| ● ᠨᠠᠷᠠᠨᠴᠤᠭᠳᠤ | | ᠲᠡᠭᠡᠷ᠎ᠡ ᠵᠠᠭᠤᠨ ᠤ ᠲᠠᠯᠠᠨ ᠲᠠᠪᠤᠨ ᠤᠨ ᠤ ᠨᠠᠮᠤᠷ᠂ ᠠᠪᠤ ᠶᠢᠨ ᠠᠵᠢᠯ ᠰᠢᠯᠵᠢᠬᠦ ᠶᠢ ᠲᠠᠭᠠᠯᠳᠤᠨ᠂ ᠪᠢ | ᠭᠤᠷᠪᠡᠨ ᠵᠢᠯ ᠰᠠᠭᠤᠭᠰᠠᠨ ᠱᠠᠭᠠᠷᠢᠭᠳᠠᠢ ᠠᠴᠠ ᠪᠠᠨ ᠨᠢᠳᠤᠨ ᠳᠤ ᠪᠠᠨ ᠨᠢᠯᠪᠤᠰᠤ ᠲᠠᠢ ᠰᠠᠯᠤᠯ᠎ᠠ᠃ ᠤᠳᠤ ᠪᠤᠳᠤᠪᠡᠯ | ᠨᠢᠭᠡᠨᠳᠡ ᠲᠦᠴᠢ ᠭᠠᠷᠤᠢ ᠵᠢᠯ ᠤᠨ ᠡᠮᠤᠨᠡᠬᠢ ᠤᠴᠢᠷ ᠪᠤᠯᠴᠢᠬᠠᠪᠡ᠃ ᠡᠨᠡ ᠬᠤᠭᠤᠷᠤᠨᠳᠤ ᠪᠢ᠂ ᠰᠤᠷᠭᠠᠭᠤᠯᠢ | ᠰᠤᠶᠤᠯ ᠤᠨ ᠮᠦᠷ ᠢ ᠬᠦᠭᠡᠭᠡᠨ᠂ ᠠᠵᠢᠯ ᠠᠮᠢᠳᠤᠷᠠᠯ ᠤᠨ ᠲᠠᠪᠠᠭ᠎ᠠ ᠶᠢ ᠦᠭᠰᠤᠨ᠂ ᠠᠯᠳᠠᠰᠢ ᠤᠯᠤᠯᠳᠠ ᠳᠤ ᠪᠠᠨ | ᠵᠤᠪᠠᠨᠢᠨ ᠪᠠᠶᠠᠰᠴᠤ ᠶᠠᠪᠤᠭᠰᠠᠨ ᠴᠤ ᠤᠨᠠᠭᠠᠨ ᠪᠠᠭ᠎ᠠ ᠶᠢᠨ ᠨᠤᠳᠤᠭ ᠢᠶᠠᠨ ᠦᠷᠬᠦᠯᠵᠢ ᠰᠠᠨᠠᠨ ᠮᠦᠷᠤᠭᠡᠤᠡᠴᠤ ᠶᠠᠪᠤᠯ᠎ᠠ᠃ | ᠬᠤᠵᠢᠮ ᠨᠢ ᠡᠵᠢ ᠶᠢ ᠨᠠᠰᠤ ᠨᠦᠭᠴᠢᠭᠰᠡᠨ ᠤ ᠲᠠᠷᠠᠭ᠎ᠠ ᠱᠠᠭᠠᠷᠢᠭᠳᠠᠢ ᠳᠤ ᠪᠠᠭᠰᠢ ᠶᠢᠨ ᠠᠵᠢᠯ ᠲᠠᠢ ᠡᠭᠡᠴᠢ ᠬᠦᠷᠭᠡᠨ | ᠠᠬ᠎ᠠ ᠮᠢᠨᠢ᠂ ᠠᠪᠤ ᠪᠤᠯᠤᠨ ᠬᠡᠳᠤᠨ ᠲᠡᠬᠦᠤ ᠨᠠᠷ ᠢ ᠭᠡᠷ ᠲᠤ ᠪᠠᠨ ᠨᠡᠬᠦᠯᠭᠡᠨ ᠠᠪᠴᠢᠷᠠᠵᠤ ᠬᠠᠮᠳᠤ ᠠᠮᠢᠳᠤᠷᠠᠵᠠᠢ᠃ | ᠪᠢ ᠡᠭᠡᠴᠢ ᠬᠦᠷᠭᠡᠨ ᠠᠬ᠎ᠠ ᠪᠠᠨ ᠦᠨᠡᠭᠡᠷ ᠪᠢᠰᠢᠷᠡᠪᠡ᠃ ᠭᠤᠷᠪᠠᠨ ᠦᠶ᠎ᠡ ᠶᠢᠨ ᠶᠢᠰᠤᠨ ᠠᠮᠠ ᠭᠡᠷ ᠪᠦᠯᠢ ᠶᠢ | ᠲᠤᠳᠤᠮᠳᠡᠨ ᠠᠮᠢᠳᠤᠷᠠᠬᠤ ᠭᠡᠭᠴᠢ ᠶᠠᠮᠠᠷ ᠶᠡᠭᠡ ᠰᠡᠤᠨᠬᠢᠯ ᠤᠨ ᠲᠠᠮᠢᠷ ᠤᠷᠤᠬᠤ ᠪᠢᠯᠡ᠃ ᠠᠪᠤ ᠮᠢᠨᠢ ᠪᠠᠶᠢᠳᠠᠭ ᠠᠴᠠ | ᠲᠡᠷᠡ ᠦᠶ᠎ᠡ ᠶᠢᠨ ᠡᠭᠡᠴᠢ ᠬᠦᠷᠭᠡᠨ ᠠᠬ᠎ᠠ ᠶᠢᠨ ᠭᠡᠷ ᠮᠢᠨᠤ ᠬᠠᠶᠢᠷ᠎ᠠ ᠶᠢᠨ ᠲᠦᠰᠢᠭ᠂ ᠠᠷᠤ ᠭᠡᠷ ᠮᠢᠨᠢ ᠪᠤᠯᠤᠭᠰᠠᠨ | ᠪᠠᠶᠢᠪᠡ᠃ | ᠬᠤᠷᠢ ᠭᠠᠷᠤᠢ ᠵᠢᠯ ᠤᠨ ᠡᠮᠤᠨ᠎ᠡ ᠪᠢᠯᠡ᠃ ᠪᠢ ᠵᠤᠨ ᠤ ᠠᠮᠠᠷᠠᠯᠳᠡ ᠳᠤ ᠪᠠᠨ ᠵᠤᠷᠰᠢᠯ ᠶᠤᠰᠤ ᠪᠠᠷ ᠡᠭᠡᠴᠢ | ᠬᠦᠷᠭᠡᠨ ᠠᠬ᠎ᠠ ᠶᠢᠨ ᠢᠶᠠᠨ ᠲᠠᠷᠢᠶ᠎ᠠ ᠶᠢ ᠠᠷᠴᠢᠬᠤ ᠪᠡ ᠡᠪᠡᠰᠤ ᠬᠠᠳᠤᠯᠠᠩ ᠳᠤ ᠨᠢ ᠲᠤᠰᠠ ᠪᠤᠯᠬᠤ ᠬᠡᠮᠡᠨ | ᠱᠠᠭᠠᠷᠢᠭᠳᠠᠢ ᠳᠤ ᠪᠠᠨ ᠪᠤᠴᠠᠯ᠎ᠠ᠃ ᠰᠠᠶ᠋ᠢᠬᠠᠨ ᠲᠡᠪᠢᠰᠴᠤ ᠲᠠᠭᠤᠰᠤᠭᠰᠠᠨ ᠰᠢᠷᠤᠢ ᠶᠢᠨ ᠵᠠᠰᠠᠮᠠᠯ ᠵᠠᠮ ᠢᠶᠠᠷ ᠲᠤᠭᠤᠰᠤ | ᠲᠠᠳᠠᠭᠤᠯᠤᠨ ᠲᠠᠪᠬᠢᠭᠰᠠᠨ ᠠᠶᠠᠨᠴᠢᠤᠨ ᠤᠨ ᠮᠠᠰᠢᠨ ᠲᠡᠷᠭᠡ ᠮᠠᠨᠢ᠂ ᠡᠯᠴᠢᠳᠡᠢ ᠠᠭᠤᠯᠠ ᠶᠢᠨ ᠵᠡᠬᠦᠨ ᠲᠠᠪᠠᠭ᠎ᠠ ᠶᠢ | ᠲᠠᠪᠠᠨ ᠤᠷᠤᠬᠤ ᠳᠤ ᠮᠦᠬᠦ ᠲᠡᠬᠦᠨ ᠬᠦᠶᠦᠵᠤ ᠪᠠᠶᠢᠭᠰᠠᠨ ᠲᠡᠮᠡᠭᠡᠨ ᠭᠤᠤᠯ ᠤᠨ ᠦᠷᠭᠡᠨ ᠬᠦᠨᠳᠡᠢ᠂ ᠤᠯᠠᠭᠠᠨ᠎ᠠ᠂ | ᠲᠤᠯᠤᠭᠤᠨ᠎ᠠ ᠲᠡᠬᠦᠵᠤ ᠲᠤᠭᠯᠠᠵᠤ ᠪᠠᠶᠢᠭᠰᠠᠨ ᠭᠤᠷᠪᠠᠨ ᠭᠠᠴᠠᠭ᠎ᠠ ᠬᠠᠳᠡ᠂ ᠤᠡᠭᠭᠤᠨ ᠠᠭᠤᠯᠠ᠂ ᠪᠤᠷᠭᠠᠰᠤᠨ | ᠮᠤᠷᠢ ᠪᠠᠷ ᠲᠠᠪᠬᠢᠨ ᠭᠠᠷᠴᠤ ᠪᠠᠶᠢᠭᠰᠠᠨ ᠪᠤᠮᠪᠤᠭᠤᠷ ᠠᠭᠤᠯᠠ ᠮᠠᠨᠢ᠂ ᠤᠳᠤ ᠨᠢᠭᠡᠨᠳᠡ ᠬᠠᠯᠴᠠᠭᠠᠶᠢᠷᠠᠨ ᠲᠠᠴᠢᠷᠳᠠᠭᠰᠠᠨ | ᠴᠤ ᠬᠠᠷᠠᠬᠤ ᠨᠢᠳᠤᠨ ᠳᠤ ᠬᠠᠯᠠᠭᠤᠬᠠᠨ ᠲᠤᠰᠤᠨ᠎ᠠ᠃ ᠨᠠᠭᠠᠳᠤᠨ ᠲᠤᠭᠯᠠᠭᠰᠠᠨ ᠨᠤᠳᠤᠭ ᠤᠨ ᠮᠢᠨᠢ ᠰᠢᠷᠭᠡᠭ ᠡᠪᠡᠰᠤ᠂ | ᠴᠢᠮᠬᠢ ᠰᠢᠷᠤᠢ ᠨᠢ ᠬᠦᠷᠳᠡᠯ᠎ᠡ ᠬᠡᠴᠢᠨᠡᠨ ᠲᠠᠨᠢᠯ ᠲᠠᠰᠤᠯᠬᠠᠨ ᠰᠠᠨᠠᠭᠳᠠᠬᠤ ᠠᠵᠢ᠃ | ᠰᠡᠤᠨᠬᠢᠯ ᠤᠨ ᠲᠤᠭᠳᠤᠯᠤᠯ ᠳᠤ ᠠᠪᠳᠠᠭᠰᠠᠨ ᠪᠢ᠂ ᠠᠶᠠᠨᠴᠢᠳ ᠤᠨ ᠮᠠᠰᠢᠨ ᠲᠡᠷᠭᠡᠨ ᠠᠴᠠ ᠬᠡᠵᠢᠶ᠎ᠡ | ᠪᠠᠭᠤᠭᠰᠠᠨ ᠢᠶᠠᠨ ᠮᠡᠳᠡᠬᠦ ᠦᠭᠡᠢ᠂ ᠨᠢᠭᠡ ᠮᠡᠳᠡᠬᠦᠯ᠎ᠡ ᠠᠶᠢᠯ ᠤᠨ ᠵᠡᠬᠦᠨ ᠦᠵᠦᠬᠦᠷ ᠢᠷᠡᠴᠢᠭᠡᠭᠰᠡᠨ ᠪᠠᠶᠢᠪᠡ᠃ | ᠨᠢᠭᠡᠯᠡ ᠤᠳᠠᠰᠤᠷᠠᠨ ᠦᠷᠬᠦᠯᠵᠢᠯᠡᠭᠰᠡᠨ ᠠᠶᠢᠯ ᠤᠨ ᠲᠤᠮᠳᠠᠬᠢ ᠰᠢᠪᠡᠷ ᠱᠠᠯᠴᠢᠭ ᠲᠠᠢ᠂ ᠮᠠᠯ ᠭᠠᠭ᠋ᠠᠢ ᠶᠢᠨ ᠪᠠᠭᠠᠰᠤ | ᠬᠦᠭᠯᠡᠷᠡᠭᠰᠡᠨ ᠨᠠᠷᠢᠬᠠᠨ ᠭᠤᠳᠤᠮᠵᠢ᠂ ᠤᠳᠤ ᠨᠢᠭᠡᠨᠳᠡ ᠰᠢᠷ᠎ᠡ ᠰᠢᠷᠤᠢ ᠪᠠᠷ ᠲᠡᠭᠰᠢ ᠰᠠᠶᠢᠬᠠᠨ ᠲᠡᠪᠢᠰᠤᠭ᠍ᠳᠡᠨ᠂ ᠬᠤᠶᠠᠷ | ᠲᠠᠯ᠎ᠠ ᠪᠠᠷ ᠤᠳᠠ ᠤᠯᠢᠶᠠᠰᠤ ᠵᠢᠭᠳᠡᠷᠡᠨ ᠤᠷᠭᠤᠭᠰᠠᠨ ᠪᠠᠶᠢᠪᠡ᠃ ᠡᠪᠡᠰᠤᠨ ᠤᠷᠤᠢ ᠲᠠᠢ ᠰᠢᠪᠡᠷ ᠪᠠᠶᠢᠰᠢᠩ᠂ | ᠮᠤᠳᠤᠨ ᠬᠦᠷᠤᠮᠡᠯ ᠤᠨ ᠮᠠᠯ ᠬᠤᠨᠢᠨ ᠤ ᠬᠠᠰᠢᠶ᠎ᠡ ᠰᠡᠷᠡᠪᠴᠢ ᠮᠡᠳᠡᠭᠳᠡᠮ᠎ᠡ ᠴᠦᠭᠡᠷᠡᠨ᠂ ᠴᠢᠯᠠᠭᠤ ᠲᠤᠭᠤᠰᠬ᠎ᠠ ᠶᠢᠨ ᠭᠡᠷ | ᠪᠠᠶᠢᠰᠢᠩ᠂ ᠬᠦᠷᠢᠶ᠎ᠡ ᠬᠤᠳᠠ ᠢᠯᠡᠤᠡᠳᠡ ᠨᠡᠮᠡᠭᠳᠡᠪᠡ᠃ ᠨᠤᠳᠤᠭ ᠤᠨ ᠢᠶᠠᠨ ᠬᠤᠪᠢᠷᠠᠯᠳᠡ ᠳᠤ ᠬᠦᠭᠰᠡᠨ ᠲᠤᠭᠳᠤᠯᠤᠨ | ᠶᠠᠪᠤᠭᠰᠠᠭᠠᠷ ᠪᠢ᠂ ᠡᠭᠡᠴᠢ ᠬᠦᠷᠭᠡᠨ ᠠᠬ᠎ᠠ ᠶᠢᠨ ᠳᠤ ᠪᠠᠨ ᠢᠷᠡᠯ᠎ᠡ᠃ ᠤᠷᠢᠤᠨ ᠤᠨ ᠬᠦᠷᠤᠰᠤ ᠪᠠᠷ ᠪᠠᠷᠢᠭᠰᠠᠨ | ᠭᠤᠷᠪᠡᠨ ᠲᠠᠰᠤᠯᠭ᠎ᠠ ᠰᠢᠪᠡᠷ ᠪᠠᠶᠢᠰᠢᠩ ᠤᠨ ᠢᠶᠠᠨ ᠤᠷᠤᠨ ᠳᠤ ᠸᠠᠭᠠᠷ ᠲᠤᠭᠤᠰᠬᠠᠨ ᠰᠢᠨᠡᠭᠡᠨ ᠭᠡᠷ ᠲᠡᠷᠡᠶᠢᠨ | ᠪᠤᠰᠤᠭᠰᠠᠨ ᠪᠠᠶᠢᠪᠡ᠃ ᠪᠢ ᠡᠭᠡᠴᠢ ᠬᠦᠷᠭᠡᠨ ᠠᠬ᠎ᠠ ᠶᠢᠨ ᠭᠡᠷ ᠤᠨ ᠡᠬᠦᠳᠡ ᠶᠢ ᠠᠯᠬᠤᠨ ᠤᠷᠤᠳᠠᠯ᠎ᠠ᠂ ᠬᠦᠷᠰᠢ | ᠰᠠᠭᠠᠬᠠᠯᠳᠡ᠂ ᠪᠠᠭ᠎ᠠ ᠶᠢᠨ ᠨᠠᠶᠢᠵᠠ᠂ ᠲᠦᠷᠤᠯ ᠰᠠᠳᠤᠨ ᠮᠢᠨᠢ ᠤᠪᠤᠨ ᠴᠤᠪᠤᠨ ᠢᠷᠡᠵᠡᠭᠡᠵᠤ᠂ ᠠᠷᠢᠬᠢ ᠲᠠᠷᠠᠰᠤ | ᠤᠤᠭᠤᠯᠴᠠᠨ ᠰᠦᠨᠢ ᠶᠢᠨ ᠬᠦᠨ ᠪᠤᠯᠳᠠᠯ᠎ᠠ ᠨᠠᠶᠢᠷᠠᠯᠳᠤᠭᠠᠤᠨ ᠰᠠᠶ᠋ᠢ ᠲᠠᠷᠬᠠᠪᠡ᠃ | ᠪᠢ ᠬᠡᠳᠤᠷᠬᠡᠢ ᠰᠡᠤᠨᠬᠢᠯ ᠲᠤᠭᠳᠤᠯᠤᠭᠰᠠᠨ ᠠᠴᠠ ᠤᠨᠳᠠᠵᠤ ᠤᠷᠤᠬᠤ ᠦᠭᠡᠢ ᠲᠤᠯᠠ᠂ ᠮᠢᠨᠤ ᠬᠤᠨᠤᠬᠤ | ᠦᠷᠤᠭᠡᠨ ᠳᠤ ᠲᠠᠯᠪᠢᠭᠠᠰᠤᠳᠠᠢ ᠲᠧᠯᠸᠢᠰ ᠢ ᠨᠡᠭᠡᠭᠡᠵᠤ ᠦᠵᠡᠯ᠎ᠡ᠃ ᠪᠠᠭ᠎ᠠ ᠳᠤ ᠪᠠᠨ ᠨᠢᠭᠡᠨ ᠴᠠᠭ ᠤᠨ ᠺᠢᠨᠣ᠋ ᠶᠢ | ᠦᠵᠡᠬᠦ ᠬᠡᠮᠡᠨ ᠭᠠᠴᠠᠭ᠎ᠠ ᠰᠤᠮᠤᠨ ᠤ ᠠᠷᠪᠡᠨ ᠲᠠᠪᠤ ᠵᠢᠷᠭᠤᠭᠠᠨ ᠭᠠᠵᠠᠷ ᠤᠨ ᠵᠠᠮ ᠢ ᠰᠦᠨᠢ ᠶᠢᠨ ᠬᠠᠷᠠᠩᠭᠤᠢ ᠳᠤ | ᠦᠭᠡᠳᠡ ᠤᠷᠤᠭᠤ ᠶᠠᠪᠠᠭᠠᠯᠠᠨ ᠬᠦᠶᠤᠵᠤ ᠪᠠᠶᠢᠭᠰᠠᠨ ᠢᠶᠠᠨ ᠪᠤᠳᠤᠪᠡᠯ᠂ ᠦᠨᠤᠳᠤᠷ ᠴᠤ ᠨᠢᠭᠡ ᠴᠠᠭ ᠤᠨ | ᠰᠠᠶᠢᠬᠠᠨ ᠳᠤ ᠵᠢᠷᠭᠠᠵᠤ ᠪᠠᠶᠢᠨ᠎ᠠ ᠳ᠋ᠠ︕ ᠦᠡᠭᠭᠡᠷᠡᠭᠰᠡᠨ ᠤᠳᠤ ᠶᠢᠨ ᠠᠯᠢ ᠤᠯᠠᠨ ᠬᠡᠷᠡᠭ ᠤᠴᠢᠷ ᠢ ᠠᠳᠠᠯᠢᠳᠬᠠᠨ | ᠡᠷᠬᠢᠴᠡᠬᠦᠯᠤᠭ᠍ᠰᠡᠭᠡᠷ ᠬᠡᠳᠤᠢ ᠳᠤ ᠪᠤᠤ ᠮᠡᠳᠡ᠂ ᠲᠠᠭ ᠤᠨᠳᠠᠵᠤ ᠤᠷᠬᠢᠵᠠᠢ᠃ | ᠬᠡᠳᠤᠬᠡᠨ ᠴᠠᠭ ᠤᠨᠳᠠᠭᠰᠠᠨ ᠴᠤ᠂ ᠪᠢ ᠲᠠᠷᠠᠭ᠎ᠠ ᠦᠷᠯᠤᠭᠡ ᠨᠢ ᠨᠡᠷᠡᠨ ᠠᠴᠠ ᠵᠠᠪᠳᠤᠨ ᠪᠤᠰᠪᠡ᠃ ᠬᠦᠳᠡᠭᠡ | ᠠᠶᠢᠯ ᠤᠨ ᠬᠠᠷ᠎ᠠ ᠪᠤᠷᠤ ᠠᠵᠢᠯ ᠳᠤ ᠭᠠᠷᠰᠢᠵᠤ ᠦᠰᠤᠭ᠍ᠰᠡᠨ ᠪᠢ᠂ ᠶᠡᠷᠤ ᠨᠢ ᠨᠠᠷᠠᠨ ᠳᠤ ᠲᠠᠷᠤᠭᠳᠠᠨ ᠤᠨᠳᠠᠳᠠᠭ | ᠦᠭᠡᠢ ᠶᠤᠮ᠃ ᠪᠢ ᠬᠡᠤᠬᠡᠤᠨ ᠦᠶ᠎ᠡ ᠶᠢᠨ ᠪᠤᠷᠭᠠᠰᠤᠨ ᠮᠤᠷᠢ ᠲᠠᠢ ᠲᠠᠪᠬᠢᠭᠤᠯᠵᠤ ᠪᠠᠶᠢᠭᠰᠠᠨ ᠪᠤᠮᠪᠤᠭᠤᠷ | ᠠᠭᠤᠯᠠ ᠶᠢᠨ ᠤᠷᠤᠢ ᠳᠤ ᠭᠠᠷᠪᠡ᠃ ᠠᠭᠤᠯᠠ ᠬᠡᠬᠦ ᠤᠷᠤᠨ ᠳᠤ ᠬᠦᠳᠤᠯ ᠲᠤᠪᠤ ᠭᠡᠵᠤ ᠬᠡᠯᠡᠪᠡᠯ ᠲᠠᠭᠠᠷᠠᠬᠤ | ᠪᠠᠶᠢᠭᠰᠠᠨ᠃ ᠠᠭᠤᠯᠠᠨ ᠲᠡᠭᠡᠷᠡᠬᠢ ᠡᠪᠤᠳᠤᠭ᠌ ᠰᠢᠬᠦᠷᠡᠮ᠎ᠡ ᠤᠷᠭᠤᠵᠤ ᠪᠠᠶᠢᠭᠰᠠᠨ ᠴᠠᠭᠠᠨ ᠰᠢᠷᠠᠯᠵᠢ᠂ ᠬᠦᠭᠡ ᠬᠢᠶᠠᠭ᠂ | ᠤᠯᠠᠭᠠᠨ᠎ᠠ ᠶᠢᠨ ᠮᠤᠳᠤ ᠬᠡᠳᠦ᠋ᠢᠨ ᠠᠯᠠᠭ᠎ᠠ ᠪᠤᠯᠵᠠᠢ᠃ ᠬᠤᠨᠢ ᠮᠠᠯ ᠳᠤ ᠠᠬᠢᠨ ᠲᠠᠬᠢᠨ ᠢᠳᠡᠭᠳᠡᠭᠰᠡᠨ ᠡᠯᠳᠡᠪ | ᠦᠡᠭᠭᠡ ᠶᠢᠨ ᠡᠪᠡᠰᠤ᠂ ᠭᠠᠵᠠᠷ ᠤᠨ ᠬᠦᠷᠤᠰᠤᠨ ᠳᠤ ᠠᠷᠠᠶᠢᠬᠠᠨ ᠴᠤᠬᠤᠶᠢᠵᠤ᠂ ᠶᠠᠭ ᠨᠠᠮᠤᠷ ᠤᠨ ᠡᠬᠢᠨ ᠤ ᠠᠯᠢᠰᠤᠨ | ᠬᠠᠳᠤᠯᠠᠩ ᠰᠢᠭ᠋ ᠬᠠᠷᠠᠭᠳᠠᠨ᠎ᠠ᠃ | ᠠᠢ ᠳ᠋ᠡ︕ ᠲᠤᠯᠤᠭᠠᠨ ᠭᠠᠨᠭ᠍ᠭ᠎ᠠ ᠶᠢᠨ ᠱᠠᠭᠠᠷᠢᠭ ᠤᠨ ᠮᠤᠳᠤ᠂ ᠠᠶᠢᠯ ᠤᠨ ᠡᠮᠤᠨᠡᠬᠢ ᠬᠠᠶᠢᠯᠠᠰᠤ | ᠤᠯᠢᠶᠠᠰᠤᠨ ᠤᠢ ᠬᠡᠵᠢᠶᠡᠨᠠᠢ ᠤᠷᠤ ᠮᠦᠷ ᠦᠭᠡᠢ ᠪᠤᠯᠵᠠᠢ᠃ ᠲᠡᠬᠦᠨ ᠤ ᠲᠤᠮᠳᠠᠭᠤᠷ ᠴᠠᠶᠢᠯᠵᠠᠨ ᠤᠷᠤᠰᠤᠭᠰᠠᠨ | ᠲᠡᠮᠡᠭᠡᠨ ᠭᠤᠤᠯ ᠤᠨ ᠬᠡᠳᠤᠨ ᠰᠠᠯᠪᠤᠷᠢ ᠤᠷᠤᠰᠬᠠᠯ ᠨᠢ ᠠᠯᠠᠭ᠎ᠠ ᠪᠤᠯᠵᠤ᠂ ᠨᠠᠷᠢᠬᠠᠨ ᠨᠢᠭᠡᠨ ᠵᠤᠷᠪᠤᠰ ᠭᠤᠤᠯ | ᠤᠷᠤᠰᠬᠠᠯ ᠨᠢ ᠠᠷᠠᠶᠢᠬᠠᠨ ᠠᠮᠢ ᠲᠠᠢ ᠤᠷᠤᠰᠤᠨ᠎ᠠ᠃ ᠮᠤᠳᠤ ᠰᠢᠭᠤᠢ ᠪᠠᠨ ᠠᠯᠳᠠᠭᠰᠠᠨ ᠬᠠᠯᠴᠠᠭᠠᠢ ᠬᠦᠨᠳᠡᠢ | ᠬᠠᠷᠠᠭᠠᠨ ᠤ ᠦᠵᠦᠬᠦᠷ ᠲᠤ ᠤᠶᠢᠤᠡᠬᠠᠷ ᠬᠦᠷᠤᠮᠠ ᠬᠠᠨᠭ᠍ᠬᠠᠶᠢᠨᠠ᠃ ᠡᠬᠦᠯᠡ ᠪᠤᠷᠤᠭᠠᠨ ᠢᠶᠠᠨ ᠦᠷᠬᠦᠯᠵᠢ ᠲᠠᠳᠠᠳᠠᠭ | ᠡᠯᠴᠢᠳᠡᠢ ᠠᠭᠤᠯᠠ ᠮᠢᠨᠢ᠃ ᠡᠴᠡᠵᠤ ᠲᠤᠷᠠᠭᠰᠠᠨ ᠡᠪᠤᠭᠡᠨ ᠰᠢᠭ ᠬᠠᠯᠴᠠᠭᠠᠶᠢᠷᠠᠨ ᠰᠢᠩᠭᠡᠷᠡᠵᠤ᠂ ᠰᠦᠷ ᠰᠦᠯᠳᠡ | ᠦᠭᠡᠢ᠃ ᠪᠦᠮᠪᠤᠷᠴᠡᠭ ᠤᠨ ᠠᠭᠤᠰᠬᠢ ᠪᠤᠯᠤᠭᠰᠠᠨ ᠨᠠᠮᠤᠭᠳᠤ ᠲᠠᠯ᠎ᠠ᠂ ᠨᠤᠭᠤ ᠭᠠᠵᠠᠷ ᠮᠢᠨᠢ ᠤᠭ ᠢᠶᠠᠷ ᠢᠶᠠᠨ | ᠤᠷᠪᠠᠯᠠᠭᠳᠠᠨ ᠱᠠᠩ ᠤᠨ ᠲᠠᠷᠢᠶ᠎ᠠ ᠪᠤᠯᠵᠠᠢ᠃ | ᠠᠶᠢᠯ ᠲᠤᠰᠬᠤᠨ ᠰᠢᠨᠡᠳᠤᠨ ᠦᠭᠡᠷᠡᠴᠢᠯᠡᠭᠳᠡᠵᠤ᠂ ᠠᠷᠠᠤᠨ ᠤᠨ ᠠᠮᠢᠳᠤᠷᠠᠯ ᠤᠯᠠᠮ ᠰᠠᠶᠢᠵᠢᠷᠠᠨ | ᠴᠢᠨᠡᠭᠡᠯᠢᠭᠵᠢᠭᠰᠡᠨ ᠴᠤ᠂ ᠠᠷᠢᠭᠤᠨ ᠲᠠᠷᠬᠠᠨ ᠡᠭᠡ ᠪᠠᠶᠢᠭᠠᠯᠢ ᠮᠠᠨᠢ᠂ ᠠᠷᠭ᠎ᠠ ᠦᠭᠡᠢ ᠶᠠᠳᠠᠭᠤᠷᠠᠨ ᠬᠤᠭᠤᠰᠤᠷᠠᠵᠠᠢ᠃ | ᠲᠠᠷᠢᠶᠠᠨ ᠳᠤ ᠪᠦᠷ ᠡᠪᠡᠰᠤ ᠠᠷᠢᠯᠭᠠᠬᠤ ᠡᠮ ᠴᠤᠬᠢᠵᠤ᠂ ᠠᠯᠢᠰᠤ ᠬᠠᠳᠤᠬᠤ ᠠᠯᠠᠭᠠᠨ ᠬᠢᠷᠢ ᠭᠠᠵᠷ ᠦᠭᠡᠢ | ᠪᠤᠯᠤᠭᠰᠠᠨ ᠲᠤᠯᠠ᠂ ᠪᠢ ᠦᠷᠯᠤᠭᠡ ᠶᠢᠨ ᠬᠤᠭᠤᠯᠠᠨ ᠤ ᠲᠠᠷᠠᠭ᠎ᠠ ᠭᠡᠷ ᠲᠤ ᠪᠠᠨ ᠪᠤᠴᠠᠬᠤ ᠪᠠᠷ ᠠᠶᠠᠨᠴᠢᠤᠨ ᠤᠨ | ᠲᠡᠷᠭᠡᠨ ᠳᠤ ᠭᠠᠷᠤᠯ᠎ᠠ᠃ ᠡᠨᠡ ᠤᠳᠠᠭ᠎ᠠ ᠪᠢ ᠱᠠᠭᠠᠷᠢᠭᠳᠠᠢ ᠠᠴᠠ ᠪᠠᠨ ᠰᠠᠯᠬᠤ ᠳᠤ᠂ ᠰᠠᠨᠠᠭ᠎ᠠ ᠰᠡᠤᠨᠬᠢᠯ ᠮᠢᠨᠢ | ᠤᠶᠢᠤᠡᠬᠠᠷ ᠭᠤᠨᠢᠭ ᠢᠶᠠᠷ ᠲᠦᠬᠦᠷᠪᠡ᠃ | ᠤᠷᠵᠢᠨᠤᠨ ᠵᠢᠯ ᠤᠨ ᠵᠤᠨ᠂ ᠦᠨᠡᠨ ᠢ ᠬᠡᠯᠡᠪᠡᠯ ᠱᠠᠭᠠᠷᠭᠠᠳᠠᠢ ᠠᠴᠠ ᠨᠡᠬᠦᠵᠤ ᠢᠷᠡᠭᠰᠡᠨ ᠤ ᠲᠠᠷᠠᠭᠠᠬᠢ | ᠲᠦᠴᠢᠨ ᠬᠤᠶᠠᠷ ᠵᠢᠯ ᠤᠨ ᠲᠠᠷᠠᠭ᠎ᠠ᠂ ᠪᠢ ᠶᠠᠳᠠᠭᠤ ᠶᠢ ᠲᠡᠤᠡᠬᠦᠬᠦ ᠺᠠᠳ᠋ᠷ ᠤᠨ ᠠᠵᠢᠯ ᠠᠯᠪᠡ ᠪᠠᠷ ᠬᠤᠪᠢ ᠶᠢᠨ | ᠮᠠᠰᠢᠨ ᠢᠶᠠᠨ ᠵᠢᠯᠤᠭᠤᠳᠤᠨ ᠱᠠᠭᠠᠷᠭᠠᠳᠠᠢ ᠪᠠᠨ ᠴᠢᠭᠯᠡᠯ᠎ᠡ᠃ ᠤᠷᠢᠤᠨ ᠤᠨ ᠰᠢᠷᠤᠢ ᠶᠢᠨ ᠵᠠᠮ᠂ ᠤᠳᠤ ᠨᠢᠭᠡᠨᠳᠡ | ᠲᠡᠭᠰᠢ ᠲᠠᠷᠳᠡᠩ ᠵᠠᠮ ᠪᠤᠯᠴᠢᠬᠠᠭᠠᠤᠨ᠂ ᠰᠡᠤᠬᠡ ᠲᠡᠷᠭᠡ ᠬᠤᠷᠳᠤᠯᠠᠨ ᠲᠠᠪᠬᠢᠬᠤ ᠳᠤ ᠰᠡᠤᠨᠬᠢᠯ ᠤᠨ ᠲᠤᠭᠳᠤᠯᠤᠯ | ᠲᠡᠷᠭᠡᠨ ᠤ ᠰᠠᠵᠢᠯᠠᠭᠠᠨ ᠢ ᠲᠠᠷᠤᠵᠤ ᠪᠠᠶᠢᠯ᠎ᠠ᠃ ᠡᠯᠴᠢᠳᠡᠢ ᠠᠭᠤᠯᠠ ᠶᠢᠨ ᠵᠡᠬᠦᠨ ᠲᠠᠪᠠᠭ᠎ᠠ ᠶᠢ ᠲᠠᠪᠡᠨ ᠮᠤᠯ ᠤᠨ | ᠬᠤᠨᠭ᠍ᠰᠢᠶᠠᠷ ᠢ ᠤᠷᠢᠶᠠᠭᠠᠤᠨ ᠪᠠᠷᠠᠭᠤᠨᠰᠢ ᠶᠠᠪᠤᠭᠰᠠᠭᠠᠷ ᠲᠡᠮᠡᠭᠡᠨ ᠭᠤᠤᠯ ᠤᠨ ᠦᠷᠡᠯ ᠤᠨ ᠴᠡᠭᠡᠯ᠂ ᠲᠡᠯ ᠤᠨ | ᠲᠠᠯᠠᠪᠠᠢ ᠶᠢᠨ ᠡᠮᠤᠨᠠᠬᠢ ᠨᠤᠭᠤᠭᠠᠨ ᠬᠦᠨᠳᠡᠢ ᠳᠤ ᠤᠷᠤᠳᠠᠭ᠃ ᠪᠠᠭ᠎ᠠ ᠶᠢᠨ ᠦᠶ᠎ᠡ ᠳᠤ ᠪᠤᠷᠭᠠᠰᠤᠨ ᠤ ᠲᠦᠡᠭ | ᠪᠠᠶᠢᠭᠰᠠᠨ᠂ ᠬᠤᠵᠢᠮ ᠨᠢ ᠱᠠᠩ ᠤᠨ ᠲᠠᠷᠢᠶ᠎ᠠ ᠪᠤᠯᠵᠤ᠂ ᠲᠠᠬᠢᠨ ᠲᠠᠷᠢᠶᠠᠯᠠᠬᠤ ᠪᠠᠨ ᠪᠤᠯᠢᠵᠤ ᠡᠪᠡᠰᠤ ᠮᠤᠳᠤ ᠡᠬᠢᠯᠡᠨ | ᠴᠡᠯᠡᠭᠡᠷᠡᠬᠦ ᠪᠤᠯᠤᠭᠰᠠᠨ᠃ ᠡᠯᠴᠢᠳᠠᠢ ᠠᠭᠤᠯᠠ ᠶᠢᠨ ᠭᠤᠪᠢ ᠭᠠᠨᠭ᠍ᠭ᠎ᠠ ᠶᠢᠨ ᠱᠠᠭᠠᠷᠢᠭ᠂ ᠬᠤᠰᠤ ᠮᠤᠳᠤ ᠴᠤ | ᠮᠡᠳᠡᠭᠳᠡᠮ᠎ᠡ ᠢᠭᠴᠤᠷᠠᠨ ᠬᠦᠭᠡᠷᠡᠵᠤ᠂ ᠬᠦᠳᠡᠩ ᠤᠨᠢᠶᠠᠷ ᠲᠠᠳᠠᠨ᠎ᠠ᠃ ᠱᠠᠭᠠᠷᠭᠠᠳᠠᠢ ᠠᠶᠢᠯ ᠤᠨ ᠠᠷᠤ ᠶᠢᠨ | ᠲᠤᠯᠤᠭᠠᠨ ᠭᠠᠨᠭ᠍ᠭ᠎ᠠ ᠶᠢᠨ ᠱᠠᠭᠠᠷᠢᠭ ᠤᠨ ᠮᠤᠳᠤ ᠲᠠᠬᠢᠨ ᠠᠮᠢᠯᠠᠨ ᠤᠷᠭᠤᠭᠰᠠᠨ ᠦᠭᠡᠢ ᠴᠤ ᠲᠠᠷᠢᠮᠡᠯ ᠬᠦᠢᠯᠡᠰᠤᠨ | ᠮᠤᠳᠤ ᠨᠡᠶᠢᠳᠡᠮ ᠴᠡᠯᠡᠭᠡᠷᠡᠨ ᠪᠦᠷᠬᠦᠵᠤ᠂ ᠪᠤᠮᠪᠤᠭᠤᠷ ᠠᠭᠤᠯᠠ᠂ ᠤᠡᠭᠭᠤᠨ ᠠᠭᠤᠯᠠ ᠴᠡᠯ ᠨᠤᠭᠤᠭᠠᠨ ᠡᠪᠡᠰᠤ | ᠮᠤᠳᠤᠨ ᠳᠤ ᠡᠬᠢᠯᠡᠨ ᠬᠤᠴᠢᠭᠳᠠᠨ ᠦᠭᠡᠳᠡ ᠠᠴᠠ ᠮᠦᠰᠢᠶᠡᠭᠡᠤᠨ ᠤᠭᠳᠤᠬᠤ ᠰᠢᠭ᠋᠃ | ᠪᠢ ᠠᠶᠢᠯ ᠤᠨ ᠵᠡᠬᠦᠨ ᠦᠵᠦᠬᠦᠷ ᠢᠷᠡᠭᠡᠤᠨ ᠮᠠᠰᠢᠨ ᠠᠴᠠ ᠪᠠᠨ ᠪᠠᠭᠤᠯ᠎ᠠ᠃ ᠨᠢᠭᠡᠯᠡ ᠬᠦᠭ ᠲᠡᠭᠡᠨ | ᠤᠳᠠᠰᠤᠷᠠᠨ ᠵᠢᠭᠳᠡᠷᠡᠭᠰᠡᠨ ᠡᠨᠡ ᠠᠶᠢᠯ ᠤᠨ ᠡᠪᠡᠰᠤᠨ ᠤᠷᠤᠢ ᠲᠠᠢ ᠰᠢᠪᠡᠷ ᠪᠠᠶᠢᠰᠢᠩ ᠪᠦᠬᠦᠨ ᠢᠶᠠᠷ ᠢᠶᠠᠨ | ᠬᠠᠷᠠᠭᠳᠠᠬᠤ ᠪᠠᠨ ᠪᠤᠯᠢᠵᠤ᠂ ᠦᠷᠭᠡᠨ ᠵᠡᠬᠡᠯᠢ ᠶᠢᠨ ᠬᠤᠶᠠᠷ ᠲᠠᠯ᠎ᠠ ᠪᠠᠷ ᠤᠯᠠᠭᠠᠨ᠂ ᠴᠠᠭᠠᠨ᠂ ᠶᠠᠭᠠᠨ ᠲᠡᠮᠤᠷ | ᠬᠠᠪᠳᠠᠰᠤᠨ ᠤᠷᠤᠢ ᠲᠠᠢ ᠲᠤᠭᠤᠰᠬᠠᠨ ᠪᠠᠶᠢᠰᠢᠩ ᠤᠳ ᠦᠡᠭᠭᠡ ᠢᠯᠭᠠᠷᠠᠨ ᠵᠢᠭᠳᠡᠷᠡᠨ᠎ᠡ᠃ ᠵᠡᠭᠡᠯᠢ ᠶᠢᠨ ᠵᠡᠬᠦᠨ | ᠦᠵᠦᠬᠦᠷ ᠲᠠᠬᠢ ᠲᠡᠮᠤᠷ ᠢᠶᠠᠷ ᠪᠤᠰᠬᠠᠭᠰᠠᠨ ᠶᠠᠭᠠᠨ ᠦᠡᠭᠭᠡ ᠶᠢᠨ ᠲᠤᠮᠤ ᠲᠤᠭᠤᠯᠭ᠎ᠠ ᠬᠡᠯᠪᠡᠷᠢᠳᠤ ᠡᠬᠦᠳᠡᠨ ᠤ | ᠢᠯᠡᠷᠬᠡᠶᠢᠯᠡᠯ ᠲᠡᠭᠡᠷ᠎ᠡ ︽ ᠱᠠᠭᠠᠷᠭᠠᠳᠠᠢ ᠮᠤᠩᠭᠤᠯ ᠦᠨᠳᠤᠰᠤᠳᠡᠨ ᠤ ᠬᠦᠳᠡᠭᠡ ᠲᠤᠰᠬᠤᠨ ᠲᠠᠨ ᠢ ᠪᠠᠶᠠᠷᠯᠠᠨ | ᠤᠭᠳᠤᠶ᠎ᠠ︾ ᠭᠡᠵᠤ ᠪᠢᠴᠢᠭᠰᠡᠨ ᠨᠢ ᠨᠡᠳᠡ ᠳᠤ ᠲᠦᠢᠯ ᠤᠨ ᠬᠠᠯᠠᠭᠤᠨ ᠲᠤᠯᠠᠭᠠᠨ ᠰᠠᠨᠠᠭᠳᠠᠪᠠ᠃ | ᠠᠪᠤ ᠮᠢᠨᠢ ᠬᠡᠵᠢᠶᠡᠨᠠᠢ ᠦᠭᠡᠳᠡ ᠪᠤᠯᠵᠤ᠂ ᠠᠩᠭ᠎ᠠ ᠲᠡᠬᠦᠤ ᠨᠠᠷ ᠪᠦᠷ ᠠᠵᠢᠯ ᠠᠯᠪᠠᠨ ᠳᠤ ᠶᠠᠪᠤᠭᠰᠠᠨ ᠪᠡ | ᠡᠭᠡᠴᠢ ᠬᠦᠷᠭᠡᠨ ᠠᠬ᠎ᠠ ᠴᠤ ᠠᠶᠢᠮᠠᠭ ᠤᠨ ᠲᠦᠪ ᠲᠤ ᠨᠡᠬᠦᠭᠰᠡᠨ ᠲᠤᠯᠠ᠂ ᠡ᠊ᠨᠳᠡ ᠮᠢᠨᠤ ᠡᠷᠬᠢᠵᠤ ᠦᠵᠡᠬᠦ ᠠᠷᠤ ᠭᠡᠷ | ᠭᠡᠵᠤ ᠦᠭᠡᠢ ᠪᠤᠯᠤᠭᠰᠠᠨ᠃ ᠪᠢ ᠭᠠᠴᠠᠭᠠᠨ ᠤ ︽ᠬᠤᠶᠠᠷ ᠵᠦᠪᠯᠡᠯ ︾ ᠤᠨ ᠠᠵᠢᠯᠯᠠᠬᠤ ᠭᠡᠷ ᠲᠤ ᠬᠦᠷᠤᠯ᠎ᠠ᠃ | ᠤᠳᠤᠬᠢᠴᠢᠯᠠᠭᠰᠠᠨ ᠲᠤᠨᠤᠭ ᠲᠦᠭᠦᠬᠡᠷᠤᠮᠵᠢ᠂ ᠰᠤᠶᠤᠯ ᠤᠨ ᠵᠠᠰᠠᠯ ᠴᠢᠮᠡᠭᠯᠡᠯ ᠲᠠᠢ ᠭᠢᠯᠪᠠᠶᠢᠭᠰᠠᠨ ᠰᠠᠶᠢᠬᠠᠨ ᠡᠨᠡ | ᠲᠠᠪᠤᠨ ᠲᠠᠰᠤᠯᠭ᠎ᠠ ᠭᠡᠷ ᠢ ᠭᠠᠴᠠᠭᠠᠨ ᠤ ︽ᠬᠤᠶᠠᠷ ᠵᠦᠪᠯᠠᠯ ︾ ᠤᠨ ᠠᠵᠢᠯᠯᠠᠬᠤ ᠭᠠᠵᠠᠷ ᠬᠡᠬᠦ ᠳᠤ ᠠᠷᠠᠢ ᠢᠳᠡᠭᠡᠮᠡᠷ | ᠦᠭᠡᠢ᠃ ᠠᠵᠢᠯᠯᠠᠬᠤ ᠭᠡᠷ ᠤᠨ ᠪᠠᠷᠠᠭᠤᠨ ᠡᠮᠤᠨ᠎ᠠ ᠲᠠᠯ᠎ᠠ ᠶᠢᠨ ᠡᠬᠦᠳᠡᠨ ᠳᠤ ᠪᠠᠨ ︽ᠵᠠᠯᠠᠶᠢᠤᠨ ᠨᠤᠳᠤᠭ ᠤᠨ | ᠮᠤᠩᠭᠤᠯ ᠬᠦᠮᠤᠨ ᠤ ᠮᠥᠽᠸᠢ︾ ᠭᠡᠰᠡᠨ ᠢᠯᠡᠷᠬᠡᠶᠢᠯᠡᠯ ᠡᠯᠬᠦᠭᠰᠡᠨ ᠬᠤᠶᠠᠷ ᠲᠠᠪᠬᠤᠷ ᠠᠰᠠᠷ ᠪᠤᠢ᠃ ᠴᠤᠤᠯ | ᠭᠤᠤᠯ ᠤᠨ ᠤᠷᠤᠰᠬᠠᠯ ᠲᠠᠭᠠᠤ ᠶᠢᠨ ᠵᠠᠯᠠᠶᠢᠤᠨ ᠨᠤᠳᠤᠭ ᠤᠨ ᠬᠦᠮᠤᠨ ᠰᠤᠶᠤᠯ ᠲᠡᠤᠭᠡ᠂ ᠵᠡᠩ ᠤᠶᠢᠯᠡ ᠶᠢ | ᠡᠮᠬᠢᠤᠡᠭᠡᠨ ᠴᠤᠭᠯᠠᠭᠤᠯᠵᠤ ᠲᠡᠯᠭᠡᠨ ᠦᠵᠡᠬᠦᠯᠵᠤ ᠪᠠᠶᠢᠭ᠎ᠠ ᠡᠨᠡ ᠠᠰᠠᠷ᠂ ᠱᠠᠭᠠᠷᠭᠠᠳᠠᠢ ᠠᠶᠢᠯ ᠤᠨ ᠰᠤᠶᠤᠯ ᠤᠨ | ᠲᠦᠪᠰᠢᠨ ᠢ ᠪᠠᠰᠠ ᠨᠢᠭᠡ ᠦᠨᠳᠤᠷ ᠲᠤ ᠡᠷᠬᠦᠭᠰᠡᠨ ᠰᠢᠭ ᠰᠠᠨᠠᠭᠳᠠᠨ᠎ᠠ᠃ | ᠭᠠᠴᠠᠭᠠᠨ ᠤ ᠠᠯᠪᠠᠨ ᠭᠡᠷ ᠲᠤ ᠤᠷᠤᠬᠤ ᠳᠤ ᠦᠰᠤ ᠬᠡᠵᠢᠭᠡ ᠨᠢ ᠪᠤᠭᠤᠷᠤᠯᠳᠤᠨ ᠰᠢᠩᠭᠡᠷᠡᠭᠰᠡᠨ ᠨᠠᠰᠤᠳᠠᠢ | ᠠᠪᠤ ᠦᠭᠡᠳᠡ ᠠᠴᠠ ᠤᠭᠳᠤᠵᠠᠢ᠃ ᠨᠠᠷᠢᠨ ᠰᠠᠶᠢᠬᠠᠨ ᠠᠵᠢᠭᠯᠠᠪᠡᠯ᠂ ᠮᠢᠨᠤ ᠪᠠᠭ᠎ᠠ ᠰᠤᠷᠭᠠᠭᠤᠯᠢ ᠶᠢᠨ ᠭᠤᠷᠪᠡ᠂ | ᠲᠦᠷᠪᠡᠳᠤᠭᠡᠷ ᠤᠨ ᠤ ᠠᠩᠭᠢ ᠶᠢᠨ ᠡᠷᠬᠢᠯᠡᠭᠴᠢ ᠰᠢᠨᠵᠢᠯᠳᠤ ᠪᠠᠭᠰᠢ ᠪᠠᠶᠢᠯ᠎ᠠ᠃ ᠨᠢᠳᠤᠨ ᠭᠠᠯ ᠨᠢ ᠨᠡᠯᠢᠶᠡᠤᠨ ᠰᠠᠶᠢᠨ | ᠪᠤᠯᠤᠯᠳᠠᠢ᠂ ᠰᠢ ᠪᠠᠭᠰᠢ ᠮᠢᠨᠢ ᠨᠠᠳᠡ ᠶᠢ ᠦᠵᠡᠨ ᠲᠠᠨᠢᠵᠤ᠄ | — ᠠᠢ ᠬᠦ᠋︕ ᠡᠨᠡ ᠴᠢᠨᠢ ᠴᠤᠭᠳᠤ ᠶᠤᠮ ᠪᠠᠶᠢᠨ᠎ᠠ᠂ ᠴᠤᠩᠬᠤᠨ ᠭᠠᠳᠠᠨᠠᠬᠢ ᠰᠠᠭᠯᠠᠭᠠᠷ | ᠬᠠᠶᠢᠯᠠᠰᠤᠨ ᠳᠤ ᠱᠠᠭᠠᠵᠠᠭᠠᠢ ᠱᠠᠭᠰᠢᠭᠠᠤᠨ ᠪᠠᠶᠢᠬᠤ ᠪᠠᠷ ᠨᠢ ᠶᠠᠮᠠᠷ ᠨᠢᠭᠡᠨ ᠬᠦᠨᠳᠤᠳᠤ ᠵᠤᠴᠢᠨ ᠢᠷᠡᠬᠦ ᠪᠠᠶᠢᠯᠬᠦᠢ | ᠬᠡᠮᠡᠨ ᠪᠤᠳᠤᠵᠤ ᠪᠠᠶᠢᠭᠰᠠᠨ ᠴᠢᠨᠢ ᠬᠠᠷᠢᠨ ᠴᠢ ᠪᠠᠶᠢᠵᠠᠢ ᠭᠡᠤᠨ ᠨᠠᠳᠡ ᠳᠤ ᠴᠠᠢ ᠠᠶᠠᠭᠠᠯᠠᠵᠤ ᠦᠭᠭᠦᠨ᠎ᠡ᠃ | ᠪᠢ ᠪᠠᠭ᠎ᠠ ᠳᠤ ᠪᠠᠨ ᠠᠷᠠᠤᠨ ᠠᠴᠠ ᠡᠷᠬᠢᠯᠡᠭᠰᠡᠨ ᠰᠤᠷᠭᠠᠭᠤᠯᠢ ᠶᠢᠨ ᠰᠢᠨᠵᠢᠯᠳᠤ ᠪᠠᠭᠰᠢ ᠲᠠᠢ ᠪᠠᠨ ᠲᠤᠩ | ᠰᠠᠶᠢᠬᠠᠨ ᠲᠠᠰᠤᠯᠴᠠᠭᠰᠠᠨ ᠶᠤᠮ᠃ ᠰᠢ ᠪᠠᠭᠰᠢ ᠮᠠᠨ ᠤ ᠬᠡᠯᠡ ᠲᠤᠭ᠎ᠠ ᠶᠢ ᠵᠢᠭᠠᠬᠤ ᠠᠴᠠ ᠭᠠᠳᠠᠨ᠎ᠠ ᠪᠠᠰᠠ ᠤᠳᠤ | ᠦᠶ᠎ᠡ ᠶᠢᠨ ᠬᠤᠪᠢᠰᠬᠠᠯᠳᠤ ᠰᠢ ᠵᠦᠴᠤᠭᠡ ᠶᠢ ᠵᠢᠭᠠᠳᠠᠬ᠃ ᠲᠡᠭᠡᠭᠡᠤᠨ ︽ᠤᠯᠠᠭᠠᠨ ᠳ᠋ᠸᠡᠭ ᠤᠨ ᠲᠡᠮᠳᠡᠭᠯᠡᠯ︾ ᠭᠡᠮᠡᠬᠦ | ᠰᠢ ᠶᠢ ᠲᠠᠭᠤᠯᠠᠬᠤ ᠳᠤ ᠪᠠᠨ ᠬᠢᠴᠢᠶᠡᠯᠯᠡᠬᠦ ᠲᠠᠶᠢᠰᠠᠨ ᠲᠡᠭᠡᠷᠡᠬᠢ ᠵᠢᠭᠠᠬᠤ ᠰᠢᠷᠡᠭᠡᠨ ᠳᠤ ᠡᠯᠢᠭᠡᠳᠡᠨ ᠵᠤᠭᠰᠤᠵᠤ᠂ | ᠬᠦᠯ ᠢᠶᠠᠨ ᠴᠡᠴᠡᠷᠬᠡᠨᠡᠭᠦᠯᠤᠨ ᠪᠡᠭᠡᠵᠢᠩ ᠰᠢ ᠶᠢᠨ ᠤᠷᠳᠤ ᠨᠤᠭᠤᠯᠤᠭ᠎ᠠ ᠶᠢ ᠭᠠᠷᠭᠠᠵᠤ ᠪᠠᠶᠢᠭᠰᠠᠨ ᠲᠦᠷᠬᠦ ᠨᠢ ᠤᠳᠤ | ᠴᠤ ᠪᠤᠳᠤᠯ ᠳᠤ ᠲᠤᠳᠤᠨᠤ ᠰᠠᠨᠠᠭᠳᠠᠨ᠎ᠠ᠃ ᠪᠢᠳᠡ ᠰᠢᠨᠵᠢᠯᠳᠤ ᠪᠠᠭᠰᠢ ᠪᠠᠨ ᠰᠢ ᠪᠠᠭᠰᠢ ᠬᠡᠮᠡᠨ ᠲᠠᠭᠤᠳᠠᠬᠤ ᠨᠢ | ᠪᠡᠭᠡᠵᠢᠩ ᠰᠢ ᠶᠢᠨ ᠪᠠᠭᠰᠢ ᠭᠡᠰᠡᠨ ᠤᠤᠠᠬ᠎ᠠ ᠴᠤ ᠪᠤᠢ᠃ ᠰᠢ ᠪᠠᠭᠰᠢ ᠶᠢᠨ ᠨᠠᠳᠡ ᠳᠤ ᠪᠠᠰᠠ ᠨᠢᠭᠡᠨ ᠬᠦᠨ | ᠰᠠᠭᠤᠭᠳᠠᠯ ᠦᠭᠭᠦᠭᠰᠡᠨ ᠤᠴᠢᠷ ᠭᠡᠪᠡᠯ᠂ ᠨᠡᠯᠢᠶᠡᠤᠨ ᠤᠷᠠᠯᠢᠭ ᠰᠠᠶᠢᠬᠠᠨ ᠬᠢᠭᠰᠡᠨ ᠶᠠᠭᠤᠮ᠎ᠠ ᠶᠢ ᠦᠵᠡᠭᠰᠡᠭᠡᠷ ︽ | ᠦᠨᠡᠭᠡᠷ ᠳ᠋ᠧᠪᠠᠯᠢᠭ︾ ᠭᠡᠵᠤ ᠬᠡᠯᠡᠨ᠎ᠡ᠃ ᠨᠢᠭᠡ ᠵᠢᠯ ᠤᠨ ᠪᠢᠳᠡᠬᠦᠨ ᠤ ᠤᠷᠢᠤᠨ ᠡᠳᠤᠷ ᠰᠢ ᠪᠠᠭᠰᠢ᠂ ᠠᠪᠤ ᠶᠢ | ᠬᠠᠪᠰᠤᠷᠤᠨ ᠮᠠᠨ ᠤ ᠭᠡᠷ ᠤᠨ ᠠᠳᠠᠭᠠᠷ ᠢ ᠬᠠᠭᠤᠴᠢᠨ ᠰᠤᠨᠢᠨ ᠢᠶᠠᠷ ᠨᠠᠭᠠᠵᠤ ᠦᠭᠴᠡᠢ᠃ ᠪᠢ ᠦᠪᠡᠷ ᠤᠨ ᠬᠡᠳᠤᠨ | ᠲᠠᠪᠬᠤᠷ ᠴᠠᠭᠠᠰᠤ ᠶᠢ ᠨᠡᠶᠢᠯᠡᠬᠦᠯᠤᠨ ᠴᠠᠷᠳᠡᠵᠤ᠂ ᠤᠯᠠᠭᠠᠨ᠂ ᠬᠠᠷ᠎ᠠ ᠪᠤᠳᠤᠭ ᠢᠶᠠᠷ ᠲᠠᠷᠤᠮᠠᠯᠯᠠᠵᠤ ᠬᠢᠭᠰᠡᠨ | ᠬᠦᠵᠤᠷ ᠢᠶᠠᠨ ᠰᠢ ᠪᠠᠭᠰᠢ ᠳᠤ ᠪᠠᠨ ᠦᠵᠡᠬᠦᠯᠬᠦ ᠳᠤ᠂ ᠪᠠᠭᠰᠢ ᠮᠢᠨᠢ ᠮᠦᠨ ᠯᠡ ︽ᠡᠨᠡ ᠬᠦᠵᠤᠷ ᠢ ᠦᠨᠡᠭᠡᠷ | ᠳ᠋ᠧᠪᠠᠯᠢᠭ ᠬᠢᠵᠠᠢ︾ ᠭᠡᠪᠡ᠃ ᠢᠡᠭᠭᠢᠵᠤ ᠬᠡᠯᠡᠬᠦ ᠶᠢ ᠮᠡᠳᠡᠵᠤ ᠪᠠᠶᠢᠭᠰᠠᠨ ᠡᠭᠡᠴᠢ ᠪᠢᠳᠡ ᠬᠡᠳᠤᠬᠦᠯᠡ ᠬᠠᠷᠢᠯᠴᠡᠨ ᠰᠡᠮ | ᠢᠨᠢᠶᠡᠵᠤ ᠠᠮᠵᠢᠪᠡ᠃ ᠳ᠋ᠧᠪᠠᠯᠢᠭ ᠭᠡᠰᠡᠨ ᠨᠢ ᠬᠢᠳᠡᠤᠨ ᠦᠭᠡᠨ ᠳᠤ ᠮᠤᠩᠭᠤᠯ ᠲᠠᠭᠠᠪᠤᠷᠢ ᠵᠠᠯᠭᠠᠵᠤ ︽ᠰᠠᠶᠢᠬᠠᠨ︾ | ᠭᠡᠬᠦ ᠰᠢᠨ᠎ᠡ ᠦᠭᠡ ᠪᠦᠳᠤᠭᠡᠭᠰᠡᠨ ᠪᠤᠯᠤᠯᠳᠠᠢ᠃ ᠮᠠᠨ ᠤ ᠬᠢᠨ ᠢᠡᠭᠭᠢᠵᠤ ᠬᠢᠳᠡᠤᠨ ᠮᠤᠩᠭᠤᠯ ᠬᠤᠯᠢᠵᠤ ᠬᠡᠯᠡᠬᠦ ᠨᠢ | ᠨᠢᠭᠡᠨᠳᠡ ᠲᠠᠤᠡᠬᠠᠯ ᠪᠤᠯᠤᠭᠰᠠᠨ ᠪᠠᠶᠢᠪᠠ᠃ ᠰᠢ ᠪᠠᠭᠰᠢ ᠤᠳᠤᠬᠠᠨ ᠬᠡᠳᠦ᠋ᠢᠪᠡᠷ ᠨᠠᠶᠠ ᠰᠢᠬᠠᠭᠰᠠᠨ ᠴᠤ᠂ ᠪᠡᠶ᠎ᠡ | ᠲᠡᠩᠭᠡᠯᠡᠭᠦᠨ᠂ ᠪᠢᠯᠢᠭ ᠰᠠᠷᠠᠭᠤᠯᠬᠠᠨ ᠪᠠᠶᠢᠭᠰᠠᠭᠠᠷ᠃ | — ᠭᠠᠴᠠᠭᠠᠨ ᠤ ᠨᠤᠶᠠᠤᠨ ᠪᠦᠷ ᠲᠠᠨ ᠰᠢᠭ᠋ ᠵᠤᠴᠢᠤᠨ ᠢ ᠲᠠᠭᠠᠵᠤ᠂ ᠡᠷᠤᠭᠡ ᠳᠤ ᠭᠦᠨᠵᠡᠭᠡᠶᠢᠷᠡᠭᠰᠡᠨ᠃ | ᠪᠢ ᠬᠦᠤ ᠪᠠᠨ ᠤᠷᠤᠯᠠᠨ ᠭᠡᠷ ᠰᠠᠬᠢᠭᠰᠠᠨ ᠴᠢᠨᠢ ᠬᠠᠷᠢᠨ ᠴᠤᠭᠳᠤ ᠲᠠᠢ ᠠᠭᠤᠯᠵᠠᠬᠤ ᠠᠵᠠ ᠲᠠᠢ ᠪᠠᠶᠢᠵᠠᠢ ᠬᠡᠮᠡᠨ ᠰᠢ | ᠪᠠᠭᠰᠢ ᠮᠢᠨᠢ ᠨᠠᠳᠡ ᠶᠢ ᠬᠠᠷᠠᠵᠤ ᠬᠡᠯᠡᠬᠡᠤᠨ ᠲᠠᠬᠢᠨ ᠭᠠᠴᠠᠭᠠᠨ ᠤ ᠠᠯᠪᠠᠨ ᠭᠡᠷ ᠤᠨ ᠴᠤ᠋ ᠰᠢᠨ᠎ᠡ ᠰᠢᠷᠡᠭᠡ ᠰᠠᠨᠳᠠᠯᠢ᠂ | ᠰᠢᠷᠡᠭᠡᠨ ᠲᠡᠭᠡᠷᠡᠬᠢ ᠺᠤᠮᠫᠢᠥ᠋ᠲ᠋ᠧᠷ ᠵᠡᠷᠭᠡ ᠶᠢ ᠬᠠᠷᠠᠭᠠᠤᠨ᠄ | — ᠨᠠᠮ ᠵᠠᠰᠠᠭ ᠤᠨ ᠰᠠᠶᠢᠨ ᠢᠶᠠᠷ ᠠᠶᠢᠯ ᠲᠤᠰᠬᠤᠨ ᠮᠢᠨᠢ ᠰᠢᠨᠡᠳᠤᠨ ᠬᠦᠭᠵᠢᠵᠤ᠂ ᠠᠷᠠᠤᠨ ᠤᠨ | ᠠᠮᠢᠳᠤᠷᠠᠯ ᠤᠷᠢᠤᠨ ᠢ ᠪᠤᠳᠤᠪᠡᠯ ᠡᠳᠤᠷᠵᠢᠨ ᠰᠢᠨᠡᠯᠡᠵᠤ ᠪᠠᠶᠢᠨ᠎ᠠ᠃ ᠡᠶᠢᠮᠤ ᠰᠠᠶᠢᠬᠠᠨ ᠴᠠᠭ ᠢᠷᠡᠨ᠎ᠡ ᠭᠡᠵᠤ ᠰᠠᠨᠠᠭ᠎ᠠ | ᠵᠡᠬᠦᠳᠤᠨ ᠳᠤ ᠤᠷᠤᠭᠰᠠᠨ ᠦᠭᠡᠢ ᠭᠡᠵᠤ ᠰᠡᠤᠨᠬᠢᠯ ᠲᠤᠭᠳᠤᠯᠤᠩᠭᠤᠢ ᠬᠡᠯᠡᠪᠡ᠃ ᠡᠨᠡᠭᠡᠨ ᠭᠱᠠᠨᠡ ᠮᠢᠨᠤ ᠪᠤᠳᠤᠯ ᠤᠨ | ᠬᠦᠰᠢᠭᠡᠨ ᠳᠤ᠂ ᠡᠬᠦᠳᠡ ᠴᠤᠩᠬᠤ ᠨᠢ ᠤᠡᠭᠭᠤᠶᠢᠵᠤ᠂ ᠬᠡᠷᠡᠮ ᠬᠠᠨ᠎ᠠ ᠨᠢ ᠬᠡᠯᠳᠤᠷᠢᠭ᠍ᠰᠡᠨ ᠰᠢᠪᠡᠷ ᠪᠠᠶᠢᠰᠢᠩ ᠤᠨ | ᠨᠢᠭᠡᠯᠡ ᠲᠠᠰᠤᠯᠭ᠎ᠠ ᠬᠢᠴᠢᠶᠡᠯᠯᠡᠬᠦ ᠭᠡᠷ ᠲᠤ᠂ ᠲᠦᠷᠪᠡᠨ ᠠᠩᠭᠢ ᠶᠢᠨ ᠲᠦᠴᠢᠨ ᠬᠡᠳᠤᠨ ᠰᠤᠷᠤᠭᠴᠢᠤᠨ ᠲᠤ ᠪᠠᠨ ᠠᠪᠤ | ᠪᠤᠯᠤᠨ ᠰᠢ ᠪᠠᠭᠰᠢ ᠡᠭᠡᠯᠵᠢ ᠪᠠᠷ ᠬᠤᠭᠤᠯᠠᠢ ᠪᠠᠨ ᠰᠦᠭᠡᠳᠡᠯᠡ ᠬᠢᠴᠢᠶᠡᠯ ᠵᠢᠭᠠᠵᠤ ᠪᠠᠶᠢᠭᠰᠠᠨ ᠲᠠᠯᠠᠪᠤᠷ ᠪᠠᠶᠢᠳᠠᠯ | ᠲᠤᠳᠤᠷᠠᠵᠤ ᠠᠮᠵᠢᠪᠡ᠃ | — ᠡᠨᠡ ᠨᠤᠳᠤᠭ ᠤᠨ ᠬᠦᠭᠵᠢᠯ ᠬᠤᠪᠢᠷᠡᠯ ᠳᠤ ᠪᠠᠭᠰᠢ ᠮᠢᠨᠢ ᠲᠠ ᠴᠤ ᠨᠠᠰᠤ ᠪᠠᠷ ᠢᠶᠠᠨ ᠵᠢᠤᠡᠬᠦᠭᠰᠡᠨ | ᠭᠠᠪᠢᠶ᠎ᠠ ᠲᠠᠢ ᠬᠦᠮᠤᠨ ᠰᠢᠤ︕ ᠭᠡᠬᠦ ᠳᠤ ᠰᠢ ᠪᠠᠭᠰᠢ ᠮᠢᠨᠢ ᠰᠠᠭᠤᠭᠰᠠᠨ ᠰᠠᠨᠳᠠᠯᠢ ᠠᠴᠠ ᠪᠠᠨ ᠪᠤᠰᠤᠨ᠂ ᠨᠡᠭᠡᠭᠡᠯᠳᠡᠢ | ᠴᠤᠩᠬᠤ ᠪᠠᠷ ᠤᠨᠢᠶᠠᠷᠳᠤᠨ ᠴᠡᠩᠭᠡᠷᠯᠡᠭᠡ ᠡᠯᠴᠢᠳᠠᠢ ᠠᠭᠤᠯᠠ ᠪᠡ ᠲᠡᠮᠡᠭᠡᠨ ᠭᠤᠤᠯ ᠤᠨ ᠦᠷᠭᠡᠨ ᠬᠦᠨᠳᠡᠢ ᠶᠢ ᠪᠠᠷᠠᠯᠠᠨ | ᠄ | — ᠠᠶᠢᠯ ᠤᠨ ᠪᠠᠭ᠎ᠠ ᠰᠤᠷᠭᠠᠭᠤᠯᠢ ᠪᠠᠨ ᠬᠡᠤᠬᠡᠤᠨ ᠤᠨ ᠴᠡᠴᠡᠷᠯᠢᠭ ᠪᠤᠯᠳᠠᠯ᠎ᠠ ᠡᠬᠦᠳᠡ ᠶᠢ ᠨᠢ ᠬᠠᠭᠠᠭᠰᠠᠨ | ᠦᠭᠡᠢ ᠠᠪᠴᠤ ᠶᠠᠪᠤᠭᠰᠠᠨ ᠨᠢ ᠦᠨᠡᠨ᠃ ᠭᠡᠶ᠎ᠠ ᠴᠤ ᠨᠤᠳᠤᠭ ᠢᠶᠠᠨ ᠬᠤᠳᠦ᠋ᠢᠳᠠᠯᠠ ᠰᠠᠭᠤᠭᠠᠤᠨ᠂ ᠨᠤᠳᠤᠭ ᠢᠶᠠᠨ | ᠢᠳᠡᠭᠰᠡᠨ ᠠᠴᠠ ᠪᠢᠰᠢ᠂ ᠨᠤᠳᠤᠭ ᠲᠤ ᠪᠠᠨ ᠶᠠᠭᠤ ᠪᠦᠳᠤᠭᠡᠵᠤ ᠦᠭᠪᠡ ᠪᠢᠳᠡ ᠴᠢᠨᠢ︖ ᠨᠠᠮ ᠵᠠᠰᠠᠭ ᠠᠴᠠ ᠭᠡᠷ | ᠪᠠᠶᠢᠰᠢᠩ ᠪᠠᠷᠢᠵᠤ᠂ ᠵᠠᠮ ᠵᠡᠭᠡᠯᠢ ᠶᠢ ᠲᠡᠪᠢᠰᠴᠤ ᠦᠭᠭᠦᠨ᠂ ᠮᠠᠯ ᠲᠠᠷᠢᠶᠠᠨ ᠠᠴᠠ ᠭᠠᠶᠢᠯᠢ ᠲᠠᠳᠠᠪᠤᠷᠢ ᠬᠤᠷᠢᠶᠠᠬᠤ | ᠦᠭᠡᠢ ᠪᠦᠭᠡᠳ ᠠᠯᠢ ᠤᠯᠠᠨ ᠨᠦᠬᠦᠪᠤᠷᠢ ᠲᠡᠤᠨᠬᠦᠮᠵᠢ ᠭᠡᠤᠨ ᠦᠭᠴᠤ ᠯᠡ ᠪᠠᠶᠢᠨ᠎ᠠ᠃ ᠠᠶᠢᠯ ᠭᠡᠷ ᠤᠨ ᠠᠮᠢᠳᠤᠷᠠᠯ | ᠮᠠᠨᠢ ᠤᠷᠢᠤᠨ ᠢ ᠪᠤᠳᠤᠪᠡᠯ ᠦᠨᠡᠭᠡᠷ ᠲᠡᠭᠷᠢ ᠭᠠᠵᠠᠷ ᠤᠨ ᠶᠡᠭᠡ ᠬᠤᠪᠢᠷᠠᠯᠳᠡ ᠭᠠᠷᠴᠠᠢ᠃ ᠮᠠᠨᠤᠰ ᠤᠨ ᠬᠡᠳᠤᠨ | ᠦᠶ᠎ᠡ ᠪᠠᠷ ᠡᠪᠳᠡᠭᠰᠡᠨ ᠠᠭᠤᠯᠠ ᠤᠰᠤ᠂ ᠡᠪᠡᠰᠤ ᠪᠡᠯᠴᠢᠭᠡᠷ ᠢ ᠰᠡᠷᠬᠦᠭᠡᠨ ᠨᠤᠭᠤᠭᠠᠷᠠᠭᠤᠯᠬᠤ ᠭᠡᠵᠤ ᠨᠠᠮ | ᠵᠠᠰᠠᠭ ᠠᠴᠠ ᠶᠡᠭᠡ ᠪᠡᠯᠡ ᠤᠷᠤᠭᠤᠯᠤᠨ ᠴᠢᠷᠮᠠᠶᠢᠵᠤ ᠪᠠᠶᠢᠨ᠎ᠠ᠃ ᠨᠤᠳᠤᠭ ᠤᠰᠤ ᠮᠢᠨᠢ ᠤᠷᠢᠤᠨ ᠤᠨ ᠰᠢᠭ᠋ ᠢᠶᠠᠷ ᠢᠶᠠᠨ | ᠬᠦᠭᠡᠷᠡᠨ ᠨᠤᠭᠤᠭᠠᠷᠠᠬᠤ ᠭᠡᠭᠴᠢ ᠶᠡᠭᠡ ᠬᠦᠴᠤ ᠬᠡᠷᠡᠭᠰᠡᠨ᠎ᠡ ᠳ᠋ᠡ︕ ᠭᠡᠵᠤ ᠬᠦᠨ ᠰᠡᠤᠨᠬᠢᠯᠭᠡ ᠲᠠᠢ ᠬᠡᠯᠡᠪᠡ᠃ | — ᠪᠢᠳᠡ ᠪᠦᠷ ᠡᠭᠡ ᠪᠠᠶᠢᠭᠠᠯᠢ ᠳᠤ ᠪᠠᠨ ᠦᠷᠢ ᠲᠠᠢ ᠬᠦᠮᠤᠨ ᠭᠡᠵᠤ ᠪᠡᠶ᠎ᠡ ᠪᠠᠨ ᠪᠤᠷᠤᠭᠤᠡᠬᠠᠪᠠ᠃ | ᠱᠠᠭᠠᠷᠭᠠᠳᠠᠢ ᠳᠤ ᠢᠷᠡᠭᠰᠡᠨ ᠠᠵᠢᠯ ᠠᠯᠪᠡ ᠪᠠᠨ ᠲᠠᠭᠤᠰᠬᠠᠭᠠᠤᠨ ᠪᠢ ᠲᠠᠷᠠᠭ᠎ᠠ ᠡᠳᠤᠷ ᠲᠤ ᠨᠢ ᠬᠤᠰᠢᠭᠤᠨ | ᠲᠦᠪ ᠤᠷᠤᠭᠤ ᠪᠠᠨ ᠪᠤᠴᠠᠪᠡ᠃ ᠠᠶᠢᠯ ᠤᠨ ᠡᠮᠤᠨᠠᠬᠢ ᠲᠡᠯ ᠬᠠᠳᠡᠨ ᠤ ᠲᠤᠤᠷ᠎ᠠ ᠬᠦᠷᠤᠭᠡᠤᠨ ᠪᠢ᠂ ᠲᠡᠷᠭᠡ ᠪᠠᠨ | ᠲᠠᠯᠪᠢᠨ ᠬᠠᠳᠡᠨ ᠤ ᠤᠷᠤᠢ ᠳᠤ ᠮᠠᠴᠤᠨ ᠭᠠᠷᠪᠡ᠃ ᠲᠤᠯᠤᠭᠠᠨ ᠭᠠᠨᠭ᠍ᠭ᠎ᠠ ᠶᠢᠨ ᠠᠭᠤᠯᠠ ᠪᠠᠨ ᠲᠦᠰᠢᠨ᠂ ᠲᠡᠮᠡᠭᠡᠨ | ᠭᠤᠤᠯ ᠤᠨ ᠦᠷᠬᠡᠨ ᠬᠦᠨᠳᠠᠢ ᠢᠰᠬᠦᠯᠤᠭ᠍ᠰᠡᠨ ᠱᠠᠭᠠᠷᠭᠠᠳᠠᠢ ᠠᠶᠢᠯ ᠤᠨ ᠰᠢᠨᠡᠭᠡᠨ ᠭᠤᠶᠤ ᠪᠠᠶᠢᠰᠢᠩ ᠤᠳ | ᠦᠷᠯᠤᠭᠡ ᠶᠢᠨ ᠨᠠᠷᠠᠨ ᠳᠤ ᠦᠡᠭᠭᠡ ᠢᠯᠭᠠᠷᠠᠨ ᠵᠢᠭᠳᠡᠷᠡᠨ᠎ᠡ᠃ ᠡᠨᠡ ᠨᠢ ᠨᠠᠳᠡ ᠳᠤ ᠮᠤᠳᠤᠤᠨ ᠨᠢ ᠰᠢᠩᠭᠡᠷᠡᠨ᠂ | ᠰᠢᠪᠠᠭᠤᠤᠨ ᠨᠢ ᠴᠦᠭᠡᠷᠡᠵᠤ᠂ ᠤᠰᠤ ᠨᠢ ᠲᠠᠳᠠᠭᠤᠷᠠᠭᠰᠠᠨ ᠠᠭᠤᠯᠠ ᠭᠤᠤᠯ ᠲᠠᠢ ᠪᠠᠨ ᠡᠰᠡᠷᠬᠦᠤ ᠲᠡᠰᠡᠷᠬᠦᠤ | ᠵᠡᠷᠭᠡᠴᠡᠬᠦᠯᠤᠯ ᠪᠤᠯᠵᠤ ᠬᠠᠷᠠᠭᠳᠠᠨ᠎ᠠ᠃ | ᠮᠢᠨᠤ ᠤᠨᠠᠭᠠᠨ ᠪᠠᠭ᠎ᠠ ᠶᠢᠨ ᠨᠠᠭᠠᠳᠤᠨ ᠲᠤᠭᠯᠠᠵᠤ᠂ ᠲᠠᠰᠤᠭᠰᠠᠨ ᠬᠦᠭᠡ ᠠᠭᠤᠯᠠ᠂ ᠬᠦᠭᠡᠮᠳᠤᠭ᠌ ᠤᠰᠤ ᠪᠡ | ᠬᠦᠮᠤᠨ ᠪᠤᠯᠬᠤ ᠶᠢᠨ ᠪᠡᠷᠭᠡ ᠶᠢ ᠰᠤᠷᠭᠠᠭᠰᠠᠨ ᠬᠦᠳᠡᠭᠡ ᠠᠶᠢᠯ ᠬᠤᠶᠠᠷ ᠮᠠᠨᠢ︕ ᠦᠨᠤ ᠶᠤᠰᠤᠳᠠᠢ ᠤᠷᠤᠨ | ᠪᠠᠶᠢᠷᠢ ᠪᠠᠨ ᠲᠦᠢᠯᠪᠤᠷᠢᠳᠠᠢ ᠰᠤᠯᠢᠴᠢᠬᠠᠭᠰᠠᠨ ᠪᠠᠶᠢᠪᠡ᠃ | ᠮᠦᠷᠤᠭᠡᠳᠤᠯ ᠳᠤ ᠰᠦᠮᠡᠯᠵᠡᠳᠡᠭ ᠤᠨᠠᠭᠠᠨ ᠪᠠᠭ᠎ᠠ ᠶᠢᠨ ᠨᠤᠳᠤᠭ ᠮᠢᠨᠢ︕ ᠦᠨᠡᠭᠡᠷ ᠮᠢᠨᠤ ᠦᠨᠢ | ᠡᠬᠦᠷᠢᠳᠡ ᠶᠢᠨ ᠲᠤᠷᠠᠰᠤᠮᠵᠢ ᠪᠤᠶᠤ ᠬᠦᠰᠡᠯ ᠵᠡᠬᠦᠳᠤᠨ ᠪᠤᠯᠴᠢᠬᠠᠭᠰᠠᠨ ᠪᠢᠯᠢᠤ᠃ | ᠵᠤᠬᠢᠶᠠᠬᠴᠢ ᠶᠢᠨ ᠬᠠᠶ᠋ᠢᠭ᠄ ᠵᠠᠯᠠᠶᠢᠤᠨ ᠬᠤᠰᠢᠭᠤᠨ ᠤ ᠰᠤᠷᠭᠠᠨ ᠬᠦᠮᠦᠵᠢᠯ ᠤᠨ ᠲᠤᠪᠴᠢᠶ᠎ᠡ | |