ᠡᠵᠢ ᠬᠦᠮᠦᠨ ᠪᠤᠯ ᠡᠷᠦᠭᠡ ᠭᠡᠷ ᠤᠨ ᠢᠶᠠᠨ ᠲᠤᠯᠭᠠᠭᠤᠷᠢ᠂ ᠦᠷ᠎ᠠ ᠭᠡᠤᠭᠡᠳ ᠤᠨ ᠢᠶᠠᠨ ᠬᠠᠯᠬᠠᠭ᠎ᠠ ᠶᠤᠮ᠃ ᠡᠵᠢ | ᠬᠦᠮᠦᠨ ᠤ ᠰᠠᠳᠬᠢᠯ ᠦᠷ᠎ᠠ ᠳᠤ ᠪᠠᠨ ᠲᠠᠮᠠᠤᠯᠵᠤ᠂ ᠦᠷ᠎ᠠ ᠳᠤ ᠪᠠᠨ ᠤᠶᠠᠷᠠᠵᠤ ᠪᠠᠶᠢᠳᠠᠭ᠃ ᠡᠵᠢ ᠬᠦᠮᠦᠨ ᠤ | ᠰᠠᠳᠬᠢᠯ ᠭᠡᠵᠤ ᠡᠭᠡᠷᠡᠮ᠎ᠠ ᠲᠠᠯ᠎ᠠ ᠰᠢᠬ ᠠᠭᠤᠵᠢᠮ ᠠᠭᠠᠳ ᠡᠭᠡᠯᠢᠳᠤ ᠨᠠᠷᠠᠨ ᠠᠴᠠ ᠴᠤ ᠢᠯᠴᠢᠳᠠᠢ ᠶᠤᠮ᠃ | ᠡᠶᠢᠮᠤ ᠠᠴᠠ ᠪᠢ ᠡᠵᠢ ᠪᠠᠨ ᠬᠠᠶᠢᠷᠠᠯᠠᠨ᠎ᠠ᠂ ᠡᠵᠢ ᠬᠦᠮᠦᠨ ᠤ ᠰᠠᠳᠬᠢᠯ ᠢ ᠤᠶᠠᠩᠭᠠᠯᠠᠨ ᠰᠢᠯᠦᠭᠯᠡᠨᠠ᠃ | ᠰᠤᠷᠭᠠᠭᠤᠯᠢ ᠰᠤᠶᠤᠯ ᠤᠨ ᠠᠮᠢᠳᠤᠷᠠᠯ ᠮᠢᠨᠢ ᠨᠠᠷᠠ ᠲᠠᠢ ᠬᠠᠮᠳᠤ ᠤᠷᠤᠯᠳᠤᠨ ᠶᠠᠪᠤᠭᠳᠠᠵᠤ᠂ ᠦᠵᠠᠵᠤ | ᠪᠠᠶᠢᠳᠠᠯ᠎ᠠ ᠬᠤᠭᠤᠴᠠᠭᠠᠨ ᠲᠤᠮᠳᠠᠬᠢ ᠰᠢᠯᠭᠠᠯᠳᠠ ᠪᠤᠯᠴᠢᠬᠠᠯ᠎ᠠ᠃ ᠭᠠᠶᠢᠭᠤᠢ ᠰᠢᠬ ᠲᠠᠪᠳᠠᠵᠤ ᠵᠦᠭᠡᠷ ᠰᠢᠭ | ᠰᠢᠯᠭᠠᠭᠰᠠᠨ ᠪᠢ ᠰᠠᠳᠬᠢᠯ ᠬᠦᠭᠰᠡᠵᠤ ᠰᠢᠯᠭᠠᠯᠳᠠ ᠶᠢᠨ ᠲᠠᠷᠠᠭᠠᠬᠢ ᠬᠤᠶᠠᠷ ᠡᠳᠤᠷ ᠤᠨ ᠠᠮᠠᠷᠠᠯᠳᠠ ᠪᠠᠷ | ᠡᠵᠢ ᠳᠤ ᠪᠠᠨ ᠵᠤᠯᠭᠠᠬᠤ ᠪᠠᠷ ᠠᠶᠠᠨᠴᠢᠳ ᠤᠨ ᠮᠠᠰᠢᠨ ᠲᠠᠷᠭᠡᠨ ᠳᠤ ᠰᠠᠭᠤᠵᠤ ᠭᠡᠷ ᠢᠶᠠᠨ ᠴᠢᠭᠯᠡᠭᠰᠡᠨ ᠶᠤᠮ᠃ | ᠠᠶᠢᠯ ᠤᠨ ᠤᠢᠢᠷᠠᠯᠴᠠᠭ᠎ᠠ ᠬᠦᠷᠦᠭᠡᠳ ᠪᠢ ᠲᠠᠷᠭᠡᠨ ᠠᠴᠠ ᠪᠠᠭᠤᠵᠤ᠂ ᠴᠡᠴᠡᠭ ᠨᠠᠪᠴᠢ ᠠᠯᠠᠭᠯᠠᠭᠰᠠᠨ ᠬᠦᠳᠡᠭᠡ | ᠲᠠᠯ᠎ᠠ ᠶᠢᠨ ᠲᠤᠮᠳᠠᠭᠤᠷ ᠠᠯᠠᠭ ᠡᠷᠢᠶᠠᠨ ᠡᠷᠪᠡᠭᠡᠢ ᠰᠢᠬ ᠠᠯᠢᠶᠠᠯᠠᠨ ᠲᠡᠷᠪᠡᠭᠰᠡᠭᠡᠷ ᠭᠡᠷ ᠲᠤ ᠪᠠᠨ ᠬᠦᠷᠦᠯ᠎ᠠ᠃ ᠡᠵᠢ | ᠮᠢᠨᠢ ᠬᠦᠷᠢᠶᠠᠨ ᠳᠤ ᠪᠠᠨ ᠠᠵᠢᠯ ᠬᠢᠵᠤ ᠮᠤᠩᠭᠠᠨᠢᠵᠤ ᠪᠠᠶᠢᠯ᠎ᠠ᠃ ᠪᠢ ᠬᠠᠶᠢᠷᠠᠳᠤ ᠡᠵᠢ ᠪᠠᠨ ᠰᠠᠨᠠᠭᠰᠠᠨ | ᠰᠠᠳᠬᠢᠯ ᠢᠶᠠᠨ ᠲᠠᠷᠤᠵᠤ ᠶᠠᠳᠠᠨ ᠦᠭᠡᠳᠡ ᠠᠴᠠ ᠨᠢ ᠬᠦᠯ ᠬᠦᠩᠭᠡᠨ ᠬᠦᠶᠤᠵᠤ ᠤᠴᠢᠭᠠᠳ᠄ ︽ᠡᠵᠢ ᠡ᠂ ᠰᠠᠶᠢᠨ | ᠰᠠᠭᠤᠵᠤ ᠪᠠᠶᠢᠪᠠ ᠤᠤ︖︾ ᠭᠡᠵᠤ ᠮᠠᠨᠳᠤᠴᠢᠯᠠᠨ ᠠᠰᠠᠭᠤᠬᠤ ᠳᠤ᠂ ᠡᠯᠢᠭᠡ ᠬᠠᠯᠠᠭᠤᠨ ᠡᠵᠢ ᠮᠢᠨᠢ ᠦᠷ᠎ᠠ | ᠨᠠᠮ᠎ᠠ ᠪᠠᠨ ᠡᠭᠡ ᠬᠦᠮᠦᠨ ᠳᠤ ᠯᠠ ᠪᠠᠶᠢᠳᠠᠭ ᠡᠩᠬᠦᠷᠠᠢ ᠲᠤᠯᠠᠭᠠᠨ ᠬᠠᠷᠠᠴᠠ ᠪᠠᠷ ᠡᠨᠡᠷᠢᠨ ᠰᠢᠷᠳᠠᠵᠤ᠄ ︽ᠮᠠᠭᠤ | ᠭᠡᠤᠭᠡᠨ ᠮᠢᠨᠢ ᠬᠦᠷᠦᠭᠡᠳ ᠢᠷᠡᠴᠢᠭᠡᠯᠠ ᠳ᠋ᠠ᠂ ᠵᠢᠭᠠᠬᠠᠨ ᠮᠠᠭᠤᠳᠠᠴᠢᠬᠠᠭᠰᠠᠨ ᠪᠠᠶᠢᠨ᠎ᠠ ᠰᠢᠤ︾ ᠭᠡᠵᠤ | ᠦᠷᠦᠴᠡᠨ ᠳᠤ ᠪᠠᠨ ᠴᠢᠩᠭ᠎ᠠ ᠲᠡᠪᠡᠷᠢᠵᠤ᠂ ᠡᠪᠡᠷᠰᠢᠭᠰᠡᠨ ᠬᠠᠳᠠᠭᠤ ᠭᠠᠷ ᠢᠶᠠᠷ ᠢᠶᠠᠨ ᠦᠰᠤ ᠭᠡᠵᠢᠭᠡ ᠶᠢ ᠮᠢᠨᠢ | ᠢᠯᠢᠵᠤ ᠪᠠᠶᠢᠯ᠎ᠠ᠃ | ᠡᠵᠢ ᠲᠠᠢ ᠪᠠᠨ ᠠᠭᠤᠯᠵᠠᠭ᠎ᠠ ᠦᠭᠡᠢ ᠨᠠᠯᠢᠶᠠᠳ ᠤᠳᠠᠴᠢᠬᠠᠯ᠎ᠠ᠂ ᠲᠡᠭᠡᠬᠦ ᠪᠠᠷ ᠲᠡᠷᠡ ᠦᠳᠠ ᠶᠢᠨ ᠬᠤᠶᠢᠨ᠎ᠠ | ᠡᠵᠢ ᠪᠢᠳᠠ ᠬᠤᠶᠠᠭᠤᠯᠠ ᠡᠷᠦᠭᠡ ᠭᠡᠷ᠂ ᠤᠢᠢᠷ᠎ᠠ ᠲᠦᠷᠦᠯ᠂ ᠠᠶᠢᠯ ᠠᠶᠢᠮᠠᠭ ᠤᠨ ᠲᠤᠬᠠᠢ ᠤᠯᠠᠨ ᠠᠷᠪᠢᠨ ᠶᠠᠷᠢᠵᠤ | ᠬᠠᠭᠠᠰ ᠡᠳᠤᠷ ᠬᠠᠨᠳᠠᠯ᠎ᠠ ᠪᠠᠨ ᠵᠤᠭᠤᠭᠳᠠᠭᠰᠠᠨ ᠪᠢᠯᠠ᠃ ᠤᠷᠤᠢ ᠪᠤᠯᠬᠤ ᠶᠢᠨ ᠬᠢᠷᠢ ᠪᠠᠷ ᠡᠵᠢ ᠮᠢᠨᠢ ᠭᠠᠷ ᠢᠶᠠᠨ | ᠤᠬᠢᠶᠠᠭᠰᠠᠨ ᠢᠶᠠᠨ᠄ ︽ᠡᠵᠢ ᠨᠢ ᠦᠬᠢᠨ ᠳᠤ ᠪᠠᠨ ᠠᠮᠳᠠᠳᠠᠢ ᠬᠤᠭᠤᠯᠠ ᠬᠢᠵᠤ ᠢᠳᠡᠬᠦᠯᠦᠨᠠ ᠳ᠋ᠠ᠂ ᠭᠡᠤᠭᠡᠨ ᠮᠢᠨᠢ | ᠭᠠᠳᠠᠨ᠎ᠠ ᠭᠠᠷᠤᠭᠠᠳ ᠬᠤᠨᠢ ᠮᠠᠯ ᠢᠶᠠᠨ ᠤᠢᠢᠷᠠᠳᠤᠭᠤᠯᠵᠤ ᠪᠠᠢ︾ ᠭᠡᠵᠤ ᠭᠡᠯᠡᠭᠡᠳ ᠭᠤᠯᠢᠷ ᠨᠤᠬᠤᠵᠤ ᠡᠬᠢᠯᠡᠪᠡ᠃ | ᠪᠢ ᠡᠵᠢ ᠶᠢᠨ ᠵᠠᠬᠢᠶ᠎ᠠ ᠪᠠᠷ ᠭᠠᠳᠠᠨ᠎ᠠ ᠭᠠᠷᠴᠤ ᠬᠤᠨᠢ ᠮᠠᠯ ᠳᠤ ᠬᠠᠮᠵᠢᠪᠠ᠂ ᠠᠪᠤ ᠴᠤ ᠭᠡᠭᠡᠷ᠎ᠠ ᠶᠢᠨ ᠠᠵᠢᠯ ᠠᠴᠠ ᠪᠠᠨ | ᠢᠷᠡᠪᠡ᠃ ᠬᠦᠳᠡᠭᠡ ᠨᠤᠳᠤᠭ ᠤᠨ ᠦᠳᠡᠰᠢ ᠶᠢᠨ ᠪᠦᠷᠦᠢ ᠬᠤᠪᠢ ᠶᠢᠨ ᠭᠠᠳᠠᠨ᠎ᠠ ᠭᠤᠶᠤᠬᠠᠨ᠂ ᠬᠤᠷᠠᠭ᠎ᠠ | ᠢᠰᠢᠭᠡ ᠶᠢᠨ ᠮᠠᠶᠢᠯᠠᠯ᠂ ᠲᠤᠭᠤᠯ ᠪᠢᠷᠠᠭᠤ ᠶᠢᠨ ᠮᠦᠭᠡᠷᠡᠯ ᠠᠯᠢ ᠪᠠᠶᠢᠭᠰᠠᠨ ᠨᠠᠶᠢᠯᠡᠭᠡᠳ ᠬᠦᠳᠡᠭᠡ ᠨᠤᠳᠤᠭ ᠤᠨ | ᠦᠳᠡᠰᠢ ᠶᠢᠨ ᠨᠠᠶᠢᠷᠠᠯ ᠬᠦᠭᠵᠢᠮ ᠢ ᠴᠢᠪᠬᠠᠳᠠᠨ᠎ᠠ᠃ ᠡᠵᠢ ᠮᠢᠨᠢ ᠡᠳᠤᠷ ᠪᠦᠷᠢ ᠡᠨᠡᠬᠦ ᠨᠠᠶᠢᠷᠠᠯ ᠬᠦᠭᠵᠢᠮ ᠤᠨ | ᠲᠤᠮᠳᠠ ᠦᠷ᠎ᠠ ᠨᠠᠳᠠ ᠳᠤ ᠪᠠᠨ ᠠᠮᠳᠠᠯᠠᠭᠤᠯᠬᠤ ᠠᠮᠳᠠᠳᠤ ᠪᠠᠯ ᠢ ᠨᠠᠶᠢᠷᠠᠬᠤ ᠪᠠᠷ ᠵᠦᠳᠡᠷᠡᠵᠤ ᠪᠠᠶᠢᠨ᠎ᠠ ᠳ᠋ᠠ ᠭᠡᠵᠤ | ᠪᠢ ᠤᠬᠠᠵᠤ ᠮᠠᠳᠠᠪᠠ᠃ ᠮᠠᠷᠭᠠᠰᠢ ᠨᠢ ᠪᠢ ᠰᠤᠷᠭᠠᠭᠤᠯᠢ ᠳᠤ ᠪᠠᠨ ᠶᠠᠪᠤᠬᠤ ᠪᠤᠯᠤᠯ᠎ᠠ᠃ ᠡᠵᠢ ᠮᠢᠨᠢ ᠬᠤᠪᠴᠠᠰᠤᠨ | ᠪᠠᠭᠯᠠᠭ᠎ᠠ ᠠᠴᠠ ᠪᠠᠨ 100 ᠲᠦᠬᠦᠷᠢᠭ ᠭᠠᠷᠭᠠᠵᠤ ᠨᠠᠳᠠ ᠭᠠᠷᠳᠠᠭᠤᠯᠬᠤ ᠶᠢᠨ ᠬᠠᠮᠳᠤ᠄ ︽ᠭᠡᠤᠭᠡᠨ ᠮᠢᠨᠢ | ᠰᠤᠷᠤᠯᠭ᠎ᠠ ᠶᠢᠨ ᠵᠠᠷᠤᠳᠠᠯ ᠭᠡᠷᠡᠭᠰᠡᠯ᠂ ᠵᠤᠨ ᠤ ᠰᠡᠷᠢᠬᠦᠨ ᠱᠠᠬᠠᠢ ᠨᠢᠭᠡ ᠵᠦᠢᠷᠠᠢ ᠠᠪ᠂ ᠤᠳᠠᠯ ᠦᠭᠡᠢ ᠵᠤᠨ ᠤ | ᠬᠠᠯᠠᠭᠤᠨ ᠪᠤᠯᠤᠯ᠎ᠠ ᠰᠢᠤ︾ ᠭᠡᠵᠤ ᠶᠠᠷᠢᠭᠰᠠᠭᠠᠷ ᠮᠢᠨᠤ ᠪᠠᠭᠯᠠᠭ᠎ᠠ ᠪᠤᠭᠤᠳᠠᠯ ᠢ ᠬᠠᠮᠵᠢᠵᠤ ᠲᠠᠷᠭᠡᠨ ᠵᠤᠭᠰᠤᠭᠠᠯ ᠳᠤ | ᠬᠦᠷᠭᠡᠵᠤ ᠦᠭᠬᠦᠯ᠎ᠠ᠃ ᠪᠢ ᠡᠵᠢ ᠶᠢᠨ ᠢᠶᠠᠨ ᠨᠠᠷᠠ ᠰᠠᠯᠬᠢᠨ ᠳᠤ ᠪᠤᠷᠤᠯᠠᠭᠰᠠᠨ ᠬᠠᠴᠠᠷ᠂ ᠦᠯᠦ ᠮᠡᠳᠡᠭ | ᠪᠤᠭᠤᠷᠤᠯᠳᠤᠵᠤ ᠪᠠᠶᠢᠭ᠎ᠠ ᠰᠠᠨᠴᠢᠭ ᠤᠨ ᠦᠰᠤ ᠶᠢ ᠨᠢ ᠬᠠᠷᠠᠭᠠᠳ ᠡᠵᠢ ᠶᠢ ᠪᠠᠨ ᠦᠷᠤᠪᠳᠤᠵᠤ᠄ ︽ᠡᠵᠢ ᠡ᠂ ᠲᠠ | ᠲᠤᠩ ᠵᠦᠳᠡᠷᠡᠵᠤ ᠪᠠᠶᠢᠨ᠎ᠠ᠂ ᠵᠤᠨ ᠤ ᠠᠮᠠᠷᠠᠯᠳᠠ ᠲᠠᠯᠪᠢᠪᠠᠯ ᠪᠢ ᠲᠠᠨ ᠳᠤ ᠬᠠᠪᠰᠤᠷᠤᠨ᠎ᠠ︾ ᠭᠡᠵᠤ ᠭᠡᠯᠡᠬᠦ ᠳᠤ᠂ | ᠡᠵᠢ ᠮᠢᠨᠢ᠄ ︽ᠭᠡᠤᠭᠡᠨ ᠮᠢᠨᠢ ᠡᠨᠡ ᠲᠠᠷᠠ ᠶᠢ ᠪᠤᠳᠤᠬᠤ ᠭᠡᠷᠡᠭ ᠦᠭᠡᠢ᠂ ᠪᠢᠴᠢᠭ ᠢᠶᠠᠨ ᠰᠠᠶᠢᠨ ᠰᠤᠷᠴᠤ᠂ ᠲᠠᠷᠠ | ᠬᠤᠯᠠ ᠶᠢ ᠬᠠᠷᠠᠵᠤ ᠶᠠᠪᠤ᠂ ᠦᠨᠳᠤᠷ ᠶᠡᠭᠡ ᠶᠢ ᠪᠠᠷᠠᠯᠠᠵᠤ ᠶᠠᠪᠤ ᠡ︾ ᠭᠡᠵᠤ ᠵᠠᠬᠢᠵᠤ ᠪᠠᠶᠢᠯ᠎ᠠ᠃ ᠡᠨᠡ ᠦᠶ᠎ᠠ ᠳᠤ | ᠠᠶᠠᠨᠴᠢᠨ ᠤ ᠮᠠᠰᠢᠨ ᠲᠡᠷᠭᠡ ᠨᠢᠭᠡᠨᠳᠠ ᠬᠠᠵᠠᠭᠤ ᠳᠤ ᠢᠷᠠᠯ᠎ᠠ᠂ ᠪᠢ ︽ᠡᠵᠢ ᠡ᠂ ᠪᠠᠶᠠᠷᠳᠠᠢ︕︾ ᠭᠡᠭᠰᠰᠡᠭᠡᠷ | ᠲᠠᠷᠭᠡᠨ ᠳᠤ ᠭᠠᠷᠤᠯ᠎ᠠ᠃ ᠲᠠᠷᠭᠡᠨ ᠴᠤᠩᠬᠤ ᠪᠠᠷ ᠬᠠᠷᠠᠬᠤ ᠳᠤ ᠡᠵᠢ ᠮᠢᠨᠢ ᠲᠠᠷᠠ ᠤᠷᠤᠨ ᠳᠤ ᠪᠠᠨ ᠬᠦᠳᠡᠯᠦᠯ ᠦᠭᠡᠢ | ᠮᠠᠰᠢᠨ ᠲᠡᠷᠭᠡᠨ ᠤ ᠬᠤᠶᠢᠨ᠎ᠠ ᠠᠴᠠ ᠦᠷ᠎ᠠ ᠨᠠᠮ᠎ᠠ ᠶᠢ ᠪᠠᠨ ᠮᠤᠷᠳᠠᠭᠤᠯᠵᠤ ᠵᠤᠭᠰᠤᠨ᠎ᠠ᠂ ᠡᠵᠢ ᠶᠢᠨ ᠪᠠᠷ᠎ᠠ ᠲᠠᠷᠭᠡᠨ ᠤ | ᠲᠤᠪᠳᠤᠯᠤᠯ ᠢ ᠲᠠᠭᠠᠨ ᠵᠢᠵᠢᠭᠷᠡᠨ ᠪᠠᠶᠢᠭᠰᠠᠭᠠᠷ ᠡᠴᠤᠰ ᠲᠤ ᠪᠠᠨ ᠨᠢᠭᠡᠨ ᠬᠠᠷ᠎ᠠ ᠲᠤᠯᠪᠤ ᠪᠤᠯᠤᠨ ᠬᠤᠴᠤᠷᠤᠯ᠎ᠠ᠃ | ᠡᠨᠡ ᠦᠶ᠎ᠠ ᠳᠤ ᠮᠢᠨᠤ ᠨᠢᠳᠤᠨ ᠳᠤ ᠨᠢᠯᠪᠤᠰᠤ ᠬᠤᠷᠠᠭᠰᠠᠨ ᠪᠠᠶᠢᠯ᠎ᠠ᠃ ᠡᠵᠢ ᠬᠦᠮᠦᠨ ᠤ ᠰᠠᠳᠬᠢᠯ ᠦᠷ᠎ᠠ ᠶᠢᠨ | ᠲᠦᠯᠦᠭᠡ ᠤᠶᠠᠷᠠᠳᠠᠭ ᠪᠠᠶᠢᠵᠠᠢ᠂ ᠡᠵᠢ ᠬᠦᠮᠦᠨ ᠤ ᠵᠢᠷᠤᠭᠡ ᠦᠷ᠎ᠠ ᠶᠢᠨ ᠲᠦᠯᠦᠭᠡ ᠴᠤᠬᠢᠯᠳᠠᠭ ᠪᠠᠶᠢᠵᠠᠢ︕ | ᠵᠤᠬᠢᠶᠠᠭᠴᠢ᠄ ᠦᠷᠤᠴᠡ ︵ᠲᠤᠮᠳᠠᠳᠤ ᠬᠤᠰᠢᠭᠤᠨ ᠤ ᠬᠤᠶᠠᠷᠰᠤᠮᠤ ᠰᠤᠷᠭᠠᠭᠤᠯᠢ︶ ᠵᠢᠯᠤᠭᠤᠳᠤᠭᠰᠠᠨ ᠪᠠᠭᠰᠢ | ᠄ ᠯᠦ ᠢᠤᠢ | |