| ᠵᠣᠬᠢᠶᠠᠬᠴᠢ᠄ ᠬᠣ᠋ ᠶᠢᠨ ᠱᠠᠨ | | ◆ ᠠᠭᠤᠯᠭ᠎ᠠ ᠶᠢᠨ ᠲᠣᠪᠴᠢ᠄ ᠴᠡᠭᠡᠷ ᠶᠣᠰᠣᠨ ᠵᠢᠴᠢ ᠴᠡᠭᠡᠷ ᠶᠣᠰᠣᠨ ᠤ ᠡᠭᠦᠰᠣᠯ ᠢ ᠲᠣᠷᠠᠳᠬᠤ ᠠᠴᠠ | ᠭᠠᠷᠳᠠᠨ ᠮᠣᠩᠭᠤᠯᠴᠣᠳ ᠤᠨ ᠠᠮᠢ ᠠᠬᠤᠢ ᠶᠢᠨ ᠴᠡᠭᠡᠷ ᠶᠣᠰᠣᠨ ᠢ ᠭᠤᠣᠯᠳᠠᠯᠭ᠎ᠠ ᠲᠠᠢ ᠦᠭᠦᠯᠡᠵᠦ᠂ ᠲᠡᠭᠦᠨ ᠤ | ᠬᠦᠮᠦᠨ ᠪᠠ ᠪᠠᠶᠢᠭᠠᠯᠢ ᠨᠢᠭᠡᠲᠣᠯ ᠲᠠᠢ᠂ ᠬᠦᠮᠦᠨ ᠪᠠ ᠪᠠᠶᠢᠭᠠᠯᠢ ᠡᠪ ᠨᠠᠶᠢᠷᠠᠮᠳᠠᠭᠤ ᠣᠷᠣᠰᠢᠬᠤ᠂ ᠠᠮᠢ ᠠᠬᠤᠢ ᠶᠢᠨ | ᠲᠡᠩᠴᠡᠭᠦᠷᠢ ᠶᠢ ᠬᠠᠮᠠᠭᠠᠯᠠᠬᠤ ᠠᠬᠤᠶᠢᠴᠢ ᠠᠴᠢ ᠬᠤᠯᠪᠣᠭᠳᠠᠯ ᠤᠨ ᠲᠤᠬᠠᠢ ᠦᠭᠦᠯᠡᠭᠰᠡᠨ ᠪᠠᠶᠢᠨ᠎ᠠ᠃ | ◆ ᠵᠠᠩᠭᠢᠯᠠᠭ᠎ᠠ ᠶᠢᠨ ᠦᠭᠡ᠄ ᠴᠡᠭᠡᠷ ᠶᠣᠰᠣᠨ᠂ ᠮᠣᠩᠭᠤᠯᠴᠣᠳ ᠤᠨ ᠠᠮᠢ ᠠᠬᠤᠢ ᠶᠢᠨ ᠴᠡᠭᠡᠷ ᠶᠣᠰᠣᠨ᠂ | ᠠᠴᠢ ᠬᠤᠯᠪᠣᠭᠳᠠᠯ | ᠨᠢᠭᠡ᠂ ᠴᠡᠭᠡᠷ ᠶᠣᠰᠣᠨ ᠵᠢᠴᠢ ᠲᠡᠭᠦᠨ ᠤ ᠡᠭᠦᠰᠣᠯ | ᠴᠡᠭᠡᠷ ᠶᠣᠰᠣᠨ ᠪᠣᠯ ᠬᠦᠮᠣᠰ ᠤᠨ ᠨᠡᠶᠢᠭᠡᠮ ᠤᠨ ᠠᠵᠢᠯᠯᠠᠭ᠎ᠠ᠂ ᠢᠲᠡᠭᠡᠯ ᠪᠢᠰᠢᠷᠡᠯ ᠤᠨ ᠠᠵᠢᠯᠯᠠᠭ᠎ᠠ ᠶᠢ | ᠵᠣᠬᠢᠴᠠᠭᠤᠯᠬᠤ ᠨᠢᠭᠡ ᠵᠦᠢᠯ ᠤᠨ ᠣᠶᠢᠯᠠᠭᠠᠭᠳᠠᠬᠤᠨ ᠪᠠ ᠠᠷᠭ᠎ᠠ ᠮᠠᠶ᠋ᠢᠭ ᠤᠨ ᠶᠡᠷᠣᠩᠬᠡᠶᠢᠯᠡᠯ ᠮᠦᠨ᠃ ᠲᠡᠷᠡ ᠪᠣᠯ | ᠡᠯ᠎ᠡ ᠦᠨᠳᠦᠰᠣᠲᠡᠨ ᠤ ᠳᠣᠮᠳᠠ ᠲᠦᠭᠡᠮᠡᠯ ᠣᠷᠣᠰᠢᠵᠣ ᠪᠠᠶᠢᠭ᠎ᠠ ᠣᠶᠢᠯᠠᠭᠠᠭᠳᠠᠬᠤᠨ᠂ ᠵᠠᠩ ᠦᠢᠯᠡ ᠶᠢᠨ | ᠰᠣᠶᠣᠯ ᠤᠨ ᠦᠵᠡᠭᠳᠡᠯ ᠮᠥᠨ᠃ | ᠴᠡᠭᠡᠷ ᠶᠣᠰᠣᠨ ᠤ ᠡᠭᠦᠰᠣᠯ ᠪᠣᠯ ᠪᠠᠶᠢᠭᠠᠯᠢ ᠶᠢᠨ ᠰᠢᠲᠦᠯᠭᠡ᠂ ᠡᠪᠦᠭᠡ ᠳᠡᠭᠡᠳᠣᠰ ᠤᠨ ᠰᠢᠲᠦᠯᠭᠡ ᠵᠢᠴᠢ | ᠴᠢᠳᠭᠦᠷ ᠰᠠᠬᠢᠭᠤᠯᠰᠣᠨ ᠠᠴᠠ ᠡᠮᠢᠶᠡᠨ ᠰᠦᠷᠳᠡᠬᠦ᠂ ᠳᠠᠷᠣᠢ ᠪᠠᠯᠠᠷ ᠡᠷᠲᠡᠨ ᠤ ᠲᠦᠮᠡᠨ ᠪᠣᠳᠠᠰ ᠠᠮᠢ ᠭᠤᠣᠯ ᠲᠠᠢ᠂ | ᠡᠵᠡᠳ ᠰᠠᠬᠢᠭᠤᠰᠣ ᠲᠠᠢ ᠭᠡᠬᠦ ᠣᠶᠢᠯᠠᠭᠠᠭᠳᠠᠬᠤᠨ ᠠᠴᠠ ᠢᠷᠡᠵᠠᠢ᠃ ᠠᠯᠣᠰ ᠡᠷᠲᠡᠨ ᠤ ᠬᠠᠭᠤᠴᠢᠨ ᠪᠠᠯᠠᠷᠯᠢᠭ | ᠦᠢᠯᠡᠳᠪᠣᠷᠢᠯᠡᠯ ᠤᠨ ᠨᠦᠬᠦᠴᠡᠯ ᠳᠣᠣᠷ᠎ᠠ᠂ ᠬᠦᠮᠦᠰ ᠤᠨ ᠪᠠᠶᠢᠭᠠᠯᠢ ᠳᠤ ᠲᠦᠰᠢᠭᠯᠡᠬᠦ ᠴᠢᠨᠠᠷ ᠴᠢᠩᠭ᠎ᠠ᠂ ᠰᠢᠨᠵᠢᠯᠡᠬᠦ | ᠤᠬᠠᠭᠠᠨ ᠮᠡᠷᠭᠡᠵᠢᠯ ᠲᠦᠢᠯ ᠤᠨ ᠬᠤᠴᠣᠷᠣᠩᠭᠤᠢ ᠲᠣᠯᠠ ᠬᠦᠮᠣᠰ ᠡᠯ᠎ᠡ ᠵᠦᠢᠯ ᠤᠨ ᠪᠠᠶᠢᠭᠠᠯᠢ ᠶᠢᠨ ᠭᠠᠮᠰᠢᠭ ᠪᠠ | ᠡᠪᠡᠳᠴᠢᠨ ᠡᠮᠬᠡᠭ ᠢ ᠲᠠᠶᠢᠯᠪᠣᠷᠢᠯᠠᠬᠤ ᠶᠢᠨ ᠠᠷᠭ᠎ᠠ ᠦᠭᠡᠢ ᠪᠦᠭᠡᠳ ᠢᠯᠠᠨ ᠳᠠᠪᠠᠭ᠋ᠣ ᠶᠢᠨ ᠠᠷᠭ᠎ᠠ ᠦᠭᠡᠢ ᠪᠠᠶᠢᠵᠣ᠂ | ᠠᠯᠢᠪᠠ ᠪᠦᠬᠦᠨ ᠢᠶᠠᠨ ᠡᠵᠡᠳ ᠰᠠᠬᠢᠭᠤᠯᠰᠣᠨ ᠳᠤ ᠨᠠᠶᠢᠳᠠᠬᠤ ᠪᠣᠯᠵᠣ᠂ ︽ᠡᠭᠦᠨ ᠢ ᠬᠢᠵᠣ ᠪᠣᠯᠬᠤ ᠦᠭᠡᠢ᠂ | ᠲᠡᠭᠦᠨ ᠢ ᠬᠢᠵᠦ ᠪᠣᠯᠬᠤ ᠦᠭᠡᠢ︾ ᠭᠡᠵᠣ ᠴᠡᠭᠡᠷ ᠶᠣᠰᠣᠨ ᠲᠣᠭᠲᠠᠭᠠᠵᠣ᠂ ᠦᠪᠡᠷ ᠤᠨ ᠪᠡᠶ᠎ᠡ ᠪᠠᠨ ᠪᠠᠷᠢᠵᠣ | ᠬᠢᠵᠠᠭᠠᠷᠯᠠᠬᠤ ᠪᠠᠷ ᠳᠠᠮᠵᠢᠭᠤᠯᠤᠨ ᠡᠵᠡᠳ ᠰᠠᠬᠢᠭᠤᠯᠰᠣᠨ ᠤ ᠦᠷᠣᠰᠢᠶᠡᠯ ᠬᠠᠮᠠᠭᠠᠯᠠᠯ ᠢ ᠣᠯᠬᠤ ᠭᠡᠰᠡᠨ ᠳᠤ ᠪᠠᠶᠢᠭ᠎ᠠ | ᠶᠤᠮ᠃ ᠡᠳᠡᠭᠡᠷ ᠴᠡᠭᠡᠷ ᠶᠣᠰᠣ ᠨᠢ ᠬᠡᠳᠦ᠋ᠢᠪᠡᠷ ᠳᠠᠯᠳᠠ ᠰᠣᠨᠢᠨ᠂ ᠶᠠᠷᠰᠢᠭ ᠲᠡᠪᠡᠭ ᠲᠠᠢ᠂ ᠱᠠᠰᠢᠨ ᠰᠣᠷᠲᠠᠬᠤᠨ ᠤ | ᠦᠩᠭᠡ ᠪᠣᠳᠤᠭ ᠭᠦᠨ ᠨᠡᠪᠴᠢᠭᠰᠡᠨ ᠪᠠᠶᠢᠳᠠᠭ ᠪᠣᠯᠪᠠᠴᠣ ᠮᠦᠨ ᠴᠢᠨᠠᠷ ᠲᠡᠭᠡᠷ᠎ᠡ ᠪᠠᠨ ᠲᠣᠰ ᠦᠨᠳᠣᠰᠣᠲᠡᠨ ᠤ | ᠪᠠᠶᠢᠭᠠᠯᠢ ᠶᠢᠨ ᠲᠣᠬᠠᠢ ᠲᠠᠨᠢᠯᠲᠠ ᠶᠢ ᠳᠣᠰᠬᠠᠭᠰᠠᠨ ᠪᠠᠶᠢᠳᠠᠭ᠃ | ᠬᠤᠶᠠᠷ᠂ ᠮᠣᠩᠭᠤᠯᠴᠣᠳ ᠤᠨ ᠠᠮᠢ ᠠᠬᠤᠢ ᠶᠢᠨ ᠴᠡᠭᠡᠷ ᠶᠣᠰᠣᠨ | ᠮᠣᠩᠭᠤᠯᠴᠣᠳ ᠵᠢᠯ ᠤᠨ ᠳᠦᠷᠪᠡᠨ ᠣᠯᠠᠷᠢᠯ ᠳᠤ ᠨᠡᠭᠦᠳᠡᠯᠯᠡᠨ ᠮᠠᠯᠵᠢᠬᠤ ᠠᠮᠢᠳᠣᠷᠠᠯ ᠢ ᠬᠢᠵᠣ᠂ ᠪᠠᠶᠢᠭᠠᠯᠢ ᠲᠠᠢ | ᠰᠢᠭᠤᠳ ᠬᠠᠷᠢᠯᠴᠠᠬᠤ ᠳᠣᠮᠳᠠ ᠪᠠᠶᠢᠭᠠᠯᠢ ᠯᠤᠭ᠎ᠠ ᠲᠦᠰᠢᠯᠴᠡᠬᠦ ᠬᠠᠷᠢᠴᠠᠭ᠎ᠠ ︵ᠮᠠᠯ ᠰᠦᠷᠣᠭ᠌ ᠨᠢ ᠣᠰᠣ ᠣᠮᠳᠠ | ᠡᠪᠡᠰᠣ ᠪᠡᠯᠴᠢᠭᠡᠷ ᠢ | ᠲᠦᠰᠢᠭᠯᠡᠬᠦ᠂ ᠬᠦᠮᠣᠨ ᠨᠢ ᠮᠠᠯ ᠰᠦᠷᠣᠭ᠌ ᠢᠶᠠᠨ ᠲᠦᠰᠢᠭᠯᠡᠬᠦ︶ ᠶᠢ ᠲᠠᠨᠢᠨ ᠮᠡᠳᠡᠵᠣ᠂ ᠪᠠᠶᠢᠭᠠᠯᠢ ᠠᠬᠤᠢ ︵ | ᠨᠣᠲᠤᠭ ᠪᠡᠯᠴᠢᠭᠡᠷ᠂ ᠣᠰᠣ ᠣᠮᠳᠠ᠂ ᠮᠠᠯ ᠰᠦᠷᠣᠭ᠌︶ ᠶᠢᠨ ᠬᠠᠷᠢᠴᠠᠭ᠎ᠠ ᠶᠢ ᠲᠣᠬᠢᠷᠠᠭᠤᠯᠬᠤ ᠮᠠᠰᠢ ᠠᠷᠪᠢᠨ ᠴᠡᠭᠡᠷ | ᠶᠣᠰᠣ ᠶᠢ ᠡᠭᠦᠳᠣᠭ᠍ᠰᠡᠨ ᠪᠠᠶᠢᠳᠠᠭ᠃ ᠡᠭᠦᠨ ᠤ ᠬᠠᠮᠲᠦ ᠡᠳᠡᠭᠡᠷ ᠴᠡᠭᠡᠷ ᠶᠣᠰᠣ ᠨᠢ ᠮᠣᠩᠭᠤᠯᠴᠣᠳ ᠤᠨ ᠭᠤᠶᠢᠪᠢᠰᠢ | ᠦᠭᠡᠢ ᠢᠲᠡᠭᠡᠯ ᠪᠢᠰᠢᠷᠡᠯ ᠪᠠ ᠶᠣᠰᠣ ᠰᠣᠷᠲᠠᠬᠤᠨ ᠤ ᠵᠢᠷᠣᠮᠯᠡᠯ ᠪᠣᠯᠵᠦ᠂ ᠡᠯ᠎ᠡ ᠵᠦᠢᠯ ᠤᠨ ᠴᠡᠭᠡᠷ ᠶᠣᠰᠣ ᠶᠢ | ᠴᠢᠩᠭ᠎ᠠ ᠮᠦᠷᠳᠡᠨ ᠰᠠᠬᠢᠬᠤ ᠨᠢ ᠮᠣᠩᠭᠤᠯ ᠬᠦᠮᠣᠨ ᠨᠢᠭᠡᠪᠣᠷᠢ ᠶᠢᠨ ᠶᠡᠷᠣᠳᠡ ᠶᠢᠨ ᠵᠠᠩ ᠵᠠᠩᠰᠢᠯ ᠪᠣᠯᠵᠠᠢ᠃ ᠡᠨᠡ ᠨᠢ | ᠲᠠᠯ᠎ᠠ ᠨᠣᠲᠤᠭ ᠤᠨ ᠠᠮᠢ ᠠᠬᠤᠢ ᠶᠢ ᠬᠠᠮᠠᠭᠠᠯᠠᠬᠤ ᠳᠤ ᠪᠣᠰᠣᠳ ᠶᠮᠠᠷᠪᠠ ᠬᠠᠣᠯᠢ ᠴᠠᠭᠠᠵᠠ᠂ ᠳᠦᠷᠢᠮ | ᠲᠣᠭᠲᠠᠭᠠᠯ ᠲᠠᠢ ᠠᠳᠠᠯᠢᠳᠬᠠᠰᠢ ᠦᠭᠡᠢ ᠢᠲᠡᠪᠬᠢ ᠦᠢᠯᠡᠳᠣᠯ ᠦᠵᠡᠬᠦᠯᠵᠠᠢ᠃ | ︵ᠨᠢᠭᠡ︶ ᠲᠠᠯ᠎ᠠ ᠨᠣᠲᠤᠭ ᠤᠨ ᠡᠪᠡᠰᠣ ᠪᠡᠯᠴᠢᠭᠡᠷ ᠢ ᠬᠠᠮᠠᠭᠠᠯᠠᠬᠤ᠂ ᠣᠢ ᠮᠣᠳᠣ ᠶᠢ ᠬᠠᠮᠠᠭᠠᠯᠠᠬᠤ᠂ ᠭᠠᠯ ᠢ | ᠰᠡᠷᠭᠡᠶᠢᠯᠡᠬᠦ ᠴᠡᠭᠡᠷ ᠶᠣᠰᠣᠨ | ᠮᠣᠩᠭᠤᠯᠴᠣᠳ ᠲᠦᠮᠡᠨ ᠪᠤᠳᠠᠰ ᠪᠦᠬᠦᠨ ᠴᠦᠮ ᠣᠩᠭᠤᠳ ᠰᠠᠬᠢᠭᠤᠰᠣ ᠲᠠᠢ ᠭᠡᠵᠦ ᠦᠵᠡᠳᠡᠭ ᠲᠣᠯᠠ | ᠠᠭᠤᠯᠠ ᠣᠰᠣ ᠪᠠᠨ ᠳᠣᠷ᠎ᠠ ᠲᠠᠪᠠ ᠪᠠᠷ ᠢᠶᠠᠨ ᠡᠪᠳᠡᠨ ᠰᠦᠢᠳᠭᠡᠪᠡᠯ ᠣᠩᠭᠤᠳ ᠰᠠᠬᠢᠭᠤᠰᠣ ᠶᠢ ᠨᠢ ᠬᠢᠯᠢᠩᠨᠡᠬᠦᠯᠵᠦ᠂ | ᠡᠭᠦᠨ ᠠᠴᠠ ᠪᠣᠯᠵᠦ ᠭᠠᠢ ᠪᠠᠷᠴᠢᠳ ᠲᠤ ᠣᠴᠠᠷᠠᠬᠤ ᠪᠣᠯᠣᠨ᠎ᠠ ᠬᠡᠵᠦ ᠢᠲᠡᠭᠡᠳᠡᠭ᠃ ᠡᠪᠡᠰᠣ ᠪᠡᠯᠴᠢᠭᠡᠷ᠂ ᠣᠢ | ᠮᠣᠳᠣ᠂ ᠠᠷᠢᠶᠠᠲᠡᠨ ᠵᠢᠭᠦᠷᠲᠡᠨ ᠵᠡᠷᠭᠡ ᠪᠣᠯ ᠴᠦᠮ ᠠᠭᠤᠯᠠ ᠣᠰᠣᠨ ᠤ ᠣᠩᠭᠤᠳ ᠰᠠᠬᠢᠭᠤᠰᠣ ᠶᠢᠨ ᠬᠢ ᠪᠦᠭᠡᠳ | ᠠᠷᠢᠶᠠᠲᠡᠨ ᠵᠢᠭᠦᠷᠲᠡᠨ ᠨᠢ ᠠᠭᠤᠯᠠ ᠣᠰᠣᠨ ᠤ ᠰᠠᠬᠢᠭᠤᠰᠣ ᠶᠢᠨ ᠰᠣᠶᠣᠷᠬᠠᠯ ᠭᠡᠵᠦ ᠦᠵᠡᠳᠡᠭ᠃ ᠡᠶᠢᠮᠦ ᠠᠴᠠ | ᠣᠪᠣᠭᠠᠨ ᠤ ᠣᠶᠢᠷ᠎ᠠ ᠬᠠᠪᠢ ᠳᠠᠬᠢ ᠬᠦᠷᠣᠰᠣ ᠰᠢᠷᠣᠢ ᠶᠢ ᠮᠠᠯᠲᠠᠬᠤ᠂ ᠡᠪᠡᠰᠣ ᠮᠣᠳᠣ ᠶᠢ ᠬᠦᠠᠳᠡᠬᠦ᠂ ᠠᠷᠢᠶᠠᠲᠡᠨ | ᠵᠢᠭᠦᠷᠲᠡᠨ ᠢ ᠠᠩᠨᠠᠵᠦ ᠭᠦᠷᠣᠭᠡᠯᠡᠬᠦ ᠶᠢ ᠴᠡᠭᠡᠷᠯᠡᠳᠡᠭ᠃ ᠣᠪᠣᠭᠠᠨ ᠳᠡᠭᠡᠷᠡᠬᠢ ᠡᠪᠡᠰᠣ ᠮᠣᠳᠣ ᠶᠢ ᠳᠣᠷ᠎ᠠ ᠪᠠᠷ | ᠬᠦᠳᠡᠯᠭᠡᠬᠦ᠂ ᠣᠪᠣᠭᠠᠨ ᠤ ᠣᠶᠢᠷᠠᠯᠴᠠᠭ᠎ᠠ ᠨᠠᠭᠤᠷ ᠪᠦᠷᠢᠳᠦ ᠳᠠᠬᠢ ᠵᠢᠭᠠᠰᠣ ᠵᠢᠷᠭᠠᠬᠠᠢ ᠶᠢ ᠱᠦᠭᠦᠬᠦ ᠶᠢ ᠴᠡᠭᠡᠷᠯᠡᠳᠡᠭ᠃ | | ᠣᠢ ᠮᠣᠳᠣ ᠶᠢ ᠰᠦᠨᠡᠰᠣ ᠲᠠᠢ ᠠᠮᠢ ᠭᠤᠣᠯ ᠲᠠᠢ ᠭᠡᠵᠦ ᠦᠵᠡᠵᠦ ᠰᠢᠲᠦᠨ ᠪᠢᠰᠢᠷᠡᠳᠡᠭ ᠠᠴᠠ ᠲᠠᠯ᠎ᠠ ᠨᠣᠲᠤᠭ᠂ | ᠪᠡᠯᠴᠢᠭᠡᠷ ᠬᠠᠳᠣᠯᠠᠩ ᠳᠠᠬᠢ ᠣᠢ ᠮᠣᠳᠣ ᠶᠢ ᠬᠠᠶᠢᠷᠠᠯᠠᠨ ᠬᠠᠮᠠᠭᠠᠯᠠᠬᠤ ᠶᠢ ᠣᠨᠴᠠ ᠠᠩᠬᠠᠷᠣᠨ ᠮᠣᠳᠣ ᠶᠢ ᠣᠭᠲᠣᠯᠬᠤ | ᠂ ᠦᠷ᠎ᠡ ᠵᠢᠮᠢᠰ ᠲᠡᠭᠦᠬᠦ᠂ ᠲᠦᠯᠡᠭᠡ ᠲᠡᠭᠦᠬᠦ ᠴᠡᠭᠡᠷ ᠶᠣᠰᠣ ᠣᠯᠠᠨ ᠪᠠᠶᠢᠳᠠᠭ᠃ ᠲᠣᠬᠠᠶᠢᠯᠠᠪᠡᠯ ᠭᠠᠭᠴᠠ ᠮᠣᠳᠣ ᠶᠢ | ᠣᠭᠲᠣᠯᠬᠤ ᠶᠢ ᠴᠡᠭᠡᠷᠯᠡᠳᠡᠭ᠃ ᠭᠤᠣ ᠶᠢᠨ ᠠᠮᠠ᠂ ᠦᠶᠡᠷ ᠤᠨ ᠵᠠᠮ᠂ ᠮᠠᠩᠬᠠᠨ ᠲᠣᠬᠤ᠂ ᠵᠣ ᠬᠦᠳᠣᠯ ᠳᠡᠭᠡᠷ᠎ᠡ | ᠣᠷᠭᠤᠭᠰᠠᠨ ᠮᠣᠳᠣ ᠶᠢ ᠣᠭᠲᠣᠯᠬᠤ ᠶᠢ ᠴᠡᠭᠡᠷᠯᠡᠳᠡᠭ᠃ ᠦᠷ᠎ᠡ ᠵᠢᠮᠢᠰ ᠲᠡᠭᠦᠬᠦ ᠳᠤ ᠮᠣᠳᠣᠨ ᠤ ᠰᠠᠯᠠᠭ᠎ᠠ ᠮᠦᠴᠢᠷ ᠢ | ᠬᠤᠭᠤᠯᠵᠣ ᠪᠣᠯᠬᠤ ᠦᠭᠡᠢ᠃ ᠲᠦᠯᠡᠰᠢ ᠰᠢᠲᠠᠭᠠᠯᠭ᠎ᠠ ᠲᠡᠭᠦᠬᠦ ᠳᠤ ᠵᠦᠪᠬᠡᠨ ᠬᠠᠲᠠᠵᠣ ᠬᠤᠪᠬᠠᠶᠢᠷᠠᠭᠰᠠᠨ ᠰᠠᠯᠠᠭ᠎ᠠ | ᠮᠦᠴᠢᠷ ᠢ ᠯᠠ ᠲᠡᠭᠦᠳᠡᠭ᠃ ᠱᠠᠩᠰᠢ ᠮᠣᠳᠣ ᠶᠢ ᠣᠭᠳᠣᠯᠵᠦ ᠰᠦᠢᠳᠭᠡᠪᠡᠯ ᠠᠭᠤᠯᠠ ᠣᠰᠣᠨ ᠤ ᠣᠩᠭᠤᠳ | ᠰᠠᠬᠢᠭᠤᠰᠣ ᠶᠢ ᠬᠢᠯᠢᠩᠨᠡᠭᠦᠯᠣᠨᠡ ᠭᠡᠳᠡᠭ᠃ | ᠨᠡᠭᠦᠳᠡᠯᠯᠡᠬᠦ ᠳᠡᠭᠡᠨ ᠪᠠᠭᠤᠷᠢ ᠰᠠᠭᠤᠷᠢ ᠪᠠᠨ ᠰᠠᠶᠢᠳᠣᠷ ᠴᠡᠪᠡᠷᠯᠡᠵᠦ᠂ ᠬᠤᠭ ᠨᠣᠪᠰᠢ ᠪᠠᠨ ᠭᠠᠵᠠᠷ ᠲᠤ ᠭᠦᠨ | ᠪᠣᠯᠠᠨ᠎ᠠ᠂ ᠡᠰᠡ ᠲᠡᠭᠡᠪᠡᠯ ᠭᠠᠵᠠᠷ ᠤᠨ ᠰᠠᠬᠢᠭᠤᠰᠣ ᠶᠢ ᠠᠭᠤᠷᠯᠠᠭᠤᠯᠣᠨ᠎ᠠ ᠭᠡᠳᠡᠭ᠃ ᠭᠠᠯ ᠳᠤ ᠰᠦ ᠬᠢᠬᠦ ᠦᠭᠡᠢ᠃ | ᠭᠠᠯ ᠳᠤ ᠪᠣᠵᠠᠷ ᠵᠦᠢᠯᠡᠰ ᠪᠠ ᠬᠤᠭ ᠰᠢᠲᠠᠭᠠᠬᠤ ᠦᠭᠡᠢ᠃ ᠭᠠᠯ ᠲᠡᠭᠡᠭᠦᠷ ᠠᠯᠬᠤᠵᠦ ᠭᠠᠷᠬᠤ᠂ ᠲᠣᠯᠭ᠎ᠠ ᠲᠡᠭᠡᠭᠦᠷ | ᠠᠯᠬᠤᠵᠦ ᠭᠠᠷᠬᠤ ᠶᠢ ᠴᠡᠭᠡᠷᠯᠡᠨ᠎ᠡ᠃ ᠰᠣᠩᠬᠢᠨ᠎ᠠ ᠰᠠᠷᠢᠮᠰᠠᠭ ᠤᠨ ᠬᠠᠯᠢᠰᠦ ᠶᠢ ᠵᠣᠣᠬᠠᠨ ᠳᠤ ᠬᠢᠬᠦ ᠶᠢ ᠴᠡᠭᠡᠷᠯᠡᠨ᠎ᠡ᠃ | ᠭᠠᠯ ᠤᠨ ᠦᠨᠡᠰᠣᠨ ᠲᠡᠭᠡᠷ᠎ᠡ ᠰᠢᠭᠡᠬᠦ ᠶᠢ ᠴᠡᠭᠡᠷᠯᠡᠨ᠎ᠡ᠃ | ︵ᠬᠤᠶᠠᠷ︶ ᠣᠰᠣᠨ ᠤ ᠡᠬᠢ ᠪᠠᠶᠠᠯᠢᠭ ᠢ ᠬᠠᠮᠠᠭᠠᠯᠠᠬᠤ ᠴᠡᠭᠡᠷ ᠶᠣᠰᠣᠨ | ᠮᠣᠩᠭᠤᠯᠴᠣᠳ ᠤᠨ ᠲᠠᠷᠬᠠᠨ ᠰᠠᠭᠤᠷᠢᠰᠢᠵᠦ ᠪᠠᠶᠢᠭ᠎ᠠ ᠭᠠᠵᠠᠷ ᠨᠤᠲᠤᠭ ᠪᠣᠯ ᠭᠠᠩ ᠬᠠᠭᠤᠷᠠᠢ ᠪᠤᠶᠤ ᠵᠠᠷᠢᠮᠳᠠᠭ | ᠬᠠᠭᠤᠷᠠᠢ ᠣᠷᠣᠨ ᠳᠤ ᠪᠠᠭᠳᠠᠵᠦ᠂ ᠬᠤᠷ᠎ᠠ ᠲᠣᠨᠣᠳᠠᠰᠣ ᠴᠦᠬᠡᠨ ᠣᠰᠣ ᠣᠮᠳᠠ ᠳᠣᠲᠠᠭᠳᠠᠳᠠᠭ ᠲᠣᠯᠠ ᠲᠡᠳᠡ | ᠣᠰᠣ ᠶᠢ ᠠᠷᠪᠢᠯᠠᠬᠤ ᠪᠠ ᠭᠤᠣᠯ ᠤᠨ ᠣᠰᠣ᠂ ᠪᠣᠯᠠᠭ ᠤᠨ ᠣᠰᠣᠨ ᠤ ᠠᠷᠢᠭᠤᠨ ᠴᠡᠪᠡᠷ ᠢ ᠬᠠᠮᠠᠭᠠᠯᠠᠬᠤ | ᠵᠠᠩᠰᠢᠯ ᠲᠠᠢ ᠪᠠᠶᠢᠵᠦ᠂ ᠣᠰᠣ ᠶᠢ ᠠᠮᠢ ᠨᠠᠰᠣᠨ ᠤ ᠡᠬᠢ ᠪᠣᠯᠠᠭ ᠭᠡᠵᠤ ᠦᠵᠡᠳᠡᠭ᠃ | ᠮᠤᠩᠭᠤᠯᠴᠣᠳ ᠣᠰᠣᠨ ᠳᠤ ᠰᠢᠭᠡᠵᠦ ᠭᠠᠲᠠᠭᠠᠯᠠᠬᠤ ᠶᠢ ᠴᠡᠭᠡᠷᠯᠡᠳᠡᠭ᠃ ᠣᠰᠣ ᠶᠢ ᠪᠢᠲᠡᠭᠦᠯᠵᠦ ᠠᠪᠬᠤ ᠦᠭᠡᠢ᠂ | ᠡᠷᠬᠡᠪᠰᠢ ᠰᠠᠪᠠ ᠰᠠᠭᠤᠯᠠᠭ᠎ᠠ ᠪᠠᠷ ᠠᠪᠳᠠᠭ᠃ ᠭᠤᠣᠯ ᠳᠤ ᠪᠡᠶ᠎ᠡ ᠣᠬᠢᠶᠠᠬᠤ᠂ ᠬᠤᠪᠴᠠᠰᠣ ᠣᠬᠢᠶᠠᠬᠤ ᠪᠣᠬᠢᠷ ᠣᠰᠣ | ᠠᠰᠬᠠᠬᠤ ᠶᠢ ᠴᠡᠭᠡᠷᠯᠡᠳᠡᠭ᠃ | ᠪᠣᠯᠠᠭ ᠤᠨ ᠣᠰᠣᠨ ᠳᠤ ᠪᠣᠵᠠᠷ ᠶᠠᠭᠤᠮ᠎ᠠ ᠬᠢᠬᠦ ᠪᠣᠶᠣ ᠰᠦ ᠳᠣᠰᠣᠯᠭᠠᠵᠦ ᠪᠣᠯᠬᠤ ᠦᠭᠡᠢ᠂ ᠡᠰᠡ ᠲᠡᠭᠡᠪᠡᠯ | ᠪᠣᠯᠠᠭ ᠤᠨ ᠣᠰᠣ ᠶᠢ ᠪᠣᠬᠢᠷᠲᠣᠭᠤᠯᠵᠦ ᠣᠰᠣᠨ ᠤ ᠰᠠᠬᠢᠭᠤᠰᠣ ᠶᠢ ᠠᠭᠤᠷᠯᠠᠭᠤᠯᠬᠤ ᠪᠣᠯᠣᠨ᠎ᠠ ᠬᠡᠳᠡᠭ᠃ ᠮᠠᠯ ᠢ | ᠪᠣᠯᠠᠭ ᠤᠨ ᠡᠬᠢ ᠠᠴᠠ ᠣᠰᠣᠯᠠᠵᠦ ᠪᠣᠯᠬᠤ ᠦᠭᠡᠢ᠂ ᠣᠴᠢᠷ ᠨᠢ ᠣᠨᠴᠠᠭᠠᠢ ᠡᠮ ᠤᠨ ᠦᠢᠯᠡᠳᠣᠯ ᠲᠠᠢ ᠪᠣᠯᠠᠭ ᠤᠨ | ᠣᠰᠦ ᠶᠢ ᠪᠣᠯᠠᠭ ᠤᠨ ᠡᠬᠢᠨ ᠳᠤ ᠣᠰᠣᠯᠠᠬᠤ ᠨᠢ ᠵᠣᠬᠢᠰ ᠦᠭᠡᠢ ᠭᠡᠳᠡᠭ᠃ | ︵ᠭᠤᠷᠪᠠ︶ ᠠᠮᠢᠲᠡᠨ ᠵᠢᠭᠦᠷᠲᠡᠨ ᠤ ᠡᠬᠢ ᠪᠠᠶᠠᠯᠢᠭ ᠢ ᠬᠠᠮᠠᠭᠠᠯᠠᠬᠤ ᠴᠡᠭᠡᠷ ᠶᠣᠰᠣᠨ | ᠮᠣᠩᠭᠤᠯᠴᠣᠳ ᠶᠡᠷᠣᠳᠡᠭᠡᠨ ᠬᠠᠪᠣᠷ᠂ ᠵᠣᠨ ᠠᠷᠢᠶᠠᠲᠡᠨ ᠵᠢᠭᠦᠷᠲᠡᠨ ᠤ ᠲᠦᠷᠣᠵᠦ ᠦᠷᠡᠵᠢᠬᠦ ᠴᠠᠭ ᠲᠤ | ᠠᠩᠨᠠᠳᠠᠭ ᠦᠭᠡᠢ᠃ ᠰᠠᠷ᠎ᠠ ᠪᠦᠷᠢ ᠶᠢᠨ ᠰᠢᠨ᠎ᠡ ᠶᠢᠨ ᠨᠠᠢ᠊ᠮᠠᠨ᠂ ᠠᠷᠪᠠᠨ ᠲᠠᠪᠣᠨ᠂ ᠭᠤᠴᠢᠨ ᠳᠤ ᠠᠩᠨᠠᠬᠤ ᠶᠢ | ᠴᠡᠭᠡᠷᠯᠡᠨ᠎ᠡ᠃ ᠬᠦᠷᠢᠶ᠎ᠡ ᠠᠪᠠ ᠬᠢᠬᠦ ᠳᠤ ᠬᠤᠮᠢᠵᠦ ᠠᠪᠴᠢᠷᠠᠭᠰᠠᠨ ᠠᠷᠢᠶᠠᠲᠡᠨ ᠢᠶᠠᠨ ᠳᠠᠭᠤᠰᠬᠠᠨ ᠠᠩᠨᠠᠳᠠᠭ ᠪᠢᠰᠢ᠂ | ᠬᠠᠷᠢᠨ ᠶᠡᠬᠡᠩᠬᠢ ᠶᠢ ᠨᠢ ᠲᠠᠯᠪᠢᠵᠦ ᠶᠠᠪᠣᠭᠤᠯᠳᠠᠭ᠃ ᠨᠢᠯᠬ᠎ᠠ ᠲᠦᠯ᠂ ᠬᠡᠬᠡᠯ ᠲᠠᠢ᠂ ᠬᠦᠬᠦᠭᠦᠯ ᠠᠮᠢᠲᠠᠨ ᠢ ᠠᠩᠨᠠᠬᠤ | ᠦᠭᠡᠢ ᠮᠦᠷᠳᠡᠭᠡᠨ ᠰᠣᠴᠢᠭᠠᠨ ᠦᠷᠭᠦᠭᠡᠬᠦ ᠶᠢ ᠴᠦ ᠴᠡᠭᠡᠷᠯᠡᠨ᠎ᠡ᠂ ᠡᠰᠨ ᠲᠡᠭᠡᠪᠡᠯ ᠠᠩ ᠤᠨ ᠲᠡᠭᠷᠢ ᠬᠠᠶᠠᠵᠦ | ᠠᠷᠢᠶᠠᠲᠡᠨ ᠵᠢᠭᠦᠷᠲᠡᠨ ᠬᠤᠪᠣᠷᠲᠠᠨᠠ ᠭᠡᠳᠡᠭ᠃ | ᠴᠢᠨ᠋ᠸ᠎ᠠ᠂ ᠦᠨᠡᠭᠡ ᠶᠢ ᠬᠠᠷᠪᠣᠨ ᠠᠯᠠᠬᠤ ᠶᠢ ᠴᠡᠭᠡᠷᠯᠡᠳᠡᠭ᠃ ᠬᠠᠪᠬ᠎ᠠ ᠪᠠᠷ ᠬᠡᠷᠢᠶ᠎ᠡ ᠪᠠ ᠵᠠᠷᠠᠭ᠎ᠠ ᠶᠢ ᠠᠯᠠᠬᠤ ᠶᠢ | ᠴᠡᠭᠡᠷᠯᠡᠳᠡᠭ᠂ ᠡᠭᠦᠨ ᠢ ᠠᠩ ᠬᠤᠮᠰᠠᠳᠠᠵᠦ ᠣᠯᠵᠠ ᠦᠭᠡᠢ ᠬᠠᠷᠢᠬᠤ ᠶᠢᠨ ᠲᠡᠮᠳᠡᠭ ᠭᠡᠵᠦ ᠦᠵᠡᠳᠡᠭ᠃ ᠮᠠᠩᠭᠢᠰᠣ | ᠪᠠ ᠵᠠᠷᠠᠭ᠎ᠠ ᠶᠢ ᠠᠯᠠᠬᠤ ᠶᠢ ᠴᠡᠭᠡᠷᠯᠡᠳᠡᠭ᠂ ᠡᠰᠨ ᠲᠡᠭᠡᠪᠡᠯ ᠲᠦᠷᠣᠯ ᠰᠠᠲᠣᠨ ᠨᠢ ᠬᠠᠷᠢᠶᠠᠯ ᠳᠤ ᠣᠴᠠᠷᠠᠨ᠎ᠠ ᠭᠡᠳᠡᠭ᠃ | ᠦᠨᠡᠭᠡ ᠶᠢᠨ ᠨᠦᠬᠡ ᠶᠢ ᠮᠠᠯᠲᠠᠬᠤ ᠶᠢ ᠴᠡᠭᠡᠷᠯᠡᠳᠡᠭ᠃ ᠮᠣᠭᠠᠢ ᠶᠢ ᠠᠯᠠᠵᠦ ᠪᠣᠯᠬᠤ ᠦᠭᠡᠢ᠂ ᠡᠨᠡ ᠨᠢ ᠠᠮᠢ | ᠨᠠᠰᠣᠨ ᠳᠤ ᠠᠶᠣᠯ ᠳᠣᠬᠢᠶᠠᠯᠳᠣᠬᠤ ᠮᠦᠷᠳᠡᠭᠡᠨ ᠠᠭᠤᠯᠠ ᠣᠰᠣᠨ ᠤ ᠣᠩᠭᠤᠳ ᠰᠠᠬᠢᠭᠤᠯᠰᠣᠨ ᠢ ᠠᠭᠤᠷᠯᠠᠭᠤᠯᠣᠨ᠎ᠠ | ᠭᠡᠳᠡᠭ᠃ | ᠬᠤᠣᠰᠯᠡᠨ ᠨᠢᠰᠴᠦ ᠪᠠᠶᠢᠭ᠎ᠠ ᠵᠢᠭᠦᠷᠲᠡᠨ ᠢ ᠠᠩᠨᠠᠬᠤ ᠶᠢ ᠴᠡᠭᠡᠷᠯᠡᠳᠡᠭ᠃ ᠨᠡᠭᠦᠳᠡᠯ ᠤᠨ ᠰᠢᠪᠠᠭᠤ ᠶᠢ ᠠᠯᠠᠬᠤ ᠶᠢ | ᠴᠡᠭᠡᠷᠯᠡᠳᠡᠭ᠃ ᠬᠤᠨ ᠭᠠᠯᠠᠭᠤ ᠶᠢ ᠪᠡᠯᠭᠡᠲᠦ ᠵᠢᠭᠦᠷᠲᠡᠨ ᠭᠡᠵᠦ ᠦᠵᠡᠵᠦ ᠠᠯᠠᠬᠤ ᠶᠢ ᠴᠡᠭᠡᠷᠯᠡᠳᠡᠭ᠃ ᠲᠣᠭᠤᠷᠣᠣ ᠶᠢ | ᠦᠷᠭᠦᠬᠡᠵᠦ ᠰᠣᠴᠢᠭᠠᠬᠤ ᠪᠣᠶᠣ ᠡᠭᠦᠷ ᠦᠨᠳᠡᠭᠡ ᠳᠤ ᠨᠢ ᠣᠶᠢᠷᠠᠲᠣᠬᠤ ᠶᠢ ᠴᠡᠭᠡᠷᠯᠡᠳᠡᠭ᠃ ᠰᠢᠪᠠᠭᠤᠨ ᠤ ᠡᠭᠦᠷ ᠢ | ᠡᠪᠳᠡᠬᠦ ᠦᠭᠡᠢ᠂ ᠰᠢᠪᠠᠭᠤᠨ ᠤ ᠦᠨᠳᠡᠭᠡ ᠪᠠ ᠵᠣᠯᠵᠠᠭ᠎ᠠ ᠶᠢ ᠠᠪᠬᠤ ᠶᠢ ᠴᠡᠭᠡᠷᠯᠡᠳᠡᠭ᠃ | ᠭᠤᠷᠪᠠ᠂ ᠮᠣᠩᠭᠤᠯᠴᠣᠳ ᠤᠨ ᠠᠮᠢ ᠠᠬᠤᠢ ᠶᠢᠨ ᠴᠡᠭᠡᠷ ᠶᠣᠰᠣᠨ ᠤ ᠠᠴᠢ ᠬᠤᠯᠪᠣᠭᠳᠠᠯ | ︵ᠨᠢᠭᠡ︶ ᠪᠠᠶᠢᠭᠠᠯᠢ ᠶᠢ ᠰᠦᠰᠦᠭᠯᠡᠨ ᠪᠢᠰᠢᠷᠡᠬᠦ᠂ ᠪᠠᠶᠢᠭᠠᠯᠢ ᠶᠢ ᠲᠡᠭᠡᠳᠣᠯᠡᠨ ᠬᠦᠨᠲᠦᠳᠭᠡᠬᠦ ᠪᠣᠯ | ᠮᠣᠩᠭᠤᠯᠴᠣᠳ ᠤᠨ ︽ᠪᠠᠶᠢᠭᠠᠯᠢ ᠪᠣᠯ ᠬᠠᠯᠳᠠᠰᠢ ᠦᠭᠡᠢ ᠲᠠᠷᠬᠠᠨ︾ ᠭᠡᠳᠡᠭ ᠪᠠᠶᠢᠭᠠᠯᠢ ᠶᠢᠨ ᠴᠡᠭᠡᠷ ᠶᠣᠰᠣᠨ ᠤ | ᠴᠦᠮ᠎ᠡ ᠮᠦᠨ᠃ ᠡᠨᠡ ᠨᠢ ᠮᠦᠨᠴᠦ ᠮᠣᠩᠭᠤᠯᠴᠣᠳ ᠤᠨ ᠵᠠᠭᠤ ᠮᠢᠩᠭᠠᠨ ᠵᠢᠯ ᠤᠨ ᠲᠣᠷᠰᠢ ᠨᠡᠭᠦᠳᠡᠯ ᠮᠠᠯᠵᠢᠯ ᠢ | ᠡᠷᠬᠢᠯᠡᠬᠦ ᠳᠣᠮᠳᠠ ᠪᠠᠶᠢᠭᠠᠯᠢ ᠶᠢᠨ ᠣᠷᠴᠢᠨ ᠲᠣᠭᠤᠷᠢᠨ ᠲᠡᠩᠴᠡᠭᠦᠷᠢᠲᠠᠢ᠂ ᠠᠮᠢᠳᠦ ᠪᠣᠳᠠᠰ ᠤᠨ ᠲᠦᠷᠣᠯ ᠤᠨ | ᠣᠷᠣᠰᠢᠨ ᠬᠦᠭᠵᠢᠬᠦ ᠶᠢ ᠠᠬᠢᠭᠤᠯᠣᠭᠰᠠᠨ ᠤ ᠴᠢᠬᠤᠯᠠ ᠨᠦᠬᠦᠴᠡᠯ ᠮᠥᠨ᠃ | ︵ᠬᠤᠶᠠᠷ︶ ᠠᠮᠢᠳᠡᠨ ᠳᠤ ᠲᠠᠯᠠᠷᠬᠠᠬᠤ᠂ ᠠᠮᠢᠳᠡᠨ ᠢ ᠲᠡᠭᠡᠳᠣᠯᠡᠨ ᠦᠵᠡᠬᠦ ᠠᠴᠠ ᠪᠣᠯᠵᠦ ᠠᠮᠢᠳᠡᠨ ᠤ ᠲᠣᠬᠠᠢ | ᠴᠡᠭᠡᠷ ᠶᠣᠰᠣᠨ ᠡᠭᠦᠰᠴᠠᠢ᠃ ᠵᠢᠱᠢᠶᠡᠯᠡᠪᠡᠯ ᠮᠣᠩᠭᠤᠯᠴᠣᠳ ᠡᠷᠲᠡ ᠣᠵᠣᠭᠤᠷ ᠴᠠᠭ ᠲᠤ ᠴᠢᠨ᠋ᠸ᠎ᠠ᠂ ᠪᠣᠭᠤ ᠵᠡᠷᠭᠡ ᠶᠢ | ᠲᠣᠲ᠋ᠧᠮ ᠪᠣᠯᠭᠠᠨ ᠰᠢᠲᠣᠵᠦ ᠲᠠᠭᠤᠰᠲᠠᠯ᠎ᠠ ᠠᠯᠠᠳᠠᠭ ᠦᠭᠡᠢ᠃ ᠬᠤᠨ ᠭᠠᠯᠠᠭᠤ᠂ ᠲᠣᠭᠤᠷᠣᠣ ᠵᠡᠷᠭᠡ ᠶᠢ ᠲᠣᠲ᠋ᠧᠮ | ᠰᠢᠲᠦᠭᠡᠨ ᠪᠣᠯᠭᠠᠵᠦ ᠠᠯᠠᠬᠤ ᠶᠢ ᠴᠡᠭᠡᠷᠯᠡᠳᠡᠭ᠃ ᠡᠳᠡᠭᠡᠷ ᠨᠢ ᠪᠣᠰᠣᠳᠴᠢ ᠲᠡᠭᠡᠷ᠎ᠡ ᠪᠠᠨ ᠬᠦᠮᠣᠰ ᠤᠨ ᠠᠵᠢᠯᠯᠠᠭ᠎ᠠ ᠶᠢ | ᠪᠦᠳᠦᠮᠵᠢᠲᠠᠢ ᠬᠤᠷᠢᠬᠯᠠᠵᠦ᠂ ᠮᠣᠩᠭᠤᠯ ᠣᠷᠣᠨ ᠤ ᠠᠷᠢᠶᠠᠲᠡᠨ ᠵᠢᠭᠦᠷᠲᠡᠨ ᠤ ᠡᠬᠢ ᠪᠠᠶᠠᠯᠢᠭ ᠢ ᠬᠠᠮᠠᠭᠠᠯᠠᠬᠤ ᠳᠤ | ᠣᠨᠴᠠᠭᠠᠢ ᠬᠤᠪᠢ ᠨᠡᠮᠡᠷᠢ ᠦᠵᠡᠭᠦᠯᠵᠠᠢ᠃ | ︵ᠭᠤᠷᠪᠠ︶ ᠬᠦᠮᠣᠨ ᠲᠦᠷᠣᠯᠬᠢᠲᠡᠨ ᠪᠣᠯ ᠪᠠᠶᠢᠭᠠᠯᠢ ᠲᠠᠢ ᠨᠢᠭᠳᠠ ᠬᠠᠷᠢᠴᠠᠭ᠎ᠠ ᠬᠤᠯᠪᠣᠭ᠎ᠠ ᠲᠠᠢ ᠶᠤᠮ᠃ | ᠮᠣᠩᠭᠤᠯᠴᠣᠳ ᠪᠠᠶᠢᠭᠠᠯᠢ ᠲᠠᠢ ᠬᠠᠷᠢᠴᠠᠬᠤ ᠳᠣᠮᠳᠠ ᠪᠠᠶᠢᠭᠠᠯᠢ ᠶᠢᠨ ᠠᠰᠢᠭ ᠰᠢᠮ᠎ᠡ᠂ ᠬᠡᠰᠢᠭ ᠰᠣᠶᠣᠷᠬᠠᠯ ᠢ | ᠬᠦᠷᠲᠡᠬᠦ ᠳ᠋ᠭᠡᠨ ᠦᠭᠴᠦ ᠠᠪᠬᠤ ᠪᠠᠨ ᠲᠡᠩᠴᠡᠭᠦᠯᠣᠨ ᠪᠠᠶᠢᠭᠠᠯᠢ ᠳᠤ ᠬᠠᠨᠳᠣᠬᠤ ᠦᠵᠡᠯᠲᠡ ᠲᠠᠢ ᠪᠣᠯᠵᠦ᠂ | ᠪᠠᠶᠢᠭᠠᠯᠢ ᠶᠢ ᠡᠪᠳᠡᠨ ᠰᠦᠢᠳᠬᠡᠬᠦ ᠦᠭᠡᠢ᠂ ᠪᠠᠶᠢᠭᠠᠯᠢ ᠶᠢ ᠭᠠᠮᠨᠠᠨ ᠬᠠᠶᠢᠷᠠᠯᠠᠵᠦ᠂ ᠪᠠᠶᠢᠭᠠᠯᠢ ᠶᠢ ᠲᠡᠭᠡᠳᠣᠯᠡᠨ | ᠬᠦᠨᠲᠣᠳᠭᠡᠬᠦ ᠵᠠᠩ ᠵᠠᠩᠰᠢᠯ ᠲᠠᠢ ᠪᠣᠯᠵᠠᠢ᠃ ᠡᠨᠡ ᠨᠢ ᠣᠳᠣ ᠦᠶ᠎ᠡ ᠶᠢᠨ ᠬᠦᠮᠣᠰ ᠤᠨ ᠳᠣᠷᠠᠳᠣᠭᠰᠠᠨ ᠬᠦᠮᠣᠨ ᠪᠠ | ᠪᠠᠶᠢᠭᠠᠯᠢ ᠨᠢᠭᠡᠲᠣᠯ ᠲᠠᠢ᠂ ᠬᠦᠮᠣᠨ ᠪᠠ ᠪᠠᠶᠢᠭᠠᠯᠢ ᠡᠪ ᠨᠠᠶᠢᠷᠠᠮᠳᠠᠭᠤ ᠣᠷᠣᠰᠢᠵᠦ᠂ ᠪᠠᠶᠢᠭᠠᠯᠢ ᠶᠢᠨ ᠠᠮᠢ ᠠᠬᠤᠢ ᠶᠢᠨ | ᠲᠡᠩᠴᠡᠭᠦᠷᠢ ᠶᠢ ᠬᠠᠮᠠᠭᠠᠯᠠᠬᠤ ᠦᠵᠡᠯᠲᠡ ᠲᠠᠢ ᠨᠢᠭᠡᠲᠣᠯ ᠲᠠᠢ ᠪᠠᠶᠢᠵᠦ᠂ ᠬᠦᠮᠣᠰ ᠪᠠᠶᠢᠭᠠᠯᠢ ᠠᠬᠤᠢ ᠪᠠᠨ | ᠬᠠᠮᠠᠭᠠᠯᠠᠬᠤ ᠳᠤ ᠭᠦᠨ ᠭᠦᠨᠵᠡᠭᠡᠢ ᠠᠬᠤᠶᠢᠴᠢ ᠠᠴᠢ ᠬᠤᠯᠪᠣᠭᠳᠠᠯ ᠲᠠᠢ ᠠᠴᠠ ᠮᠤᠩᠭᠤᠯᠴᠤᠳ ᠮᠠᠨᠢ ᠠᠮᠢ | ᠠᠬᠤᠢ ᠶᠢᠨ ᠬᠠᠮᠠᠭᠠᠯᠠᠯᠳᠠ ᠶᠢᠨ ᠲᠤᠬᠠᠢ ᠴᠡᠭᠡᠷ ᠶᠤᠰᠤᠨ ᠢᠶᠠᠨ ᠦᠪᠯᠡᠵᠦ ᠶᠠᠪᠤᠶ᠎ᠠ᠃ | | ︵ᠵᠤᠬᠢᠶᠠᠬᠴᠢ᠄ ᠬᠦᠯᠦᠨ ᠪᠦᠢᠷ ᠬᠤᠳᠠ ᠶᠢᠨ ᠬᠠᠭᠤᠴᠢᠨ ᠪᠠᠷᠭᠤ ᠬᠤᠰᠢᠭᠤᠨ ᠤ ᠨᠠᠮ ᠤᠨ ᠰᠣᠷᠭᠠᠭᠤᠯᠢ︶ | |