ᠪᠤᠬᠢᠨᠢᠳᠤᠯ — ᠶᠠᠭ ᠮᠢᠩᠭ᠎ᠠ ᠲᠦᠮᠡᠨ ᠰᠢᠷᠬᠡᠭ ᠤᠲᠠᠰᠤ ᠤᠷᠢᠶᠠᠯᠳᠤᠨ ᠵᠢᠭᠤᠷᠠᠯᠳᠤᠭᠰᠠᠨ ᠰᠢᠭ᠋ ᠡᠳᠦᠷ | ᠲᠤᠵᠢ ᠨᠠᠮᠠᠶᠢ ᠲᠠᠷᠴᠢᠯᠭᠠᠨᠠ᠃ ᠬᠤᠭᠤᠯᠠ ᠢᠳᠡᠭᠡᠳ ᠠᠮᠳᠠ ᠦᠭᠡᠢ᠂ ᠤᠰᠤ ᠤᠤᠭᠤᠭᠠᠳ ᠰᠢᠮ᠎ᠡ ᠦᠭᠡᠢ᠂ | ᠤᠨᠲᠠᠵᠤ ᠠᠮᠠᠷᠠᠬᠤ ᠨᠦᠢᠷ ᠦᠭᠡᠢ ᠪᠤᠯᠭᠠᠪᠠ᠃ ᠡᠵᠢ ᠮᠢᠨᠢ ︽ᠡᠨᠡ ᠬᠦᠦ ᠡᠪᠡᠳᠴᠢᠯᠡᠴᠢᠬᠡᠵᠡᠢ︾ ᠭᠡᠵᠤ ᠡᠮ ᠳᠤᠮ | ᠭᠡᠵᠤ ᠮᠤᠩᠭᠠᠨᠢᠨ᠎ᠠ᠃ ᠠᠪᠤ ᠮᠢᠨᠢ ︽ᠶᠠᠮᠠᠷ ᠡᠪᠡᠳᠴᠢᠨ ᠪᠤᠯᠴᠢᠬᠠᠪᠠ︖ ᠡᠮᠴᠢ ᠳᠤ ᠤᠴᠢᠬᠤ ᠬᠡᠷᠡᠭᠲᠡᠢ︾ ᠭᠡᠵᠤ | ᠡᠵᠢ ᠳᠤ ᠳᠠᠬᠢᠨ ᠲᠠᠪᠲᠠᠨ ᠱᠠᠭᠠᠷᠳᠠᠨ᠎ᠠ᠃ ᠦᠨᠡᠨᠳᠡᠭᠡᠨ ᠮᠢᠨᠦ ᠡᠪᠡᠳᠴᠢᠨ ᠪᠤᠯ ︽ᠭᠠᠷ ᠤᠳᠠᠰᠤᠨ ᠤ ᠰᠢᠨᠤᠯ︾᠃ | ᠪᠢ ᠦᠪᠡᠷ ᠢᠶᠠᠨ ᠯᠠ ᠮᠡᠳᠡᠳᠡᠭ ᠰᠡᠳᠭᠢᠯ ᠤᠨ ᠡᠪᠡᠳᠴᠢᠨ᠃ ᠡᠵᠢ ᠠᠪᠤ ᠶᠠᠭᠠᠬᠢᠨ ᠮᠡᠳᠡᠬᠦ ᠪᠢᠯᠡ︖ | ᠪᠠᠭ᠎ᠠ ᠰᠤᠷᠭᠠᠭᠤᠯᠢ ᠲᠡᠭᠦᠰᠴᠦ ᠠᠩᠬ᠎ᠠ ᠳᠤᠮᠳᠠᠳᠤ ᠳᠤ ᠰᠤᠷᠤᠯᠴᠠᠬᠤ ᠪᠤᠯᠤᠭᠰᠠᠨ ᠪᠢ ᠠᠪᠤ ᠡᠵᠢ ᠪᠠᠨ | ᠭᠤᠶᠤᠭᠰᠠᠭᠠᠷ ᠪᠠᠶᠢᠵᠤ ᠨᠢᠭᠡᠨ ᠭᠠᠷ ᠤᠳᠠᠰᠤ ᠠᠪᠤᠭᠰᠠᠨ ᠪᠢᠯᠡ᠃ ᠦᠨᠡᠨᠳᠡᠭᠡᠨ ᠠᠪᠤ ᠡᠵᠢ ᠶᠢᠨ ᠬᠡᠨ ᠨᠢ ᠴᠦ | ᠠᠪᠴᠤ ᠦᠭᠬᠦ ᠳᠤᠷ᠎ᠠ ᠦᠭᠡᠢ ᠪᠠᠶᠢᠵᠠᠢ᠃ ᠡᠨᠡ ᠨᠢ ᠶᠠᠷᠢᠶᠠᠨ ᠦᠭᠡᠢ ᠨᠠᠮᠠᠶᠢ ᠭᠠᠷ ᠤᠳᠠᠰᠤᠨ ᠠᠴᠠ ᠰᠦᠭᠡᠷᠬᠦ | ᠲᠠᠯ᠎ᠠ ᠶᠢᠨ ᠨᠦᠯᠦᠭᠡ ᠬᠦᠷᠲᠡᠬᠦ ᠠᠴᠠ ᠪᠤᠯᠭᠤᠮᠵᠢᠯᠠᠵᠤ ᠪᠠᠶᠢᠭᠰᠠᠨ ᠤᠴᠢᠷ᠃ ᠭᠡᠲᠡᠯ᠎ᠡ ᠪᠢ ᠠᠪᠤ ᠡᠵᠢ ᠳᠤ ᠪᠠᠨ ︽ | ᠪᠢ ᠶᠠᠭᠠᠬᠢᠯ᠎ᠠ ᠴᠦ ᠭᠡᠰᠡᠨ ᠰᠤᠷᠤᠯᠭ᠎ᠠ ᠪᠠᠨ ᠬᠠᠷᠰᠢᠯᠠᠬᠤ ᠦᠭᠡᠢ︾ ᠭᠡᠵᠤ ᠠᠷᠠᠢ ᠯᠠ ᠲᠠᠩᠭᠠᠷᠢᠭᠯᠠᠭᠰᠠᠨ ᠦᠭᠡᠢ᠃ | ᠲᠡᠭᠡᠭᠡᠳ ᠠᠪᠤ ᠡᠵᠢ ᠬᠤᠶᠠᠭᠤᠯᠠ ᠪᠠᠨ ᠵᠦᠪᠳᠡᠵᠦ ᠨᠠᠳᠠ ᠳᠤ ᠠᠷᠭ᠎ᠠ ᠪᠤᠰᠤ ᠨᠢᠭᠡᠨ ᠭᠠᠷ ᠤᠳᠠᠰᠤ ᠠᠪᠴᠦ | ᠦᠭᠭᠦᠭᠰᠡᠨ ᠪᠢᠯᠡ᠃ | ᠭᠠᠷ ᠤᠳᠠᠰᠤ ᠤᠯᠵᠤ ᠠᠳᠬᠤᠭᠰᠠᠨ ᠪᠢ ᠰᠢᠬᠢᠷ ᠬᠦᠯᠬᠦᠭᠰᠡᠨ ᠠᠴᠠ ᠢᠯᠡᠭᠦᠦ ᠠᠮᠳᠠᠲᠠᠢ ᠰᠠᠨᠠᠭᠳᠠᠯ᠎ᠠ᠃ | ᠭᠡᠪᠡᠴᠦ ᠤᠯᠵᠤ ᠠᠪᠬᠤ ᠳᠤ ᠬᠦᠴᠢᠷᠳᠡᠭᠰᠡᠨ ᠢᠶᠠᠨ ᠪᠤᠳᠤᠪᠠᠯ ᠪᠡᠶ᠎ᠡ ᠪᠠᠨ ᠪᠠᠷᠢᠴᠢᠬᠠᠨᠠ᠃ ᠡᠬᠢᠯᠡᠭᠡᠳ ᠨᠢᠭᠡ ᠠᠴᠠ | ᠬᠤᠶᠠᠷ ᠴᠠᠭ ᠨᠠᠭᠠᠳᠪᠠᠯ ᠲᠠᠯᠪᠢᠴᠢᠬᠠᠳᠠᠭ᠃ ᠬᠠᠭᠠᠰ ᠰᠠᠷ᠎ᠠ ᠪᠤᠯᠪᠠ᠃ ᠪᠢ ᠭᠠᠷ ᠤᠳᠠᠰᠤᠨ ᠤ ᠨᠠᠭᠠᠳᠤᠮ ᠤᠨ | ᠪᠠᠭ᠋ᠠᠨ ᠳᠤ ᠤᠷᠤᠪᠠ᠃ ᠦᠯᠢᠭᠡᠷ ᠺᠢᠨᠣ᠋ ᠦᠵᠡᠨ᠎ᠡ᠃ ᠲᠧᠯᠸᠢᠰ ᠦᠵᠡᠨ᠎ᠡ᠃ ᠭᠠᠷ ᠤᠳᠠᠰᠤ ᠭᠡᠭᠴᠢ ᠦᠨᠡᠬᠡᠷ ᠰᠠᠶᠢᠨ | ᠡᠳ᠋ ᠭᠡᠵᠤ ᠳᠤᠲᠤᠷ᠎ᠠ ᠪᠠᠨ ᠪᠠᠭ᠋ᠠᠳᠤᠨ᠎ᠠ᠃ ᠰᠤᠷᠭᠠᠭᠤᠯᠢ ᠲᠠᠷᠬᠠᠭᠠᠳ ᠭᠡᠷ ᠲᠤ ᠪᠠᠨ ᠬᠦᠷᠦᠭᠡᠳ ᠢᠷᠡᠪᠡᠯ ᠮᠢᠨᠦ | ᠬᠠᠮᠤᠭ ᠤᠨ ᠲᠦᠷᠦᠭᠦᠨ ᠤ ᠬᠢᠬᠦ ᠠᠵᠤ ᠭᠡᠪᠡᠯ ᠭᠠᠷ ᠤᠳᠠᠰᠤ᠃ ᠭᠠᠷ ᠤᠳᠠᠰᠤ ᠪᠠᠨ ᠤᠯᠤᠭᠠᠳ ᠠᠳᠬᠤᠭᠰᠠᠨ ᠤ | ᠳᠠᠷᠠᠭ᠎ᠠ ᠰᠠᠶ᠋ᠢ ᠪᠢ ᠡᠯ᠎ᠡ ᠲᠦᠷᠦᠯ ᠤᠨ ᠳᠠᠰᠬᠠᠯ ᠢᠶᠠᠨ ᠬᠤᠷᠳᠤᠯᠠᠨ ᠭᠦᠢᠴᠡᠳᠭᠡᠳᠡᠭ᠃ ᠪᠠᠷᠠᠮᠠᠭᠴᠠ ᠭᠠᠷ | ᠤᠳᠠᠰᠤ ᠪᠠᠨ ᠠᠪᠤᠭᠠᠳ ᠬᠠᠨᠵᠤᠨ ᠳᠡᠭᠡᠷ᠎ᠡ ᠪᠠᠨ ᠰᠠᠭᠤᠵᠤ ᠪᠠᠶᠢᠵᠤ᠂ ᠬᠡᠪᠲᠡᠵᠦ ᠪᠠᠶᠢᠵᠤ ᠭᠠᠷ ᠤᠳᠠᠰᠤ ᠪᠠᠷ | ᠨᠠᠭᠠᠳᠤᠨ᠎ᠠ᠃ ᠨᠢᠭᠡ ᠯᠠ ᠦᠭᠡ ᠪᠠᠷ ᠬᠡᠯᠡᠪᠡᠯ ᠡᠳᠦᠷ ᠬᠤᠨᠤᠭ ᠨᠠᠳᠠ ᠳᠤ ᠲᠦᠢᠯ ᠤᠨ ᠤᠳᠬ᠎ᠠ ᠠᠭᠤᠯᠭ᠎ᠠ ᠲᠠᠢ | ᠰᠠᠨᠠᠭᠳᠠᠵᠦ ᠪᠠᠶᠢᠭᠰᠠᠨ᠃ ᠡᠶᠢᠨᠬᠦ ᠦᠷᠭᠦᠯᠵᠢᠯᠡᠭᠰᠡᠭᠡᠷ ᠪᠢ ᠭᠠᠷ ᠤᠳᠠᠰᠤᠨ ᠤ ᠲᠤᠭᠯᠠᠭᠠᠮ ᠳᠤ ᠨᠢ ᠬᠤᠷᠤᠬᠠᠶᠢᠰᠢᠵᠤ | ᠪᠤᠭᠤᠮᠲᠠ ᠳᠠᠪᠠᠭ᠋ᠤ᠂ ᠳᠡᠰ ᠳᠡᠪᠰᠢᠬᠦ ᠭᠡᠵᠤ ᠴᠢᠷᠮᠠᠶᠢᠭᠰᠠᠭᠠᠷ ᠰᠤᠷᠤᠯᠭ᠎ᠠ ᠪᠠᠨ ᠤᠶᠢᠰᠢᠶᠠᠬᠤ ᠪᠠᠨ ᠪᠤᠯᠢᠪᠠ᠃ | ᠦᠪᠡᠷ ᠢ ᠪᠠᠨ ᠭᠠᠷ ᠤᠳᠠᠰᠤᠨ ᠤ ᠬᠤᠤᠷ ᠬᠦᠨᠦᠭᠡᠯ ᠳᠤ ᠲᠠᠳᠠᠭᠳᠠᠭᠰᠠᠨ ᠭᠡᠳᠡᠭ ᠢᠶᠠᠨ ᠮᠡᠳᠡᠪᠡᠴᠦ ᠪᠡᠶ᠎ᠡ ᠪᠠᠨ ᠪᠠᠷᠢᠵᠤ | ᠲᠡᠶᠢᠯᠬᠦ ᠦᠭᠡᠢ ᠪᠤᠯᠪᠠ᠃ ᠲᠡᠭᠡᠭᠡᠳ ᠨᠢᠭᠡᠨ ᠡᠳᠦᠷ ᠪᠢ ᠡᠵᠢ ᠠᠪᠤ ᠠᠴᠠ ᠪᠠᠨ ᠨᠢᠭᠤᠵᠤ ᠪᠠᠶᠢᠭᠠᠳ ᠦᠨᠦᠬᠢ ᠪᠠᠨ | ᠰᠤᠷᠭᠠᠭᠤᠯᠢ ᠳᠤ ᠪᠠᠨ ᠠᠪᠤᠭᠠᠳ ᠶᠠᠪᠤᠭᠰᠠᠨ ᠰᠢᠦ᠃ | ᠲᠡᠷᠡ ᠡᠳᠦᠷ ᠤᠨ ᠲᠤᠭᠠᠨ ᠤ ᠬᠢᠴᠢᠶᠡᠯ ᠳᠡᠭᠡᠷ᠎ᠡ ᠪᠢ ᠭᠠᠷ ᠤᠳᠠᠰᠤ ᠪᠠᠷ ᠢᠶᠠᠨ ᠨᠠᠭᠠᠳᠬᠤ ᠭᠡᠵᠤ ᠬᠠᠮᠤᠭ | ᠠᠷᠤ ᠶᠢᠨ ᠰᠠᠭᠤᠳᠠᠯ ᠳᠠᠬᠢ ᠨᠠᠶᠢᠵᠠ ᠲᠠᠢ ᠲᠤᠰᠬᠠᠶᠢᠯᠠᠨ ᠤᠷᠤ ᠰᠤᠯᠢᠵᠤ ᠰᠠᠭᠤᠪᠠ᠃ ᠲᠡᠭᠡᠭᠡᠳ ᠡᠮᠦᠨ᠎ᠡ ᠪᠠᠨ | ᠳᠡᠪᠲᠡᠷ ᠢᠶᠠᠨ ᠤᠪᠤᠭᠠᠯᠠᠵᠤ ᠲᠠᠯᠪᠢᠭᠠᠳ ᠲᠤᠭᠠᠨ ᠤ ᠳᠡᠪᠲᠡᠷ ᠢᠶᠠᠨ ᠢᠯᠡ ᠭᠠᠷᠭᠠᠵᠤ ᠳᠤᠤᠷ᠎ᠠ ᠨᠢ ᠭᠠᠷ ᠤᠳᠠᠰᠤ ᠪᠠᠨ | ᠨᠢᠭᠤᠵᠤ ᠨᠠᠭᠠᠳᠴᠤ ᠡᠬᠢᠯᠡᠭᠰᠡᠨ᠂ ᠪᠤᠭᠤᠮᠲᠠ ᠳᠠᠪᠠᠵᠤ ᠡᠬᠢᠯᠡᠭᠰᠡᠨ ᠁ ᠭᠡᠨᠡᠳᠲᠡ ᠬᠠᠮᠲᠤ ᠨᠦᠬᠦᠳ | ᠲᠦᠷᠴᠢᠬᠢᠨᠡᠲᠡᠯᠡ ᠢᠨᠢᠶᠡᠯᠳᠦᠨ᠎ᠡ᠃ ᠪᠢ ︽ᠶᠠᠭᠤ ᠪᠤᠯᠴᠢᠬᠠᠪᠠ︖︾ ᠭᠡᠵᠤ ᠳᠡᠭᠡᠭᠰᠢ ᠦᠨᠳᠡᠶᠢᠪᠡᠯ ᠪᠠᠭᠰᠢ ᠮᠢᠨᠦ | ᠨᠡᠷ᠎ᠡ ᠪᠠᠷ ᠳᠠᠭᠤᠳᠠᠵᠤ ᠪᠠᠶᠢᠨ᠎ᠠ᠃ ᠪᠢ ᠰᠤᠴᠢᠰᠭᠢᠨ ᠪᠤᠰᠴᠤ ᠵᠤᠭᠰᠤᠬᠤ ᠳᠤ ᠪᠠᠨ ᠭᠠᠷ ᠤᠳᠠᠰᠤ ᠪᠠᠨ ᠭᠠᠵᠠᠷ | ᠤᠨᠠᠭᠠᠵᠤ ᠬᠠᠮᠤᠭ ᠬᠡᠷᠡᠭ ᠨᠢᠭᠤᠵᠤ ᠳᠠᠯᠳᠠᠯᠠᠬᠤ ᠶᠢᠨ ᠠᠷᠭ᠎ᠠ ᠦᠭᠡᠢ ᠪᠤᠯᠤᠭᠰᠠᠨ ᠶᠤᠮ᠃ ᠲᠡᠭᠡᠭᠡᠳ ᠪᠠᠭᠰᠢ ᠮᠠᠨᠢ | ᠭᠠᠷ ᠤᠳᠠᠰᠤ ᠶᠢ ᠬᠤᠷᠢᠶᠠᠨ ᠠᠪᠴᠤ ᠤᠷᠴᠢᠮ ᠰᠤᠷᠤᠯᠭ᠎ᠠ ᠮᠠᠭᠤᠲᠠᠵᠤ ᠪᠠᠶᠢᠭ᠎ᠠ ᠰᠢᠯᠲᠠᠭᠠᠨ ᠢ ᠲᠤᠳᠤᠯᠠᠵᠤ ᠡᠵᠢ | ᠠᠪᠤ ᠶᠢ ᠳᠠᠭᠤᠳᠠᠭᠤᠯᠤᠭᠰᠠᠨ ᠪᠢᠯᠡ᠃ ᠠᠪᠤ ᠡᠵᠢ ᠰᠠᠨᠳᠤᠷᠤᠨ ᠬᠦᠷᠴᠦ ᠢᠷᠡᠭᠡᠳ ᠪᠠᠭᠰᠢ ᠶᠢᠨ ᠡᠮᠦᠨ᠎ᠡ ︽ᠪᠢᠳᠡ | ᠬᠡᠦᠬᠡᠳ ᠢ ᠳᠡᠩᠳᠡᠭᠦᠦ ᠡᠷᠬᠡ ᠳᠤᠷ᠎ᠠ ᠪᠠᠷ ᠨᠢ ᠰᠤᠷᠭᠠᠵᠤ ᠪᠤᠢ᠃ ᠪᠦᠷ ᠮᠠᠨ ᠤ ᠪᠤᠷᠤᠭᠤ︾ ᠭᠡᠵᠤ ᠪᠠᠭᠰᠢ ᠳᠤ | ᠳᠡᠭᠡᠷ᠎ᠡ ᠳᠡᠭᠡᠷ᠎ᠡ ᠨᠢ ᠪᠤᠷᠤᠭᠤ ᠮᠡᠳᠡᠵᠦ ᠪᠠᠶᠢᠯ᠎ᠠ᠃ | ᠤᠷᠤᠢ ᠨᠢ ᠰᠤᠷᠭᠠᠭᠤᠯᠢ ᠲᠠᠷᠬᠠᠭᠠᠳ ᠭᠡᠷ ᠲᠤ ᠬᠠᠷᠢᠬᠤ ᠳᠤ ᠠᠪᠤ᠄ ︽ᠬᠦᠦ ᠮᠢᠨᠢ︕ ᠨᠠᠭᠠᠳᠤᠮ | ᠲᠤᠭᠯᠠᠭᠠᠮ ᠳᠤ ᠰᠢᠨᠤᠭᠠᠳ ᠰᠤᠷᠤᠯᠭ᠎ᠠ ᠪᠠᠨ ᠬᠠᠷᠰᠢᠯᠠᠭᠰᠠᠨ ᠴᠢᠮ᠎ᠠ ᠳᠤ ᠦᠭᠡᠷ᠎ᠡ ᠬᠡᠯᠡᠬᠦ ᠦᠭᠡ ᠪᠠᠶᠢᠨ᠎ᠠ ᠤᠤ︖︾ | ᠭᠡᠰᠡᠨ ᠳᠤ᠂ ᠪᠢ ᠲᠤᠯᠤᠭᠠᠢ ᠰᠡᠭᠰᠦᠷᠴᠦ ᠶᠠᠭᠤ ᠴᠦ ᠳᠤᠤᠭᠠᠷᠤᠭᠰᠠᠨ ᠦᠭᠡᠢ᠃ ᠲᠡᠭᠦᠨ ᠠᠴᠠ ᠰᠡᠭᠦᠯᠡᠷ ᠪᠢ ᠭᠠᠷ | ᠤᠳᠠᠰᠤ ᠤᠯᠵᠤ ᠠᠳᠬᠤᠬᠤ ᠶᠢ ᠪᠠᠶᠢᠴᠢᠬ᠎ᠠ ᠪᠠᠷ᠎ᠠ ᠶᠢ ᠨᠢ ᠤᠯᠵᠤ ᠬᠠᠷᠠᠭᠰᠠᠨ ᠦᠭᠡᠢ ᠡᠳᠦᠭᠡ ᠳᠤ ᠲᠤᠯᠤᠯ᠎ᠠ᠃ | ᠪᠢ ᠭᠠᠷ ᠤᠳᠠᠰᠤ ᠨᠠᠭᠠᠳᠬᠤ ᠭᠡᠵᠤ ᠲᠤᠩ ᠰᠠᠨᠠᠨ᠎ᠠ᠃ ᠲᠡᠷᠡ ᠨᠢᠭᠡᠨ ᠲᠤᠭᠯᠠᠭᠠᠮ ᠤᠨ ᠢᠶᠠᠨ ᠲᠠᠪᠤᠳᠤᠭᠠᠷ | ᠪᠤᠭᠤᠮᠲᠠ ᠶᠢ ᠳᠠᠪᠠᠭ᠋ᠤ ᠰᠢᠬᠠᠵᠤ ᠪᠠᠶᠢᠭᠰᠠᠨ ᠰᠢᠦ ᠭᠡᠵᠤ ᠪᠤᠳᠤᠪᠠᠯ ᠬᠠᠷᠠᠮᠰᠠᠵᠤ ᠤᠴᠢᠨ᠎ᠠ᠃ ᠭᠡᠪᠡᠴᠦ ᠠᠪᠤ | ᠡᠵᠢ ᠶᠢᠨ ᠢᠶᠠᠨ ᠵᠢᠮᠡᠯᠡᠩᠭᠦᠢ ᠬᠠᠷᠠᠴᠠ ᠠᠴᠠ ᠠᠶᠤᠨ᠎ᠠ᠃ ᠰᠤᠷᠤᠯᠭ᠎ᠠ ᠶᠢᠨ ᠢᠶᠠᠨ ᠮᠠᠭᠤᠲᠠᠭᠰᠠᠨ ᠢ ᠪᠤᠳᠤᠪᠠᠯ ᠵᠤᠪᠠᠨ᠎ᠠ | ᠃ ᠪᠠᠭᠰᠢ᠂ ᠭᠡᠷ ᠤᠨ ᠠᠬᠠᠮᠠᠳ᠂ ᠬᠠᠮᠳᠤ ᠨᠦᠬᠦᠳ ᠲᠤ ᠪᠠᠨ ᠢᠲᠡᠭᠡᠯ ᠢᠶᠠᠨ ᠠᠯᠳᠠᠵᠤ ᠶᠠᠪᠤᠭᠰᠠᠨ ᠭᠡᠵᠤ ᠭᠡᠮᠰᠢᠨ᠎ᠡ | ᠃ ᠶᠠᠭᠠᠬᠢᠪᠠᠯ ᠲᠠᠭᠠᠷᠠᠬᠤ ᠪᠢᠯᠡ︖ ᠡᠶᠢᠨᠬᠦ ᠪᠤᠬᠢᠨᠢᠳᠤᠯ ᠮᠢᠨᠦ ᠤᠶᠤᠨ ᠢ ᠡᠵᠡᠮᠳᠡᠭᠡᠳ ᠤᠳᠠᠭᠰᠠᠨ ᠲᠤᠯᠠ ᠪᠢ | ᠦᠨᠡᠬᠡᠷ ᠡᠪᠡᠳᠴᠢᠨ ᠬᠦᠷᠲᠡᠭᠰᠡᠨ ᠰᠢᠭ ᠪᠤᠯᠪᠠ᠃ ᠠᠪᠤ ᠡᠵᠢ ᠰᠠᠨᠳᠤᠷᠬᠤ ᠦᠭᠡᠢ ᠭᠡᠵᠤ ᠪᠠᠶᠢᠨ᠎ᠠ ᠤᠤ ᠳ᠋ᠠ︕ | ᠭᠡᠪᠡᠴᠦ ᠪᠢ ᠰᠡᠭᠡᠭᠡᠷᠡᠬᠦ ᠬᠡᠷᠡᠭᠲᠡᠢ᠃ ᠤᠶᠤᠨ ᠮᠡᠳᠡᠷᠡᠯ ᠢᠶᠠᠨ ᠡᠵᠡᠮᠳᠡᠬᠦ ᠬᠡᠷᠡᠭᠲᠡᠢ᠃ ᠦᠪᠡᠷ ᠢ ᠪᠠᠨ ᠢᠯᠠᠬᠤ | ᠬᠡᠷᠡᠭᠲᠡᠢ᠃ ︽ᠡᠪᠡᠳᠴᠢᠨ︾ ᠢᠶᠠᠨ ᠵᠠᠰᠠᠬᠤ ᠬᠡᠷᠡᠭᠲᠡᠢ᠃ | ᠵᠤᠬᠢᠶᠠᠭᠴᠢ᠄ ᠢᠤᠢ ᠹᠧᠩ ︵ᠳᠤᠮᠳᠠᠳᠤ ᠬᠤᠰᠢᠭᠤᠨ ᠤ ᠪᠠᠶᠠᠨᠬᠤᠰᠢᠭᠤ ᠳᠦᠷᠪᠡᠳᠦᠭᠡᠷ ᠳᠤᠮᠳᠠᠳᠤ | ᠰᠤᠷᠭᠠᠭᠤᠯᠢ ᠶᠢᠨ ᠳᠤᠯᠤᠭ᠎ᠠ ᠶᠢᠨ ᠳᠦᠷᠪᠡ︶ | ᠵᠢᠯᠤᠭᠤᠳᠤᠭᠰᠠᠨ ᠪᠠᠭᠰᠢ᠄ ᠮᠦᠩᠭᠦᠨ | |