ᠰᠢᠯᠦᠭ ᠪᠢᠴᠢᠨ᠎ᠡ ᠪᠢ
ᠨᠡᠶᠢᠲᠡᠯᠡᠭᠰᠡᠨ ᠴᠠᠭ᠄
2020/9/4
ᠠᠮᠢᠨ ᠤ ᠡᠰ ᠢ ᠦᠭᠭᠦᠭᠰᠡᠨ ᠠᠪᠤ ᠮᠢᠨᠢᠤᠬᠠᠭᠠᠨ ᠤ ᠲᠡᠭᠷᠢ ᠶᠤᠮ ᠪᠢᠯᠡᠠᠷᠪᠠᠨ ᠵᠢᠯ ᠪᠢᠴᠢᠭ ᠦᠵᠡᠭᠦᠯᠦᠭᠰᠡᠨᠰᠤᠶᠤᠯ ᠤᠨ ᠬᠦᠳᠦᠴᠢ ᠶᠤᠮ ᠪᠢᠯᠡᠠᠮᠤ ᠬᠦᠨᠡᠰᠦ ᠵᠤᠭᠤᠰ ᠬᠦᠷᠭᠡᠭᠰᠡᠨᠪᠤᠳᠤᠯ ᠤᠨ ᠨᠦᠮᠦᠷᠢ ᠶᠤᠮ ᠪᠢᠯᠡᠠᠤᠭ᠎ᠠ ᠬᠦᠰᠡᠯ ᠢ ᠨᠢ ᠨᠦᠬᠦᠨ ᠰᠠᠨᠠᠵᠤᠰᠢᠯᠦᠭ ᠪᠢᠴᠢᠶ᠎ᠡ ᠪᠢ︕ᠡᠷᠪᠡᠢ ᠪᠡᠶ᠎ᠡ ᠶᠢ ᠦᠰᠭᠡᠭᠰᠡᠨ ᠡᠵᠢ ᠮᠢᠨᠢᠡᠨᠡᠷᠢᠯ ᠤᠨ ᠬᠤᠷᠸ᠎ᠠ ᠶᠤᠮ ᠪᠢᠯᠡᠡᠷᠳᠡ ᠤᠷᠤᠢ ᠪᠦᠪᠡᠢ ᠠᠶᠠᠯᠤᠭᠰᠠᠨᠬᠠᠶᠢᠷ᠎ᠠ ᠶᠢᠨ ᠲᠠᠭᠤᠣ ᠶᠤᠮ ᠪᠢᠯᠡᠦᠷ᠎ᠡ ᠪᠠᠨ ᠰᠠᠨᠠᠵᠤ ᠴᠢᠯᠡᠳᠡᠯ᠎ᠡ ᠬᠦᠯᠢᠶᠡᠭᠰᠡᠨᠰᠡᠳᠭᠢᠯ ᠤᠨ ᠬᠠᠶ᠋ᠢᠭ ᠶᠤᠮ ᠪᠢᠯᠡᠦᠷᠦᠴᠡᠨ ᠲᠠᠷᠨᠢ ᠶᠢ ᠨᠢ ᠡᠷᠭᠢᠨ ᠮᠦᠷᠦᠭᠡᠳᠴᠤᠰᠢᠯᠦᠭ ᠪᠢᠴᠢᠶ᠎ᠡ ᠪᠢ︕ᠬᠦᠴᠢᠷ ᠪᠡᠷᠭᠡ ᠳᠤ ᠲᠤᠰᠠ ᠪᠤᠯᠤᠬᠰᠠᠨᠠᠴᠢ ᠶᠢᠨ ᠲᠡᠯᠡᠬᠡᠢ ᠶᠤᠮ ᠪᠢᠯᠡᠲᠤᠮᠳᠠᠭᠤᠷ ᠪᠤᠳᠤᠯ ᠢ ᠢᠪᠡᠭᠡᠨ ᠲᠡᠳᠭᠦᠭᠰᠡᠨᠲᠤᠰᠠ ᠶᠢᠨ ᠵᠢᠷᠦᠬᠡ ᠶᠤᠮ ᠪᠢᠯᠡᠬᠦᠰᠡᠯ ᠴᠦᠬᠦᠬᠦ ᠳᠤ ᠡᠷᠭᠦᠨ ᠪᠤᠰᠬᠠᠭᠰᠠᠨᠬᠠᠯᠠᠭᠤᠨ ᠭᠠᠷ ᠶᠤᠮ ᠪᠢᠯᠡᠲᠤᠰᠠ ᠶᠢᠨ ᠴᠠᠭᠠᠨ ᠰᠡᠳᠭᠢᠯ ᠳᠤ ᠨᠢ ᠮᠦᠷᠭᠦᠵᠦᠰᠢᠯᠦᠭ ᠪᠢᠴᠢᠶ᠎ᠡ ᠪᠢ︕ᠤᠶᠢᠳᠬᠠᠷ ᠭᠤᠨᠢᠭ ᠢ ᠲᠠᠶᠢᠯᠤᠭᠰᠠᠨ ᠠᠨᠳᠠ ᠮᠢᠨᠢᠠᠮᠢᠳᠤᠷᠠᠯ ᠤᠨ ᠠᠵᠠ ᠶᠤᠮ ᠪᠢᠯᠡᠤᠬᠠᠭ᠎ᠠ ᠵᠤᠷᠢᠭ ᠢ ᠬᠦᠪᠴᠢᠯᠡᠵᠦ ᠲᠡᠯᠡᠭᠰᠡᠨᠢᠳᠡᠭᠡᠯ ᠤᠨ ᠵᠢᠷᠤᠬᠠᠢ ᠶᠤᠮ ᠪᠢᠯᠡᠰᠠᠮᠭᠠᠷᠳᠠᠭᠰᠠᠨ ᠦᠶ᠎ᠡ ᠰᠠᠮᠪᠠᠭ᠎ᠠ ᠰᠡᠯᠪᠢᠭᠰᠡᠨᠠᠷᠭ᠎ᠠ ᠶᠢᠨ ᠤᠭᠤᠳᠠ ᠶᠤᠮ ᠪᠢᠯᠡᠰᠠᠶᠢᠨ ᠰᠠᠨᠠᠭᠠᠨ ᠤ ᠪᠤᠶᠠᠨ ᠳᠤ ᠨᠢ ᠲᠠᠯᠠᠷᠬᠠᠵᠤᠰᠢᠯᠦᠭ ᠪᠢᠴᠢᠶ᠎ᠡ ᠪᠢ︕       ᠵᠣᠬᠢᠶᠠᠭᠴᠢ᠄ ᠪᠣᠣ ᠰᠠᠷᠠᠩᠭᠤᠸ᠎ᠠ       ᠬᠠᠶ᠋ᠢᠭ᠄ ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠴᠠᠭᠠᠨᠮᠦ᠋ᠷᠡᠨ ᠰᠤᠮᠤ ᠶᠢᠨ ᠰᠢᠪᠠᠷᠳᠠᠢ ᠭᠠᠴᠠᠭ᠎ᠠ
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号