● ᠨᠠᠷᠠᠨᠴᠤᠭᠳᠤ | | ᠲᠤᠷᠠᠰᠤᠯ ᠮᠦᠷᠤᠭᠡᠳᠤᠯ ᠤᠨ ᠬᠠᠮᠤᠭ ᠤᠨ ᠦᠨᠳᠤᠷ ᠲᠤ ᠰᠦᠮᠡᠯᠵᠡᠳᠡᠭ ᠨᠢ ᠡᠭᠡ ᠨᠤᠳᠤᠭ ᠶᠤᠮ᠃ | ᠡᠪᠤᠭᠡᠷᠡᠬᠦ ᠲᠤᠳᠤᠮ ᠨᠤᠳᠤᠭ ᠢᠶᠠᠨ ᠤᠯᠠᠮ ᠰᠠᠨᠠᠳᠠᠭ ᠨᠢ ᠠᠯᠤᠰ ᠬᠤᠯᠠ ᠠᠵᠢᠯᠯᠠᠵᠤ ᠠᠮᠢᠳᠤᠷᠠᠭ᠎ᠠ ᠬᠦᠮᠤᠰ ᠤᠨ | ᠨᠡᠶᠢᠳᠡ ᠶᠢᠨ ᠤᠨᠴᠠᠯᠢᠭ ᠪᠠᠶᠢᠵᠤ ᠮᠡᠳᠡᠨ᠎ᠡ᠃ ᠤᠤᠭᠤᠭᠰᠠᠨ ᠤᠰᠤ ᠷᠠᠰᠢᠶᠠᠨ᠂ ᠤᠨᠠᠭᠰᠠᠨ ᠰᠢᠷᠤᠢ ᠠᠯᠳᠡ ᠭᠡᠰᠡᠨ | ᠠᠷᠠᠤᠨ ᠤᠨ ᠵᠦᠢᠷ ᠰᠡᠴᠡᠨ ᠦᠭᠡ᠂ ᠶᠤᠰᠤᠳᠠᠢ ᠮᠠᠨ ᠤ ᠮᠤᠩᠭᠤᠯ ᠬᠦᠮᠤᠨ ᠤ ᠨᠤᠳᠤᠭᠰᠠᠭ ᠬᠠᠶᠢᠷ᠎ᠠ ᠰᠡᠤᠨᠬᠢᠯᠭᠡ ᠶᠢ | ᠤᠨᠤᠭᠠᠵᠤ ᠬᠡᠯᠡᠵᠠᠢ᠃ | ᠮᠢᠨᠤ ᠨᠤᠳᠤᠭ — ᠱᠠᠭᠠᠷᠢᠭᠳᠠᠢ ᠭᠡᠭᠴᠢ ᠬᠦᠭᠡ ᠠᠭᠤᠯᠠᠰ᠂ ᠬᠦᠭᠡᠮᠳᠤᠭ᠌ ᠤᠰᠤᠨ ᠤ ᠲᠤᠮᠳᠠ | ᠰᠠᠭᠤᠷᠢᠰᠢᠭᠰᠠᠨ ᠰᠡᠷᠮᠡᠬᠦᠨ ᠴᠡᠩᠭᠡᠷ ᠨᠤᠳᠤᠭ ᠶᠤᠮᠰᠠᠨ᠃ ᠠᠶᠢᠯ ᠤᠨ ᠠᠷᠤ ᠪᠠᠷ ᠱᠠᠭᠠᠷᠢᠭ ᠤᠨ ᠮᠤᠳᠤ ᠢᠭᠴᠤᠷᠠᠨ | ᠤᠷᠭᠤᠭᠰᠠᠨ ᠲᠤᠯᠤᠭᠠᠨ ᠭᠠᠨᠭ᠍ᠭ᠎ᠠ ᠬᠡᠬᠦ ᠨᠠᠮᠬᠠᠨ ᠬᠦᠳᠤᠯ ᠦᠷᠬᠦᠯᠵᠢᠯᠡᠨ᠂ ᠪᠠᠷᠠᠭᠤᠨ ᠬᠤᠶᠢᠨ᠎ᠠ ᠠᠴᠠ ᠡᠷᠬᠢ | ᠬᠡᠪᠡᠯᠢ ᠪᠠᠨ ᠪᠢᠯᠬᠠᠭᠤᠯᠤᠭᠰᠠᠨ ᠲᠡᠮᠡᠭᠡᠨ ᠭᠤᠤᠯ ᠱᠤᠤᠬᠢᠨ ᠢᠷᠡᠵᠤ᠂ ᠠᠶᠢᠯ ᠤᠨ ᠪᠠᠷᠠᠭᠤᠨ ᠡᠮᠤᠨᠡᠬᠦᠷ ᠲᠠᠬᠢᠷᠯᠠᠨ | ᠤᠷᠢᠶᠠᠵᠤ᠂ ᠭᠡᠳᠤ ᠰᠠᠯᠪᠤᠷᠢᠯᠠᠭᠠᠤᠨ ᠬᠠᠶᠢᠯᠠᠰᠤ ᠪᠤᠷᠭᠠᠰᠤᠨ ᠤᠢ ᠳᠤ ᠰᠢᠷᠭᠤᠨ ᠵᠡᠬᠦᠨᠰᠢ ᠤᠷᠤᠰᠤᠨ᠎ᠠ᠂ ᠠᠶᠢᠯ ᠤᠨ | ᠲᠤᠭᠤᠷᠢᠨ ᠤ ᠦᠯᠢᠭᠡᠷ ᠲᠤᠮᠤᠬᠳᠤ ᠠᠭᠤᠯᠠ᠂ ᠤᠡᠭᠭᠤᠨ ᠰᠢᠳᠤᠭᠡᠨᠳᠤ ᠠᠭᠤᠯᠠ᠂ ᠨᠠᠪᠳᠠᠭ ᠰᠠᠪᠳᠠᠭ ᠲᠠᠢ ᠭᠤᠷᠪᠡᠨ | ᠭᠠᠴᠠᠭ᠎ᠠ ᠬᠠᠳᠡ᠂ ᠠᠷᠭᠤᠮᠠᠭ ᠬᠦᠯᠤᠭ᠌ ᠤᠨ ᠠᠰ ᠪᠤᠰᠤᠭ᠎ᠠ ᠲᠡᠯ ᠬᠡᠮᠡᠷ ᠲᠡᠯ ᠬᠠᠳᠠ᠂ ᠲᠠᠬᠦᠨ ᠤ ᠲᠡᠷᠭᠡᠳᠡᠭᠦᠷ | ᠲᠤᠨᠤᠯᠵᠡᠨ ᠮᠡᠯᠮᠡᠷᠡᠭᠰᠡᠨ ᠲᠡᠯ ᠤᠨ ᠲᠠᠯᠠᠪᠠᠢ᠂ ᠬᠤᠶᠠᠷ ᠡᠷᠬᠢᠨ ᠳᠤ ᠨᠢ ᠦᠷᠡᠯ ᠮᠦᠢᠯ ᠤᠨ ᠮᠤᠳᠤ ᠢᠭᠴᠤᠷᠠᠭᠰᠠᠨ | ᠦᠷᠡᠯ ᠤᠨ ᠴᠡᠭᠡᠯ᠂ ᠡᠯᠪᠡᠭᠡᠨ ᠵᠢᠯᠠᠭᠠᠨ ᠳᠤ ᠴᠠᠶᠢᠷᠠᠨ ᠲᠤᠭᠳᠠᠭᠰᠠᠨ ᠦᠨᠤᠷᠳᠤ ᠨᠤᠭᠤᠭ᠎ᠠ ᠶᠢᠨ ᠬᠠᠷ᠎ᠠ ᠤᠰᠤᠨ | ᠵᠡᠷᠭᠡ ᠡᠨᠡ ᠪᠦᠬᠦᠨ ᠮᠢᠨᠤ ᠤᠨᠠᠭᠠᠨ ᠪᠠᠭ᠎ᠠ ᠨᠠᠰᠤᠨ ᠤ ᠮᠢᠨᠢ ᠵᠢᠷᠭᠠᠯ ᠤᠨ ᠶᠢᠷᠳᠢᠨᠴᠤ ᠪᠤᠯᠵᠤ ᠪᠠᠶᠢᠭᠰᠠᠨ᠃ | ᠱᠠᠭᠠᠷᠢᠭᠳᠠᠢ ᠭᠡᠭᠴᠢ ᠮᠢᠨᠤ ᠲᠦᠷᠤᠭ᠍ᠰᠡᠨ ᠨᠤᠳᠤᠭ ᠬᠠᠯᠠᠭᠠᠶᠢᠳᠤ ᠠᠴᠠ ᠨᠡᠬᠦᠵᠤ ᠭᠠᠷᠤᠭᠰᠠᠨ ᠤ ᠲᠠᠷᠠᠭᠠᠬᠢ | ᠭᠤᠷᠪᠠᠳᠠᠬᠢ ᠨᠤᠳᠤᠭ ᠪᠢᠯᠡ᠃ ᠦᠨᠡᠨ ᠳᠤ ᠪᠠᠨ ᠪᠢ ᠡᠨᠡ ᠨᠤᠳᠤᠭ ᠲᠤ ᠭᠤᠷᠪᠠᠭ᠋ᠠᠨ ᠵᠢᠯ ᠰᠠᠭᠤᠭᠰᠠᠨ᠂ ᠬᠤᠷᠸ᠎ᠠ | ᠨᠡᠶᠢᠭᠡᠮ ᠠᠴᠠ ᠲᠤᠰᠠᠭᠠᠷᠯᠠᠭᠰᠠᠨ ᠬᠡᠮᠡᠷ ᠡᠨᠡ ᠪᠤᠶᠢᠳᠡ ᠪᠦᠭᠯᠡᠬᠦᠤ ᠮᠦᠷᠳᠡᠭᠡᠨ ᠦᠡᠭᠭᠢᠶᠡᠮᠤᠷ ᠲᠠᠩᠰᠤᠭ ᠨᠤᠳᠤᠭ ᠲᠤ᠂ | ᠪᠢ ᠪᠠᠭ᠎ᠠ ᠰᠤᠷᠭᠠᠭᠤᠯᠢ ᠶᠢᠨ ᠭᠤᠷᠪᠡ᠂ ᠲᠦᠷᠪᠡᠳᠤᠭᠡᠷ ᠤᠨ ᠢᠶᠠᠨ ᠬᠤᠤᠰᠯᠠᠯ ᠮᠠᠶ᠋ᠢᠭ ᠤᠨ ᠵᠢᠭᠠᠨ ᠰᠤᠷᠭᠠᠬᠤ | ᠠᠩᠭᠢ ᠳᠤ ᠦᠡᠭᠭᠡᠷᠡᠭᠡᠭᠰᠡᠨ ᠶᠤᠮ᠃ ᠡᠨᠡ ᠨᠤᠳᠤᠭ ᠤᠨ ᠬᠠᠪᠤᠷ ᠤᠨ ᠵᠡᠷᠭᠡᠯᠭᠡᠨ᠂ ᠵᠤᠨ ᠤ ᠪᠤᠷᠤᠭ᠎ᠠ᠂ ᠨᠠᠮᠤᠷ ᠤᠨ | ᠰᠠᠯᠬᠢᠨ᠂ ᠡᠪᠤᠯ ᠤᠨ ᠴᠠᠰᠤᠨ ᠳᠤ ᠲᠤᠭᠯᠠᠵᠤ ᠨᠠᠭᠠᠳᠤᠭᠰᠠᠨ ᠪᠠᠭ᠎ᠠ ᠨᠠᠰᠤ ᠮᠢᠨᠢ᠂ ᠦᠨᠢ ᠮᠦᠡᠭᠭᠡ ᠶᠢᠨ | ᠡᠷᠬᠢᠴᠡᠬᠦᠯᠤᠯ ᠪᠤᠯᠵᠤ ᠤᠶᠤᠨ ᠲᠠᠷᠢᠬᠢᠨ ᠳᠤ ᠬᠤᠴᠤᠷᠠᠵᠠᠢ᠃ | ᠠᠭᠤᠯᠠ ᠪᠠᠨ ᠲᠦᠰᠢᠵᠤ᠂ ᠤᠰᠤ ᠲᠠᠢ ᠬᠦᠨᠳᠠᠢ ᠪᠠᠨ ᠢᠰᠬᠦᠯᠤᠭ᠍ᠰᠡᠨ ᠡᠨᠡ ᠠᠶᠢᠯ᠂ ᠲᠡᠮᠡᠭᠡᠨ ᠭᠤᠤᠯ ᠤᠨ | ᠲᠤᠬᠤᠢ ᠶᠢᠨ ᠵᠡᠬᠦᠨ ᠲᠡᠨᠵᠢᠨ ᠠᠴᠠ ᠨᠢᠭᠡᠯᠡ ᠵᠢᠭᠳᠡ ᠤᠳᠠᠰᠤᠷᠠᠨ᠂ ᠪᠠᠷᠤᠭ ᠭᠤᠷᠪᠠᠨ ᠭᠠᠵᠠᠷ ᠰᠢᠬᠠᠮ ᠤᠨ | ᠵᠡᠬᠦᠨ ᠳᠠᠬᠢ ᠪᠤᠮᠪᠤᠭᠤᠷ ᠠᠭᠤᠯᠠ ᠬᠦᠷᠳᠡᠯ᠎ᠡ ᠵᠢᠭᠳᠡᠷᠡᠨ᠎ᠡ᠃ ᠡᠭᠡ ᠪᠠᠶᠢᠭᠠᠯᠢ ᠲᠠᠢ ᠪᠠᠨ ᠲᠡᠷᠡ ᠴᠢᠭ ᠢᠶᠠᠷ ᠢᠶᠠᠨ | ᠠᠭᠤᠰᠤᠯᠳᠤᠭᠰᠠᠨ ᠡᠪᠡᠰᠤᠨ ᠲᠡᠭᠡᠪᠤᠷ ᠲᠠᠢ ᠰᠢᠪᠡᠷ ᠬᠡᠷᠡᠮ ᠲᠠᠢ ᠭᠡᠷ ᠪᠠᠶᠢᠰᠢᠩ᠂ ᠪᠠᠶᠢᠰᠢᠩ ᠤᠨ ᠲᠤᠭᠤᠷᠢᠨ ᠳᠤ | ᠮᠤᠳᠤᠨ ᠬᠠᠰᠢᠶ᠎ᠠ ᠰᠠᠷᠠᠪᠴᠢ᠂ ᠡᠪᠡᠰᠤ ᠮᠤᠳᠤᠨ ᠲᠦᠯᠡᠭᠡᠨ ᠤᠪᠤᠭ᠎ᠠ ᠦᠷᠬᠦᠯᠵᠢᠯᠡᠭᠰᠡᠨ ᠵᠢᠷᠠ ᠰᠢᠬᠠᠮ ᠡᠷᠤᠭᠡ ᠲᠠᠢ | ᠡᠨᠡ ᠠᠶᠢᠯ ᠭᠡᠵᠤ ᠶᠤᠰᠤᠳᠠᠢ ᠲᠡᠭᠡᠷ᠎ᠡ ᠵᠠᠭᠤᠨ ᠤ ᠲᠠᠯᠠᠭᠠᠤᠨ ᠤᠨ ᠤ ᠦᠶ᠎ᠡ ᠶᠢᠨ ᠬᠠᠭᠠᠰ ᠮᠠᠯᠵᠢᠬᠤ ᠬᠠᠭᠠᠰ | ᠲᠠᠷᠢᠶᠠᠯᠠᠬᠤ ᠮᠤᠩᠭᠤᠯ ᠠᠶᠢᠯ ᠤᠨ ᠪᠠᠭᠠᠰᠬᠠᠯ ᠵᠢᠷᠤᠭ ᠭᠡᠰᠡᠨ ᠦᠭᠡ᠃ | ᠪᠢ ᠪᠠᠭ᠎ᠠ ᠳᠤ ᠪᠠᠨ ᠵᠤᠨ ᠤ ᠪᠤᠷᠤᠭᠠᠨ ᠱᠠᠭᠠᠬᠢᠨ ᠢᠷᠡᠭᠰᠡᠭᠡᠷ ᠰᠢᠪᠡᠷ ᠪᠠᠶᠢᠰᠢᠩ ᠤᠨ ᠴᠤᠩᠬᠤ ᠪᠠᠷ | ᠡᠯᠴᠢᠳᠠᠢ ᠠᠭᠤᠯᠠ ᠶᠢᠨ ᠪᠤᠷᠤᠭᠠᠨ ᠲᠠᠳᠠᠬᠤ ᠶᠢ ᠰᠤᠨᠢᠷᠬᠠᠬᠤ ᠲᠤᠷᠠᠳᠠᠢ᠂ ᠠᠶᠢᠯ ᠠᠴᠠ ᠵᠡᠬᠦᠨᠰᠢ ᠠᠷᠪᠡ ᠰᠢᠬᠠᠮ | ᠭᠠᠵᠠᠷ ᠤᠨ ᠴᠠᠭᠠᠨ᠎ᠠ᠂ ᠦᠷᠯᠤᠭᠡ ᠦᠳᠡᠰᠢ ᠶᠢᠨ ᠰᠡᠯᠡᠬᠦᠤ ᠳᠤ ᠪᠠᠨ ᠤᠰᠤᠨ ᠤ ᠴᠢᠮᠡᠭᠡ ᠨᠢ ᠬᠦᠷᠳᠡᠯ᠎ᠡ ᠱᠤᠤᠬᠢᠨ | ᠰᠤᠨᠤᠰᠳᠠᠬᠤ ᠴᠤᠤᠯ ᠭᠤᠤᠯ ᠪᠠᠶᠢᠬᠤ ᠪᠦᠭᠡᠤᠨ ᠲᠡᠭᠦᠨ ᠤ ᠵᠡᠬᠦᠨ ᠬᠤᠶᠢᠨ᠎ᠠ ᠨᠢ ᠪᠤᠭᠳᠠ ᠬᠠᠶᠢᠷᠬᠠᠨ ᠴᠡᠩᠭᠡᠷᠯᠡᠨ | ᠰᠦᠨᠳᠡᠷᠯᠡᠨ᠎ᠡ᠂ ᠪᠤᠭᠳᠠ ᠠᠭᠤᠯᠠ ᠶᠢᠨ ᠤᠷᠤᠢ ᠳᠤ ᠡᠬᠦᠯᠡ ᠨᠡᠳᠦ᠋ᠢᠨ ᠪᠤᠷᠤᠭᠠᠨ ᠴᠢᠳᠬᠤᠯᠠᠬᠰᠠᠭᠠᠷ ᠲᠡᠮᠡᠢ ᠤᠳᠠᠯ | ᠦᠭᠡᠢ᠂ ᠲᠡᠷᠡᠬᠦ ᠡᠬᠦᠯᠡ ᠪᠤᠷᠤᠭᠠᠨ ᠨᠢ ᠶᠠᠭ ᠰᠤᠷᠢᠨᠵᠢᠨ ᠳᠤ ᠲᠠᠳᠠᠭᠳᠠᠭᠰᠠᠨ ᠮᠡᠳᠤ ᠡᠯᠴᠢᠳᠡᠢ ᠠᠭᠤᠯᠠᠨ ᠳᠤ | ᠴᠠᠶᠢᠷᠠᠨ ᠢᠷᠡᠵᠤ᠂ ᠤᠶᠢᠷ᠎ᠠ ᠤᠷᠴᠢᠮ ᠤᠨ ᠡᠪᠡᠰᠤ ᠪᠡᠯᠴᠢᠭᠡᠷ᠂ ᠲᠠᠷᠢᠶ᠎ᠠ ᠲᠦᠮᠤᠰᠤ ᠶᠢ ᠲᠡᠪᠳᠤᠳᠡᠯᠡ ᠰᠠᠶᠢᠬᠠᠨ | ᠴᠢᠤᠨᠬᠤᠯᠠᠳᠠᠭ᠃ ᠪᠢ ᠪᠤᠭᠳᠠ ᠠᠭᠤᠯᠠ ᠪᠡ ᠡᠯᠴᠢᠳᠠᠢ ᠠᠭᠤᠯᠠ ᠶᠢᠨ ᠨᠠᠭᠠᠰᠢ ᠴᠠᠭᠠᠰᠢ ᠪᠤᠷᠤᠭᠠᠨ ᠲᠠᠳᠠᠬᠤ ᠶᠢ | ᠦᠵᠡᠬᠦ ᠪᠦᠷᠢ ᠰᠤᠨᠢᠭᠤᠴᠢ ᠵᠠᠩ ᠮᠢᠨᠢ ᠬᠦᠳᠡᠯᠤᠨ ᠠᠪᠤ ᠠᠴᠠ ᠪᠠᠨ᠄ | — ᠡᠨᠡ ᠬᠤᠶᠠᠷ ᠠᠭᠤᠯᠠ ᠶᠠᠭᠠᠬᠢᠭᠠᠤᠨ ᠬᠠᠷᠢᠯᠴᠡᠨ ᠪᠤᠷᠤᠭᠠᠨ ᠲᠠᠳᠠᠳᠠᠭ ᠶᠤᠮ ᠪᠤᠢ︖ ᠭᠡᠬᠦ ᠳᠤ | ᠠᠪᠤ ᠮᠢᠨᠢ᠄ | — ᠡᠯᠴᠢᠳᠡᠢ ᠠᠭᠤᠯᠠᠨ ᠳᠤ ᠪᠤᠭᠳᠠ ᠠᠭᠤᠯᠠ ᠶᠢᠨ ᠡᠵᠡᠨ ᠰᠢᠳᠤᠭᠡᠨ ᠤ ᠡᠯᠴᠢᠨ ᠰᠠᠶᠢᠤᠨ ᠤᠷᠤᠰᠢᠳᠠᠭ | ᠃ ᠡᠳᠡᠭᠡᠷ ᠰᠢᠳᠤᠭᠡᠨ ᠡᠬᠦᠯᠡ ᠪᠤᠷᠤᠭᠠᠨ ᠢᠶᠠᠷ ᠰᠠᠶ᠋ᠢ ᠤᠴᠠᠷᠠᠨ ᠵᠤᠯᠭᠠᠳᠠᠭ ᠶᠤᠮ᠃ ᠦᠨᠡᠨ ᠳᠤ ᠪᠠᠨ ᠡᠯᠴᠢᠳᠠᠢ | ᠠᠭᠤᠯᠠ ᠶᠢᠨ ᠤᠤᠯ ᠨᠡᠷ᠎ᠡ ᠨᠢ ᠡᠯᠴᠢᠨ ᠰᠠᠶᠢᠤᠨ ᠤᠨ ᠠᠭᠤᠯᠠ ᠮᠦᠨ ᠬᠡᠬᠦ ᠳᠤ ᠪᠢ ᠨᠡᠩ ᠭᠠᠶᠢᠬᠠᠨ᠄ | — ᠠᠭᠤᠯᠠ ᠪᠤᠯᠭᠠᠨ ᠳᠤ ᠪᠦᠷ ᠰᠢᠳᠤᠭᠡᠨ ᠲᠠᠢ ᠤᠤ︖ ᠡᠳᠡᠭᠡᠷ ᠰᠢᠳᠤᠭᠡᠨ ᠠᠭᠤᠯᠵᠠᠬᠤ ᠳᠤ ᠪᠠᠨ | ᠶᠠᠭᠤᠨ ᠳᠤ ᠡᠬᠦᠯᠡ ᠪᠤᠷᠤᠭᠠᠨ ᠤ ᠪᠠᠨ ᠲᠡᠭᠡᠷ᠎ᠡ ᠬᠠᠶᠠ ᠪᠠᠰᠠ ᠠᠶᠤᠩᠭ᠎ᠠ ᠴᠠᠬᠢᠯᠭᠠᠨ ᠪᠠᠭᠤᠯᠭᠠᠳᠠᠭ ᠪᠢᠯᠡ︖ | ᠬᠡᠬᠦ ᠳᠤ ᠠᠪᠤ ᠮᠢᠨᠢ᠄ | — ᠪᠦᠷ ᠪᠠᠶᠢᠨ᠎ᠠ᠂ ᠡᠬᠦᠨ ᠢ ᠪᠠᠰᠠ ᠠᠭᠤᠯᠠ ᠤᠰᠤᠨ ᠤ ᠨᠠᠪᠳᠠᠭ ᠰᠠᠪᠳᠠᠭ ᠴᠤ ᠭᠡᠳᠡᠭ᠂ ᠡᠬᠦᠯᠡ | ᠪᠤᠷᠤᠭᠠᠨ ᠲᠡᠭᠡᠷ᠎ᠡ ᠠᠶᠤᠩᠭ᠎ᠠ ᠴᠠᠬᠢᠯᠭᠠᠨ ᠪᠠᠭᠤᠯᠭᠠᠳᠠᠭ ᠨᠢ ᠠᠭᠤᠯᠠᠨ ᠤ ᠤᠢ ᠮᠤᠳᠤᠨ ᠢ ᠲᠤᠷ᠎ᠠ ᠪᠠᠷ ᠤᠭᠳᠤᠯᠤᠨ᠂ | ᠠᠡᠭ ᠬᠦᠷᠤᠭᠡ ᠶᠢ ᠨᠢᠳᠤᠯᠤᠭ᠍ᠴᠢᠤᠨ ᠢ ᠠᠭᠰᠤᠷᠤᠨ ᠵᠠᠩᠨᠠᠵᠤ ᠰᠢᠬᠦᠮᠵᠢᠯᠠᠨ ᠲᠤᠩᠭᠤᠳᠤᠵᠤ ᠪᠠᠶᠢᠬᠤ ᠪᠦᠭᠡᠤᠨ ᠶᠠᠭ | ᠬᠡᠳᠤᠷᠡᠭᠰᠡᠤᠨ ᠲᠤ ᠨᠢ ᠲᠡᠭᠷᠢ ᠶᠢᠨ ᠭᠠᠯ ᠪᠠᠭᠤᠯᠭᠠᠨ ᠵᠠᠯᠬᠠᠭᠠᠳᠠᠭ ᠶᠤᠮ᠃ | ᠮᠢᠨᠤ ᠬᠡᠤᠬᠡᠤᠨ ᠦᠶ᠎ᠡ ᠶᠢᠨ ᠠᠭᠤᠯᠠ ᠤᠰᠤᠨ ᠳᠤ ᠦᠨᠡᠭᠡᠷ ᠪᠦᠷ ᠰᠢᠳᠤᠭᠡᠨ ᠰᠠᠬᠢᠭᠤᠰᠤ ᠲᠠᠢ ᠪᠠᠶᠢᠵᠤ | ᠮᠡᠳᠡᠨ᠎ᠡ᠃ ᠠᠭᠤᠯᠠ ᠲᠠᠪᠠᠭ᠎ᠠ ᠪᠦᠬᠦᠨ ᠡᠪᠡᠰᠤ ᠮᠤᠳᠤᠨ ᠳᠤ ᠬᠤᠴᠢᠭᠳᠠᠨ᠂ ᠦᠡᠭᠭᠡ ᠶᠢᠨ ᠴᠡᠴᠡᠭᠡᠰ ᠠᠯᠠᠬᠯᠠᠨᠠ᠃ | ᠭᠤᠪᠢ ᠭᠠᠨᠭ᠍ᠭ᠎ᠠ ᠪᠦᠷᠢ ᠠᠴᠠ ᠪᠤᠯᠠᠭ ᠤᠷᠬᠢᠯᠤᠨ᠂ ᠬᠦᠨᠳᠠᠢ ᠵᠢᠯᠠᠭ᠎ᠠ ᠪᠦᠬᠦᠨ ᠳᠤ ᠨᠢ ᠨᠠᠭᠤᠷ ᠪᠦᠷᠢᠳᠤ | ᠲᠤᠨᠤᠯᠵᠠᠭᠠᠤᠨ᠂ ᠵᠦᠢᠯ ᠤᠨ ᠰᠢᠪᠠᠭᠤᠤᠨ ᠵᠢᠷᠬᠢᠨ᠎ᠠ᠃ ᠮᠢᠨᠤ ᠦᠵᠡᠵᠤ ᠪᠠᠶᠢᠭᠰᠠᠨ ᠠᠩᠬ᠎ᠠ ᠵᠡᠷᠭᠡ ᠶᠢᠨ ᠬᠤᠤᠰᠯᠠᠯ | ᠮᠠᠶ᠋ᠢᠭ ᠤᠨ ᠵᠢᠭᠠᠨ ᠰᠤᠷᠭᠠᠬᠤ ᠰᠤᠷᠭᠠᠭᠤᠯᠢ ᠶᠢᠨ ᠵᠡᠪ ᠴᠢᠯᠤᠭᠡ ᠭᠡᠵᠤ ᠪᠠᠶᠢᠬᠤ ᠯᠡ ᠲᠤᠯᠠ ᠨᠠᠳᠠᠳᠤ ᠵᠢᠯ ᠤᠨ | ᠲᠦᠷᠪᠡᠨ ᠤᠯᠠᠷᠢᠯ ᠭᠡᠭᠴᠢ ᠲᠦᠢᠯ ᠤᠨ ᠡᠷᠭᠡ ᠴᠢᠯᠤᠭᠡᠳᠡᠢ ᠪᠦᠭᠡᠤᠨ ᠨᠠᠭᠠᠳᠤᠨ ᠲᠤᠭᠯᠠᠬᠤ ᠠᠭᠤᠯᠭ᠎ᠠ ᠴᠤ ᠡᠯᠪᠡᠭ | ᠪᠠᠶᠢᠳᠠᠭ᠃ ᠲᠤᠬᠠᠢ ᠶᠢᠨ ᠦᠶ᠎ᠡ ᠳᠤ ᠪᠠᠭ᠎ᠠ ᠰᠤᠷᠭᠠᠭᠤᠯᠢ ᠶᠢ ᠨᠢᠭᠡ ᠠᠴᠠ ᠬᠤᠶᠠᠳᠤᠭᠠᠷ ᠤᠨ ᠲᠠᠢ ᠨᠢ ᠵᠢᠭᠠᠨ | ᠰᠤᠷᠭᠠᠬᠤ ᠴᠡᠭ᠂ ᠨᠢᠭᠡ ᠠᠴᠠ ᠲᠦᠷᠪᠡᠳᠤᠭᠡᠷ ᠤᠨ ᠲᠠᠢ ᠶᠢ ᠨᠢ ᠠᠩᠬ᠎ᠠ ᠵᠡᠷᠭᠡ ᠶᠢᠨ ᠪᠠᠭ᠎ᠠ ᠰᠤᠷᠭᠠᠭᠤᠯᠢ᠂ | ᠨᠢᠭᠡ ᠠᠴᠠ ᠲᠠᠪᠤᠳᠤᠭᠠᠷ ᠤᠨ ᠬᠦᠷᠳᠡᠯ᠎ᠡ ᠪᠠᠶᠢᠬᠤ ᠶᠢ ᠪᠦᠷᠢᠨ ᠪᠠᠭ᠎ᠠ ᠰᠤᠷᠭᠠᠭᠤᠯᠢ ᠭᠡᠵᠤ᠂ ᠨᠢᠭᠡᠳᠤᠯ ︵ᠰᠤᠮᠤ︶ | ᠤᠨ ᠪᠦᠷᠢᠨ ᠪᠠᠭ᠎ᠠ ᠰᠤᠷᠭᠠᠭᠤᠯᠢ ᠶᠢ ᠭᠤᠤᠯ ᠪᠠᠭ᠎ᠠ ᠰᠤᠷᠭᠠᠭᠤᠯᠢ ᠭᠡᠳᠡᠭ᠃ | ᠬᠠᠭᠳᠠ ᠨᠤᠭᠤᠭᠠᠷᠠᠨ᠂ ᠢᠷᠭᠤᠢ ᠨᠢᠳᠤᠯᠡᠨ ᠬᠠᠪᠤᠷ ᠤᠨ ᠤᠷᠢᠨ ᠢᠷᠡᠭᠰᠡᠭᠡᠷ ᠴᠠᠰᠤ ᠮᠦᠰᠤ ᠨᠢ ᠤᠶᠠᠷᠠᠨ | ᠬᠠᠶᠢᠯᠤᠭᠰᠠᠨ ᠲᠡᠮᠡᠭᠡᠨ ᠭᠤᠤᠯ ᠤᠨ ᠤᠰᠤ᠂ ᠡᠷᠬᠢ ᠬᠡᠪᠡᠯᠢ ᠪᠠᠨ ᠪᠢᠯᠬᠠᠭᠤᠯᠤᠨ ᠤᠷᠤᠰᠤᠨ᠎ᠠ᠃ ᠡᠨᠡ ᠨᠢ ᠮᠢᠨᠤ | ᠲᠡᠰᠴᠤ ᠶᠠᠳᠠᠨ ᠬᠦᠯᠢᠶᠡᠳᠡᠭ ᠴᠡᠩᠭᠡᠯᠳᠤ ᠤᠯᠠᠷᠢᠯ ᠪᠢᠯᠡ᠃ ᠲᠡᠷᠡ ᠦᠶ᠎ᠡ ᠳᠤ ᠮᠠᠨ ᠳᠤ ᠭᠡᠷ ᠤᠨ ᠲᠠᠰᠬᠠᠯ ᠭᠡᠵᠤ | ᠪᠠᠶᠢᠬᠤ ᠦᠭᠡᠢ ᠲᠤᠯᠠ ᠡᠷᠳᠡ ᠤᠷᠤᠢ ᠭᠠᠷᠠᠭ ᠤᠨ ᠡᠳᠤᠷ ᠲᠤ ᠨᠡᠶᠢᠳᠡᠮ ᠳᠤ ᠪᠠᠨ ᠬᠤᠷᠤᠭᠤ ᠪᠦᠳᠦᠬᠦᠨ ᠬᠤᠤᠰ | ᠠᠯᠳᠡ ᠬᠢᠷᠢ ᠪᠤᠷᠭᠠᠰᠤᠨ ᠤ ᠦᠵᠦᠬᠦᠷ ᠲᠤ ᠮᠧᠳ᠋ᠷ ᠰᠢᠬᠠᠮ ᠱᠦᠬᠦᠷ ᠤᠨ ᠬᠤᠯᠤᠰᠤ ᠵᠠᠯᠭᠠᠨ ᠤᠶᠠᠭᠰᠠᠨ ᠬᠦᠬᠢ ᠶᠢᠨ | ᠡᠰᠢ ᠪᠠᠨ ᠡᠬᠦᠷᠤᠨ ᠲᠡᠮᠡᠭᠡᠨ ᠭᠤᠤᠯ ᠤᠨ ᠡᠷᠬᠢ ᠬᠦᠪᠡᠭᠡ ᠪᠠᠷ ᠵᠢᠭᠠᠰᠤ ᠭᠤᠬᠠᠳᠠᠨ ᠬᠦᠶᠦᠳᠡᠭ᠃ ᠪᠢ ᠬᠦᠬᠢᠳᠡᠨ | ᠤᠯᠤᠭᠰᠠᠨ ᠬᠠᠷ᠎ᠠ ᠬᠦᠷᠡᠩᠭᠡ᠂ ᠴᠤᠯᠪᠤᠭᠤᠷᠢᠳᠤ ᠵᠢᠭᠠᠰᠤ ︵ᠪᠠᠰᠠ ᠰᠢᠪᠠᠭ᠎ᠠ ᠵᠢᠭᠠᠰᠤ ᠭᠡᠳᠡᠭ︶ ᠪᠠᠨ ᠪᠤᠷᠭᠠᠰᠤᠨ | ᠰᠢᠪᠤᠭᠡᠨ ᠳᠤ ᠬᠡᠯᠬᠢᠨ᠂ ᠬᠡᠳᠤ ᠬᠡᠳᠤᠨ ᠰᠢᠪᠦᠭᠡ ᠵᠢᠭᠠᠰᠤ ᠪᠠᠨ ᠬᠦᠬᠢᠨ ᠡᠰᠢ ᠳᠤ ᠪᠠᠨ ᠲᠡᠬᠦᠵᠢᠯᠠᠨ᠂ ᠤᠮᠤᠭ | ᠲᠡᠬᠦᠯᠳᠡᠷ ᠭᠡᠷ ᠲᠤ ᠪᠠᠨ ᠢᠷᠡᠳᠡᠭ᠃ ᠡᠵᠢ ᠮᠢᠨᠢ ᠬᠦᠬᠢᠳᠡᠭᠰᠡᠨ ᠵᠢᠭᠠᠰᠤ ᠶᠢ ᠠᠩᠭᠢᠯᠤᠮ᠎ᠠ ᠰᠠᠶᠢᠬᠠᠨ ᠵᠢᠭᠠᠰᠤᠨ | ᠵᠢᠶᠠᠩ ᠬᠠᠭᠤᠷᠤᠨ ᠪᠦᠬᠦ ᠭᠡᠷ ᠢᠶᠠᠷ ᠢᠶᠠᠨ ᠨᠢᠭᠡᠨ ᠡᠷᠡᠨ ᠤ ᠠᠮᠳᠠᠳᠤ ᠬᠤᠭᠤᠯᠠ ᠪᠠᠨ ᠢᠳᠡᠳᠡᠭ᠃ | — ᠠᠢ ᠳ᠋ᠡ︕ ᠬᠠᠪᠤᠷ ᠤᠨ ᠬᠠᠳᠠᠭᠤ ᠴᠠᠭ ᠲᠤ ᠬᠦᠤ ᠶᠢᠨ ᠢᠶᠠᠨ ᠰᠠᠶᠢᠨ ᠢᠶᠠᠷ ᠪᠠᠰᠠ ᠨᠢᠭᠡ ᠡᠷᠡᠨ ᠤ | ᠠᠮᠳᠠᠳᠤ ᠬᠤᠭᠤᠯᠠ ᠪᠠᠨ ᠢᠳᠡᠴᠢᠭᠡᠯᠡ᠃ ᠬᠦᠯᠭᠡ ᠨᠢ ᠰᠠᠶᠢᠬᠠᠨ ᠴᠤ ᠬᠠᠷᠢᠨ ᠪᠤᠳᠠᠭᠠᠨ ᠳᠤ ᠬᠠᠯᠠ ᠲᠠᠢ ᠭᠡᠵᠤ ᠡᠵᠢ | ᠮᠢᠨᠢ ᠦᠷᠬᠦᠯᠵᠢ ᠶᠠᠷᠢᠳᠠᠭ ᠦᠭᠡ ᠪᠠᠨ ᠲᠡᠪᠳᠡᠨ ᠬᠡᠯᠡᠳᠡᠭ᠃ | ᠡᠵᠢ ᠶᠢᠨ ᠢᠶᠠᠨ ᠦᠭᠡ ᠶᠢ ᠲᠡᠷᠡ ᠦᠶ᠎ᠡ ᠳᠤ ᠪᠢ ᠤᠶᠢᠯᠠᠭᠠᠭᠰᠠᠨ ᠦᠭᠡᠢ᠃ ᠡᠳᠤᠷ ᠪᠦᠷᠢ ᠡᠭᠡᠯᠵᠢᠯᠡᠨ | ᠢᠳᠡᠳᠡᠭ ᠨᠠᠷᠢᠮᠤ ᠶᠢᠨ ᠪᠤᠳᠠᠭ᠎ᠠ᠂ ᠡᠷᠳᠡᠨᠢ ᠶᠢᠨ ᠰᠢᠰᠢ ᠶᠢᠨ ᠪᠤᠳᠠᠭ᠎ᠠ ᠪᠤᠶᠤ ᠪᠤᠤᠪᠤ᠂ ᠨᠢᠭᠡᠯᠡ ᠲᠠᠪᠠᠭ | ᠲᠠᠪᠤᠰᠤᠯᠠᠭᠰᠠᠨ ᠨᠤᠭᠤᠭ᠎ᠠ ᠳᠤ ᠨᠢ ᠵᠢᠭᠠᠰᠤᠨ ᠵᠢᠶᠡᠩ ᠤᠨ ᠵᠠᠭᠤᠰᠢ ᠨᠡᠮᠡᠭᠰᠡᠨ ᠤ ᠮᠢᠨᠢ ᠮᠠᠭᠳᠠᠭᠠᠯ ᠯᠡ ᠬᠡᠮᠡᠨ | ᠤᠮᠤᠭᠰᠢᠵᠤ ᠪᠠᠶᠢᠭᠰᠠᠨ᠃ ᠪᠦᠳᠤᠭᠦᠯᠢᠭ ᠠᠮᠤ ᠨᠢ ᠴᠤ ᠲᠤᠭᠠᠳᠠᠢ ᠪᠠᠶᠢᠭᠰᠠᠨ ᠲᠡᠷᠡ ᠦᠶ᠎ᠡ ᠳᠤ ᠠᠪᠤ ᠶᠢᠨ | ᠰᠠᠷ᠎ᠡ ᠶᠢᠨ ᠬᠠᠨᠭ᠍ᠭᠠᠯᠳᠡ ᠠᠷᠪᠡᠨ ᠵᠢᠩ ᠪᠤᠭᠤᠳᠠᠢ ᠶᠢᠨ ᠭᠤᠯᠢᠷ ᠠᠴᠠ ᠤᠨᠳᠤᠤ ᠬᠠᠮᠢᠭ᠎ᠠ ᠠᠴᠠ ᠢᠷᠡᠭᠰᠡᠨ ᠲᠤᠳᠤᠷᠭ᠎ᠠ | ᠠᠮᠤ ᠪᠠᠶᠢᠳᠠᠭ ᠪᠢᠯᠡ᠃ ᠲᠤᠳᠤᠷᠭ᠎ᠠ ᠪᠤᠳᠠᠭ᠎ᠠ ᠪᠡ ᠰᠢᠨ᠎ᠡ ᠬᠤᠪᠴᠠᠰᠤ ᠶᠢ ᠪᠢᠳᠡᠬᠦᠨ ᠤ ᠡᠳᠤᠷ ᠯᠡ ᠰᠠᠶ᠋ᠢ ᠤᠯᠵᠤ | ᠬᠦᠷᠳᠡᠳᠡᠭ ᠲᠡᠷᠡ ᠦᠶ᠎ᠡ ᠭᠡᠵᠤ ᠬᠡᠴᠢᠨᠡᠨ ᠲᠠᠷᠴᠢᠭ ᠬᠠᠳᠠᠭᠤ ᠪᠠᠶᠢᠯ᠎ᠠ᠃ ᠬᠠᠭᠤᠴᠢᠨ ᠬᠦᠪᠤᠡᠭ ᠲᠡᠪᠡᠯ | ᠦᠮᠤᠳᠤᠨ ᠳᠤ ᠪᠠᠨ ᠲᠤᠬᠤᠵᠤ ᠡᠮᠤᠰᠬᠦ ᠪᠠᠷ ᠡᠵᠢ ᠶᠢᠨ ᠮᠢᠨᠢ ᠭᠠᠷ ᠢᠶᠠᠷ ᠤᠶᠤᠵᠤ ᠦᠭᠭᠦᠭᠰᠡᠨ ᠬᠤᠪᠴᠠᠰᠤ ᠪᠠᠨ | ᠪᠢᠳᠡ ᠪᠠᠰᠠ ︽ᠰᠢᠨ᠎ᠡ ᠵᠢᠯ ᠤᠨ ᠬᠠᠯᠢᠰᠤ ᠬᠠᠯᠠᠭᠰᠠᠨ︾ ᠭᠡᠵᠡᠭᠡᠳᠡᠭ᠃ ᠲᠡᠷᠡ ᠦᠶ᠎ᠡ ᠳᠤ ᠬᠠᠪᠤᠷ ᠨᠠᠮᠤᠷ ᠤᠨ | ᠲᠤᠰᠬᠠᠢ ᠬᠠᠯᠠᠬᠤ ᠬᠤᠪᠴᠠᠰᠤ ᠭᠡᠵᠤ ᠬᠠᠮᠢᠭ᠎ᠠ ᠪᠠᠶᠢᠬᠤ ᠪᠢᠯᠡ︖ ᠬᠦᠪᠤᠡᠭ ᠬᠤᠪᠴᠠᠰᠤ ᠪᠠᠨ ᠲᠠᠶᠢᠯᠮᠠᠭᠴᠡ᠂ | ᠭᠠᠳᠠᠭᠤᠷ ᠨᠢ ᠲᠤᠬᠤᠭᠰᠠᠨ ᠳ᠋ᠠᠩ ᠬᠤᠪᠴᠠᠰᠤᠨ ᠳᠤ ᠪᠠᠨ ᠤᠷᠤᠳᠠᠭ ᠲᠤᠯᠠ ᠪᠢᠳᠡ ᠶᠠᠭ ᠰᠢᠩᠭᠡᠯᠢᠭ ᠠᠴᠠ | ᠭᠠᠷᠤᠭᠰᠠᠨ ᠪᠤᠯᠵᠤᠮᠤᠷ ᠰᠢᠬ ᠨᠢᠰᠤᠨ ᠲᠡᠪᠳᠡᠷᠢᠮᠡᠷ ᠬᠦᠡᠭᠭᠡᠨ ᠱᠠᠯᠠᠮᠠᠭᠠᠢ ᠪᠤᠯᠳᠠᠭ᠃ ᠰᠦᠮᠡᠯᠵᠡᠭᠰᠡᠨ ᠲᠤᠰᠤᠨ | ᠳ᠋ᠸᠡᠭ ᠤᠨ ᠲᠤᠤᠷ᠎ᠠ ᠬᠡᠤᠬᠡᠤᠨ ᠤᠨ ᠢᠶᠠᠨ ᠰᠢᠨ᠎ᠡ ᠬᠤᠪᠴᠠᠰᠤ ᠶᠢ ᠤᠶᠤᠵᠤ ᠰᠦᠨᠢ ᠲᠤᠵᠢ ᠪᠦᠭᠴᠤᠭᠡᠨᠡᠨ ᠰᠠᠭᠤᠭᠰᠠᠨ | ᠡᠵᠢ ᠶᠢ ᠪᠠᠨ ᠪᠤᠳᠤᠪᠡᠯ ᠤᠳᠤ ᠬᠤᠶᠠᠷ ᠨᠢᠳᠤᠨ ᠠᠴᠠ ᠨᠢᠯᠪᠤᠰᠤ ᠪᠦᠮᠪᠤᠷᠢᠳᠡᠭ ᠰᠡᠨ᠃ | ᠪᠦᠬᠦᠯᠢ ᠮᠢᠬ᠎ᠠ᠂ ᠲᠤᠳᠤᠷᠭ᠎ᠠ ᠪᠤᠳᠠᠭ᠎ᠠ᠂ ᠠᠮᠳᠠᠳᠤ ᠪᠠᠩᠰᠢ᠂ ᠰᠢᠨ᠎ᠡ ᠬᠤᠪᠴᠠᠰᠤ ᠤᠯᠵᠤ ᠢᠳᠡᠳᠡᠭ | ᠪᠢᠳᠡᠬᠦᠨ ᠰᠢᠨ᠎ᠡ ᠶᠢᠨ ᠨᠢᠭᠡᠨ ᠤ ᠲᠡᠷᠡ ᠰᠠᠶᠢᠬᠠᠨ ᠬᠤᠶᠠᠷ ᠡᠳᠤᠷ ᠢ ᠪᠢᠳᠡ ᠬᠤᠨᠤᠭ ᠲᠤᠭᠠᠯᠠᠨ ᠬᠦᠯᠢᠶᠡᠳᠡᠭ᠃ | ᠲᠡᠷᠡ ᠬᠤᠶᠠᠷ ᠡᠳᠤᠷ ᠤᠨ ᠲᠡᠭᠷᠢ ᠶᠢᠨ ᠴᠢᠷᠠᠢ ᠨᠢ ᠬᠦᠷᠳᠡᠯ᠎ᠡ ᠮᠠᠨ ᠳᠤ ᠢᠨᠢᠶᠡᠵᠤ ᠪᠠᠶᠢᠭ᠎ᠠ ᠰᠢᠭ᠋ ᠬᠠᠷᠠᠭᠳᠠᠳᠠᠭ᠃ | ᠬᠦᠰᠡᠨ ᠬᠦᠯᠢᠶᠡᠬᠦ ᠠᠴᠠ ᠤᠨᠳᠤᠤ ᠰᠠᠶᠢᠬᠠᠨ ᠤᠴᠢᠷ ᠪᠠᠰᠠ ᠪᠠᠶᠢᠳᠠᠭ ᠪᠢᠯᠡ ᠤᠤ︖ ᠲᠡᠷᠡ ᠦᠶ᠎ᠡ ᠶᠢᠨ | ᠬᠦᠳᠡᠭᠡ ᠶᠢᠨ ᠬᠦᠮᠤᠰ᠂ ᠤᠷᠤᠢ ᠶᠢᠨ ᠬᠦᠯᠤᠰᠤ ᠪᠠᠨ ᠤᠯᠠ ᠳᠤ ᠪᠠᠨ ᠲᠤᠯᠳᠠᠯ᠎ᠠ ᠤᠷᠤᠰᠬᠠᠵᠤ ᠪᠠᠶᠢᠵᠤ | ᠤᠯᠤᠭᠰᠠᠨ ᠢᠶᠠᠨ ᠴᠠᠭᠠᠨ ᠰᠠᠷ᠎ᠡ ᠳᠤ ᠪᠠᠨ ᠯᠡ ᠡᠳ᠋ᠯᠡᠳᠡᠭ᠃ ︽ᠴᠠᠤᠨᠬᠤ ᠨᠢ ᠴᠠᠭᠠᠨ ᠰᠠᠷ᠎ᠡ᠂ ᠴᠠᠶᠢᠪᠠᠶᠢᠬᠤ ᠨᠢ | ᠬᠤᠶᠠᠷ ᠰᠠᠷ᠎ᠡ︾ ᠭᠡᠰᠡᠨ ᠦᠭᠡ ᠶᠢ ᠪᠢ ᠬᠠᠷᠠᠬᠠᠨ ᠪᠠᠭ᠎ᠠ ᠠᠴᠠ ᠪᠠᠨ ᠲᠤᠩ ᠰᠠᠶᠢᠬᠠᠨ ᠴᠡᠭᠡᠵᠢᠯᠡᠵᠡᠢ᠃ ᠵᠤᠪᠡᠯ | ᠵᠦᠳᠡᠬᠦᠷᠢ ᠶᠢ ᠲᠡᠰᠪᠤᠷᠢᠯᠡᠨ ᠲᠡᠪᠡᠵᠤ᠂ ᠵᠤᠯ ᠵᠢᠷᠭᠠᠯ ᠢ ᠡᠷᠬᠢᠮᠯᠡᠨ ᠬᠠᠶᠢᠷᠠᠯᠠᠳᠠᠭ ᠬᠦᠮᠤᠨ ᠮᠦᠰᠤ᠂ ᠲᠡᠷᠡ | ᠦᠶ᠎ᠡ ᠠᠴᠠ ᠨᠡᠳᠡ ᠳᠤ ᠡᠬᠢᠯᠡᠨ ᠪᠦᠷᠢᠯᠳᠤᠭ᠍ᠰᠡᠨ ᠪᠠᠶᠢᠬ᠎ᠠ᠃ | ᠴᠠᠭ ᠤᠨ ᠬᠤᠷ᠎ᠠ ᠵᠦᠰᠡᠷᠡᠨ᠂ ᠴᠡᠴᠡᠭᠡᠰ ᠠᠯᠠᠭᠯᠠᠭᠰᠠᠨ ᠵᠤᠨ ᠤ ᠤᠯᠠᠷᠢᠯ ᠬᠦᠷᠤᠭᠡᠤᠨ ᠢᠷᠡᠭᠰᠡᠭᠡᠷ | ᠰᠤᠷᠭᠠᠭᠤᠯᠢ ᠠᠴᠠ ︽ᠲᠠᠷᠢᠶᠠᠯᠠᠩ ᠶᠠᠭᠠᠷᠠᠤ ᠴᠢᠯᠤᠭᠡ︾ ᠭᠡᠮᠡᠨ ᠲᠠᠯᠪᠢᠳᠠᠭ᠃ ᠮᠠᠨ ᠤ ᠪᠠᠭ᠎ᠠ ᠰᠤᠷᠭᠠᠭᠤᠯᠢ ᠶᠢᠨ | ᠰᠤᠷᠤᠭᠴᠢᠤᠨ ᠲᠤ ᠪᠤᠯ ᠪᠠᠰᠠ ᠴᠤ ᠨᠠᠭᠠᠳᠤᠨ ᠲᠤᠭᠯᠠᠬᠤ ᠴᠡᠩᠭᠡᠯ ᠤᠨ ᠰᠠᠶᠢᠬᠠᠨ ᠤᠯᠠᠷᠢᠯ ᠮᠦᠨ᠃ ᠡᠳᠤᠷᠵᠢᠨ | ᠠᠭᠤᠯᠠ ᠲᠠᠪᠠᠭ᠎ᠠ ᠦᠭᠰᠤᠨ ᠦᠷᠡᠯ᠂ ᠮᠦᠢᠯ᠂ ᠤᠯᠠᠭᠠᠨ᠎ᠠ᠂ ᠬᠤᠷ ᠬᠦᠢᠯᠡᠰᠤ᠂ ᠬᠠᠷ᠎ᠠ ᠲᠡᠯᠳᠡᠤ ᠲᠡᠬᠦᠵᠤ᠂ ᠲᠠᠯ᠎ᠠ | ᠬᠦᠨᠳᠠᠢ ᠪᠠᠷ ᠬᠦᠶᠤᠯᠳᠤᠨ ᠬᠦᠭᠡ ᠬᠤᠸᠠᠯᠠᠢ᠂ ᠴᠠᠭᠠᠨ ᠬᠤᠸᠠᠯᠠᠢ ᠮᠦᠬᠦ ᠲᠡᠬᠦᠨ᠂ ᠬᠤᠨᠢᠨ ᠱᠦᠬᠦᠷ᠂ ᠵᠡᠭᠡᠷᠭᠡᠨ᠎ᠡ | ᠵᠡᠷᠭᠡ ᠡᠮ ᠤᠨ ᠦᠨᠳᠤᠰᠤ ᠮᠠᠯᠳᠠᠨ᠂ ᠨᠠᠭᠠᠳᠤᠨ ᠲᠤᠭᠯᠠᠬᠤ ᠪᠡ ᠲᠤᠰᠠᠯᠠᠬᠤ ᠤᠶᠢᠯᠡᠤᠡᠪᠤᠷᠢᠯᠡᠯ ᠢ ᠵᠡᠷᠭᠡ ᠳᠤ ᠨᠢ | ᠬᠢᠵᠤ ᠠᠮᠠ ᠪᠦᠯᠢ ᠤᠯᠠᠨᠳᠠᠢ ᠭᠡᠷ ᠤᠨ ᠠᠮᠢᠳᠤᠷᠠᠯ ᠢᠶᠠᠨ ᠦᠭᠡᠳᠡ ᠲᠠᠳᠠᠵᠤ ᠪᠠᠶᠢᠭᠰᠠᠨ᠃ ᠲᠡᠷᠡ ᠯᠡ ᠦᠶ᠎ᠡ ᠶᠢᠨ | ᠡᠮ ᠤᠨ ᠦᠨᠳᠤᠰᠤ ᠮᠠᠯᠳᠠᠭᠰᠠᠨ ᠵᠢᠭᠠᠬᠠᠨ ᠤᠯᠵᠠ ᠮᠢᠨᠢ᠂ ᠡᠷᠭᠡ ᠲᠠᠷᠬᠠᠨ ᠪᠠᠶᠢᠭᠠᠯᠢ ᠳᠤ ᠪᠠᠨ ᠬᠠᠷᠢᠨ ᠲᠤᠮᠤᠬᠠᠨ | ᠭᠠᠷᠤᠵᠠ ᠪᠡ ᠬᠤᠬᠢᠷᠠᠯ ᠪᠤᠯᠵᠤ ᠪᠠᠶᠢᠭᠰᠠᠨ ᠢ ᠬᠤᠵᠢᠮ ᠨᠢ ᠲᠤᠮᠤ ᠪᠤᠯᠤᠭᠠᠤᠨ ᠰᠠᠶ᠋ᠢ ᠤᠬᠠᠭᠠᠵᠤ ᠮᠡᠳᠡᠵᠡᠢ᠃ | ᠲᠤᠭ᠎ᠠ ᠲᠠᠢ ᠬᠡᠳᠤᠬᠡᠨ ᠰᠠᠷ᠎ᠡ ᠶᠢᠨ ᠴᠠᠯᠢᠩ ᠢᠶᠠᠷ ᠮᠠᠨ ᠤ ᠡᠭᠡᠴᠢ ᠲᠡᠬᠦᠤ ᠤᠯᠠᠨ ᠢ ᠡᠪᠤᠳᠤᠭ᠌ ᠪᠦᠳᠤᠨ | ᠭᠡᠳᠡᠰᠤ ᠴᠠᠤᠨᠬᠤᠯᠠᠩ ᠠᠪᠴᠤ ᠶᠠᠪᠤᠭᠰᠠᠨ ᠪᠦᠭᠡᠤᠨ ᠨᠢᠭᠡ ᠨᠢᠭᠡ ᠪᠠᠷ ᠰᠤᠷᠭᠠᠭᠤᠯᠢ ᠰᠤᠶᠤᠯ ᠤᠨ ᠮᠦᠷ ᠢ | ᠬᠦᠭᠡᠭᠡᠯᠭᠡᠭᠰᠡᠨ ᠠᠪᠤ ᠡᠵᠢ ᠳᠤ ᠪᠠᠨ ᠪᠢ ᠲᠠᠯᠠᠷᠬᠠᠬᠤ ᠶᠤᠰᠤᠳᠠᠢ᠃ ᠡᠷᠭᠡ ᠬᠤᠨᠭ᠍ᠭᠤᠷᠬᠠᠨ ᠬᠡᠤᠬᠡᠤᠨ ᠨᠠᠰᠤᠨ ᠳᠤ | ᠠᠯᠢᠶᠠᠷᠬᠠᠨ ᠲᠤᠭᠯᠠᠬᠤ ᠪᠡ ᠠᠵᠢᠯ ᠬᠦᠳᠡᠯᠮᠤᠷᠢ ᠶᠢᠨ ᠪᠠᠶᠠᠷ ᠴᠡᠩᠭᠡᠯ ᠢ ᠤᠯᠭᠤᠵᠤ ᠦᠭᠭᠦᠭᠰᠡᠨ ᠡᠭᠡ | ᠨᠤᠳᠤᠭ ᠤᠨ ᠢᠶᠠᠨ ᠠᠭᠤᠯᠠ ᠤᠰᠤᠨ ᠳᠤ ᠪᠠᠨ ᠢᠭ᠍ᠳᠤᠯᠤᠨ ᠲᠠᠯᠠᠷᠬᠠᠬᠤ ᠶᠤᠰᠤᠳᠠᠢ᠃ ᠠᠪᠤ ᠡᠵᠢ ᠪᠠᠨ ᠠᠴᠢᠯᠠᠨ | ᠰᠠᠨᠠᠵᠤ᠂ ᠡᠭᠡ ᠪᠠᠶᠢᠭᠠᠯᠢ ᠪᠠᠨ ᠰᠢᠳᠤᠨ ᠬᠠᠶᠢᠷᠠᠯᠠᠬᠤ ᠰᠡᠤᠨᠬᠢᠯᠭᠡ᠂ ᠮᠠᠨ ᠤ ᠲᠡᠷᠡ ᠦᠶ᠎ᠡ ᠶᠢᠨ ᠬᠡᠤᠬᠡᠤᠨ ᠤᠨ | ᠤᠶᠤᠨ ᠲᠠᠷᠢᠬᠢᠨ ᠳᠤ ᠬᠡᠨ ᠴᠤ ᠱᠠᠭᠠᠷᠳᠠᠭᠰᠠᠨ ᠦᠭᠡᠢ ᠴᠤ ᠲᠦᠢᠯ ᠤᠨ ᠬᠦᠨ ᠬᠦᠨᠵᠡᠭᠡᠢ ᠰᠡᠶᠢᠯᠤᠭ᠍ᠳᠡᠭᠰᠡᠨ ᠶᠤᠮ᠃ | ᠠᠭᠠᠷ ᠴᠡᠯᠮᠡᠶᠢᠨ᠂ ᠠᠭᠤᠯᠠᠰ ᠰᠢᠷᠭᠠᠯᠳᠤᠭᠰᠠᠨ ᠠᠯᠳᠠᠨ ᠨᠠᠮᠤᠷ ᠬᠦᠷᠤᠭᠡᠤᠨ ᠢᠷᠡᠭᠰᠡᠭᠡᠷ ᠪᠢ᠂ ᠠᠪᠤ ᠪᠠᠨ | ᠲᠠᠭᠠᠵᠤ ᠠᠯᠢᠰᠤᠨ ᠬᠠᠳᠤᠯᠠᠩ ᠳᠤ ᠭᠠᠷᠤᠨ᠎ᠠ᠃ ᠬᠠᠶᠠ ᠵᠢᠯ ᠳᠤ ᠪᠠᠨ ᠪᠠᠰᠠ ᠰᠢᠪᠡᠷ ᠪᠠᠶᠢᠰᠢᠩ ᠤᠨ ᠲᠡᠭᠡᠪᠤᠷ ᠢᠶᠠᠨ | ᠡᠯᠪᠡᠬᠦ ᠪᠠᠷ ᠡᠯᠪᠡᠭᠡ ᠬᠠᠳᠤᠬᠤ ᠠᠵᠢᠯ ᠳᠤ ᠬᠠᠮᠵᠢᠳᠠᠭ᠃ ᠲᠡᠷᠡᠬᠦ ᠰᠠᠯᠬᠢᠨ ᠤ ᠠᠶ᠎ᠠ ᠪᠠᠷ ᠨᠢᠭᠡᠯᠡ ᠵᠦᠭ ᠲᠤ ᠪᠠᠨ | ᠦᠯᠤ ᠮᠡᠳᠡᠭ ᠨᠠᠯᠠᠶᠢᠭᠰᠠᠨ ᠬᠢᠶᠠᠭ ᠰᠢᠷᠠᠯᠵᠢ ᠶᠢ ᠬᠤᠷᠴᠠ ᠰᠠᠨᠳᠤᠤ ᠪᠠᠷ ᠬᠦᠴᠤᠯᠡᠨ ᠬᠢᠷᠭᠠᠬᠤ ᠳᠤ ᠭᠠᠷᠬᠤ ᠰᠠᠶᠢᠬᠠᠨ | ᠲᠠᠭᠤᠨ ᠪᠡ ᠲᠡᠯᠡᠩᠨᠡᠨ ᠬᠡᠪᠳᠡᠭᠰᠡᠨ ᠠᠯᠢᠰᠤ ᠡᠪᠡᠰᠤ ᠠᠴᠠ ᠭᠠᠷᠬᠤ ᠰᠤᠳᠤᠨ ᠰᠤᠷᠭᠤᠭ ᠦᠨᠤᠷ ᠤᠳᠤ ᠪᠤᠳᠤᠪᠡᠯ | ᠴᠢᠬᠢᠨ ᠳᠤ ᠰᠤᠨᠤᠰᠳᠠᠨ᠂ ᠬᠠᠮᠠᠷ ᠲᠤ ᠰᠡᠩᠬᠢᠨᠡᠬᠦ ᠰᠢᠭ᠂ ᠡᠯᠪᠡᠭᠡ ᠪᠤᠯ ᠪᠦᠮᠪᠤᠷᠴᠡᠭ ᠤᠨ ᠠᠭᠤᠰᠬᠢ ᠪᠤᠯᠤᠭᠰᠠᠨ | ᠨᠤᠭᠤ ᠭᠠᠵᠠᠷ᠂ ᠨᠠᠮᠤᠭᠳᠤ ᠲᠠᠯ᠎ᠠ ᠳᠤ ᠤᠷᠭᠤᠳᠠᠭ ᠨᠢᠭᠡ ᠵᠦᠢᠯ ᠤᠨ ᠨᠠᠷᠢᠮᠤ ᠶᠢᠨ ᠰᠦᠷᠡᠯ ᠲᠠᠢ ᠲᠦᠰᠤᠭᠡᠳᠠᠢ᠂ | ᠪᠤᠷᠤᠭᠠᠨ ᠬᠤᠷ᠎ᠠ ᠰᠠᠶᠢᠨ ᠵᠢᠯ ᠳᠤ ᠪᠠᠨ ᠮᠧᠲᠷ ᠢᠯᠡᠬᠦᠤ ᠦᠨᠳᠤᠷ ᠤᠷᠭᠤᠳᠠᠭ ᠡᠪᠡᠰᠦᠯᠢᠭ ᠤᠷᠭᠤᠮᠠᠯ ᠶᠤᠮ᠃ | ᠨᠡᠮᠡᠯᠵᠡᠭᠰᠡᠨ ᠱᠠᠯᠪᠠᠭ ᠲᠠᠢ ᠨᠠᠮᠤᠭᠳᠤ ᠲᠠᠯ᠎ᠠ ᠳᠤ ᠤᠰᠤᠨ ᠲᠤᠳᠤᠷᠭ᠎ᠠ ᠰᠢᠭ᠋ ᠢᠭᠴᠢ ᠪᠦᠭᠡᠤᠨ ᠵᠢᠭᠳᠡ ᠰᠠᠶᠢᠬᠠᠨ | ᠤᠷᠭᠤᠭᠰᠠᠨ ᠡᠯᠪᠡᠭᠡ ᠶᠢ ᠭᠤᠬᠢᠷ ᠬᠠᠳᠤᠭᠤᠷ ᠢᠶᠠᠷ ᠰᠠᠷᠴᠢᠬᠢᠨᠡᠳᠡᠯᠡ ᠬᠠᠳᠤᠨ᠂ ᠪᠤᠭᠤᠵᠢ ᠪᠤᠭᠤᠵᠢ ᠪᠠᠷ ᠡᠩᠨᠡᠬᠦᠯᠤᠨ | ᠲᠠᠯᠪᠢᠨ᠎ᠡ᠃ ᠨᠢᠭᠤᠷ ᠴᠢᠷᠠᠢ ᠬᠠᠷᠠᠯᠠᠵᠤ ᠪᠤᠷᠤᠯᠠᠨ᠂ ᠨᠢᠷᠤᠭᠤ ᠴᠡᠭᠡᠵᠢ ᠬᠦᠰᠢᠨ᠂ ᠬᠤᠶᠠᠷ ᠭᠠᠷ ᠤᠨ ᠠᠯᠠᠭ᠎ᠠ | ᠡᠪᠡᠷᠰᠢᠶᠡᠨ ᠡᠪᠡᠤᠡᠴᠤ ᠪᠠᠶᠢᠭᠰᠠᠨ ᠴᠤ᠂ ᠨᠢᠭᠡ ᠡᠳᠤᠷ ᠤᠨ ᠬᠠᠳᠤᠭᠰᠠᠨ ᠵᠠᠭᠤ ᠭᠠᠷᠤᠢ ᠡᠯᠪᠡᠭᠡᠨ ᠪᠤᠭᠤᠵᠢ ᠪᠠᠨ | ᠦᠵᠡᠪᠡᠯ ᠠᠵᠢᠯ ᠬᠦᠳᠡᠯᠮᠤᠷᠢ ᠶᠢᠨ ᠦᠷ᠎ᠡ ᠪᠦᠳᠤᠭᠡᠯ ᠳᠤ ᠪᠠᠨ ᠪᠠᠶᠠᠰᠤᠨ ᠶᠡᠳᠡᠷᠡᠯ ᠵᠦᠳᠡᠷᠡᠯ ᠮᠠᠨᠢ ᠭᠱᠠᠨ ᠵᠠᠭᠤᠷ᠎ᠠ | ᠮᠠᠷᠳᠠᠭᠳᠠᠳᠠᠭ᠃ ᠲᠡᠷᠡ ᠦᠶ᠎ᠡ ᠳᠤ ᠬᠠᠳᠤᠭᠰᠠᠨ ᠠᠯᠢᠰᠤ ᠡᠯᠪᠡᠭᠡ ᠪᠠᠨ ᠬᠠᠳᠠᠭᠠᠬᠤ ᠬᠡᠮᠡᠨ ᠬᠠᠳᠤᠯᠠᠩ ᠤᠨ | ᠭᠠᠵᠠᠷ ᠲᠤ ᠨᠢ ᠦᠵᠡᠵᠤ ᠬᠠᠷᠠᠯ ᠦᠭᠡᠢ ᠰᠠᠷ᠎ᠠ ᠭᠠᠷᠤᠢ ᠬᠤᠭᠤᠴᠠᠭ᠎ᠠ ᠲᠠᠯᠪᠢᠭᠰᠠᠨ ᠴᠤ ᠶᠡᠷᠤᠨᠢ ᠭᠡᠭᠡᠵᠤ | ᠬᠤᠯᠠᠭᠠᠶᠢᠯᠠᠭᠳᠠᠬᠤ ᠤᠴᠢᠷ ᠭᠠᠷᠳᠠᠭ ᠦᠭᠡᠢ ᠶᠤᠮ᠃ ᠦᠪᠡᠷ ᠤᠨ ᠠᠷᠢᠭᠤᠨ ᠴᠠᠭᠠᠨ ᠬᠦᠳᠡᠯᠮᠤᠷᠢ ᠪᠠᠨ ᠲᠦᠰᠢᠵᠤ | ᠠᠮᠢᠳᠤᠷᠠᠬᠤ ᠨᠢ ᠲᠡᠷᠡ ᠦᠶ᠎ᠡ ᠶᠢᠨ ᠬᠦᠮᠤᠰ ᠤᠨ ᠭᠤᠸ᠎ᠠ ᠰᠠᠶᠢᠬᠠᠨ ᠶᠤᠰᠤ ᠠᠷᠠᠨᠰᠢᠨ ᠪᠢᠯᠡ᠃ | ᠲᠠᠷᠢᠶ᠎ᠠ ᠲᠦᠮᠤᠰᠤ ᠰᠢᠷᠭᠠᠯᠳᠤᠨ ᠪᠤᠯᠪᠠᠰᠤᠷᠠᠭᠰᠠᠭᠠᠷ ᠢᠳᠤᠭᠤ ᠭᠤᠷᠭᠤᠤᠯ ᠰᠦᠷᠤᠭ᠌ ᠰᠦᠷᠤᠭ᠌ ᠢᠶᠠᠷ | ᠨᠢᠰᠤᠯᠴᠡᠨ ᠮᠠᠨᠤᠰ ᠤᠨ ᠠᠪᠠ ᠶᠢᠨ ᠬᠤᠷᠤᠬᠠᠢ ᠶᠢ ᠠᠷᠭ᠎ᠠ ᠦᠭᠡᠢ ᠬᠦᠳᠡᠯᠭᠡᠳᠡᠭ᠃ ᠪᠢᠳᠡ ᠭᠠᠷᠠᠭ ᠤᠨ ᠠᠮᠠᠷᠠᠯᠳᠠ | ᠪᠤᠯᠤᠭᠰᠠᠭᠠᠷ ᠤᠷᠬ᠎ᠠ ᠬᠠᠪᠬ᠎ᠠ ᠪᠠᠨ ᠡᠬᠦᠷᠤᠨ ᠡᠳᠤᠷᠵᠢᠨ ᠠᠭᠤᠯᠠ ᠲᠠᠯ᠎ᠠ ᠪᠠᠷ ᠬᠦᠶᠤᠨᠡ᠃ ᠡᠪᠤᠯ ᠤᠨ ᠬᠦᠢᠳᠡᠨ | ᠲᠠᠴᠢᠬᠢᠨᠠᠵᠤ ᠢᠷᠡᠭᠰᠡᠭᠡᠷ ᠭᠤᠤᠯ ᠭᠤᠷᠤᠬ᠎ᠠ ᠬᠦᠯᠦ᠋ᠢᠳᠡᠯᠡ ᠬᠦᠯᠳᠡᠬᠦ ᠨᠢ ᠪᠠᠰᠠ ᠴᠤ ᠲᠡᠰᠴᠤ ᠶᠠᠳᠠᠨ ᠬᠦᠯᠢᠶᠡᠳᠡᠭ | ᠰᠠᠶᠢᠬᠠᠨ ᠡᠷᠡᠨ᠃ ᠬᠦᠮᠤᠨ ᠪᠦᠷᠢ ᠨᠢᠵᠡᠬᠡᠤᠨ ᠰᠡᠷᠡᠭᠡ ᠪᠡ ᠰᠦᠭᠡ ᠪᠠᠨ ᠠᠪᠴᠤ ᠲᠡᠮᠡᠭᠡᠨ ᠭᠤᠤᠯ ᠤᠨ ᠬᠦᠨ | ᠴᠡᠭᠡᠯ ᠤᠨ ᠮᠦᠰᠤ ᠶᠢ ᠤᠡᠭᠬᠤ ︵ᠪᠠᠰᠠ ᠤᠤᠯᠭ᠎ᠠ ᠭᠡᠨ᠎ᠡ︶ ᠴᠤᠭᠤᠯᠤᠨ ᠵᠢᠭᠠᠰᠤ ᠰᠡᠷᠡᠭᠡᠳᠡᠳᠡᠭ᠃ ᠬᠠᠶᠠ ᠤᠯᠠᠢ | ᠲᠠᠭᠠᠷᠠᠭᠰᠠᠨ ᠡᠳᠤᠷ᠂ ᠠᠩᠨᠠᠭᠰᠠᠨ ᠵᠢᠭᠠᠰᠤ ᠪᠠᠨ ᠲᠡᠭᠡᠰᠤᠨ ᠰᠢᠪᠡᠭᠡᠨ ᠳᠤ ᠬᠡᠯᠬᠢᠨ ᠡᠷᠬᠦᠵᠤ ᠲᠡᠶᠢᠯᠬᠦ ᠦᠭᠡᠢ | ᠪᠤᠯᠬᠤ ᠳᠤ ᠪᠠᠨ ᠴᠠᠰᠤᠨ ᠲᠡᠭᠡᠪᠤᠷ ᠴᠢᠷᠤᠵᠤ ᠢᠷᠡᠭᠰᠡᠨ ᠤᠳᠠᠭ᠎ᠠ ᠴᠤ ᠪᠤᠢ᠃ ᠭᠤᠨᠵᠢᠨ ᠦᠭᠡᠷ ᠤᠨ ᠲᠤᠯᠤᠭᠠᠢ ᠶᠢ | ᠬᠦᠯᠳᠡᠭᠡᠮᠡ ᠡᠪᠤᠯ ᠤᠨ ᠬᠦᠢᠳᠡᠨ ᠪᠤᠯᠤᠭᠰᠠᠭᠠᠷ ᠪᠢ᠂ ᠠᠪᠤ ᠪᠠᠨ ᠲᠠᠭᠠᠵᠤ ᠡᠯᠴᠢᠳᠡᠢ ᠠᠭᠤᠯᠠᠨ ᠠᠴᠠ ᠱᠠᠭᠠᠷᠢᠭ ᠤᠨ | ᠲᠦᠯᠡᠭᠡ ᠠᠪᠳᠠᠭ᠃ ᠱᠠᠭᠠᠷᠢᠭ ᠤᠨ ᠨᠡᠯᠢᠶᠡᠤᠨ ᠪᠦᠳᠦᠬᠦᠨ ᠢ ᠨᠢ ᠪᠠᠰᠠ ᠴᠠᠷᠠᠰᠤ ᠭᠡᠳᠡᠭ᠃ ᠲᠤᠮᠤ ᠰᠦᠭᠡ ᠪᠠᠷ | ᠮᠤᠳᠤᠨ ᠦᠨᠳᠤᠰᠤ ᠲᠡᠭᠡᠷ᠎ᠡ ᠨᠢ ᠬᠦᠴᠤᠯᠠᠨ ᠴᠤᠬᠢᠭᠰᠠᠭᠠᠷ ᠱᠠᠭᠠᠷᠢᠭ ᠤᠨ ᠮᠤᠳᠤ ︽ᠫᠠᠰ︾ ᠭᠡᠵᠤ | ᠦᠨᠳᠤᠰᠤ ᠪᠠᠷ ᠢᠶᠠᠨ ᠪᠤᠯᠭᠤᠷᠠᠨ ᠤᠨᠠᠳᠠᠭ᠃ ᠴᠤᠬᠢᠭᠰᠠᠨ ᠱᠠᠭᠠᠷᠢᠭ ᠢᠶᠠᠨ ᠲᠡᠷᠭᠡ ᠲᠡᠷᠭᠡ ᠪᠠᠷ ᠲᠡᠭᠡᠭᠡᠵᠤ᠂ ᠭᠡᠷ ᠤᠨ | ᠠᠷᠤ ᠦᠪᠤᠷ ᠲᠤ ᠪᠠᠨ ᠪᠠᠶᠢᠰᠢᠩ ᠤᠨ ᠤᠷᠤᠢ ᠲᠠᠢ ᠰᠠᠴᠠᠭᠤ ᠲᠦᠯᠡᠭᠡᠨ ᠤᠪᠤᠭ᠎ᠠ ᠭᠠᠷᠭᠠᠳᠠᠭ᠃ ᠲᠡᠷᠡ ᠦᠶ᠎ᠡ ᠶᠢᠨ | ᠬᠦᠳᠡᠭᠡ ᠠᠶᠢᠯ ᠢ ᠠᠯᠤᠰ ᠠᠴᠠ ᠪᠡᠷᠡᠯᠡᠪᠡᠯ ᠴᠠᠰᠤᠨ ᠲᠡᠭᠡᠪᠤᠷ ᠲᠠᠢ ᠭᠡᠷ ᠤᠨ ᠤᠷᠤᠢ᠂ ᠬᠠᠷ᠎ᠠ ᠰᠢᠷᠤᠢ ᠶᠢᠨ ᠬᠡᠷᠡᠮ᠂ | ᠰᠢᠷ᠎ᠠ ᠱᠠᠭᠠᠷᠢᠭ ᠤᠨ ᠤᠪᠤᠭ᠎ᠠ ᠨᠡᠶᠢᠯᠡᠭᠡᠤᠨ ᠴᠠᠭᠠᠨ᠂ ᠬᠠᠷ᠎ᠠ᠂ ᠰᠢᠷ᠎ᠠ ᠭᠤᠷᠪᠡᠨ ᠦᠡᠭᠭᠡ ᠶᠢᠨ ᠪᠤᠳᠤᠭ ᠢᠶᠠᠷ | ᠤᠷᠠᠯᠠᠨ ᠵᠢᠷᠤᠭᠰᠠᠨ ᠲᠤᠰᠤᠨ ᠪᠤᠳᠤᠭ ᠤᠨ ᠵᠢᠷᠤᠭ ᠰᠢᠭ᠋ ᠬᠠᠷᠠᠭᠳᠠᠨ᠎ᠠ᠃ ᠰᠢᠪᠡᠷ ᠪᠠᠶᠢᠰᠢᠩ ᠤᠨ ᠬᠢᠨᠢ ᠲᠡᠭᠰᠢ | ᠰᠠᠶᠢᠬᠠᠨ ᠰᠢᠪᠠᠵᠤ ᠡᠯᠪᠡᠭᠰᠡᠨ ᠡᠰᠡᠬᠦ᠂ ᠠᠯᠢᠰᠤ᠂ ᠲᠦᠯᠡᠬᠡᠨ ᠤᠪᠤᠭ᠎ᠠ ᠶᠢᠨ ᠬᠢᠨᠢ ᠦᠨᠳᠤᠷ ᠪᠤᠭᠤᠨᠢ᠂ | ᠬᠤᠯᠠᠩ ᠠᠴᠠ ᠰᠤᠪᠤᠷᠠᠬᠤ ᠬᠤᠶᠠᠷ ᠡᠷᠡᠨ ᠤ ᠬᠤᠭᠤᠯᠠ ᠪᠤᠳᠠᠭ᠎ᠠ ᠬᠢᠬᠦ ᠤᠳᠤᠭ᠎ᠠ ᠶᠢᠨ ᠬᠢᠨᠢ ᠠᠭᠰᠢᠭᠤᠨ | ᠰᠢᠩᠭᠡᠨ ᠢᠶᠠᠷ ᠡᠨᠡ ᠠᠶᠢᠯ ᠤᠨ ᠬᠦᠮᠤᠰ ᠤᠨ ᠠᠯᠵᠠᠭᠤ ᠵᠠᠯᠠᠬᠭᠤ᠂ ᠠᠵᠢᠯᠴᠢ ᠬᠦᠳᠡᠯᠮᠤᠷᠢᠴᠢ᠂ ᠠᠳᠠᠯ | ᠤᠨᠳᠤᠷᠤᠯ ᠤᠨ ᠬᠢᠨᠢ ᠶᠠᠳᠠᠭᠤ ᠴᠢᠨᠡᠭᠡᠯᠢᠭ ᠢ ᠠᠮᠠᠷᠬᠠᠨ ᠢᠯᠭᠠᠭᠠᠤᠨ ᠴᠢᠳᠠᠨ᠎ᠠ᠃ | ᠲᠡᠷᠡ ᠦᠶ᠎ᠡ ᠶᠢᠨ ᠴᠠᠶᠢᠯᠭᠠᠨ ᠪᠤᠳᠤᠯ ᠳᠤ᠂ ᠡᠨᠡ ᠲᠤᠮᠤᠭ ᠤᠨ ᠰᠠᠶᠢᠬᠠᠨ ᠠᠭᠤᠯᠠ ᠤᠰᠤ ᠮᠢᠨᠢ︕ | ᠦᠨᠢᠳᠡ ᠨᠤᠭᠤᠭᠠᠨ ᠢᠶᠠᠷ ᠢᠶᠠᠨ ᠪᠠᠶᠢᠵᠤ᠂ ᠡᠴᠢᠭᠡ ᠡᠭᠡ ᠶᠢᠨ ᠲᠤᠳᠤᠮᠳᠠᠯ ᠲᠠᠢ ᠡᠷᠤᠭᠡ ᠭᠡᠷ ᠮᠢᠨᠢ ᠬᠡᠵᠢᠶᠡᠳᠡ ᠡᠯᠢᠭᠡ | ᠪᠦᠳᠤᠨ ᠢᠶᠠᠷ ᠢᠶᠠᠨ ᠪᠠᠶᠢᠬᠤ ᠶᠢ ᠢᠳᠡᠭᠡᠵᠤ᠂ ᠶᠠᠳᠠᠭᠤ ᠬᠦᠴᠢᠷᠳᠡᠯ ᠲᠠᠢ ᠠᠮᠢᠳᠤᠷᠠᠯ ᠳᠤ ᠶᠠᠮᠠᠷᠴᠤ ᠰᠡᠤᠨᠬᠢᠯ ᠤᠨ | ᠲᠠᠷᠤᠭᠠᠰᠤ ᠦᠭᠡᠢ ᠪᠠᠶᠠᠷ ᠴᠡᠩᠭᠡᠯ ᠲᠠᠢ ᠪᠠᠶᠢᠭᠰᠠᠨ᠃ | ᠵᠤᠬᠢᠶᠠᠬᠴᠢ ᠶᠢᠨ ᠬᠠᠶ᠋ᠢᠭ᠄ ᠵᠠᠯᠠᠶᠢᠤᠨ ᠬᠤᠰᠢᠭᠤᠨ ᠤ ᠰᠤᠷᠭᠠᠨ ᠬᠦᠮᠦᠵᠢᠯ ᠤᠨ ᠲᠤᠪᠴᠢᠶ᠎ᠡ | |