| ᠡᠩᠭᠡ ᠲᠠᠯᠠᠭᠡᠢ ᠳᠤ ᠮᠠᠨᠳᠤᠯᠠᠬᠦ ᠳᠤ ᠬᠠᠮᠤᠭ ᠤᠨ ᠠᠩᠬ᠎ᠠ ᠪᠢᠳᠠᠨ ᠤ ᠨᠢᠳᠤᠨ ᠳᠤ ᠦᠵᠡᠭᠳᠡᠳᠡᠭ ᠨᠢ ᠡᠵᠢ ᠶᠢᠨ | ᠡᠨᠡᠷᠢᠩᠬᠦᠢ ᠮᠦᠰᠢᠶᠠᠳᠤ ᠶᠤᠮ᠃ ᠡᠵᠢ ᠮᠢᠨᠢ ᠦᠷ᠎ᠠ ᠪᠠᠨ ᠦᠰᠭᠡᠵᠤ ᠡᠷ᠎ᠠ ᠶᠢᠨ ᠴᠡᠭᠡᠯ ᠳᠤ ᠬᠦᠷᠭᠡᠬᠦ ᠭᠡᠰᠡᠨ | ᠡᠷᠡᠰᠭᠡᠨ ᠪᠤᠳᠤᠯ ᠡᠪᠤᠷᠯᠠᠵᠤ᠂ ᠡᠮᠵᠡᠭᠭᠡᠨ ᠬᠠᠶᠢᠷ᠎ᠠ ᠶᠢᠨ ᠪᠦᠪᠡᠢ ᠪᠠᠷ ᠢᠶᠠᠨ ᠦᠷ᠎ᠠ ᠪᠢᠳᠠᠨ ᠢ ᠪᠠᠨ ᠬᠦᠮᠦᠵᠢᠬᠦᠯᠵᠤ ᠯᠠ | ᠶᠠᠪᠤᠭᠰᠠᠨ᠃ ᠡᠵᠢ ᠭᠡᠬᠦ ᠠᠴᠠ ᠪᠢ ᠦᠪᠡᠷ ᠤᠨ ᠡᠷᠭᠡ ᠦᠭᠡᠢ ᠤᠨᠠᠭᠠᠨ ᠪᠠᠭ᠎ᠠ ᠨᠠᠰᠤᠨ ᠳᠤ ᠪᠠᠨ ᠲᠤᠮᠤᠭ᠎ᠠ ᠦᠭᠡᠢ | ᠠᠭᠠᠰᠢᠯᠠᠵᠤ ᠬᠠᠶᠢᠷᠠᠳᠤ ᠡᠵᠢ ᠶᠢ ᠪᠠᠨ ᠤᠯᠠᠨᠳᠠ ᠵᠤᠪᠠᠭᠠᠵᠤ ᠶᠠᠪᠤᠭᠰᠠᠨ ᠤᠴᠢᠷ ᠤᠳ ᠢᠶᠠᠨ ᠰᠠᠨᠠᠯ᠎ᠠ︕ ᠡᠵᠢ ᠮᠢᠨᠢ | ᠭᠡᠵᠤ ᠶᠠᠷᠤ ᠨᠢ ᠲᠦᠪ ᠴᠢᠩᠭ᠎ᠠ ᠴᠢᠷᠠᠶᠢᠯᠠᠳᠠᠭ ᠬᠦᠮᠦᠨ ᠪᠠᠶᠢᠳᠠᠭ ᠤᠨ ᠤᠴᠢᠷ ᠶᠤᠮ ᠤᠤ᠂ ᠪᠤᠤ ᠮᠠᠳᠠ⁈ ᠪᠠᠭ᠎ᠠ | ᠰᠤᠷᠭᠠᠭᠤᠯᠢ ᠶᠢᠨ ᠵᠢᠷᠭᠤᠭᠠᠨ ᠵᠢᠯ ᠤᠨ ᠬᠤᠭᠤᠴᠠᠭᠠᠨ ᠳᠤ ᠨᠠᠳᠠ ᠶᠢ ᠶᠠᠷᠤ ᠠᠴᠠ ᠪᠤᠰᠤᠳ ᠤᠨ ᠡᠵᠢ ᠰᠢᠭ | ᠡᠷᠭᠡᠯᠡᠬᠦᠯᠦᠨ ᠪᠦᠪᠠᠶᠢᠯᠠᠵᠤ ᠦᠵᠡᠭᠡ ᠦᠭᠡᠢ ᠰᠢᠭ ᠯᠠ ᠰᠠᠨᠠᠭᠳᠠᠵᠤ ᠪᠠᠶᠢᠭᠰᠠᠨ ᠠᠴᠠ ᠡᠵᠢ ᠶᠢᠨ ᠬᠠᠶᠢᠷ᠎ᠠ ᠶᠢᠨ | ᠡᠴᠢᠨ᠎ᠠ ᠬᠦᠨ ᠢ ᠨᠢ ᠶᠠᠷᠤ ᠠᠴᠠ ᠲᠡᠭᠡᠵᠤ ᠶᠡᠭᠡ ᠤᠬᠠᠵᠤ ᠶᠠᠪᠤᠭᠰᠠᠨ ᠦᠭᠡᠢ ᠰᠢᠭ ᠯᠠ ᠪᠤᠳᠤᠭᠳᠠᠵᠤ ᠶᠠᠪᠤᠭᠰᠠᠨ︕ | ᠬᠠᠷᠢᠨ ᠲᠤᠮᠳᠠᠳᠤ ᠰᠤᠷᠭᠠᠭᠤᠯᠢ ᠳᠤ ᠤᠷᠤᠭᠰᠠᠨ ᠠᠴᠠ ᠨᠠᠰᠢ ︽ᠬᠠᠷ᠎ᠠ︾ ᠭᠡᠬᠦ ᠦᠭᠡ ᠶᠢᠨ ᠤᠳᠬ᠎ᠠ ᠶᠢ | ᠰᠡᠳᠬᠢᠯ ᠢᠶᠠᠷ ᠢᠶᠠᠨ ᠮᠡᠳᠡᠷᠡᠵᠤ ᠵᠢᠷᠤᠭᠡ ᠪᠠᠷ ᠢᠶᠠᠨ ᠤᠢᠢᠯᠠᠭᠠᠬᠤ ᠪᠤᠯᠤᠯ᠎ᠠ᠃ | ᠪᠠᠭ᠎ᠠ ᠰᠤᠷᠭᠠᠭᠤᠯᠢ ᠳᠤ ᠰᠤᠷᠤᠯᠴᠠᠵᠤ ᠪᠠᠶᠢᠬᠤ ᠳᠤ ᠪᠠᠨ ᠪᠢ ᠠᠪᠠᠭ᠎ᠠ ᠡᠵᠢ ᠶᠢᠨ ᠬᠢᠨ ᠳᠤ ᠰᠠᠭᠤᠵᠤ | ᠰᠤᠷᠤᠯᠴᠠᠵᠤ ᠪᠠᠶᠢᠭᠰᠠᠨ ᠪᠤᠯᠬᠤᠷ ᠠᠪᠠᠭ᠎ᠠ ᠶᠢᠨ ᠬᠦᠤ ᠲᠠᠢ ᠬᠤᠶᠠᠭᠤᠯᠠ ᠶᠤᠰᠤᠳᠠᠢ ᠰᠠᠶᠢᠨ ᠢᠳᠡᠵᠤ ᠰᠠᠶᠢᠨ ᠢ | ᠤᠤᠭᠤᠵᠤ᠂ ᠲᠡᠭᠡᠷ᠎ᠠ ᠪᠠᠨ ᠬᠠᠭᠠᠨ ᠦᠭᠡᠢ ᠲᠠᠷᠭᠡᠳᠠ ᠪᠠᠨ ᠵᠠᠷᠤᠳᠠᠰᠤ ᠦᠭᠡᠢ ᠡᠷᠭᠡ ᠲᠠᠩᠬᠢ ᠦᠰᠴᠤ ᠶᠠᠪᠤᠭᠰᠠᠨ | ᠪᠢᠯᠠ᠃ ᠭᠡᠳᠡᠯ᠎ᠠ ᠡᠨᠡᠬᠦ ᠰᠠᠶᠢᠬᠠᠨ ᠡᠳᠤᠷ ᠬᠤᠨᠤᠭ ᠤᠳ ᠮᠢᠨᠢ ᠠᠮᠠᠷᠠᠯᠳᠠ ᠪᠠᠷ ᠭᠡᠷ ᠲᠤ ᠪᠠᠨ ᠬᠠᠷᠢᠭᠰᠠᠭᠠᠷ ᠬᠠᠷᠢᠨ | ︽ᠵᠢᠷᠭᠠᠬᠤ ᠶᠢᠨ ᠦᠵᠦᠬᠦᠷ ᠵᠤᠪᠠᠯᠠᠩ︾ ᠪᠤᠯᠵᠤ᠂ ᠡᠵᠢ ᠮᠢᠨᠢ ᠨᠠᠳᠠ ᠶᠢ ᠶᠠᠷᠤ ᠨᠢ ᠪᠠᠶ᠎ᠠ ᠠᠮᠤᠷ ᠰᠠᠭᠤᠯᠭᠠᠬᠤ | ᠦᠭᠡᠢ᠂ ᠡᠳᠤᠷᠵᠢᠨ ᠡᠨᠡ ᠲᠠᠷᠠ ᠭᠡᠳ ᠭᠠᠷ ᠦᠵᠦᠬᠦᠷ ᠢᠶᠠᠨ ᠵᠠᠷᠤᠭᠠᠳ ᠡᠭᠳᠡᠬᠦᠤ ᠶᠢ ᠬᠦᠷᠭᠡᠳᠡᠭ ᠪᠠᠶᠢᠭᠰᠠᠨ ᠶᠤᠮ᠃ | ᠨᠢᠭᠡᠨ ᠦᠷᠯᠦᠭᠡ ᠨᠠᠮ᠎ᠠ ᠶᠢ ᠲᠤᠭ ᠨᠦᠢᠷ ᠲᠤ ᠪᠠᠨ ᠮᠠᠩᠰᠢᠭᠤᠷᠠᠵᠤ ᠪᠠᠶᠢᠳᠠᠯ᠎ᠠ ᠭᠡᠨᠡᠳᠳᠡ ︽ᠨᠠᠷᠠ ᠦᠨᠳᠤᠷ | ᠪᠤᠯᠴᠢᠬᠠᠯ᠎ᠠ᠂ ᠬᠤᠷᠳᠤᠨ ᠪᠤᠰ︕ ᠬᠤᠶᠠᠭᠤᠯᠠ ᠭᠠᠳᠠᠨ᠎ᠠ ᠠᠷᠭᠠᠯ ᠤᠪᠤᠭᠠᠯᠠᠬᠤ ᠪᠠᠷ ᠭᠠᠷᠤᠶ᠎ᠠ︕︾ ᠭᠡᠰᠡᠨ | ᠡᠵᠢ ᠶᠢᠨ ᠴᠢᠬᠢ ᠶᠢ ᠴᠢᠩᠬᠢᠨᠠᠬᠦᠯᠦᠮᠠ ᠨᠠᠷᠢᠬᠠᠨ ᠦᠨᠳᠤᠷ ᠲᠠᠭᠤᠨ ᠲᠤᠭᠤᠯᠳᠠᠬᠤ ᠪᠠᠷ ᠰᠤᠴᠢᠬᠤ ᠳᠤ ᠪᠠᠨ ᠪᠢ | ᠤᠨᠳᠠᠭᠰᠠᠨ ᠨᠦᠢᠷ ᠠᠴᠠ ᠪᠠᠨ ᠬᠤᠪᠬᠤ ᠦᠰᠦᠷᠤᠨ ᠪᠤᠰᠪᠠ᠃ ᠡᠨᠡ ᠪᠤᠯ ᠡᠵᠢ ᠶᠢᠨ ᠮᠢᠨᠢ ᠦᠪᠡᠷᠮᠢᠴᠡ ᠵᠠᠩ | ᠠᠭᠠᠯᠢ᠃ ᠦᠷᠯᠦᠭᠡ ᠪᠤᠯᠭᠠᠨ ᠡᠨᠡᠬᠦ ᠲᠠᠭᠤᠨ ᠳᠤ ᠬᠤᠪᠬᠤ ᠦᠰᠦᠷᠤᠨ ᠪᠤᠰᠳᠠᠭ ᠪᠢ ᠡᠨᠡ ᠤᠳᠠᠭ᠎ᠠ ᠬᠠᠷᠢᠨ | ᠲᠠᠰᠴᠤ ᠲᠠᠶᠢᠯᠦᠭᠡ ᠦᠭᠡᠢ᠂ ᠠᠭᠤᠷᠯᠠᠵᠤ ᠪᠡᠭᠳᠡᠷᠡᠭᠰᠡᠨ ᠲᠠᠭᠤᠨ ᠢᠶᠠᠷ᠄ ︽ᠡᠳᠤᠷᠵᠢᠨ ᠨᠠᠳᠠ ᠶᠢ ᠵᠠᠩᠨᠠᠭᠠᠳ | ᠶᠠᠳᠠᠷᠠᠵᠤ ᠦᠭᠡᠢ ᠤᠤ︖ ᠪᠢ ᠴᠤ ᠮᠦᠨ ᠲᠤᠩ ᠶᠠᠳᠠᠷᠠᠵᠤ ᠪᠠᠶᠢᠭ᠎ᠠ ᠰᠢᠤ︕ ᠡᠵᠢ ᠡ᠂ ᠪᠠᠭ᠋ᠠᠨ ᠤᠨᠳᠠᠭᠠᠳ | ᠪᠤᠰᠬᠤ ᠳᠤ ᠶᠠᠭᠠᠬᠢᠳᠠᠭ ᠶᠤᠮ︖ ᠦᠨᠡᠭᠡᠷ ᠴᠢᠬᠢᠨ ᠤ ᠴᠢᠬᠢᠷᠠ ᠡ ᠁︾ ᠭᠡᠵᠤ ᠭᠡᠳᠡᠷᠬᠦᠯᠡᠪᠡ᠃ ᠮᠢᠨᠤ | ᠭᠡᠨᠡᠳᠳᠠ ᠶᠢᠨ ᠡᠨᠡᠬᠦ ᠢᠯᠠᠷᠠᠯ ᠳᠤ ᠡᠵᠢ ᠮᠢᠨᠢ ᠮᠠᠰᠢ ᠰᠤᠴᠢᠵᠤ᠄ ︽ᠦᠭᠡᠢ᠂ ᠡᠨᠡ ᠭᠡᠤᠭᠡᠨ᠂ ᠦᠨᠡᠭᠡᠷ ᠵᠦᠭ | ᠲᠤᠮᠤᠭ᠎ᠠ ᠦᠭᠡᠢ ᠠᠭᠠᠰᠢᠯᠠᠵᠤ ᠪᠠᠶᠢᠬᠤ ᠨᠢ ᠡ︕ ᠪᠠᠰᠠ ᠢᠩᠬᠢᠵᠤ ᠶᠠᠷᠰᠢᠭᠯᠠᠵᠤ ᠭᠡᠳᠡᠷᠬᠦᠯᠠᠬᠦ ᠪᠤᠯᠵᠤ ᠪᠠᠶᠢᠭ᠎ᠠ ᠤᠤ | ︖︾ ᠭᠡᠵᠤ ᠵᠢᠮᠠᠯᠠᠬᠦ ᠳᠤ᠂ ᠪᠢ᠄ ︽ᠲᠠ ᠲᠠᠬᠢᠵᠤ ᠲᠠᠬᠢᠨ ᠲᠠᠪᠳᠠᠨ ᠨᠤᠷᠱᠤᠬᠤ ᠪᠠᠨ ᠪᠠᠶᠢᠴᠢᠬ᠎ᠠ︕ | ᠪᠤᠰᠤᠭᠰᠠᠨ ᠰᠢᠳᠠ︕︾ ᠭᠡᠵᠤ ᠲᠦᠳᠤᠨᠡᠭᠡᠳ ᠡᠬᠦᠳᠠ ᠰᠠᠪᠠᠨ ᠭᠠᠷᠴᠤ ᠤᠳᠪᠠ᠃ ᠲᠠᠭᠡᠭᠡᠳ ᠵᠢᠵᠢᠭ | ᠲᠠᠷᠭᠡ ᠪᠠᠨ ᠲᠦᠷᠴᠢᠬᠢᠨᠡᠳᠠᠯᠠ ᠴᠢᠷᠴᠤ ᠠᠷᠭᠠᠯ ᠤᠪᠤᠭᠠᠯᠠᠬᠤ ᠪᠠᠷ ᠶᠠᠪᠤᠵᠤ ᠪᠠᠶᠢᠳᠠᠯ᠎ᠠ᠂ ᠠᠪᠤ ᠬᠤᠶᠢᠨ᠎ᠠ ᠠᠴᠠ | ᠢᠷᠡᠵᠤ᠄ ︽ᠡᠵᠢ ᠴᠢᠨᠢ ᠴᠢᠮ᠎ᠠ ᠶᠢ ᠭᠠᠷᠴᠤ ᠢᠷᠡᠭᠰᠡᠨ ᠤ ᠬᠤᠶᠢᠨ᠎ᠠ ᠶᠠᠭᠤ ᠪᠤᠳᠤᠭᠰᠠᠨ ᠢ ᠪᠤᠤ ᠮᠡᠳᠠ᠂ | ᠲᠤᠭᠤᠭᠠᠨ ᠭᠡᠷ ᠲᠤ ᠪᠠᠨ ᠮᠤᠩᠭᠠᠨᠢᠵᠤ ᠪᠠᠶᠢᠭᠰᠠᠭᠠᠷ ᠬᠤᠷᠤᠭᠤ ᠪᠠᠨ ᠬᠢᠳᠤᠭ᠎ᠠ ᠶᠢᠨ ᠢᠷ ᠲᠤ ᠢᠰᠭᠡᠪᠡ᠂ ᠤᠪᠤᠭ᠎ᠠ | ᠴᠢᠰᠤ ᠭᠠᠷᠤᠭᠰᠠᠨ᠂ ᠦᠨᠤ ᠡᠮᠨᠡᠯᠭᠡ ᠳᠤ ᠶᠠᠪᠤᠭᠠᠳ ᠪᠠᠶᠢᠨ᠎ᠠ︾ ᠭᠡᠵᠤ ᠶᠠᠷᠢᠬᠤ ᠳᠤ᠂ ᠪᠢ ᠨᠢᠭᠡᠮᠤᠰᠤᠨ | ᠰᠠᠨᠳᠤᠷᠴᠤ᠂ ᠴᠢᠷᠦᠭᠰᠡᠨ ᠲᠠᠷᠭᠡ ᠪᠠᠨ ᠬᠠᠶᠠᠮᠠᠭᠴᠠ ᠬᠠᠷ᠎ᠠ ᠬᠤᠷᠳᠤ ᠪᠠᠷ ᠡᠮᠨᠡᠯᠭᠡ ᠤᠷᠤᠭᠤ ᠲᠠᠪᠬᠢᠯ᠎ᠠ᠃ ᠠᠵᠠ ᠪᠠᠷ | ᠡᠵᠢ ᠶᠢᠨ ᠬᠤᠷᠤᠭᠤ ᠠᠷᠠᠢ ᠲᠠᠰᠤ ᠭᠡᠷᠴᠢᠭᠳᠡᠭᠰᠡᠨ ᠦᠭᠡᠢ ᠪᠠᠶᠢᠬᠤᠯᠠᠷ ᠲᠤᠳᠤᠷ᠎ᠠ ᠪᠠᠭ᠋ᠠᠨ ᠠᠭᠤᠵᠢᠷᠠᠵᠤ | ᠬᠦᠵᠦᠬᠦᠳᠠᠨ ᠠᠪᠤᠮᠠᠭᠴᠠ ᠡᠭᠡᠷ ᠲᠠᠳᠠᠨ ᠤᠬᠢᠯᠠᠪᠠ᠃ | ᠤᠨᠠᠭᠠᠨ ᠪᠠᠭ᠎ᠠ ᠨᠠᠰᠤᠨ ᠤ ᠲᠤᠷᠠᠳᠬᠠᠯ ᠳᠤ ᠡᠵᠢ ᠶᠢ ᠪᠠᠨ ᠪᠢ ᠢᠩᠬᠢᠵᠤ ᠨᠢᠭᠡ ᠪᠢᠰᠢ ᠤᠯᠠᠨ ᠤᠳᠠᠭ᠎ᠠ | ᠵᠤᠪᠠᠭᠠᠵᠤ ᠶᠠᠪᠤᠭᠰᠠᠨ ᠳ᠋ᠠ︕ ᠠᠢ᠂ ᠪᠤᠷᠬᠠᠨ ᠡᠵᠢ ᠳᠤ ᠪᠠᠨ ᠪᠢ ᠬᠠᠶᠢᠷᠠᠳᠠᠢ︕ ᠡᠵᠢ ᠶᠢᠨ ᠢᠶᠠᠨ ᠪᠠᠶ᠎ᠠ | ᠲᠡᠭᠡᠷ᠎ᠠ ᠠᠴᠠ ᠪᠢ ᠡᠭᠡᠯ ᠵᠢᠷ ᠤᠨ ᠪᠤᠯᠪᠠᠴᠤ ᠠᠭᠤᠤ ᠶᠡᠭᠡ ᠮᠠᠯᠴᠢᠨ ᠬᠦᠮᠦᠨ ᠤ ᠦᠨᠢᠳᠠ ᠶᠢᠨ ᠲᠠᠪᠴᠢᠶᠠᠷᠢ ᠶᠢ | ᠤᠯᠵᠤ ᠬᠠᠷᠠᠭᠰᠠᠨ ᠁ | ᠡᠵᠢ ᠮᠢᠨᠢ᠂ ᠲᠠ ᠪᠤᠯ ᠮᠢᠨᠤ ᠰᠠᠳᠬᠢᠯ ᠳᠠᠬᠢ ᠮᠦᠩᠭᠡ ᠶᠢᠨ ᠰᠢᠳᠤᠭᠡᠨ ᠡ︕ | ᠵᠤᠬᠢᠶᠠᠭᠴᠢ᠄ ᠰᠠᠴᠤᠷᠠᠩᠭᠤᠢ ︵ᠤᠯᠠᠭᠠᠨᠮᠤᠳᠤ ᠲᠤᠮᠳᠠᠳᠤ ᠰᠤᠷᠭᠠᠭᠤᠯᠢ︶ | ᠵᠢᠯᠤᠭᠤᠳᠤᠭᠰᠠᠨ ᠪᠠᠭᠰᠢ᠄ ᠪᠠᠢ ᠺᠠᠢ ᠬᠤᠸᠠ | |