| ᠮᠠᠨ ᠤ ᠬᠢᠨ ᠬᠤᠶᠠᠷ ᠭᠠᠷᠠᠭ ᠨᠢᠭᠡ ᠣᠳᠠᠭ᠎ᠠ ᠣᠷᠣ ᠰᠣᠯᠢᠳᠠᠭ ᠡᠭᠡᠯᠵᠢ ᠲᠠᠢ ᠪᠠᠶᠢᠳᠠᠭ ᠪᠢᠯᠡ᠃ ᠠᠵᠠ ᠪᠠᠷ | ᠲᠣᠰ ᠭᠠᠷᠠᠭ ᠪᠢ ᠬᠠᠮᠤᠭ ᠡᠮᠦᠨ᠎ᠠ ᠮᠦᠷ ᠤᠨ ᠰᠠᠭᠤᠳᠠᠯ ᠳᠤ ᠲᠠᠭᠠᠷᠠᠯ᠎ᠠ᠃ ᠡᠮᠦᠨ᠎ᠡ ᠲᠠᠯ᠎ᠠ ᠪᠠᠷ ᠢᠶᠠᠨ ᠰᠠᠮᠪᠠᠷ᠎ᠠ ᠲᠠᠢ | ᠨᠢᠭᠤᠷᠯᠠᠨ᠂ ᠵᠠᠭᠦᠨ ᠲᠠᠯ᠎ᠠ ᠪᠠᠷ ᠢᠶᠠᠨ ᠴᠣᠩᠬᠤ ᠲᠠᠢ ᠬᠠᠪᠢᠳᠠᠨ᠂ ᠠᠯᠲᠠᠨ ᠨᠠᠷᠠᠨ ᠤ ᠡᠶᠡᠪᠡᠷᠭᠦᠦ ᠲᠣᠶᠠᠭ᠎ᠠ ᠶᠢ | ᠴᠢᠨᠡᠭᠡ ᠪᠠᠷ ᠢᠶᠠᠨ ᠡᠳ᠋ᠯᠠᠵᠦ᠂ ᠰᠠᠨᠠᠭ᠎ᠠ ᠪᠠᠷ ᠢᠶᠠᠨ ᠠᠮᠰᠠᠨ᠂ ᠪᠠᠭᠰᠢ ᠶᠢᠨ ᠢᠶᠠᠨ ᠦᠭᠡ ᠨᠢᠭᠡ ᠪᠦᠷᠢ᠂ ᠬᠦᠳᠡᠯᠦᠯ | ᠨᠢᠭᠡ ᠪᠦᠷᠢ ᠶᠢ ᠣᠶᠢᠷ᠎ᠠ ᠵᠠᠢ ᠠᠴᠠ ᠠᠩᠬᠠᠷᠴᠦ ᠴᠢᠳᠠᠬᠤ ᠪᠣᠯᠣᠭᠰᠠᠨ ᠮᠢᠨᠢ ᠨᠢᠭᠡ ᠶᠣᠰᠣᠨ ᠤ ᠵᠢᠷᠭᠠᠯ ᠪᠠᠶᠢᠯ᠎ᠠ᠃ ︽ | ᠶᠠᠮᠠᠷ ᠰᠠᠶᠢᠬᠠᠨ ᠢᠷᠦᠭᠡᠯ᠂ ᠶᠠᠭᠠᠬᠢᠭᠰᠠᠨ ᠭᠤᠶᠣ ᠲᠠᠪᠢᠯᠠᠩ ᠲᠠᠢ ᠪᠢᠯᠡ ᠪᠢ ᠴᠢᠨᠢ︕︾ ᠬᠡᠮᠡᠨ ᠳᠣᠲᠣᠷ᠎ᠠ ᠪᠠᠨ | ᠰᠡᠮ ᠪᠠᠶᠠᠷᠯᠠᠵᠦ ᠭᠠᠷᠣᠯ᠎ᠠ᠃ | ᠭᠠᠷᠠᠭ ᠤᠨ ᠬᠤᠶᠠᠷ ᠤᠨ ᠦᠳᠡ ᠶᠢᠨ ᠡᠮᠦᠨᠡᠬᠢ ᠬᠤᠶᠠᠳᠣᠭᠠᠷ ᠴᠠᠭ ᠪᠣᠯ ᠲᠡᠦᠬᠡᠨ ᠬᠢᠴᠢᠶᠡᠯ ᠪᠢᠯᠡ᠃ ᠪᠠᠭᠰᠢ | ᠮᠢᠨᠢ ᠣᠣᠯ ᠶᠣᠰᠣᠭᠠᠷ ᠢᠶᠠᠨ ᠬᠢᠴᠢᠶᠡᠯ ᠠᠴᠠ ᠡᠮᠦᠨ᠎ᠠ 5 ᠮᠢᠨᠦ᠋ᠲ ᠡᠷᠲᠡ ᠢᠷᠡᠵᠦ᠂ ᠬᠢᠴᠢᠶᠡᠯ ᠢᠶᠠᠨ ᠣᠷᠣᠬᠤ ᠪᠠᠷ | ᠪᠡᠯᠡᠳᠭᠡᠵᠦ ᠪᠠᠶᠢᠯ᠎ᠠ᠃ ᠬᠡᠳᠦ᠋ᠢᠪᠡᠷ ᠲᠠᠪᠢ ᠶᠢᠨ ᠳᠠᠪᠠᠭ᠎ᠠ ᠶᠢ ᠳᠠᠪᠠᠵᠦ᠂ ᠰᠠᠨᠴᠢᠭ ᠤᠨ ᠦᠰᠦ ᠨᠢ ᠪᠣᠭᠤᠷᠣᠯᠳᠣᠭᠰᠠᠨ | ᠴᠦ ᠪᠠᠭᠰᠢ ᠶᠢᠨ ᠮᠢᠨᠢ ᠮᠠᠩᠨᠠᠢ ᠶᠢᠨ ᠦᠷᠴᠢᠯᠡᠭᠡᠰᠦ ᠠᠴᠠ ᠨᠢ ᠠᠷᠢᠭᠤᠨ ᠭᠡᠷᠡᠯ ᠰᠠᠴᠣᠷᠠᠨ᠂ ᠲᠣᠮᠣ ᠬᠤᠣᠰ | ᠮᠡᠯᠮᠡᠢ ᠠᠴᠠ ᠨᠢ ᠮᠣᠩᠭᠤᠯ ᠡᠷ᠎ᠠ ᠶᠢᠨ ᠴᠤᠭ ᠵᠢᠪᠬᠤᠭ᠎ᠠ ᠢᠳᠡᠷᠡᠭᠦᠨ ᠪᠠᠳᠠᠷᠠᠨ᠎ᠠ᠃ ᠬᠤᠨᠭ᠍ᠬᠤ ᠳᠣᠣᠭᠠᠷᠴᠦ᠂ ᠪᠠᠭᠰᠢ | ᠮᠢᠨᠢ ᠬᠢᠴᠢᠶᠡᠯ ᠢᠶᠠᠨ ᠡᠬᠢᠯᠡᠬᠦᠯᠦᠯ᠎ᠡ᠃ ᠪᠠᠭᠰᠢ ᠶᠢᠨ ᠮᠢᠨᠢ ᠡᠪᠯᠢᠭ ᠰᠠᠶᠢᠬᠠᠨ ᠦᠢᠯᠡ ᠬᠦᠳᠡᠯᠦᠯ᠂ ᠡᠶᠡᠯᠰᠡᠭ ᠢᠷᠠᠭᠤ | ᠦᠭᠡ ᠶᠠᠷᠢᠶ᠎ᠠ ᠨᠦᠬᠦᠳ ᠤᠨ ᠠᠩᠬᠠᠷᠣᠯ ᠢ ᠳᠠᠲᠠᠵᠦ᠂ ᠬᠠᠮᠲᠦ ᠨᠦᠬᠦᠳ ᠮᠢᠨᠢ ᠣᠨᠴᠠ ᠶᠢᠨ ᠲᠠᠭᠠᠯᠠᠮᠵᠢᠲᠠᠢ | ᠰᠣᠷᠣᠯᠴᠠᠬᠤ ᠣᠷᠴᠢᠨ ᠳᠤ ᠮᠡᠳᠡᠯᠭᠡ ᠶᠢᠨ ᠳᠠᠯᠠᠢ ᠳᠤ ᠱᠣᠩᠪᠠᠵᠦ ᠪᠠᠶᠢᠯ᠎ᠠ᠃ ᠭᠡᠪᠡᠴᠦ ᠬᠡᠨᠡᠳᠲᠡ ᠶᠢᠨ ᠨᠢᠭᠡᠨ | ᠵᠣᠷᠪᠣᠰ ᠬᠤᠷᠴᠠ ᠨᠠᠷᠠᠨ ᠤ ᠭᠡᠷᠡᠯ ᠴᠣᠩᠬᠤ ᠪᠠᠷ ᠲᠣᠰᠴᠦ ᠨᠢᠳᠦ ᠶᠢ ᠮᠢᠨᠢ ᠭᠡᠷᠡᠯᠲᠦᠭᠦᠯᠵᠦ᠂ ᠪᠣᠳᠣᠯ ᠢ ᠮᠢᠨᠢ | ᠰᠠᠮᠠᠷᠠᠭᠤᠯᠵᠠᠢ᠃ | ᠨᠠᠷᠠᠨ ᠤ ᠭᠡᠷᠡᠯ ᠰᠠᠮᠪᠠᠷ᠎ᠠ ᠶᠢᠨ ᠳᠡᠷᠭᠡᠳᠡ ᠬᠢᠴᠢᠶᠡᠯ ᠢᠶᠠᠨ ᠠᠮᠲᠠᠷᠬᠠᠨ ᠲᠠᠶᠢᠯᠵᠦ ᠪᠠᠶᠢᠭ᠎ᠠ ᠪᠠᠭᠰᠢ ᠶᠢᠨ ᠮᠢᠨᠢ | ᠬᠠᠴᠠᠷ ᠳᠠᠭᠡᠷ᠎ᠡ ᠠᠰ ᠲᠣᠰᠣᠯ᠎ᠠ᠃ ᠬᠦᠭᠡᠷᠦᠬᠦᠢ︕ ᠬᠡᠮᠬᠡᠷᠬᠡᠢ ᠲᠠᠯᠠᠰᠲᠦ ᠦ ᠶᠢᠨ ᠪᠢᠷ ᠤᠨ ᠦᠷᠦᠪᠳᠡᠰᠦ | ᠪᠠᠭᠰᠢ ᠶᠢᠨ ᠮᠢᠨᠢ ᠠᠮᠠ ᠬᠠᠮᠠᠷ ᠢᠶᠠᠷ ᠣᠷᠣᠵᠦ ᠪᠠᠶᠢᠬᠤ ᠨᠢ ᠢᠪ ᠢᠯᠡᠬᠡᠨ᠃ ᠡᠨᠡᠬᠦ ᠪᠠᠶᠢᠳᠠᠯ ᠢ ᠬᠠᠷᠠᠭᠰᠠᠨ ᠪᠢ | ᠲᠠᠬᠢᠨ ᠪᠠᠭᠰᠢ ᠶᠢᠨ ᠢᠶᠠᠨ ᠶᠠᠷᠢᠬᠤ ᠶᠢ ᠰᠣᠨᠣᠰᠴᠦ ᠣᠷᠣᠬᠤ ᠪᠠᠨ ᠪᠣᠯᠢᠨ᠂ ᠨᠡᠯᠦᠭᠡᠷ ᠶᠡᠭᠡ ᠪᠣᠳᠣᠯ ᠤᠨ | ᠳᠠᠯᠠᠢ ᠳᠤ ᠪᠠᠨ ᠱᠣᠩᠪᠠᠯᠠ᠃ ᠪᠠᠭᠰᠢ ᠮᠢᠨᠢ ᠠᠵᠢᠯ ᠤᠨ ᠭᠠᠷᠤᠭ᠎ᠠ ᠪᠠᠨ ᠠᠪᠣᠭᠠᠳ ᠭᠤᠴᠢᠭᠠᠳ ᠵᠢᠯ ᠪᠣᠯᠴᠢᠬᠠᠵᠠᠢ᠃ | ᠡᠴᠢᠨᠡᠨ ᠵᠢᠯ ᠤᠨ ᠲᠣᠷᠰᠢ ᠬᠡᠴᠢᠨᠡᠨ ᠦ ᠶᠢᠨ ᠪᠢᠷ ᠤᠨ ᠦᠷᠦᠪᠳᠡᠰᠦ ᠵᠠᠯᠬᠢᠯᠠᠭᠰᠠᠨ ᠪᠣᠯ︖ ᠡᠷᠡᠬᠦᠯ | ᠮᠠᠬᠠᠪᠣᠳ ᠲᠤ ᠨᠢ ᠬᠡᠴᠢᠨᠡᠨ ᠰᠦᠷᠳᠡᠭᠦᠯᠦᠯ ᠦᠵᠡᠭᠦᠯᠦᠭᠰᠡᠨ ᠪᠢᠯᠡ︖ ᠁ ᠡᠳᠡᠭᠡᠷ ᠢ ᠪᠣᠳᠣᠬᠤ ᠲᠠᠢ ᠵᠡᠷᠭᠡ | ᠪᠠᠭᠰᠢ ᠪᠠᠨ ᠬᠠᠶᠢᠷᠠᠯᠠᠬᠤ ᠬᠦᠨᠳᠦᠳᠭᠡᠬᠦ ᠰᠡᠳᠬᠢᠯᠭᠡ ᠵᠢᠷᠦᠬᠡᠨ ᠤ ᠣᠭ ᠠᠴᠠ ᠮᠢᠨᠢ ᠣᠷᠬᠢᠯᠣᠯᠠ᠃ ᠬᠡᠪᠡᠴᠦ | ᠦᠡᠭᠭᠡᠷᠡᠭᠰᠡᠨ ᠤ ᠪᠠᠭᠰᠢ ᠶᠢᠨ ᠢᠶᠠᠨ ᠦᠭᠡ ᠶᠢ ᠵᠡᠬᠦᠨ ᠴᠢᠬᠢ ᠪᠠᠷ ᠢᠶᠠᠨ ᠣᠷᠣᠭᠤᠯᠪᠠᠯ ᠪᠠᠷᠠᠭᠤᠨ ᠴᠢᠬᠢ ᠪᠠᠷ ᠢᠶᠠᠨ | ᠭᠠᠷᠭᠠᠵᠦ ᠣᠬᠠᠭᠠᠨ ᠦᠭᠡᠢ ᠬᠡᠨᠡᠨ ᠶᠠᠪᠣᠭᠰᠠᠨ ᠮᠢᠨᠢ ᠨᠢᠭᠡ ᠨᠢᠭᠡ ᠪᠠᠷ ᠢᠶᠠᠨ ᠨᠢᠳᠦᠨ ᠳᠤ ᠮᠢᠨᠢ ᠲᠣᠳᠣᠷᠠᠯ᠎ᠠ᠃ | ᠳᠠᠩᠴᠣ ᠣᠬᠠᠭᠠᠨ ᠦᠭᠡᠢ ᠶᠠᠪᠣᠯ᠎ᠠ ᠪᠢ ᠴᠢᠨᠢ︕ ᠮᠦᠨ ᠴᠦ ᠡᠬᠦᠨ ᠤ ᠳᠠᠭᠠᠤ ᠳᠤ ᠡᠷᠳᠡᠮ ᠰᠣᠶᠣᠯ ᠢᠶᠠᠨ ᠰᠢᠮᠳᠠᠨ | ᠰᠣᠷᠣᠯᠴᠠᠵᠦ᠂ ᠪᠠᠭᠰᠢ ᠶᠢᠨ ᠢᠶᠠᠨ ᠶᠠᠷᠢᠶ᠎ᠠ ᠵᠢᠭᠠᠪᠣᠷᠢ ᠪᠠᠷ ᠣᠷᠣᠵᠦ᠂ ᠪᠠᠭᠰᠢ ᠪᠠᠨ ᠦᠷᠭᠦᠯᠵᠢ ᠪᠠᠶᠠᠷᠯᠠᠭᠤᠯᠵᠦ᠂ | ᠬᠤᠵᠢᠮ ᠲᠣᠮᠦ ᠪᠣᠯᠣᠭᠰᠠᠨ ᠤ ᠬᠤᠶᠢᠨ᠎ᠠ ᠪᠠᠭᠰᠢ ᠨᠠᠷ ᠲᠤ ᠪᠠᠨ ᠦ ᠶᠢᠨ ᠪᠢᠷ ᠬᠡᠷᠡᠭᠰᠡᠬᠦ ᠦᠭᠡᠢ ᠰᠠᠮᠪᠠᠷ᠎ᠠ ᠵᠣᠬᠢᠶᠠᠨ | ᠦᠭᠴᠦ ᠦ ᠶᠢᠨ ᠪᠢᠷ ᠤᠨ ᠳᠠᠯᠲᠠ ᠰᠦᠷᠳᠡᠬᠦᠯᠦᠯ ᠢ ᠠᠷᠢᠯᠭᠠᠨ᠎ᠠ ᠬᠡᠮᠡᠨ ᠰᠢᠳᠦ ᠵᠠᠭᠤᠨ ᠵᠣᠷᠢᠭ ᠰᠢᠢᠳᠦᠯ᠎ᠠ᠃ | ᠭᠡᠪᠡᠴᠦ ᠶᠠᠷᠦ ᠨᠢ ᠣᠭᠤᠰᠣᠷ ᠪᠦᠴᠡ ᠦᠭᠡᠢ ᠣᠷᠴᠢᠯᠠᠩ ᠤᠨ ᠣᠴᠢᠷ ᠶᠠᠪᠣᠳᠠᠯ ᠬᠡᠳᠡᠭ ᠴᠢᠨᠢ ᠰᠠᠨᠠᠭᠰᠠᠨ | ᠪᠦᠬᠦᠨ ᠰᠠᠨᠠᠭ᠎ᠠ ᠪᠠᠷ ᠮᠢᠨᠢ ᠪᠦᠲᠦᠵᠦ᠂ ᠪᠣᠳᠣᠭᠰᠠᠨ ᠪᠦᠬᠦᠨ ᠪᠣᠳᠣᠯᠭ᠎ᠠ ᠪᠠᠷ ᠮᠢᠨᠢ ᠪᠡᠶᠡᠯᠡᠭᠳᠡᠳᠡᠭ ᠦᠭᠡᠢ ᠶᠢ | ᠶᠠᠭᠠᠬᠢᠨ᠎ᠠ︖ ᠮᠠᠷᠭᠠᠰᠢ ᠶᠢᠨ ᠳᠡᠦᠬᠡᠨ ᠴᠠᠭ ᠪᠣᠯᠵᠦ ᠪᠠᠭᠰᠢ ᠮᠢᠨᠢ ᠬᠢᠴᠢᠶᠡᠯ ᠤᠨ ᠨᠣᠮ ᠢᠶᠠᠨ ᠰᠣᠭᠤᠪᠴᠢᠯᠠᠭᠰᠠᠭᠠᠷ | ᠣᠷᠣᠵᠦ ᠢᠷᠡᠯ᠎ᠠ᠃ ᠨᠢᠷᠦᠭᠤ ᠪᠦᠬᠦ᠋ᠢᠨ ᠰᠠᠮᠪᠠᠷ᠎ᠠ ᠶᠢᠨ ᠵᠡᠭᠦᠨᠲᠠᠢ ᠪᠠᠶᠢᠭ᠎ᠠ ᠰᠠᠨᠳᠠᠯᠢ ᠳᠠᠭᠡᠷ᠎ᠡ ᠰᠠᠭᠤᠬᠤ ᠭᠡᠳ | ᠰᠠᠨᠳᠠᠯᠢ ᠳᠡᠭᠡᠷ᠎ᠡ ᠨᠢᠭᠡ ᠬᠤᠣᠰ ᠢᠯᠡᠷᠬᠡᠢ ᠲᠣᠮᠣ ᠱᠠᠬᠠᠢ ᠶᠢᠨ ᠣᠷᠣᠮ ᠪᠠᠭᠰᠢ ᠶᠢᠨ ᠮᠢᠨᠢ ᠠᠭᠤᠷ ᠣᠮᠤᠭ ᠢ | ᠬᠦᠳᠡᠯᠭᠡᠯᠠ᠃ ᠪᠠᠭᠰᠢ ᠮᠢᠨᠢ ᠬᠦᠮᠦᠰᠭᠡ ᠪᠠᠨ ᠵᠠᠩᠬᠢᠳᠣᠨ᠂ ᠴᠢᠷᠠᠢ ᠪᠠᠨ ᠪᠠᠷᠦ᠋ᠢᠯᠭᠠᠨ᠄ ︽ᠰᠣᠷᠲᠠᠯ ᠦᠭᠡᠢ | ᠰᠠᠮᠵᠠ ᠤᠳ᠂ ᠰᠠᠨᠳᠠᠯᠢ ᠰᠢᠷᠡᠭᠡ ᠪᠠᠷ ᠬᠦᠶᠦᠯᠳᠦᠨ ᠠᠯᠢᠶᠠᠷᠬᠠᠳᠠᠭ ᠶᠤᠮ ᠤᠤ︖ ᠲᠠ ᠨᠠᠷ ᠳᠦᠴᠢᠨ ᠲᠠᠪᠣᠨ | ᠮᠢᠨᠦ᠋ᠲ ᠰᠠᠭᠤᠵᠦ ᠪᠣᠯᠬᠤ ᠳᠤ ᠪᠠᠭᠰᠢ ᠨᠢ ᠠᠳᠠᠭ ᠨᠢ ᠲᠠᠪᠣᠨ ᠮᠢᠨᠦ᠋ᠲ ᠰᠠᠭᠤᠵᠦ ᠪᠣᠯᠬᠤ ᠦᠭᠡᠢ ᠤᠤ︖ ᠲᠠᠨ ᠤ | ᠪᠣᠳᠣᠬᠤ ᠪᠠᠷ ᠪᠠᠭᠰᠢ ᠬᠦᠮᠦᠨ ᠵᠦᠪᠬᠡᠨ ᠵᠣᠭᠰᠣᠬᠤ ᠠᠯᠪᠠ ᠲᠠᠢ ᠠᠴᠠ ᠪᠢᠰᠢ᠂ ᠰᠠᠭᠤᠬᠤ ᠬᠤᠪᠢ ᠦᠭᠡᠢ ᠬᠡᠵᠦ ᠤᠤ | ︖︾ ᠬᠡᠮᠡᠨ ᠠᠭᠤᠷᠲᠠᠶᠢᠬᠠᠨ ᠵᠠᠩᠳᠤᠷᠤᠯ᠎ᠠ᠃ ᠳᠣᠣᠷ᠎ᠠ ᠰᠠᠭᠤᠭ᠎ᠠ ᠬᠡᠳᠦᠨ ᠡᠮᠡᠭᠲᠠᠢ ᠨᠦᠬᠦᠳ ᠮᠢᠨᠢ ︽ᠬᠡᠷᠡᠭ ᠤᠨ | ᠡᠵᠡᠨ ᠬᠡᠨᠭᠭᠡᠷᠭᠡ ᠶᠢᠨ ᠲᠣᠬᠢᠭᠤᠷ︾ ᠢᠶᠠᠨ ᠡᠯᠡᠭ ᠪᠠᠷᠢᠨ᠎ᠠ ᠁ ᠪᠠᠭᠰᠢ ᠮᠢᠨᠢ ᠬᠡᠳᠦ᠋ᠢᠪᠡᠷ ᠠᠭᠤᠷᠯᠠᠬᠤ ᠶᠢᠨ | ᠲᠦᠢᠯ ᠳᠤ ᠪᠠᠨ ᠬᠦᠷᠦᠭᠰᠡᠨ ᠪᠣᠯᠪᠠᠴᠦ ᠣᠣᠯ ᠶᠣᠰᠣᠭᠠᠷ ᠬᠢᠴᠢᠶᠡᠯ ᠢᠶᠠᠨ ᠣᠷᠣᠵᠦ᠂ ᠵᠢᠭᠠᠬᠤ ᠶᠣᠰᠣᠲᠠᠢ | ᠵᠦᠢᠯᠡᠰ ᠢᠶᠠᠨ ᠵᠢᠭᠠᠨ᠂ ᠪᠢᠳᠡᠨ ᠳᠤ ᠠᠷᠢᠭᠤᠨ ᠮᠡᠳᠡᠯᠭᠡ ᠪᠠᠨ ᠬᠠᠶᠢᠷᠠᠯᠠᠭᠰᠠᠨ ᠪᠢᠯᠡ᠃ | ᠪᠠᠭᠰᠢ ᠶᠢᠨ ᠮᠢᠨᠢ ᠠᠭᠤᠷᠯᠠᠭᠰᠠᠨ ᠳᠦᠷᠢ ᠣᠯᠠᠨ ᠡᠳᠦᠷ ᠰᠡᠳᠬᠢᠯ ᠵᠢᠷᠦᠬᠡᠨ ᠳᠤ ᠮᠢᠨᠢ ᠢᠯᠡᠷᠡᠵᠦ ᠪᠠᠭᠰᠢ ᠪᠠᠨ | ᠭᠤᠮᠣᠳᠠᠭᠠᠭᠰᠠᠨ ᠳᠤ ᠪᠠᠨ ᠪᠢ ᠭᠡᠮᠰᠢᠬᠦ ᠶᠢᠨ ᠶᠡᠭᠡ ᠪᠠᠷ ᠭᠡᠮᠰᠢᠯᠠ᠃ ᠦᠪᠡᠷ ᠤᠨ ᠦᠴᠦᠭᠡᠳᠦᠷᠭᠡᠨ ᠰᠠᠶ᠋ᠢ | ᠰᠢᠢᠳᠦᠭᠰᠡᠨ ᠵᠦᠢᠯᠡᠰ ᠢᠶᠠᠨ ᠪᠣᠳᠣᠬᠤ ᠳᠤ ᠶᠣᠰᠣᠲᠠᠢ ᠬᠡᠢ ᠬᠤᠭᠤᠰᠣᠨ ᠪᠣᠳᠣᠯ ᠲᠡᠳᠦᠢ ᠪᠠᠶᠢᠯ᠎ᠠ᠃ ᠪᠣᠳᠠᠲᠦ ᠠᠬᠤᠢ | ᠬᠢᠭᠡᠳ ᠪᠣᠳᠣᠯ ᠰᠡᠳᠬᠢᠯ ᠤᠨ ᠵᠦᠷᠢᠶ᠎ᠡ ᠬᠡᠵᠦ ᠡᠨᠡ ᠪᠢᠯᠢᠦ︖ ᠬᠡᠮᠡᠨ ᠪᠢ ᠦᠪᠡᠷ ᠤᠨ ᠪᠡᠶ᠎ᠡ ᠠᠴᠠ ᠪᠠᠨ ᠪᠠᠶᠢᠨ | ᠳᠠᠬᠢᠨ ᠠᠰᠠᠭᠤᠯ᠎ᠠ᠃ ᠦᠭᠡᠢ᠂ ᠲᠠᠶᠢᠮᠦ ᠪᠢᠰᠢ︕ ᠴᠢᠷᠮᠠᠶᠢᠯᠭ᠎ᠠ ᠬᠦᠮᠦᠨ ᠢ ᠭᠤᠮᠣᠳᠠᠭᠠᠳᠠᠭ ᠦᠭᠡᠢ᠂ ᠨᠢᠭᠡᠨ | ᠠᠰᠢᠭ ᠪᠠᠶᠢᠪᠠᠰᠣ᠂ ᠨᠢᠭᠡᠨ ᠭᠡᠮ ᠪᠣᠢ᠂ ᠨᠢᠭᠡᠨ ᠬᠦᠮᠦᠵᠢᠯ ᠠᠪᠠᠰᠣ ᠨᠢᠭᠡᠨ ᠴᠢᠷᠮᠠᠶᠢᠯᠭ᠎ᠠ ᠠᠮᠣᠢ ᠭᠡᠳᠡᠭ ᠢ ᠪᠢ | ᠰᠠᠨᠠᠵᠦ ᠣᠯᠣᠯ᠎ᠠ᠃ ᠲᠡᠭᠡᠭᠡᠳ ᠠᠩᠬᠢ ᠶᠢᠨ ᠨᠦᠬᠦᠳ ᠢᠶᠠᠨ ᠳᠠᠶᠢᠴᠢᠯᠠᠨ ᠪᠠᠭᠰᠢ ᠪᠠᠨ ᠪᠠᠶᠠᠷᠯᠠᠭᠤᠯᠬᠤ ᠬᠡᠮᠡᠨ | ᠪᠣᠲᠠᠲᠠᠢ ᠦᠢᠯᠡᠳᠦᠯᠭᠡ ᠠᠪᠣᠯ᠎ᠠ᠃ | ᠴᠠᠭ ᠮᠦᠴᠡ ᠬᠡᠵᠦ ᠬᠦᠯᠢᠶᠡᠬᠦ ᠳᠤ ᠪᠠᠨ ᠰᠠᠶ᠋ᠢ ᠣᠷᠲᠦ ᠰᠠᠨᠠᠭᠳᠠᠳᠠᠭ ᠭᠡᠳᠡᠭ ᠦᠨᠡᠨ ᠪᠠᠶᠢᠯ᠎ᠠ᠃ ᠬᠦᠰᠡᠨ | ᠬᠦᠰᠡᠭᠰᠡᠭᠡᠷ ᠳᠠᠷᠠᠭᠠᠴᠢ ᠶᠢᠨ ᠲᠡᠦᠬᠡᠨ ᠬᠢᠴᠢᠶᠡᠯ ᠮᠢᠨᠢ ᠬᠦᠷᠦᠬᠡᠳ ᠢᠷᠡᠯ᠎ᠠ᠃ ᠪᠠᠭᠰᠢ ᠮᠢᠨᠢ ᠮᠥᠨ ᠯᠡ ᠣᠭ ᠤᠨ | ᠴᠠᠭ ᠲᠤ ᠪᠠᠨ ᠬᠦᠷᠴᠦ ᠢᠷᠡᠯ᠎ᠠ᠃ ᠲᠡᠬᠦᠨ ᠤ ᠠᠩᠬᠠᠨ ᠤ ᠬᠠᠷᠠᠴᠠ ᠶᠢ ᠠᠷᠦ ᠰᠠᠮᠪᠠᠷ᠎ᠠ ᠶᠢᠨ ᠦᠡᠭᠭᠡ ᠢᠯᠭᠠᠷᠠᠭᠰᠠᠨ | ᠬᠡᠳᠦᠨ ᠮᠦᠷ ᠦᠰᠦᠭ ᠪᠣᠯᠢᠶᠠᠵᠦ ᠠᠪᠣᠯ᠎ᠠ᠃ ᠪᠠᠭᠰᠢ ᠮᠢᠨᠢ ᠭᠠᠯ ᠰᠢᠯ ᠢᠶᠠᠨ ᠬᠠᠷᠮᠠᠨ ᠠᠴᠠ ᠪᠠᠨ ᠭᠠᠷᠭᠠᠵᠦ᠄ ︽ | ᠴᠣᠬᠤᠮ ᠶᠠᠭᠤ ᠪᠣᠯᠣᠭᠰᠠᠨ ᠪᠣᠢ︖︾ ᠬᠡᠮᠡᠷ ᠨᠢᠮᠪᠠᠢ ᠠᠵᠢᠭᠯᠠᠯ᠎ᠠ᠃ | ︽ᠪᠠᠭᠰᠢ︾ ᠮᠢᠨᠢ ᠶᠡᠷᠦ ᠨᠢ ᠵᠣᠭᠰᠣᠳᠠᠭ᠃ ᠪᠠᠭᠰᠢ ᠶᠢᠨ ᠮᠢᠨᠢ ᠵᠣᠭᠰᠣᠭᠠᠯ ᠦᠷ ᠤᠨ ᠬᠡᠬᠡ ᠶᠢ ᠣᠭᠲᠦᠵᠦ | ᠪᠠᠶᠢᠭ᠎ᠠ ᠴᠡᠷᠢᠭ ᠡᠷ᠎ᠡ ᠠᠴᠠ ᠰᠦᠷᠲᠡᠢ᠂ ᠦᠰᠦᠨ ᠪᠤᠶᠢᠵᠢᠵᠦ ᠪᠠᠶᠢᠭ᠎ᠠ ᠮᠦᠡᠭᠬᠡ ᠶᠢᠨ ᠨᠠᠷᠠᠰᠣ ᠠᠴᠠ ᠵᠢᠪᠬᠤᠭ᠎ᠠ ᠲᠠᠢ᠃ | | ᠪᠠᠭᠰᠢ ᠶᠢᠨ ᠮᠢᠨᠢ ᠵᠣᠭᠰᠣᠭᠠᠯ ︽ᠲᠡᠷᠭᠡ ᠶᠢᠨ ᠵᠣᠭᠰᠣᠭᠠᠯ︾ ᠠᠴᠠ ᠢᠳᠡᠷᠡᠬᠦᠨ᠂ ᠲᠡᠮᠡᠭᠡᠨ ᠠᠶᠠᠨ ᠤ | ᠲᠦᠷᠦᠭᠦᠴᠢ ᠠᠴᠠ ᠪᠠᠲᠣᠲᠠᠢ ᠬᠡᠮᠡᠨ ᠪᠢᠳᠡ ᠪᠣᠳᠣᠳᠠᠭ ᠡ︕ | ᠪᠠᠭᠰᠢ ᠶᠢᠨ ᠢᠶᠠᠨ ᠵᠦᠳᠡᠷᠡᠯ ᠢ ᠰᠣᠷᠣᠭᠴᠢ ᠨᠢ ᠣᠶᠢᠯᠠᠭᠠᠳᠠᠭ ᠡ᠃ ᠲᠠ ᠮᠢᠨᠢ ᠰᠣᠷᠣᠭᠴᠢ ᠪᠠᠨ᠂ | ᠦᠢᠯᠡᠰ ᠢᠶᠠᠨ ᠬᠡᠳ ᠯᠠ ᠲᠦᠴᠢᠨ ᠲᠠᠪᠣᠨ ᠮᠢᠨᠦ᠋ᠲ ᠢ ᠬᠡᠳᠦᠨ ᠠᠷᠪᠠᠨ ᠵᠢᠯ ᠢᠶᠠᠷ ᠵᠣᠭᠰᠣᠯ᠎ᠠ᠃ ︽ᠬᠡᠷᠪᠠ ᠪᠢ | ᠰᠠᠭᠤᠪᠠᠯ ᠶᠢᠷᠲᠢᠨᠴᠦ ᠳᠡᠭᠡᠷ᠎ᠠ ᠨᠠᠷᠠ ᠰᠢᠬ ᠵᠣᠭᠰᠣᠬᠤ ᠠᠯᠪᠠ ᠲᠠᠢ ᠬᠦᠮᠦᠨ ᠨᠢᠭᠡ ᠳᠣᠲᠠᠭᠤ ᠪᠣᠯᠣᠨ᠎ᠠ︾ ᠬᠡᠮᠡᠨ ᠲᠠ | ᠮᠢᠨᠢ ᠬᠡᠯᠡᠵᠦ ᠦᠡᠭᠭᠡᠷᠡᠭᠰᠡᠨ᠃ | ᠪᠠᠭᠰᠢ ᠮᠢᠨᠢ ᠡ︕ ᠲᠠ ᠮᠢᠨᠢ ᠰᠣᠷᠣᠭᠴᠢ ᠶᠢᠨ ᠢᠶᠠᠨ ᠰᠠᠭᠤᠵᠦ ᠪᠠᠶᠢᠭ᠎ᠠ ᠴᠠᠭ ᠲᠤ ᠵᠣᠭᠰᠣᠨ᠂ | ᠰᠣᠷᠣᠭᠴᠢᠳ ᠢᠶᠠᠨ ᠪᠣᠰᠣᠭᠰᠠᠨ ᠤ ᠳᠠᠷᠠᠭ᠎ᠠ ᠰᠠᠶ᠋ᠢ ᠣᠯᠵᠦ ᠰᠠᠭᠤᠳᠠᠭ ᠡ᠃ ᠬᠡᠵᠢᠶ᠎ᠡ ᠨᠢᠭᠡᠨ ᠡᠳᠦᠷ ᠲᠠ ᠮᠢᠨᠢ | ᠲᠠᠬᠢᠨ ᠵᠣᠭᠰᠣᠵᠦ ᠴᠢᠳᠠᠬᠤ ᠦᠭᠡᠢ ᠪᠣᠯᠬᠤ ᠮᠠᠭᠠᠳ᠂ ᠭᠡᠪᠡᠴᠦ ᠲᠠᠨ ᠤ ᠰᠣᠷᠭᠠᠯ ᠬᠠᠶᠢᠷᠠᠯᠠᠯ ᠤᠨ ᠳᠣᠣᠷ᠎ᠠ | ᠲᠣᠷᠨᠢᠭᠰᠠᠨ ᠰᠣᠷᠣᠭᠴᠢᠳ ᠴᠢᠨᠢ ᠯᠠᠪ ᠨᠢᠭᠡ ᠰᠠᠭᠤᠷᠢ ᠰᠠᠭᠤᠷᠢ ᠠᠰᠣᠷᠣ ᠲᠣᠮᠣ ᠨᠠᠷᠠᠰᠦ ᠪᠣᠯᠵᠦ ᠰᠦᠨᠳᠡᠷᠯᠡᠨ᠂ | ᠬᠠᠮᠤᠭ ᠳᠡᠯᠡᠬᠡᠢ ᠶᠢ ᠬᠠᠪᠣᠷ ᠤᠨ ᠣᠷᠢ ᠪᠠᠷ ᠪᠢᠯᠬᠠᠭᠤᠯᠬᠤ ᠪᠣᠯᠣᠨ᠎ᠠ᠃ | ᠪᠠᠭᠰᠢ ᠮᠢᠨᠢ ᠡ᠂ ᠲᠠ ᠮᠢᠨᠢ ᠬᠡᠵᠢᠶᠡᠳᠡ ᠵᠣᠭᠰᠣᠳᠠᠭ᠃ ᠲᠠ ᠮᠢᠨᠢ ᠰᠣᠷᠣᠭᠴᠢ ᠶᠢᠨ ᠢᠶᠠᠨ ᠡᠮᠦᠨ᠎ᠠ᠂ | ᠰᠠᠮᠪᠠᠷ᠎ᠠ ᠶᠢᠨ ᠢᠶᠠᠨ ᠡᠮᠦᠨ᠎ᠡ ᠵᠣᠭᠰᠣᠳᠠᠭ ᠢᠶᠠᠷ ᠯᠡ ᠪᠠᠷᠠᠬᠤ ᠦᠭᠡᠢ᠂ ᠰᠣᠷᠣᠭᠴᠢ ᠨᠢᠭᠡ ᠪᠦᠷᠢ ᠶᠢᠨ ᠢᠶᠠᠨ | ᠰᠡᠳᠬᠢᠯ ᠤᠨ ᠬᠦᠨ᠎ᠠ᠂ ᠵᠢᠷᠦᠬᠡᠨ ᠤ ᠡᠴᠢᠨ᠎ᠠ ᠮᠦᠡᠭᠬᠡ ᠰᠦᠨᠳᠡᠷᠯᠡᠳᠡᠭ ᠶᠣᠮᠰᠠᠨ︕︾ | ᠡᠳᠡᠭᠡᠷ ᠢ ᠦᠵᠡᠵᠦ ᠪᠠᠭᠰᠢ ᠶᠢᠨ ᠮᠢᠨᠢ ᠬᠤᠣᠰ ᠮᠡᠯᠮᠡᠢ ᠳᠤ ᠨᠢ ᠪᠠᠶᠠᠷ ᠤᠨ ᠨᠢᠯᠪᠣᠰᠦ ᠮᠡᠯᠳᠡᠭᠡᠨᠡᠨ᠂ | ᠦᠷᠴᠢᠯᠡᠬᠡᠰᠦ ᠰᠠᠭᠤᠭᠰᠠᠨ ᠬᠠᠴᠠᠷ ᠠᠴᠠ ᠨᠢ ᠪᠠᠶᠠᠰᠣᠯ ᠤᠨ ᠮᠦᠰᠢᠶᠡᠯ ᠲᠣᠳᠣᠷᠠᠨ᠂ ᠵᠠᠯᠭᠠᠭ᠎ᠠ ᠪᠠᠷ ᠬᠤᠶᠠᠷ | ᠬᠢᠴᠢᠶᠡᠯ ᠣᠷᠣᠭᠰᠠᠨ ᠴᠦ ᠦᠯᠦ ᠶᠠᠳᠠᠷᠠᠬᠤ ᠮᠡᠲᠦ ᠰᠦᠷ ᠵᠢᠪᠬᠤᠭ᠎ᠠ ᠲᠠᠢ ᠪᠠᠶᠢᠯ᠎ᠠ᠃ ᠰᠠᠮᠪᠠᠷ᠎ᠠ ᠶᠢᠨ ᠬᠠᠵᠠᠭᠤᠳᠠᠬᠢ | ᠰᠠᠨᠳᠠᠯᠢ ᠶᠢ ᠬᠢᠯᠠᠯᠵᠠᠮ᠎ᠠ ᠰᠠᠶᠢᠬᠠᠨ ᠵᠦᠯᠬᠦᠴᠢᠬᠡᠯᠡ᠃ ᠪᠠᠭᠰᠢ ᠮᠢᠨᠢ ᠳᠡᠭᠡᠷ᠎ᠡ ᠨᠢ ᠲᠠᠯᠪᠢᠭᠠᠰᠣᠲᠠᠢ ᠵᠢᠵᠢᠭ ᠴᠠᠭᠠᠰᠣᠨ | ᠬᠠᠭᠤᠳᠠᠰᠦ ᠶᠢ ᠬᠦᠡᠭᠭᠡᠬᠡᠨ ᠰᠢᠭ ᠨᠡᠭᠡᠭᠡᠯᠠ᠃ ᠳᠡᠭᠡᠷ᠎ᠡ ᠨᠢ ᠬᠦᠨᠳᠦᠲᠦ ᠪᠠᠭᠰᠢ ᠮᠢᠨᠢ ᠡ᠂ ᠲᠠᠨ ᠳᠤ ᠪᠠᠨ ᠣᠰᠣᠯ | ᠬᠦᠯᠢᠶᠡᠶ᠎ᠡ᠃ ᠦᠴᠦᠭᠡᠳᠦᠷ ᠪᠢ ᠰᠠᠮᠪᠠᠷ᠎ᠠ ᠪᠠᠯᠠᠯᠠᠬᠤ ᠬᠡᠵᠦ ᠰᠠᠨᠳᠠᠯᠢ ᠳᠡᠭᠡᠷ᠎ᠡ ᠭᠠᠷᠣᠮᠠᠭᠴᠠ ᠬᠤᠨᠭ᠍ᠬᠤᠨ ᠳᠠᠭᠤᠨ | ᠳᠣᠣᠭᠠᠷᠴᠦ᠂ ᠵᠦᠯᠭᠦᠵᠦ ᠠᠮᠵᠢᠭᠰᠠᠨ ᠦᠭᠡᠢ ᠰᠠᠨᠳᠠᠯᠢ ᠪᠠᠨ ᠣᠭ ᠣᠷᠣᠨ ᠳᠤ ᠨᠢ ᠪᠣᠴᠠᠭᠠᠯᠠ᠃ ᠲᠠ ᠮᠢᠨᠢ ᠯᠠᠪ | ᠠᠭᠤᠷᠯᠠᠭᠰᠠᠨ ᠪᠢᠵᠠ᠂ ᠪᠣᠷᠣᠭᠤ ᠪᠣᠯᠣᠯ᠎ᠠ᠂ ᠪᠠᠭᠰᠢ ᠮᠢᠨᠢ᠃ | ᠡᠬᠦᠨᠡ᠄ ᠡᠬᠦᠷᠢᠳᠡ ᠲᠠᠨ ᠳᠤ ᠪᠠᠨ ᠬᠠᠶᠢᠷᠠᠲᠠᠢ ᠰᠣᠷᠣᠭᠴᠢ ᠠᠴᠠ ᠴᠢᠨᠢ︾ ᠬᠡᠵᠦ ᠪᠢᠴᠢᠵᠦ ᠪᠠᠶᠢᠯ᠎ᠠ᠃ | ᠪᠠᠭᠰᠢ ᠮᠢᠨᠢ ᠳᠡᠷᠭᠡᠳᠡ ᠮᠦᠰᠢᠶᠡᠯᠠ᠃ ᠲᠡᠷᠠ ᠮᠦᠰᠢᠶᠡᠯ ᠳᠤ ᠨᠢ ᠠᠭᠤᠷᠯᠠᠯ᠂ ᠬᠦᠯᠢᠴᠡᠯ᠂ ᠲᠠᠯᠠᠷᠬᠠᠯ | ᠠᠭᠤᠯᠵᠦ ᠪᠠᠶᠢᠬᠤ ᠨᠢ ᠢᠯᠡᠬᠡᠨ ᠪᠠᠶᠢᠯ᠎ᠠ᠃ ᠪᠢ ᠳᠠᠭᠤᠴᠢᠨ ᠪᠢᠰᠢ᠂ ᠬᠠᠨᠭ᠍ᠭᠢᠨᠠᠮ᠎ᠠ ᠢᠷᠠᠭᠤ ᠬᠤᠭᠤᠯᠠᠢ ᠪᠠᠷ ᠢᠶᠠᠨ | ᠪᠠᠭᠰᠢ ᠶᠢᠨ ᠢᠶᠠᠨ ᠠᠴᠢ ᠭᠠᠪᠢᠶ᠎ᠠ ᠶᠢ ᠳᠠᠭᠤᠯᠠᠵᠦ ᠴᠢᠳᠠᠬᠤ ᠦᠭᠡᠢ᠃ | ᠪᠢ ᠰᠢᠯᠦᠭᠴᠢᠨ ᠪᠢᠰᠢ᠂ ᠣᠷᠣᠰᠣᠮ᠎ᠠ ᠰᠠᠶᠢᠬᠠᠨ ᠬᠡᠯᠡ ᠬᠡᠯᠡᠯᠭᠡ ᠪᠠᠷ ᠢᠶᠠᠨ ᠪᠠᠭᠰᠢ ᠶᠢᠨ ᠢᠶᠠᠨ ᠰᠣᠷᠭᠠᠯ | ᠵᠠᠬᠢᠶ᠎ᠠ ᠶᠢ ᠣᠶᠠᠩᠭᠠᠯᠠᠵᠦ ᠴᠢᠳᠠᠬᠤ ᠦᠭᠡᠢ᠃ | ᠪᠢ ᠵᠦᠪᠬᠡᠨ ᠰᠡᠳᠬᠢᠯ ᠵᠢᠷᠦᠬᠡᠨ ᠤ ᠬᠠᠶᠢᠷ᠎ᠠ ᠶᠢᠨ ᠴᠣᠣᠷᠢᠶ᠎ᠠ ᠪᠠᠷ ᠢᠶᠠᠨ ᠪᠠᠭᠰᠢ ᠶᠢᠨ ᠢᠶᠠᠨ ᠲᠡᠨᠢᠭᠡᠷ ᠳᠠᠯᠠᠢ | ᠮᠡᠲᠦ ᠬᠠᠶᠢᠷ᠎ᠠ ᠬᠠᠯᠠᠮᠵᠢ ᠶᠢᠨ ᠲᠡᠷᠡ ᠬᠡᠳᠦᠬᠡᠨ ᠲᠣᠰᠣᠯ ᠢ ᠨᠢ ᠳᠦᠷᠰᠦᠯᠡᠵᠦ ᠴᠢᠳᠠᠳᠠᠭ ᠡ᠃ | ᠪᠠᠭᠰᠢ ᠡ᠂ ᠲᠠ ᠮᠢᠨᠢ ᠵᠦᠳᠡᠷᠡᠯ᠎ᠠ︕ | ᠰᠢᠭᠦᠳᠡᠷᠢ ᠶᠢᠨ ᠲᠣᠰᠣᠯ ᠢᠶᠠᠷ ᠴᠠᠢ ᠴᠢᠨᠠᠵᠦ᠂ ᠲᠠᠨ ᠳᠤ ᠪᠠᠨ ᠣᠣᠭᠤᠯᠭᠠᠭᠰᠠᠨ ᠴᠦ ᠪᠣᠯᠣᠭᠠᠰᠠᠢ᠃ | ᠰᠢᠯᠦᠭ ᠳᠠᠭᠤᠣ ᠶᠢᠨ ᠡᠭᠡᠰᠢᠭ ᠵᠣᠬᠢᠶᠠᠵᠦ᠂ ᠲᠠᠨ ᠳᠤ ᠪᠠᠨ ᠳᠠᠭᠤᠯᠠᠭᠰᠠᠨ ᠴᠦ ᠪᠣᠯᠣᠭᠠᠰᠠᠢ᠃ | ᠡᠷᠡᠬᠡᠢ ᠶᠢᠨ ᠴᠢᠨᠡᠭᠡ ᠰᠣᠷᠣᠭᠴᠢ ᠶᠢᠨ ᠢᠶᠠᠨ ᠡ᠊ᠨᠳᠡᠭᠦᠦ ᠪᠣᠷᠣᠭᠤ ᠶᠢ ᠦᠷᠦᠰᠢᠶᠡ᠂ | ᠨᠡᠨ ᠬᠤᠷᠣ ᠠ ᠳᠤ ᠰᠣᠷᠣᠭᠴᠢ ᠪᠢᠳᠡᠨ ᠢ ᠪᠠᠨ ᠰᠣᠷᠭᠠᠵᠦ ᠬᠠᠶᠢᠷᠠᠯᠠᠭᠰᠠᠨ ᠪᠠᠭᠰᠢ ᠮᠢᠨᠢ ᠲᠠ ᠬᠠᠨ | ᠳᠠᠯᠡᠬᠡᠢ ᠶᠢᠨ ᠬᠠᠮᠤᠭ ᠠᠴᠠ ᠬᠠᠶᠢᠷᠠᠯᠠᠯᠲᠠᠢ ᠬᠦᠮᠦᠨ ᠪᠢᠯᠡ︕ | ᠪᠠᠭᠰᠢ ᠮᠢᠨᠢ᠂ ᠪᠢ ᠲᠠᠨ ᠳᠤ ᠪᠠᠨ ᠬᠠᠶᠢᠷᠠᠲᠠᠢ︕ | ᠵᠤᠬᠢᠶᠠᠭᠴᠢ᠄ ᠲᠤᠯᠠᠭᠠᠨ ︵ᠲᠤᠮᠳᠠᠳᠣ ᠬᠤᠰᠢᠭᠤᠡ ᠤ ᠪᠠᠶᠠᠡᠬᠤᠰᠢᠭᠤ ᠲᠦᠷᠪᠡᠳᠤᠭᠡᠷ ᠲᠤᠮᠳᠠᠳᠣ ᠰᠤᠷᠭᠠᠭᠤᠯᠢ ᠶᠢᠨ | ᠶᠢᠰᠦ ᠶᠢᠨ ᠬᠤᠶᠠᠷ ︶ | ᠵᠢᠯᠤᠭᠤᠳᠤᠭᠰᠡᠡ ᠪᠠᠭᠰᠢ᠄ ᠪᠠᠢ ᠵᠢᠶᠧ ᠰᠢᠶᠤᠤ | |