢᠶᠠᠷ | ᠨᠠᠶᠢᠷᠠᠵᠣ ᠵᠣᠬᠢᠶᠠᠭᠰᠠᠨ᠂ ᠬᠡᠳᠥ ᠬᠡᠳᠥᠨ ᠲᠡᠯᠪᠡᠴᠢᠬᠦ ᠪᠦᠮᠪᠦᠭᠡ ᠪᠠᠷ ᠠᠯᠢᠰᠣᠨ ᠪᠣᠬᠠᠯ ᠤᠨ ᠣᠰᠣ ᠶᠢ ᠬᠠᠶᠢᠷ᠎ᠠ ᠨᠠᠶᠢᠷ | ᠦᠭᠡᠢ ᠲᠡᠯᠪᠡᠴᠢᠵᠡᠢ᠃ ᠲᠡᠯᠪᠡᠴᠢᠬᠦ ᠪᠦᠮᠪᠦᠭᠡ ᠶᠢᠨ ᠨᠦᠰᠡᠷ ᠲᠡᠯᠪᠡᠷᠢᠯᠳᠡ ᠳᠤ ᠶᠡᠭᠡ ᠪᠠᠭ᠎ᠠ ᠵᠢᠭᠠᠰᠣ ᠵᠢᠷᠠᠭᠠᠬᠠᠢ ᠶᠢᠨ | ᠦᠩᠬᠦᠯᠴᠡᠭ ᠫᠣᠣᠵᠢᠩ ᠬᠠᠭᠠᠷᠠᠵᠣ᠂ ᠣᠰᠣᠨ ᠨᠢᠭᠤᠷ ᠲᠤ ᠴᠠᠶᠢᠯᠵᠠᠨ ᠲᠡᠭᠳᠡᠬᠦ ᠨᠢ ᠶᠠᠭ ᠲᠣᠮᠣ ᠲᠣᠭᠤᠭᠠᠨ ᠳᠤ | ᠣᠶᠢᠵᠣ ᠪᠣᠯᠭᠤᠭᠰᠠᠨ ᠴᠠᠭᠠᠨ ᠭᠤᠯᠢᠷ ᠤᠨ ᠪᠠᠩᠰᠢ ᠮᠡᠳᠥ ᠬᠠᠷᠠᠭᠳᠠᠨ᠎ᠠ᠃ ᠬᠠᠨ ᠢᠷᠭᠡᠨ ᠲᠣᠮᠣ ᠵᠢᠵᠢᠭ ᠵᠢᠭᠠᠰᠤ ᠶᠢ | ᠲᠡᠷᠭᠡ ᠬᠦᠰᠬᠡ ᠪᠠᠨ ᠲᠦᠬᠦᠷᠳᠡᠯ᠎ᠡ ᠰᠢᠬᠦᠭᠰᠡᠨ ᠪᠤᠯᠪᠠᠴᠤ᠂ ᠡ᠊ᠨᠳᠡᠬᠢ ᠲᠤᠮᠤ ᠲᠤᠯᠤᠨ ᠵᠢᠭᠠᠰᠤ ᠶᠢ ᠤᠯᠵᠠᠯᠠᠭᠰᠠᠨ | ᠦᠬᠡᠢ ᠳᠤ ᠪᠠᠨ ᠰᠡᠳᠬᠢᠯ ᠨᠢᠬᠡ ᠯᠡ ᠬᠦᠨᠳᠡᠬᠦᠷ ᠪᠤᠴᠠᠪᠠ᠃ | ᠬᠠᠶᠠᠭ᠎ᠠ ᠬᠢᠷᠬᠠᠭ ᠦᠭᠡᠢ ᠬᠤᠪᠳᠤᠭ ᠰᠠᠨᠠᠭᠠᠳᠣ ᠬᠠᠨ ᠢᠷᠭᠡᠨ᠂ ᠭᠤᠷᠪᠠᠳᠣᠭᠠᠷ ᠣᠳᠠᠭ᠎ᠠ ᠠᠯᠢᠰᠣᠨ | ᠪᠣᠬᠠᠯ ᠳᠤ ᠬᠦᠷᠴᠥ ᠢᠷᠡᠬᠦ ᠳᠤ ᠨᠢᠭᠡᠨᠳᠡ ᠦᠳᠡᠰᠢ ᠶᠢᠨ ᠨᠠᠷᠠᠨ ᠤ ᠡᠴᠥᠰ ᠤᠨ ᠲᠣᠶᠠᠭ᠎ᠠ ᠡᠪᠬᠡᠭᠳᠡᠵᠣ᠂ ᠪᠣᠭᠤᠷᠣᠯ | ᠰᠠᠭᠠᠷᠠᠯ ᠰᠦᠨᠢ ᠶᠢᠨ ᠬᠦᠰᠢᠭᠡ ᠠᠯᠭᠤᠷ ᠠᠭᠠᠵᠢᠮ ᠢᠶᠠᠷ ᠨᠠᠭᠠᠰᠢᠯᠠᠵᠣ ᠪᠠᠶᠢᠭᠰᠠᠨ ᠦᠶ᠎ᠡ ᠪᠠᠶᠢᠪᠠ᠃ ᠲᠡᠷᠡ ᠲᠣᠰ | ᠣᠳᠠᠭ᠎ᠠ ᠠᠯᠢᠰᠣᠨ ᠪᠣᠬᠠᠯ ᠳᠤ ᠬᠦᠷᠴᠥ ᠢᠷᠡᠬᠦ ᠳᠤ ᠪᠠᠨ ᠬᠠᠨᠢ ᠬᠠᠮᠰᠠᠭᠠᠳᠠᠨ ᠢᠶᠠᠨ ᠴᠤ ᠲᠠᠭᠠᠭᠤᠯᠣᠭᠰᠠᠨ ᠦᠭᠡᠢ᠃ | ᠵᠦᠪᠬᠡᠨ ᠰᠠᠷᠠᠯ ᠡᠯᠵᠢᠭᠡ ᠬᠦᠯᠥᠭᠰᠡᠨ ᠲᠡᠷᠭᠡᠨ ᠲᠡᠭᠡᠷ᠎ᠡ ᠪᠠᠨ ᠬᠦᠩᠬᠡᠨ ᠵᠡᠪᠢ᠂ ᠲᠣᠯᠬᠤ ᠰᠢᠷᠤᠭ ᠪᠠ ᠪᠠᠭ᠎ᠠ ᠰᠠᠭ᠎ᠠ | ᠬᠡᠷᠡᠭᠯᠡᠭᠡᠨ ᠤ ᠵᠥᠢᠯ ᠢᠶᠠᠨ ᠲᠡᠭᠡᠭᠡᠭᠰᠡᠨ ᠲᠡᠳᠦ᠋ᠢᠯᠡ᠃ ᠬᠠᠨ ᠢᠷᠭᠡᠨ ᠬᠦᠩᠬᠡᠨ ᠵᠡᠪᠢ ᠪᠠᠨ ᠲᠡᠷᠭᠡᠨ ᠠᠴᠠ ᠪᠠᠨ | ᠪᠠᠭᠤᠯᠭᠠᠵᠣ ᠣᠰᠣᠨ ᠳᠤ ᠣᠷᠣᠭᠤᠯᠵᠣ ᠰᠡᠯᠢᠭᠰᠡᠭᠡᠷ᠂ ᠠᠯᠢᠰᠣᠨ ᠪᠣᠬᠠᠯ ᠢ ᠪᠦᠳᠥᠨ ᠨᠢᠭᠡ ᠲᠣᠭᠤᠷᠢᠬᠤ ᠪᠠᠷ | ᠪᠡᠯᠡᠳᠭᠡᠵᠣ ᠠᠪᠴᠢᠷᠠᠭᠰᠠᠨ ᠯᠣᠩᠬᠤ ᠲᠠᠢ ᠬᠤᠣᠷ᠎ᠠ ᠡᠮ ᠢᠶᠠᠨ ᠪᠦᠬᠦᠨ ᠢ ᠣᠰᠣᠨ ᠳᠤ ᠶᠡᠭᠦᠯᠡᠵᠥ ᠠᠮᠵᠢᠵᠠᠢ᠃ | ᠲᠡᠭᠡᠭᠡᠳ ᠲᠡᠷᠡ ᠬᠤᠣᠷ ᠡᠮ ᠤᠨ ᠢᠶᠠᠨ ᠣᠰᠣᠨ ᠳᠤ ᠠᠭᠤᠰᠣᠨ᠂ ᠠᠮᠢᠳᠠᠨ ᠢ ᠬᠤᠣᠷᠳᠠᠭᠤᠯᠬᠤ ᠴᠠᠭ ᠵᠠᠢ ᠶᠢ | ᠬᠦᠯᠢᠶᠡᠨ᠂ ᠣᠰᠣᠨ ᠤ ᠬᠦᠪᠡᠭᠡᠨ ᠳᠤ ᠲᠠᠮᠠᠭᠢᠯᠠᠵᠣ ᠰᠠᠭᠤᠬᠤ ᠳᠠᠭᠠᠨ ︽ᠡᠷᠭᠢ ᠶᠢᠨ ᠣᠰᠣᠨ ᠳᠤ ᠰᠢᠷᠭᠤᠭᠰᠠᠨ | ᠲᠣᠮᠣ ᠲᠣᠯᠣᠨ ᠴᠢᠨᠣ ᠴᠠᠭ ᠴᠢᠨᠢ ᠲᠣᠯᠵᠣ ᠴᠢᠪᠠᠭ᠎ᠠ ᠴᠢᠨᠢ ᠣᠯᠠᠶᠢᠨᠠ ᠳ᠋ᠠ︾ ᠭᠡᠵᠣ ᠮᠠᠷᠰᠠᠶᠢᠨ ᠢᠨᠢᠶᠡᠨ᠎ᠡ᠃ | ᠭᠡᠪᠡᠴᠥ ᠲᠡᠷᠡ ᠬᠡᠴᠢᠨᠡᠨ ᠬᠦᠯᠢᠶᠡᠭᠰᠡᠨ ᠴᠤ ᠲᠣᠮᠣ ᠲᠣᠯᠣᠨ ᠵᠢᠭᠠᠰᠣᠨ ᠤ ᠬᠤᠣᠷᠳᠠᠭᠳᠠᠭᠠᠳ᠂ ᠣᠯᠪᠠᠭ᠎ᠠ ᠲᠠᠳᠠᠬᠤ | ᠪᠠᠶᠢᠳᠠᠯ ᠣᠭᠳᠣ ᠬᠠᠷᠠᠭᠳᠠᠬᠤ ᠦᠭᠡᠢ ᠳᠤ ᠪᠠᠭ᠋ᠠᠨ ᠵᠣᠷᠢᠭ ᠴᠦᠭᠦᠭᠰᠡᠨ ᠢᠶᠠᠨ ᠪᠦᠷ ᠰᠡᠭᠦᠯ ᠳᠤ ᠨᠢ ᠵᠡᠪᠢ ᠳᠤ ᠪᠠᠨ | ᠭᠠᠷᠴᠥ᠂ ᠬᠦᠨᠳᠡᠢ ᠬᠠᠷ᠎ᠠ ᠡᠷᠭᠢ ᠣᠷᠣᠭᠤ ᠣᠶᠢᠷᠠᠳᠣᠳᠠᠯᠠ᠂ ᠣᠰᠣᠨ ᠤ ᠨᠢᠭᠤᠷ ᠲᠤ ᠭᠡᠨᠡᠳᠳᠡ ᠬᠠᠷ᠎ᠠ ᠬᠤᠢ | ᠬᠤᠶᠢᠯᠠᠷᠠᠨ ᠪᠣᠰᠴᠣ᠂ ᠵᠢᠵᠢᠭ ᠵᠡᠪᠢ ᠶᠢ ᠨᠢ ᠬᠠᠮᠣᠷᠪᠠ᠃ ᠬᠤᠢ ᠰᠠᠯᠬᠢᠨ ᠳᠤ ᠬᠠᠮᠣᠭᠳᠠᠭᠰᠠᠨ ᠬᠠᠨ ᠢᠷᠭᠡᠨ ᠤ ᠵᠡᠪᠢ | ᠂ ᠰᠣᠷᠭᠢᠷᠠᠢ ᠮᠡᠳᠥ ᠣᠷᠣᠨ ᠳᠠᠭᠠᠨ ᠬᠡᠳᠥ ᠡᠷᠭᠢᠨ ᠵᠠᠶᠢᠮᠣᠭᠰᠠᠭᠠᠷ᠂ ᠪᠦᠷ ᠰᠡᠭᠦᠯ ᠳᠤ ᠨᠢ ᠦᠩᠭᠡᠶᠢᠭᠰᠡᠨ ᠦᠨᠳᠥᠷ | ᠬᠠᠷ᠎ᠠ ᠡᠷᠭᠢ ᠳᠤ ᠴᠢᠨᠡᠭᠡ ᠮᠡᠳᠡᠨ ᠰᠠᠪᠠᠭᠳᠠᠪᠠ᠃ ᠦᠬᠦᠬᠦ ᠡᠯᠵᠢᠭᠡ ᠴᠢᠨ᠋ᠸ᠎ᠠ ᠶᠢᠨ ᠠᠮᠠᠨ ᠳᠤ ᠭᠡᠳᠡᠭ ᠢᠶᠠᠷ᠂ | ᠣᠳᠠᠭᠠᠨ ᠵᠢᠯ ᠤᠨ ᠡᠯᠡᠯᠳᠡ ᠳᠤ ᠠᠶᠠᠨᠳᠠᠭᠠᠨ ᠨᠣᠷᠠᠮᠠᠷ ᠪᠣᠯᠣᠭᠰᠠᠨ ᠭᠦᠨ ᠵᠣᠵᠠᠭᠠᠨ ᠬᠦᠷᠥᠰᠥᠨ ᠡᠷᠭᠢ᠂ ᠶᠠᠭ ᠬᠠᠨ | ᠢᠷᠭᠡᠨ ᠢ ᠪᠣᠯᠵᠣᠨ ᠬᠦᠯᠢᠶᠡᠵᠥ ᠪᠠᠶᠢᠭᠰᠠᠨ ᠰᠢᠭ᠋ ᠬᠦᠷ ᠭᠢᠳᠡᠯᠡ ᠶᠡᠭᠦᠷᠡᠨ ᠪᠠᠭᠤᠵᠣ᠂ ᠲᠡᠭᠦᠨ ᠢ ᠵᠢᠵᠢᠭ | ᠵᠡᠪᠢ ᠲᠠᠢ ᠨᠢ ᠬᠠᠮᠳᠣ᠂ ᠰᠣᠮᠣᠨ ᠲᠠᠯᠠᠩ ᠤᠨ ᠦᠵᠥᠭᠦᠷ ᠲᠣᠰᠢᠶ᠎ᠠ᠂ ᠨᠣᠭᠤᠭᠠᠨ ᠴᠡᠭᠡᠯ ᠤᠨ ᠭᠦᠨ ᠬᠦᠪ ᠲᠤ ᠪᠠᠷ᠎ᠠ | ᠲᠣᠷᠣ ᠦᠭᠡᠢ ᠪᠣᠯᠭᠠᠵᠠᠢ᠃ | ᠠᠯᠢᠰᠣᠨ ᠪᠣᠬᠠᠯ ᠤᠨ ᠬᠦᠪᠡᠭᠡᠨ ᠳᠠᠬᠢ᠂ ᠣᠯᠠᠭᠠᠨ ᠮᠣᠳᠣᠨ ᠠᠴᠠ ᠣᠶᠠᠭᠰᠠᠨ ᠬᠠᠨ ᠢᠷᠭᠡᠨ ᠤ ᠰᠠᠷᠠᠯ | ᠡᠯᠵᠢᠭᠡ᠂ ᠪᠠᠳᠠᠭᠠᠨ᠎ᠠ ᠰᠢᠮᠠᠭᠤᠯ ᠳᠤ ᠱᠠᠪᠠᠭᠳᠠᠭᠰᠠᠭᠠᠷ᠂ ᠲᠡᠰᠪᠥᠷᠢ ᠲᠡᠪᠴᠢᠶᠡᠷᠢ ᠠᠯᠳᠠᠨ ᠲᠡᠯᠴᠢᠯᠡᠭᠰᠡᠭᠡᠷ ᠪᠠᠶᠢᠵᠣ᠂ | ᠨᠣᠭᠳᠣ ᠴᠣᠯᠪᠣᠭᠤᠷ ᠢᠶᠠᠨ ᠮᠣᠯᠳᠣᠯᠵᠣ᠂ ᠬᠤᠪᠳᠤᠭ ᠰᠠᠨᠠᠭᠠᠳᠣ ᠴᠢᠨᠥ ᠠᠰᠢᠭ ᠤᠨ ᠲᠣᠯᠣᠮ ᠴᠢᠨᠢ ᠲᠦᠭᠦᠷᠬᠦ ᠦᠭᠡᠢ | ᠴᠤ ᠨᠢᠭᠦᠯ ᠤᠨ ᠰᠠᠪᠠ ᠴᠢᠨᠢ ᠲᠦᠭᠦᠷᠥᠭᠰᠡᠨ ᠴᠢᠨᠢ ᠪᠣᠯᠵᠠᠢ ᠭᠡᠰᠡᠨ ᠰᠢᠭ ᠢᠷᠡᠭᠰᠡᠨ ᠮᠦᠷ ᠢᠶᠠᠷ ᠢᠶᠠᠨ ᠡᠷᠭᠢᠵᠥ | ᠬᠠᠷᠠᠯ ᠦᠭᠡᠢ ᠵᠢᠷᠣᠭᠠᠯᠠᠪᠠ᠃ | ᠠᠯᠢᠰᠣᠨ ᠪᠣᠬᠠᠯ ᠲᠦᠢᠯ ᠤᠨ ᠨᠠᠮ ᠵᠢᠮ ᠪᠣᠯᠪᠠ᠃ ᠭᠠᠭᠴᠠ ᠬᠦ ᠲᠡᠭᠦᠨ ᠳᠤ ᠡᠬᠢ ᠣᠰᠣᠨ ᠪᠣᠯᠵᠣ | ᠣᠨᠳᠣᠷᠤᠭ᠎ᠠ᠂ ᠪᠠᠭᠠᠬᠠᠨ ᠬᠠᠷᠠᠵᠠ ᠪᠣᠯᠠᠭ ᠪᠠ ᠲᠡᠭᠦᠨ ᠢ ᠰᠠᠬᠢᠭᠰᠠᠨ ᠴᠠᠭᠠᠨ ᠡᠷᠢᠶᠡᠨ ᠮᠣᠭᠠᠢ᠂ ᠠᠯᠢᠰᠣᠨ | ᠪᠣᠬᠠᠯ ᠤᠨ ᠢᠶᠠᠨ ᠢᠷᠡᠬᠦ ᠮᠠᠷᠭᠠᠰᠢ ᠶᠢᠨ ᠲᠦᠯᠥᠭᠡ ᠰᠠᠨᠠᠭᠠᠰᠢᠷᠠᠵᠣ᠂ ᠠᠮᠢ ᠠᠮᠢᠵᠢᠷᠠᠯ ᠤᠨ ᠪᠦᠷᠢᠨ ᠣᠬᠠᠭᠠᠨ ᠢ | ᠨᠣᠮᠴᠢᠯᠠᠵᠣ ᠪᠠᠶᠢᠭ᠎ᠠ ᠮᠡᠳᠥ ᠰᠠᠨᠠᠭᠳᠠᠭᠤᠯᠣᠨᠠ᠃ | ᠵᠣᠬᠢᠶᠠᠭᠴᠢ᠄ ᠬᠠᠰᠳᠠᠯᠠᠢ | ᠵᠤᠬᠢᠶᠠᠬᠴᠢ ᠶᠢᠨ ᠬᠠᠶ᠋ᠢᠭ᠄ ᠬᠢᠩᠭᠠᠨ ᠠᠶᠢᠮᠠᠭ ᠤᠨ ᠵᠠᠯᠠᠶᠢᠳ ᠬᠤᠰᠢᠭᠤᠨ ᠤ ᠠᠯᠳᠠᠷᠳᠣ ᠭᠤᠣᠯ | ᠰᠣᠷᠭᠠᠭᠤᠯᠢ |