ᠮᠤᠩᠭᠤᠯ ᠮᠤᠷᠢ ᠮᠤᠩᠭᠤᠯ ᠤᠨ ᠥᠨᠳᠦᠷᠯᠢᠭ ᠠᠴᠠ ᠢᠷᠡᠯᠳᠠᠢ᠂ ᠬᠠᠭᠠᠰ ᠵᠡᠷᠯᠢᠭ ᠪᠠᠶᠢᠳᠠᠯ ᠳᠤ ᠤᠷᠤᠰᠢᠵᠥ᠂ | ᠲᠡᠳᠡᠨ ᠳᠤ ᠲᠠᠭᠠᠳᠠᠢ ᠲᠠᠪᠠᠳᠠᠢ ᠤᠷᠤᠰᠢᠨ ᠠᠮᠢᠳᠤᠷᠠᠬᠤ ᠬᠠᠰᠢᠶ᠎ᠠ ᠰᠠᠷᠠᠪᠴᠢ ᠥᠬᠡᠢ ᠪᠠᠷ ᠥᠯᠥ ᠪᠠᠷᠠᠮ ᠰᠥᠯ | ᠰᠠᠶᠢᠳᠠᠢ ᠡᠪᠡᠰᠤ ᠪᠤᠷᠳᠤᠭ᠎ᠠ ᠴᠦ ᠥᠬᠡᠢ᠂ ᠥᠨᠡᠭᠡ ᠴᠢᠨ᠋ᠸ᠎ᠠ ᠢᠯᠡᠷᠡᠬᠦ ᠥᠬᠡᠢ ᠪᠤᠯᠤᠬᠰᠠᠨ ᠲᠠᠯ᠎ᠠ ᠨᠤᠳᠤᠬ ᠲᠤ | ᠭᠡᠭᠡᠷ᠎ᠠ ᠬᠤᠨᠤᠵᠥ ᠬᠡᠳᠠ ᠲᠡᠷᠯᠡᠵᠥ᠂ ᠠᠭᠠᠬᠢᠮ᠎ᠠ ᠵᠤᠨ ᠤ ᠬᠠᠯᠠᠭᠤᠨ ᠢ ᠲᠡᠰᠪᠤᠷᠢᠯᠡᠨ᠂ ᠡᠪᠤᠯ ᠤᠨ ᠤᠯᠠᠷᠢᠯ ᠤᠨ | ᠲᠡᠭ ᠠᠴᠠ ᠲᠤᠷᠤᠬᠰᠢ 40 ᠭᠷᠡᠳᠦ᠋ᠰ ᠤᠨ ᠲᠡᠰᠬᠢᠮ᠎ᠠ ᠬᠥᠢᠳᠡᠨ ᠢ ᠲᠡᠰᠪᠤᠷᠢᠯᠡᠨ᠂ 8 ᠴᠠᠬ ᠲᠤ 60 ᠺᠢᠯᠤᠮᠧᠳ᠋ᠷ | ᠠᠶᠠᠯᠠᠳᠠᠬ᠃ ᠤᠶᠠᠭᠠᠴᠢ ᠶᠢᠨ ᠰᠤᠷᠭᠠᠯ ᠢ ᠬᠥᠷᠳᠡᠭᠰᠡᠨ ᠮᠤᠩᠭᠤᠯ ᠮᠤᠷᠢ ᠪᠠᠶᠢᠯᠳᠤᠭᠠᠨ ᠤ ᠲᠠᠯᠠᠪᠠᠢ ᠳᠤ ᠪᠠᠴᠢᠮᠳᠠᠵᠥ | ᠰᠠᠨᠳᠤᠷᠬᠤ ᠥᠬᠡᠢ᠂ ᠡᠷᠡᠯᠭᠡᠭ ᠲᠤᠬᠰᠢᠨ ᠵᠠᠩ ᠠᠷᠠᠨᠰᠢᠨ ᠢ ᠢᠯᠡᠷᠡᠬᠦᠯᠵᠥ᠂ ᠲᠡᠤᠭᠡᠨ ᠠᠴᠠ ᠠᠪᠤᠭᠠᠳ ᠨᠢᠭᠡᠨ | ᠰᠢᠯᠢᠳᠡᠭ ᠴᠡᠷᠢᠭ ᠤᠨ ᠠᠬᠳᠠ ᠪᠤᠯᠤᠬᠰᠠᠭᠠᠷ ᠢᠷᠡᠪᠠ᠃ | ᠮᠤᠩᠭᠤᠯ ᠮᠤᠷᠢ ᠶᠢᠨ ᠪᠡᠶ᠎ᠠ ᠨᠢ ᠪᠠᠭ᠎ᠠ᠃ ᠬᠡᠪᠡᠴᠤ᠂ ᠲᠡᠷᠡ ᠴᠠᠰᠤ ᠰᠢᠭᠤᠷᠭ᠎ᠠ ᠰᠠᠯᠬᠢ ᠪᠤᠷᠤᠭᠠᠨ ᠶᠡᠬᠡᠳᠠᠢ | ᠲᠠᠯ᠎ᠠ ᠨᠤᠳᠤᠬ ᠲᠤ᠂ ᠡᠷᠡᠯᠭᠡᠭ ᠲᠤᠬᠰᠢᠨ ᠵᠠᠩ ᠠᠷᠠᠨᠰᠢᠨ ᠢᠶᠠᠨ ᠲᠠᠶᠠᠬᠳᠠᠭᠠ ᠥᠬᠡᠢ᠂ ᠡᠷᠴᠢ ᠬᠥᠴᠥᠳᠤ | ᠲᠤᠭᠤᠷᠠᠢ ᠪᠠᠷ ᠢᠶᠠᠨ ᠥᠨᠡᠭᠡ ᠴᠢᠨ᠋ᠸ᠎ᠠ ᠶᠢ ᠢᠰᠬᠦᠯᠳᠡᠭ᠃ ᠲᠠᠷᠢᠶᠠᠯᠠᠩ ᠤᠨ ᠶᠠᠮᠤᠨ ᠠᠴᠠ ᠮᠤᠩᠭᠤᠯ ᠮᠤᠷᠢ ᠶᠢ 138 | ᠤᠯᠤᠰ ᠤᠨ ᠲᠡᠰ ᠤᠨ ᠠᠮᠢᠳᠠᠨ ᠵᠢᠬᠦᠷᠳᠡᠨ ᠤ ᠤᠯᠠᠮᠵᠢᠯᠠᠯᠳᠤ ᠡᠭᠢ ᠪᠠᠶᠠᠯᠢᠬ ᠢ ᠬᠠᠮᠠᠭᠠᠯᠠᠬᠤ ᠲᠥᠷᠥᠯ ᠵᠢᠰᠥᠮ ᠤᠨ | ᠨᠢᠬᠡ ᠪᠠᠷ ᠲᠤᠬᠳᠠᠭᠠᠵᠠᠢ᠃ | ᠮᠤᠩᠭᠤᠯ ᠮᠤᠷᠢ ᠲᠤᠮᠳᠠᠳᠤ ᠤᠯᠤᠰ ᠤᠨ ᠤᠮᠠᠷᠠᠳᠤ ᠤᠷᠤᠨ ᠵᠢᠴᠢ ᠮᠤᠩᠭᠤᠯ ᠤᠯᠤᠰ ᠪᠤᠯᠤᠨ ᠤᠷᠤᠰ ᠤᠨ | ᠭᠡᠰᠡᠭ ᠭᠠᠵᠠᠷ ᠤᠷᠤᠨ ᠢᠶᠠᠷ ᠥᠷᠭᠡᠨ ᠲᠠᠷᠬᠠᠵᠥ ᠪᠤᠢ᠃ ᠠᠯᠢ ᠡᠷᠳᠡ ᠲᠥᠷᠪᠡ ᠲᠠᠪᠤᠨ ᠮᠢᠩᠭᠠᠨ ᠵᠢᠯ ᠤᠨ ᠡᠮᠥᠨ᠎ᠠ᠂ | ᠮᠠᠨ ᠤ ᠤᠯᠤᠰ ᠤᠨ ᠤᠮᠠᠷᠠᠳᠤ ᠶᠢᠨ ᠥᠨᠳᠥᠰᠥᠳᠡᠨ ᠠᠳᠤᠭᠤ ᠤᠷᠠᠭᠠᠯᠠᠬᠤ ᠮᠤᠷᠢ ᠤᠶᠠᠬᠤ ᠵᠡᠷᠭᠡ ᠰᠤᠷᠭᠠᠯ ᠢ ᠬᠢᠵᠥ | ᠪᠠᠶᠢᠪᠠ᠃ ︽ᠬᠠᠨ ᠤᠯᠤᠰ ᠤᠨ ᠪᠢᠴᠢᠭ · ᠾᠦᠡᠭᠨᠤ ᠶᠢᠨ ᠨᠠᠮᠳᠠᠷ︾ ᠲᠤ ᠲᠡᠮᠳᠡᠭᠯᠡᠭᠰᠡᠨ ᠢᠶᠠᠷ᠄ ᠠᠯᠢ ᠡᠷᠳᠡᠳᠦ | ᠤᠮᠠᠷᠠᠳᠤ ᠬᠢᠯᠢ ᠪᠠᠷ ᠨᠤᠳᠤᠬᠰᠢᠨ ᠰᠠᠭᠤᠭ᠎ᠠ ᠾᠦᠡᠭᠨᠤᠴᠤᠳ ᠤᠰᠤ ᠡᠪᠡᠰᠤᠨ ᠤ ᠰᠤᠷᠭᠤᠬ ᠢ ᠲᠠᠭᠠᠨ ᠨᠡᠬᠦᠨ | ᠰᠢᠯᠵᠢᠵᠥ᠂ ᠠᠳᠤᠭᠤ ᠮᠠᠯ ᠴᠤ ᠲᠠᠭᠠᠨ ᠨᠡᠬᠦᠨ ᠰᠢᠯᠵᠢᠵᠠᠢ᠃ ᠡᠶᠢᠨᠬᠦ ᠾᠦᠡᠭᠨᠤᠴᠤᠳ ᠤᠨ ᠮᠤᠷᠢ ᠮᠡᠳᠡᠭᠳᠡᠮ᠎ᠠ | ᠤᠯᠠᠰᠢᠷᠡᠪᠠ᠃ ᠨᠡᠶᠢᠳᠡ ᠶᠢᠨ ᠤᠨ ᠲᠤᠭᠠᠯᠠᠯ ᠠᠴᠠ ᠡᠮᠥᠨ᠎ᠠ 200 ᠤᠨ ᠳᠤ᠂ ᠬᠠᠨ ᠭᠤᠤᠽᠤ ᠯᠢᠤ ᠪᠠᠨᠭ᠌ | ᠾᠦᠡᠭᠨᠤᠴᠤᠳ ᠤᠨ ᠵᠥᠭ ᠲᠠᠭᠠᠷᠢᠯᠳᠠ ᠬᠢᠵᠥ᠂ ᠪᠠᠢ ᠳ᠋ᠸᠡᠭ ᠳᠤ 30 ᠭᠠᠷᠤᠢ ᠲᠥᠮᠡᠨ ᠮᠤᠷᠢᠳᠤ ᠴᠡᠷᠢᠭ ᠢ 7 | ᠡᠳᠤᠷ ᠪᠥᠰᠡᠯᠡᠨ ᠴᠤᠬᠢᠪᠠ᠃ ᠬᠠᠨ ᠡᠥ ᠳ᠋ᠢ ᠬᠠᠭᠠᠨ ᠾᠦᠡᠭᠨᠤᠴᠤᠳ ᠲᠠᠢ ᠪᠠᠶᠢᠯᠳᠤᠬᠤ ᠲᠤᠮᠳᠠ ᠤᠯᠠᠨ ᠤᠳᠠᠭ᠎ᠠ | ᠶᠡᠭᠡ ᠬᠡᠮᠵᠢᠶᠠᠨ ᠤ ᠮᠤᠷᠢᠳᠤ ᠴᠡᠷᠢᠭ ᠢ ᠲᠠᠶᠢᠴᠢᠯᠠᠬᠤ ᠶᠢᠨ ᠬᠠᠮᠳᠤ ᠾᠦᠡᠭᠨᠤ ᠶᠢᠨ ᠲᠥᠷᠥᠬᠦᠥ ᠶᠢᠨ ᠿᠢ ᠴᠠᠨ | ᠢᠤᠢ ᠪᠠᠷ ᠬᠠᠨ ᠤᠯᠤᠰ ᠤᠨ ᠮᠤᠷᠢᠨ ᠶᠠᠮᠤᠨ ᠤ ᠲᠤᠰᠢᠶᠠᠯ ᠳᠤ ᠲᠤᠮᠢᠯᠠᠨ ᠭᠡᠷᠡᠭᠯᠡᠵᠥ᠂ ᠠᠷᠠᠳ ᠤᠨ ᠲᠤᠮᠳᠠ ᠮᠤᠷᠢ | ᠲᠡᠵᠢᠬᠡᠬᠦ ᠥᠢᠯᠡᠰ ᠤᠷᠢᠳ ᠡᠮᠥᠨ᠎ᠠ ᠭᠠᠷᠤᠭ᠎ᠠ ᠥᠬᠡᠢ ᠬᠥᠭᠵᠢᠵᠠᠢ᠃ ᠪᠠᠷᠠᠭᠤᠨ ᠶᠢᠨ ᠤᠯᠤᠰ ᠤᠨ ᠲᠠᠷᠠᠭ᠎ᠠ᠂ | ᠪᠤᠭᠤᠮᠳᠠ ᠶᠢᠨ ᠭᠠᠳᠠᠨᠠᠬᠢ ᠡᠯ᠎ᠠ ᠥᠨᠳᠥᠰᠥᠳᠡᠨ ᠵᠡᠷᠭᠡᠪᠡᠷ ᠡᠮᠤᠨᠡᠰᠢ ᠨᠡᠬᠦᠳᠠᠯᠯᠠᠵᠥ᠂ ᠲᠥᠮᠡᠨ ᠮᠢᠩᠭᠠᠨ ᠠᠳᠤᠭᠤ ᠶᠢ | ᠲᠠᠭᠠᠭᠤᠯᠤᠨ ᠠᠪᠴᠢᠷᠠᠪᠠ᠃ ᠴᠡᠴᠡᠭᠯᠡᠨ ᠬᠥᠭᠵᠢᠭᠰᠡᠨ ᠲᠠᠩ ᠤᠯᠤᠰ ᠤᠨ ᠥᠶᠡᠰ ᠲᠤ᠂ ᠤᠮᠠᠷᠠᠳᠤ ᠶᠢᠨ ᠡᠯ᠎ᠠ | ᠥᠨᠳᠥᠰᠥᠳᠡᠨ ᠰᠢᠯᠢᠳᠡᠭ ᠠᠳᠤᠭᠤ ᠮᠤᠷᠢ ᠪᠠᠷ ᠬᠠᠭᠠᠨ ᠤ ᠤᠷᠳᠤᠨ ᠳᠤ ᠤᠷᠤᠳᠠᠬ ᠪᠠᠶᠢᠪᠠ᠃ ᠡᠳᠡᠭᠡᠷ ᠨᠢ ᠪᠥᠷ | ᠮᠤᠩᠭᠤᠯ ᠮᠤᠷᠢ ᠲᠠᠢ ᠲᠥᠰᠥᠭᠡᠳᠠᠢ᠂ ᠪᠥᠷ ᠮᠤᠩᠭᠤᠯ ᠮᠤᠷᠢ ᠶᠢᠨ ᠤᠳᠤᠮ ᠤᠬᠰᠠᠭ᠎ᠠ ᠪᠤᠯᠤᠨ᠎ᠠ᠃ ᠤᠮᠠᠷᠠᠳᠤ ᠰᠥᠡᠭ | ᠤᠯᠤᠰ ᠤᠨ ᠥᠶ᠎ᠠ ᠳᠤ ᠵᠡᠬᠦᠨ ᠬᠤᠶᠢᠳᠤ ᠶᠢᠨ ᠬᠢᠳᠠᠨ ᠠᠳᠤᠭᠤ ᠪᠤᠯ ᠪᠠᠰᠠ ᠮᠤᠩᠭᠤᠯ ᠮᠤᠷᠢ ᠪᠤᠯᠤᠨ᠎ᠠ᠂ ᠡᠨᠡ ᠨᠢ | ᠵᠠᠬᠦᠨ ᠬᠤᠶᠢᠳᠤ ᠶᠢᠨ ᠭᠤᠷᠪᠠᠨ ᠮᠤᠵᠢ ᠳᠤ ᠠᠯᠢ ᠡᠷᠳᠡ ᠠᠴᠠ ᠮᠤᠩᠭᠤᠯ ᠮᠤᠷᠢ ᠪᠠᠶᠢᠬᠰᠠᠨ ᠢ ᠲᠤᠳᠤᠷᠬᠠᠢᠢᠯᠠᠵᠥ ᠪᠤᠢ | ᠃ ᠮᠤᠩᠭᠤᠯ ᠬᠠᠭᠠᠨᠳᠤ ᠤᠯᠤᠰ ︽ᠮᠤᠷᠢᠳᠤ ᠬᠠᠭᠠᠨᠳᠤ ᠤᠯᠤᠰ︾ ᠢᠶᠠᠷ ᠥᠨᠡᠯᠡᠭᠳᠠᠵᠥ᠂ ᠴᠢᠩᠭᠢᠰ ᠬᠠᠭᠠᠨ ᠤ | ᠰᠢᠳᠠᠷ ᠬᠠᠮᠠᠭᠠᠯᠠᠬᠴᠢ ᠴᠡᠷᠢᠭ ᠠᠩᠭᠢ ᠪᠤᠯ ᠲᠠᠷᠤᠢ ᠰᠢᠯᠢᠳᠡᠭ ᠤᠳᠤᠮᠰᠢᠯᠳᠤ ᠮᠤᠷᠢᠳᠤ ᠴᠡᠷᠢᠭ ᠠᠩᠭᠢ ᠪᠠᠷ | ᠪᠥᠷᠢᠯᠳᠥᠵᠥ᠂ ᠲᠡᠤᠭᠡᠨ ᠲᠡᠭᠡᠷ᠎ᠠ ᠲᠡᠳᠡᠨᠡᠷ ᠢ ︽ᠨᠤᠮᠤ ᠰᠤᠮᠤ ᠠᠬᠳᠠ ᠬᠥᠯᠥᠭ ᠢᠶᠠᠷ ᠲᠡᠭᠷᠢ ᠶᠢᠨ ᠲᠤᠤᠷᠠᠬᠢ | ᠠᠯᠢᠪᠠ ᠶᠢ ᠢᠯᠠᠳᠠᠬ︾ ᠬᠡᠵᠥ ᠲᠠᠭᠤᠳᠠᠳᠠᠭ᠃ ︽ᠶᠤᠸᠠᠨ ᠤᠯᠤᠰ ᠤᠨ ᠰᠤᠳᠤᠷ ᠲᠡᠮᠳᠡᠭᠯᠡᠯ︾ ᠳᠤ | ᠲᠡᠮᠳᠡᠭᠯᠡᠭᠰᠡᠨ ᠢᠶᠠᠷ᠄ ᠲᠤᠬᠠᠢ ᠶᠢᠨ ᠥᠶ᠎ᠠ ᠳᠤ ᠠᠳᠤᠭᠤᠨ ᠰᠥᠷᠥᠭ ᠥᠷᠭᠡᠳᠴᠤ᠂ ᠤᠮᠠᠷᠠᠰᠢ ᠪᠠᠨ | ᠾᠥᠸᠧᠯᠢᠲᠥᠸᠧᠮᠠ ︵ᠤᠳᠤ ᠶᠢᠨ ᠮᠤᠩᠭᠤᠯ ᠤᠨ ᠠᠷᠤ ᠭᠡᠰᠡᠭ︶ ᠳᠤ ᠨᠡᠶᠢᠳᠡᠮ ᠲᠠᠷᠬᠠᠵᠥ ᠬᠢᠯᠢ ᠶᠢᠨ | ᠪᠤᠭᠤᠮᠳᠠ ᠶᠢᠨ ᠲᠠᠯ᠎ᠠ ᠨᠤᠳᠤᠬ ᠵᠢᠴᠢ ᠡᠮᠥᠨᠡᠳᠤ ᠤᠷᠤᠨ ᠳᠤ ᠴᠤ ᠨᠡᠶᠢᠳᠡᠮ ᠲᠠᠷᠬᠠᠵᠥ ᠪᠠᠶᠢᠪᠠ᠃ | ᠳᠡᠤᠬᠡᠨ ᠮᠠᠲ᠋ᠧᠷᠢᠶᠠᠯ ᠳᠤ ᠳᠡᠮᠳᠡᠭᠯᠡᠭᠰᠡᠨ ᠢᠶᠠᠷ᠂ ᠴᠢᠩᠬᠢᠰ ᠬᠠᠭᠠᠨ ᠤ ᠮᠤᠷᠢᠳᠦ ᠴᠡᠷᠢᠭ ᠨᠢ ᠦᠷᠬᠦᠯᠵᠢ | ᠮᠤᠩᠭᠤᠯ ᠮᠤᠷᠢ ᠶᠢᠨ ᠭᠠᠶᠢᠬᠠᠮᠰᠢᠬᠳᠤ ᠬᠤᠷᠳᠤᠴᠠ ᠪᠤᠯᠤᠨ ᠳᠠᠭᠠᠭᠠᠴᠠ ᠳᠤ ᠳᠦᠰᠢᠭᠯᠡᠨ ᠳᠠᠶᠢᠰᠤᠨ ᠡᠳᠡᠬᠡᠳ ᠢᠶᠠᠨ | ᠬᠡᠨᠡᠳᠡᠬᠦᠯᠦᠨ ᠳᠠᠭᠠᠷᠢᠭᠠᠳ᠂ ᠢᠯᠠᠯᠳᠠ ᠤᠯᠳᠠᠬ ᠪᠠᠶᠢᠵᠠᠢ᠃ ᠮᠤᠩᠭᠤᠯ ᠴᠡᠷᠢᠭ ᠪᠠᠶᠢᠯᠳᠤᠬᠴᠢ ᠶᠢᠨ ᠵᠡᠪᠰᠡᠭ | ᠳᠤᠨᠤᠬᠯᠠᠯ ᠨᠢ ᠨᠠᠷᠢᠯᠢᠬ ᠰᠠᠶᠢᠨ ᠪᠠᠶᠢᠳᠠᠬ ᠪᠦᠬᠡᠳ ᠮᠤᠷᠢ ᠤᠨᠤᠵᠦ ᠨᠤᠮᠤ ᠬᠠᠷᠪᠤᠬᠤ ᠳᠠᠭᠠᠨ ᠮᠡᠷᠬᠡᠰᠢᠭᠰᠡᠨ ᠪᠠᠶᠢᠳᠠᠬ | ᠃ ᠳᠠᠯ᠎ᠠ ᠨᠤᠳᠤᠬ ᠤᠨ ᠦᠨᠳᠦᠰᠦᠳᠡᠨ ᠨᠢ ᠪᠦᠬᠦ ᠠᠷᠠᠳ ᠢᠶᠠᠷ ᠢᠶᠠᠨ ᠴᠡᠷᠢᠭ ᠪᠤᠯᠵᠦ᠂ ᠮᠤᠩᠭᠤᠯᠴᠤᠳ ᠬᠠᠷᠠᠬᠠᠨ | ᠪᠠᠭ᠎ᠠ ᠠᠴᠠ ᠪᠠᠨ ᠴᠡᠷᠢᠭ ᠤᠨ ᠶᠠᠪᠤᠳᠠᠯ ᠤᠨ ᠰᠤᠷᠭᠠᠭᠤᠯᠢᠯᠠᠯ ᠬᠦᠷᠳᠡᠵᠦ᠂ ᠢᠯᠠᠩᠭᠤᠶ᠎ᠠ ᠮᠤᠷᠢ ᠤᠨᠤᠬᠤ ᠨᠤᠮᠤ | ᠬᠠᠷᠪᠤᠬᠤ ᠰᠤᠷᠭᠠᠭᠤᠯᠢᠯᠠᠯ ᠢ ᠠᠯᠳᠠᠯ ᠦᠬᠡᠢ ᠬᠦᠷᠳᠡᠳᠡᠭ ᠪᠠᠶᠢᠵᠠᠢ᠃ | ᠮᠢᠩ ᠤᠯᠤᠰ ᠤᠨ ᠦᠶ᠎ᠠ ᠳᠤ᠂ ᠤᠮᠠᠷᠠᠳᠤ ᠤᠷᠤᠨ ᠨᠢ ᠵᠡᠬᠦᠨ ᠠᠴᠠ ᠳ᠋ᠠᠨᠢᠩ ︵ᠦᠨᠦ ᠶᠢᠨ ᠴᠧᠩᠳᠧ ᠤᠷᠤᠨ︶ | ᠠᠴᠠ ᠡᠬᠢᠯᠡᠬᠡᠳ᠂ ᠪᠠᠷᠠᠭᠤᠨᠰᠢ ᠱᠸᠦ ᠰᠢᠶᠠ ᠬᠦᠷᠳᠡᠯ᠎ᠠ ᠪᠦᠷ ᠠᠳᠤᠭᠤ ᠮᠠᠯᠵᠢᠬᠤ ᠭᠠᠵᠠᠷ ᠤᠷᠤᠨ ᠪᠠᠶᠢᠬᠰᠠᠨ | ᠪᠦᠬᠡᠳ ᠳᠡᠷᠡᠴᠢᠯᠡᠨ ᠰᠢᠤᠸᠠᠨ ᠬᠤᠸᠠ᠂ ᠳ᠋ᠠᠲ᠋ᠦ᠋ᠩ ᠵᠡᠷᠬᠡ ᠭᠠᠵᠠᠷ ᠲᠤ ᠮᠤᠷᠢ ᠠᠷᠠᠯᠵᠢᠶᠠᠯᠠᠬᠤ ᠵᠠᠬ᠎ᠠ ᠳᠡᠯᠬᠡᠬᠦᠷ | ᠭᠠᠷᠭᠠᠵᠦ᠂ ᠮᠢᠩ ᠤᠯᠤᠰ ᠤᠨ ᠸᠠᠨ ᠯᠢ ᠶᠢᠨ ᠭᠤᠷᠪᠠᠨ ᠤᠨ ︵1575 ᠤᠨ︶ ᠳᠤ ᠵᠢᠯ ᠪᠦᠷᠢ ᠶᠢᠨ | ᠠᠷᠠᠯᠵᠢᠶᠠᠨ ᠤ ᠬᠡᠮᠵᠢᠶ᠎ᠠ ᠶᠢ 3.4 ᠳᠦᠮᠡᠨ ᠮᠤᠷᠢ ᠳᠤ ᠬᠦᠷᠬᠡᠬᠦ ᠪᠠᠷ ᠳᠤᠬᠳᠠᠭᠠᠵᠠᠢ᠃ ᠴᠢᠩ ᠤᠯᠤᠰ ᠤᠨ ᠦᠶ᠎ᠠ ᠳᠤ | ᠴᠠᠬᠠᠷ ᠤᠷᠤᠨ ᠳᠤ ᠵᠡᠬᠦᠨ ᠪᠠᠷᠠᠭᠤᠨ ᠬᠤᠶᠠᠷ ᠭᠠᠷᠤᠨ ᠠᠳᠤᠭᠤ ᠮᠠᠯᠵᠢᠬᠤ ᠳᠠᠯᠠᠪᠠᠢ ᠪᠡ ᠬᠠᠭᠠᠨ ᠤ ᠠᠳᠤᠭᠤ ᠶᠢ | ᠮᠠᠯᠵᠢᠬᠤ ᠬᠤᠶᠠᠷ ᠳᠤᠰᠬᠠᠢ ᠳᠠᠯᠠᠪᠠᠢ ᠲᠠᠢ ᠪᠠᠶᠢᠬᠰᠠᠨ ᠪᠦᠬᠡᠳ ᠪᠦᠬᠦ ᠳᠠᠯ᠎ᠠ ᠪᠠᠷ ᠬᠦᠭᠵᠢᠭᠰᠡᠨ ᠴᠠᠬ | ᠬᠤᠭᠤᠴᠠᠭᠠᠨ ᠳᠤ 10 ᠭᠠᠷᠤᠢ ᠳᠦᠮᠡᠨ ᠠᠳᠤᠭᠤ ᠮᠠᠯᠵᠢᠵᠦ ᠪᠠᠶᠢᠪᠡ᠃ ᠬᠡᠳᠦᠨ ᠵᠠᠭᠤᠨ ᠵᠢᠯ ᠤᠨ ᠳᠤᠷᠰᠢ᠂ | ᠮᠤᠩᠭᠤᠯ ᠮᠤᠷᠢ ᠶᠢ ᠤᠯᠠᠩᠬᠢ ᠳᠠᠭᠠᠨ ᠴᠢᠭᠤᠯᠤᠯᠳᠤ ᠬᠠᠭᠠᠯᠭ᠎ᠠ ᠪᠠᠷ ᠳᠠᠮᠵᠢᠨ ᠳᠤᠳᠤᠷ᠎ᠠ ᠭᠠᠵᠠᠷ ᠲᠤ ᠤᠷᠤᠭᠤᠯᠳᠠᠬ | ᠪᠠᠶᠢᠬᠰᠠᠨ ᠠᠴᠠ ︽ᠤᠮᠠᠷᠠᠳᠤ ᠶᠢᠨ ᠮᠤᠷᠢ︾ ᠬᠡᠬᠦ ᠨᠡᠷᠡᠶᠢᠳᠦᠯ ᠲᠠᠢ ᠪᠤᠯᠵᠠᠢ᠃ ᠠᠯᠢ ᠴᠤ ᠳᠦᠷᠦ ᠬᠦᠷᠦᠨ ᠴᠤ | ᠪᠦᠷ ᠠᠳᠤᠭᠤ ᠮᠠᠯᠵᠢᠬᠤ ᠶᠢ ᠴᠢᠬᠤᠯᠠᠴᠢᠯᠠᠨ ᠦᠵᠡᠳᠡᠭ ᠪᠤᠯᠤᠬᠰᠠᠨ ᠠᠴᠠ ᠮᠤᠩᠭᠤᠯ ᠮᠤᠷᠢ ᠨᠢ ᠠᠯᠢ ᠡᠷᠳᠡ ᠠᠴᠠ | ᠮᠠᠨ ᠤ ᠤᠷᠤᠨ ᠤ ᠦᠷᠬᠡᠨ ᠠᠭᠤᠳᠠᠮ ᠤᠮᠠᠷᠠᠳᠤ ᠶᠢᠨ ᠬᠦᠳᠡᠭᠡ ᠳᠤᠰᠬᠤᠨ ᠳᠤ ᠨᠡᠶᠢᠳᠡᠮ ᠳᠦᠬᠡᠭᠰᠡᠨ ᠶᠤᠮ᠃ | 1949 ᠤᠨ ᠠᠴᠠ ᠬᠤᠶᠢᠰᠢ᠂ ᠦᠪᠦᠷ ᠮᠤᠩᠭᠤᠯ ᠤᠷᠤᠨ ᠮᠤᠩᠭᠤᠯ ᠮᠤᠷᠢ ᠪᠠᠨ ᠳᠠᠰᠤᠷᠠᠯᠳᠠ ᠦᠬᠡᠢ | ᠬᠦᠷᠰᠢ ᠵᠡᠷᠬᠡᠯᠡᠳᠡᠭᠡ ᠮᠤᠵᠢ ᠤᠷᠤᠨ ᠳᠤ ᠭᠠᠷᠭᠠᠬᠤ ᠪᠤᠯᠤᠬᠰᠠᠨ ᠠᠴᠠ ᠮᠤᠩᠭᠤᠯ ᠮᠤᠷᠢ ᠨᠢ ᠮᠠᠰᠢ ᠰᠠᠶᠢᠨ ᠵᠤᠬᠢᠴᠠᠬᠤ | ᠴᠢᠨᠠᠷ ᠲᠠᠢ ᠪᠤᠯᠵᠠᠢ᠃ ᠰᠢᠨ᠎ᠠ ᠳᠤᠮᠳᠠᠳᠤ ᠤᠯᠤᠰ ᠤᠨ ᠠᠩᠬᠠᠳᠤᠭᠠᠷ ᠤᠳᠠᠭᠠᠨ ᠤ ᠮᠤᠩᠭᠤᠯ ᠮᠤᠷᠢ ᠶᠢᠨ | ᠳᠠᠭᠠᠭᠠᠴᠠ ᠰᠢᠯᠭᠠᠷᠠᠭᠤᠯᠬᠤ ᠤᠷᠤᠯᠳᠤᠭᠠᠨ ᠨᠢ 100 ᠺᠢᠯᠤᠮᠧᠳ᠋ᠷ ᠤᠨ ᠵᠠᠢ ᠲᠠᠢ ᠶᠠᠪᠤᠬᠳᠠᠵᠦ᠂ ᠰᠢᠨ᠎ᠠ ᠪᠠᠷᠭᠤ | ᠵᠡᠬᠦᠨ ᠬᠤᠰᠢᠭᠤᠨ ᠤ ᠠᠮᠤᠭᠤᠯᠠᠩ ᠪᠠᠯᠭᠠᠰᠤᠨ ᠠᠴᠠ ᠡᠬᠢᠯᠡᠬᠡᠳ ᠤᠷᠤᠱᠤᠨ ᠭᠤᠤᠯ ᠤᠨ ᠵᠡᠬᠦᠨ ᠡᠷᠬᠢ ᠳᠤ | ᠬᠦᠷᠴᠤ᠂ ᠳᠠᠬᠢᠨ ᠠᠮᠤᠭᠤᠯᠠᠩ ᠪᠠᠯᠭᠠᠰᠤᠨ ᠳᠤ ᠪᠤᠴᠠᠵᠦ ᠢᠷᠡᠪᠡ᠂ ᠡᠨᠡ ᠤᠳᠠᠭᠠᠨ ᠤ ᠤᠷᠤᠯᠳᠤᠭᠠᠨ ᠳᠤ | ᠳᠦᠷᠦᠬᠦᠯᠡᠭᠰᠡᠨ ᠮᠤᠷᠢ ᠨᠢ 3 ᠴᠠᠬ ᠲᠤ ᠤᠷᠤᠯᠳᠤᠭᠠᠨ ᠢᠶᠠᠨ ᠳᠡᠬᠦᠰᠬᠡᠵᠡᠢ᠃ 1950 ᠤᠨ ᠳᠤ᠂ ᠮᠤᠩᠭᠤᠯ | ᠮᠤᠷᠢ ᠶᠢᠨ ᠳᠤᠳᠤᠷᠠᠬᠢ ᠳᠡᠮᠤᠷ ᠳᠤᠭᠤᠷᠠᠶᠢᠳᠦ ᠮᠤᠷᠢ ᠨᠢ ᠳᠤᠬᠠᠢ ᠶᠢᠨ ᠵᠢᠯ ᠤᠨ ᠨᠠᠭᠠᠳᠤᠮ ᠤᠨ ᠬᠤᠷᠠᠯ ᠤᠨ 59 | ᠺᠢᠯᠤᠮᠧᠳ᠋ᠷ ᠤᠨ ᠤᠷᠤᠯᠳᠤᠭᠠᠨ ᠳᠤ 58 ᠮᠢᠨᠦ᠋ᠲ ᠳᠠᠪᠬᠢᠭᠠᠳ ᠡᠴᠤᠰ ᠤᠨ ᠱᠤᠭᠤᠮ ᠢ ᠳᠤᠭᠤᠯᠤᠨ ᠭᠠᠷᠤᠬᠰᠠᠨ | ᠶᠤᠮᠰᠠᠨ᠃ | 1949 ᠤᠨ ᠠᠴᠠ ᠬᠤᠶᠢᠰᠢ᠂ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠮᠤᠩᠭᠤᠯ ᠮᠤᠷᠢ | ᠮᠠᠯᠵᠢᠬᠤ ᠦᠢᠯᠡᠰ ᠦᠷᠬᠦᠯᠵᠢᠯᠡᠨ ᠬᠦᠭᠵᠢᠬᠡᠳ᠂ ᠳᠤᠳᠤᠷ᠎ᠠ ᠭᠠᠵᠠᠷ ᠲᠤ ᠳᠠᠰᠤᠷᠠᠯᠳᠠ ᠦᠬᠡᠢ ᠤᠷᠤᠭᠤᠯᠬᠤ | ᠪᠤᠯᠤᠬᠰᠠᠨ ᠤ ᠬᠠᠮᠳᠤ᠂ ᠡᠬᠦᠯᠳᠡᠷ ᠰᠠᠶᠢᠵᠢᠷᠠᠭᠤᠯᠬᠤ ᠠᠵᠢᠯ ᠢ ᠶᠡᠭᠡ ᠬᠡᠮᠵᠢᠶ᠎ᠠ ᠪᠠᠷ ᠬᠢᠬᠦ ᠪᠤᠯᠵᠠᠢ᠃ ᠬᠡᠪᠡᠴᠤ ᠳᠡᠬᠡᠷ᠎ᠠ | ᠵᠠᠭᠤᠨ ᠤ ᠰᠡᠬᠦᠯᠴᠢ ᠪᠤᠯᠳᠠᠯ᠎ᠠ᠂ ᠡᠬᠦᠯᠳᠡᠷ ᠰᠠᠶᠢᠵᠢᠷᠠᠭᠤᠯᠤᠬᠰᠠᠨ ᠮᠤᠷᠢᠨ ᠤ ᠳᠤᠭ᠎ᠠ ᠨᠢ ᠴᠦᠬᠡᠨ ᠳᠤᠭ᠎ᠠ ᠶᠢ | ᠡᠵᠡᠯᠡᠵᠦ᠂ 90% ᠠᠴᠠ ᠳᠡᠬᠡᠭᠰᠢᠬᠢ ᠨᠢ ᠮᠦᠨᠬᠦ ᠮᠤᠩᠭᠤᠯ ᠮᠤᠷᠢ ᠪᠠᠶᠢᠬᠰᠠᠭᠠᠷ ᠪᠤᠢ᠃ ︵︽ᠲᠤᠮᠳᠠᠳᠤ | ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ︾ ᠠᠴᠠ︶ | |