ᠮᠢᠨᠤ ᠨᠤᠳᠤᠭ ᠲᠦᠩᠯᠢᠶᠤᠤ
ᠨᠡᠶᠢᠲᠡᠯᠡᠭᠰᠡᠨ ᠴᠠᠭ᠄
2019-03-04
     ᠮᠢᠨᠤ ᠨᠤᠳᠤᠭ ᠪᠤᠯ ᠦᠪᠤᠷ ᠮᠤᠩᠭᠤᠯ ᠤᠨ ᠲᠦᠩᠯᠢᠶᠤᠤ ᠬᠤᠳᠠ ᠪᠤᠯᠤᠨ᠎ᠠ᠃ ᠡᠭᠡ ᠤᠯᠤᠰ ᠤᠨ ᠵᠠᠬᠦᠨ  ᠬᠤᠶᠢᠳᠤ ᠭᠡᠰᠡᠭ ᠲᠤ ᠪᠠᠶᠢᠷᠢᠰᠢᠵᠤ᠂ ᠦᠵᠡᠮᠵᠢ ᠰᠠᠶᠢᠳᠠᠢ ᠦᠨᠢᠷ ᠪᠠᠶᠠᠯᠢᠭ ᠬᠤᠳᠠ ᠶᠤᠮ᠃ ᠮᠠᠨ ᠤ ᠲᠦᠩᠯᠢᠶᠤᠤ  ᠬᠤᠳᠠ ᠳᠤ ᠪᠠᠶᠢᠭᠠᠯᠢ ᠶᠢᠨ ᠭᠠᠶᠢᠬᠠᠮᠰᠢᠬᠳᠤ ᠦᠵᠡᠮᠵᠢᠳᠤ ᠤᠷᠤᠨ᠂ ᠤᠯᠤᠰ ᠤᠨ ᠲᠠᠰ ᠤᠨ ᠬᠠᠮᠠᠭᠠᠯᠠᠯᠳᠠ ᠶᠢᠨ  ᠤᠷᠤᠨ ᠪᠤᠯᠬᠤ ᠶᠡᠭᠡ ᠴᠦᠩᠬᠦᠯ ᠤᠨ ᠭᠤᠤ ᠲᠠᠢ᠃ ᠲᠠᠨᠳᠠ ᠪᠠᠯᠠᠷ ᠡᠷᠳᠡᠨ ᠤ ᠤᠢ ᠰᠢᠭᠤᠢ ᠲᠠᠷᠠ ᠭᠡᠪ ᠢᠶᠠᠷ ᠢᠶᠠᠨ  ᠢᠭᠴᠤᠷᠠᠨ ᠤᠷᠭᠤᠵᠤ᠂ ᠲᠠᠯᠠᠭᠡᠢ ᠳᠤ ᠬᠤᠪᠤᠷ ᠤᠯᠠᠨ ᠵᠦᠢᠯ ᠤᠨ ᠠᠮᠢᠳᠠᠨ ᠠᠷᠢᠶᠠᠳᠠᠨ ᠤᠷᠤᠰᠢᠨ ᠠᠮᠢᠳᠤᠷᠠᠵᠤ  ᠪᠠᠶᠢᠨ᠎ᠠ᠃ ᠪᠠᠰᠠ ︽ᠵᠢᠷᠤᠭᠡ︾ ᠵᠤᠭᠠᠴᠠᠯ ᠤᠨ ᠭᠠᠵᠠᠷ᠂ ᠠᠮᠤᠷᠯᠢᠩᠭᠤᠢ ᠲᠠᠬᠢᠮᠳᠠᠭᠤ ᠭᠡᠭᠡᠨ ᠰᠤᠳᠤ ᠬᠠᠳᠤᠨ ᠤ  ᠬᠦᠷᠢᠶᠡᠯᠡᠩ ᠵᠠᠷᠭᠡ ᠵᠤᠭᠠᠴᠠᠯ ᠤᠨ ᠭᠠᠵᠠᠷ ᠨᠢ ᠡᠭᠡ ᠤᠯᠤᠰ ᠤᠨ ᠡᠯ᠎ᠠ ᠭᠠᠵᠠᠷ ᠠᠴᠠ ᠢᠷᠡᠭᠰᠡᠨ ᠵᠢᠭᠤᠯᠴᠢᠳ ᠤᠨ  ᠤᠷᠮ᠎ᠠ ᠪᠠᠬ᠎ᠠ ᠶᠢ ᠬᠦᠭᠵᠢᠶᠠᠨ᠂ ᠤᠯᠤᠰ ᠤᠷᠤᠨ ᠴᠢᠨᠠᠭᠰᠢᠯᠠᠭᠠᠳ ᠲᠠᠯᠠᠭᠡᠢ ᠲᠠᠶᠠᠭᠠᠷ ᠲᠤ ᠨᠡᠷ᠎ᠠ ᠪᠠᠨ ᠮᠠᠨᠳᠤᠭᠤᠯᠵᠤ  ᠪᠠᠶᠢᠨ᠎ᠠ᠃ ᠲᠦᠩᠯᠢᠶᠤᠤ ᠳᠤ ᠨᠤᠳᠤᠭ ᠤᠨ ᠭᠠᠷᠤᠯᠳᠠ ᠡᠯᠪᠡᠭ ᠪᠠᠶᠠᠯᠢᠭ ᠪᠠᠶᠢᠳᠠᠭ᠂ ᠤᠨᠴᠠᠭᠠᠢ ᠨᠢᠭᠡ ᠶᠢ ᠲᠤᠷᠠᠳᠪᠠᠯ  ᠬᠠᠨ ᠠᠭᠤᠯᠠ ᠶᠢᠨ ᠬᠠᠳᠠᠭᠠᠭᠰᠠᠨ ᠦᠭᠡᠷ ᠤᠨ ᠪᠤᠷᠴᠡ ᠨᠢ ᠤᠯᠤᠰ ᠤᠨ ᠲᠤᠳᠤᠭᠠᠳᠤ ᠭᠠᠳᠠᠭᠠᠳᠤ ᠳᠤ  ᠪᠤᠷᠤᠯᠠᠭᠤᠯᠤᠭᠳᠠᠨ ᠬᠦᠮᠦᠰ ᠤᠨ ᠲᠤᠷ᠎ᠠ ᠲᠠᠭᠠᠰᠢᠶᠠᠯ ᠪᠠ ᠬᠠᠯᠠᠭᠤᠨ ᠢᠳᠡᠭᠡᠯ ᠢ ᠤᠯᠵᠤ ᠪᠤᠢ᠃ ᠪᠠᠰᠠ ᠡᠭᠡᠵᠡᠭᠡᠢ᠂  ᠦᠷᠤᠮ᠎ᠠ᠂ ᠵᠦᠭᠡᠭᠡᠢ᠂ ᠰᠢᠷᠠᠭᠰᠠᠨ ᠪᠦᠬᠦᠯᠢ ᠬᠤᠨᠢᠨ ᠤ ᠮᠢᠬ᠎ᠠ ᠵᠡᠷᠭᠡ ᠨᠢ ᠤᠨᠴᠠᠯᠢᠭᠳᠤ ᠢᠳᠡᠭᠡᠨ ᠤ ᠭᠡᠯᠪᠡᠷᠢ ᠪᠠᠷ  ᠬᠦᠮᠦᠰ ᠤᠨ ᠠᠮᠢᠳᠤᠷᠠᠯ ᠳᠤ ᠦᠩᠭᠡ ᠰᠢᠮ᠎ᠠ ᠶᠢ ᠨᠠᠮᠠᠵᠤ ᠪᠠᠶᠢᠳᠠᠭ᠃     ᠲᠦᠩᠯᠢᠶᠤᠤ ᠬᠤᠳᠠ ᠮᠢᠨᠢ ᠦᠷᠭᠡᠨ ᠠᠭᠤᠳᠠᠮ ᠪᠠᠶᠠᠨ ᠴᠢᠨᠠᠭᠡᠯᠢᠭ ᠢᠶᠠᠷ ᠪᠠᠷᠠᠬᠤ ᠦᠭᠡᠢ᠂ ᠤᠯᠤᠰ ᠬᠦᠷᠦᠨ ᠤ  ᠪᠠᠭᠠᠳᠤᠷ ᠢᠳᠡᠳᠡᠨ ᠤ ᠴᠤᠯᠭᠤᠷᠠᠭᠰᠠᠨ ᠦᠯᠦᠭᠡᠢ ᠶᠤᠮ᠃ ᠠᠮᠤᠷᠯᠢᠩᠭᠤᠢ ᠲᠡᠬᠢᠮᠳᠠᠭᠤ ᠭᠡᠭᠡᠨ ᠰᠤᠳᠤ ᠬᠠᠳᠤᠨ᠂  ᠰᠡᠩᠭᠡᠷᠢᠨᠴᠢᠨ᠂ ᠭᠠᠳᠠ ᠮᠠᠶᠢᠷᠠᠨ ᠮᠡᠳᠤ ᠪᠠᠭᠠᠳᠤᠷᠴᠤᠳ ᠤᠯᠤᠰ ᠤᠷᠤᠨ ᠤ ᠬᠠᠮᠠᠭᠠᠯᠠᠯᠳᠠ ᠪᠠᠶᠢᠭᠤᠯᠤᠯᠳᠠ ᠳᠤ  ᠭᠠᠪᠢᠶ᠎ᠠ ᠵᠢᠳᠬᠦᠯ ᠦᠵᠡᠬᠦᠯᠵᠤ ᠶᠠᠪᠤᠭᠰᠠᠨ ᠲᠠᠤᠭᠡ ᠲᠠᠢ ᠪᠢᠯᠠ᠃     ᠲᠦᠩᠯᠢᠶᠤᠤ ᠳᠤ ᠮᠤᠩᠭᠤᠯ᠂ ᠬᠢᠳᠠᠳ᠂ ᠬᠤᠳᠤᠩ᠂ ᠮᠠᠨᠵᠤ ᠵᠠᠷᠭᠡ ᠤᠯᠠᠨ ᠦᠨᠳᠤᠰᠤᠳᠠᠨ ᠲᠦᠪᠯᠡᠷᠡᠨ  ᠰᠠᠭᠤᠷᠢᠰᠢᠵᠤ᠂ ᠬᠤᠭᠤᠷᠤᠨᠳᠤ ᠪᠠᠨ ᠬᠠᠷᠢᠯᠴᠠᠨ ᠬᠦᠨᠳᠤᠳᠭᠡᠨ᠂ ᠬᠠᠷᠢᠯᠴᠠᠨ ᠬᠠᠪᠰᠤᠷᠤᠯᠴᠠᠨ ᠬᠠᠮᠳᠤ ᠶᠢᠨ ᠤᠶᠤᠨ  ᠤᠬᠠᠭᠠᠨ ᠪᠠ ᠬᠦᠴᠤ ᠬᠦᠯᠦᠰᠤ ᠪᠠᠷ ᠢᠶᠠᠨ ᠨᠤᠳᠤᠭ ᠤᠰᠤ ᠪᠠᠨ ᠴᠤᠭᠴᠠᠯᠠᠵᠤ ᠪᠠᠶᠢᠳᠠᠭ᠃ ᠦᠭᠡᠷᠡᠴᠢᠯᠠᠯᠳᠠ ᠬᠢᠵᠤ  ᠴᠢᠯᠦᠭᠡᠳᠠᠢ ᠶᠠᠪᠤᠯᠴᠠᠬᠤ ᠲᠦᠷᠦ ᠶᠢᠨ ᠪᠤᠳᠤᠯᠭ᠎ᠠ ᠶᠢ ᠭᠡᠷᠡᠭᠵᠢᠬᠦᠯᠦᠭᠰᠡᠨ ᠠᠴᠠ ᠨᠠᠰᠢ᠂ ᠨᠠᠮ ᠵᠠᠰᠠᠭ ᠤᠨ ᠵᠦᠪ  ᠤᠨᠤᠪᠴᠢᠳᠠᠢ ᠵᠢᠯᠤᠭᠤᠳᠤᠯᠭ᠎ᠠ ᠶᠢ ᠲᠦᠩᠯᠢᠶᠤᠤ ᠶᠢᠨ ᠠᠷᠠᠳ ᠲᠦᠮᠠᠨ ᠴᠤᠤᠷᠢᠶᠠᠳᠤᠨ ᠲᠠᠭᠠᠵᠤ ᠴᠢᠷᠮᠠᠶᠢᠨ  ᠲᠠᠮᠠᠴᠠᠵᠤ ᠢᠷᠡᠭᠰᠡᠨ ᠪᠢᠯᠠ᠃ ᠨᠡᠩ ᠴᠤ ᠦᠨᠤᠳᠤᠷ ᠪᠤᠯᠬᠤ ᠳᠤ᠂ ᠨᠤᠳᠤᠭ ᠲᠤ ᠮᠢᠨᠢ ᠦᠨᠳᠤᠷ ᠠᠰᠠᠷ ᠰᠦᠨᠳᠡᠷᠯᠡᠨ  ᠂ ᠦᠷᠭᠡᠨ ᠵᠠᠮ ᠲᠠᠪᠢᠰᠦᠭᠳᠡᠵᠤ᠂ ᠨᠠᠷᠢᠯᠢᠭ ᠬᠢᠴᠡᠳᠠᠢ ᠮᠠᠰᠢᠨ ᠲᠡᠷᠭᠡ ᠵᠦᠷᠢᠯᠳᠤᠨ᠂ ᠬᠤᠳᠠ ᠵᠠᠭᠡᠯᠢ ᠨᠢ ᠬᠦᠮᠦᠨ ᠤ  ᠤᠷᠤᠰᠬᠠᠯ ᠬᠦᠭᠵᠢᠶᠠᠨ ᠨᠠᠷᠬᠢᠶᠠᠨ ᠢᠶᠠᠷ ᠪᠢᠯᠬᠠᠵᠤ᠂ ᠬᠦᠮᠦᠨ ᠪᠠᠶᠢᠭᠠᠯᠢ ᠲᠠᠢ ᠪᠠᠨ ᠵᠤᠬᠢᠴᠠᠨ ᠶᠤᠰᠤᠳᠠᠢ ᠲᠡᠭᠷᠢ  ᠭᠠᠵᠠᠷ ᠤᠨ ᠯᠤᠳᠤ ᠶᠡᠭᠡ ᠬᠤᠪᠢᠷᠠᠯᠳᠠ ᠶᠢ ᠠᠪᠴᠢᠷᠠᠭᠰᠠᠨ ᠶᠤᠮ᠃     ᠨᠤᠳᠤᠭ ᠤᠨ ᠢᠶᠠᠨ ᠦᠨᠢᠷ ᠶᠡᠭᠡ ᠬᠦᠭᠵᠢᠯᠳᠠ ᠬᠤᠪᠢᠷᠠᠯᠳᠠ ᠶᠢ ᠬᠠᠷᠠᠭᠠᠳ ᠰᠠᠳᠬᠢᠯ ᠪᠠᠭ᠋ᠠᠳᠤᠨ ᠴᠢᠷᠮᠠᠶᠢᠨ  ᠰᠤᠷᠤᠯᠴᠠᠬᠤ ᠵᠤᠷᠢᠭ ᠮᠢᠨᠢ ᠡᠷᠴᠢᠯᠡᠭᠳᠡᠳᠡᠭ᠃ ᠨᠤᠳᠤᠭ ᠮᠢᠨᠢ ᠨᠠᠳᠠ ᠳᠤ ᠰᠠᠶᠢᠨ ᠰᠠᠶᠢᠬᠠᠨ ᠠᠮᠢᠳᠤᠷᠠᠯ᠂ ᠬᠦᠰᠡᠯ  ᠢᠷᠡᠭᠡᠳᠤᠢ ᠶᠢ ᠤᠯᠭᠤᠵᠤ ᠦᠭᠬᠦᠭᠰᠡᠨ ᠡ᠊ᠨᠡᠷᠢᠯ ᠤᠨ ᠲᠡᠭᠷᠢ ᠡ︕ ᠨᠤᠳᠤᠭ ᠮᠢᠢ᠂ ᠦᠷ᠎ᠠ ᠴᠢᠨᠢ ᠪᠢ ᠲᠠᠨ ᠢ ᠪᠠᠨ  ᠬᠠᠶᠢᠷᠠᠯᠠᠵᠤ ᠶᠠᠪᠤᠨ᠎ᠠ᠂ ᠲᠠ ᠪᠤᠯ ᠮᠢᠨᠤ ᠰᠢᠳᠤᠭᠡᠨ᠂ ᠮᠢᠨᠤ ᠠᠮᠢᠨ ᠰᠦᠯᠳᠠ ᠡ︕ ᠡᠶᠢᠮᠤ ᠰᠠᠶᠢᠬᠠᠨ ᠨᠤᠳᠤᠭ ᠲᠤ ᠪᠠᠨ ᠦᠰᠴᠤ ᠪᠤᠶᠢᠵᠢᠵᠤ ᠪᠠᠶᠢᠭ᠎ᠠ ᠪᠠᠭᠠᠴᠤᠳ ᠪᠢᠳᠠ ᠡᠷᠳᠡᠮ ᠨᠤᠮ ᠢᠶᠠᠨ ᠰᠠᠶᠢᠳᠤᠷ  ᠴᠢᠷᠮᠠᠶᠢᠨ ᠰᠤᠷᠤᠯᠴᠠᠵᠤ᠂ ᠡᠭᠡ ᠤᠯᠤᠰ ᠤᠨ ᠢᠶᠠᠨ ᠬᠠᠶᠢᠷ᠎ᠠ ᠬᠠᠯᠠᠮᠵᠢ᠂ ᠪᠠᠭᠰᠢ ᠠᠬᠠᠮᠠᠳ ᠪᠠ ᠠᠪᠤ ᠡᠵᠢ ᠶᠢᠨ ᠢᠶᠠᠨ  ᠰᠤᠷᠭᠠᠯ ᠬᠦᠮᠦᠵᠢᠯ ᠢ ᠬᠦᠰᠡᠷᠳᠡᠬᠦᠯᠬᠦ ᠦᠭᠡᠢ ᠪᠠᠷ ᠨᠢᠭᠡᠨ ᠨᠠᠷ᠎ᠠ ᠨᠢᠳᠠᠷ ᠲᠤ ᠪᠠᠨ ᠨᠠᠶᠢᠴᠡᠭᠰᠡᠨ ᠰᠢᠯᠢᠳᠡᠭ ᠰᠤᠷᠤᠭᠴᠢ  ᠪᠤᠯᠵᠤ ᠂ ᠨᠤᠳᠤᠭ ᠤᠰᠤ᠂ ᠤᠯᠤᠰ ᠤᠷᠤᠨ ᠤ ᠪᠠᠨ ᠮᠠᠷᠭᠠᠰᠢ ᠶᠢᠨ ᠲᠦᠯᠦᠭᠡ ᠪᠤᠢ ᠪᠦᠬᠦᠢ ᠬᠦᠴᠤᠨ ᠴᠢᠳᠠᠯ ᠢᠶᠠᠨ  ᠭᠠᠷᠭᠠᠨ ᠡᠵᠡᠨ ᠬᠦᠮᠦᠨ ᠤ ᠬᠠᠷᠢᠭᠤᠴᠠᠯᠭ᠎ᠠ ᠶᠢ ᠬᠦᠢᠴᠡᠳᠭᠡᠪᠡᠯ ᠵᠤᠬᠢᠨ᠎ᠠ︕     ᠡᠯᠢᠭᠡᠨ ᠬᠠᠶᠢᠷᠠᠳᠤ ᠲᠦᠩᠯᠢᠶᠤᠤ ᠮᠢᠨᠢ᠂ ᠡᠳᠤᠷ ᠠᠴᠠ ᠡᠳᠤᠷ ᠬᠦᠭᠵᠢᠨ ᠪᠠᠳᠠᠷᠠᠬᠤ ᠪᠤᠯᠳᠤᠭᠠᠢ︕ ᠵᠤᠬᠢᠶᠠᠭᠴᠢ᠄ ᠪᠤᠤ ᠠᠶᠠᠰ ︵ᠲᠦᠩᠯᠢᠶᠤᠤ ᠬᠤᠳᠠ ᠶᠢᠨ ᠮᠤᠩᠭᠤᠯ ᠦᠨᠳᠤᠰᠤᠳᠠᠨ ᠤ ᠪᠠᠭ᠎ᠠ ᠰᠤᠷᠭᠠᠭᠤᠯᠢ ᠶᠢᠨ  ᠲᠠᠪᠤ ᠶᠢᠨ ᠨᠢᠭᠡ︶ ᠵᠢᠯᠤᠭᠤᠳᠤᠭᠰᠠᠨ ᠪᠠᠭᠰᠢ᠄ ᠨᠠᠷᠠᠨᠳᠤᠶᠠᠭ᠎ᠠ    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号