| 1. ᠠᠯᠳᠠᠷᠳᠤ ᠵᠠᠩᠭᠠᠷᠴᠢ ᠵᠢᠶᠠ᠊ · ᠵᠤᠥᠨᠠᠢ ᠨᠠᠰᠤ ᠪᠠᠷᠠᠪᠠ | ᠠᠯᠳᠠᠷᠳᠤ ᠵᠠᠩᠭᠠᠷᠴᠢ᠂ ᠤᠯᠤᠰ ᠤᠨ ᠲᠡᠰ ᠤᠨ ᠵᠠᠩᠭᠠᠷ ᠤᠨ ᠤᠯᠠᠮᠵᠢᠯᠠᠭᠴᠢ ᠵᠢᠶᠠ᠊ · ᠵᠤᠥᠨᠠᠢ 2017 ᠤᠨ ᠤ | 4 ᠰᠠᠷ᠎ᠠ ᠶᠢᠨ 21 ᠤ ᠡᠳᠤᠷ ᠨᠠᠰᠤ ᠪᠠᠷᠠᠪᠠ᠂ ᠨᠠᠰᠤᠨ ᠰᠡᠬᠦᠳᠡᠷ 94᠃ ᠲᠡᠬᠦᠨ ᠤ ᠨᠠᠰᠤ ᠪᠠᠷᠠᠭᠰᠠᠨ ᠨᠢ | ᠲᠡᠯᠡᠬᠡᠢ ᠶᠢᠨ ᠵᠠᠩᠭᠠᠷ ᠤᠨ ᠤᠯᠠᠮᠵᠢᠯᠠᠯ ᠤᠨ ᠲᠡᠥᠬᠡᠨ ᠲᠡᠭᠡᠷᠡᠬᠢ ᠨᠢᠭᠡᠨ ᠬᠤᠬᠢᠷᠠᠯ ᠶᠤᠮ︕ | ᠵᠢᠶᠠ᠊ · ᠵᠤᠥᠨᠠᠢ ᠪᠤᠯ ᠮᠤᠩᠭᠤᠯ ᠦᠨᠳᠤᠰᠤᠳᠡᠨ᠂ ᠰᠢᠨᠵᠢᠶᠠᠩ ᠤᠨ ᠬᠤᠪᠤᠭᠰᠠᠶᠢᠷᠢ ᠮᠤᠩᠭᠤᠯ ᠦᠪᠠᠷᠳᠡᠭᠡᠨ | ᠵᠠᠰᠠᠬᠤ ᠰᠢᠶᠠᠨ ᠤ ᠨᠠᠷᠠᠨ ᠬᠤᠪᠤᠭ ᠮᠠᠯᠵᠢᠯ ᠤᠨ ᠲᠠᠯᠠᠪᠠᠢ ᠶᠢᠨ ᠮᠠᠯᠴᠢᠨ᠂ ᠵᠠᠩᠭᠠᠷ ᠤᠨ ᠤᠳᠤᠮᠳᠤ ᠭᠡᠷ ᠲᠤ | ᠲᠦᠷᠤᠵᠤ᠂ ᠠᠷᠪᠠᠨ ᠭᠤᠷᠪᠠᠳᠤᠭᠠᠷ ᠦᠶ᠎ᠠ ᠶᠢᠨ ᠵᠠᠩᠭᠠᠷᠴᠢ ᠪᠠᠶᠢᠵᠤ᠂ ᠲᠤᠬᠠᠢ ᠶᠢᠨ ᠭᠠᠵᠠᠷ ᠤᠷᠤᠨ ᠤ ᠬᠠᠮᠤᠭ ᠤᠨ | ᠬᠦᠨᠳᠤᠳᠤ ᠵᠠᠩᠭᠠᠷᠴᠢ ᠪᠤᠯᠤᠨ᠎ᠠ᠂ ᠪᠠᠰᠠᠴᠤ ᠤᠳᠤ ᠦᠶ᠎ᠠ ᠶᠢᠨ ᠨᠠᠰᠤ ᠪᠠᠷ ᠬᠠᠮᠤᠭ ᠤᠨ ᠠᠬᠢᠮᠠᠭ᠂ ︽ᠵᠠᠩᠭᠠᠷ︾ ᠢ | ᠬᠠᠮᠤᠭ ᠤᠯᠠᠨ ᠬᠠᠶᠢᠯᠠᠭᠰᠠᠨ ᠵᠠᠩᠭᠠᠷᠴᠢ ᠪᠤᠯᠤᠨ᠎ᠠ᠃ 2006 ᠤᠨ ᠳᠤ᠂ ᠲᠤᠮᠳᠠᠳᠤ ᠤᠯᠤᠰ ᠤᠨ ᠭᠤᠷᠪᠠᠨ ᠶᠡᠭᠡ | ᠪᠠᠭᠠᠳᠤᠷᠯᠢᠭ ᠲᠤᠥᠯᠢ ᠶᠢᠨ ᠨᠢᠭᠡ ︽ᠵᠠᠩᠭᠠᠷ︾ ᠨᠢ ᠤᠯᠤᠰ ᠤᠨ ᠪᠤᠳᠠᠰ ᠤᠨ ᠪᠤᠰᠤ ᠰᠤᠶᠤᠯ ᠤᠨ ᠦᠪ ᠢᠶᠠᠷ | ᠦᠨᠡᠯᠡᠭᠳᠡᠵᠤ᠂ ᠵᠢᠶᠠ᠊ · ᠵᠤᠥᠨᠠᠢ ᠠᠯᠳᠠᠷᠳᠤ ︽ᠵᠠᠩᠭᠠᠷᠴᠢ︾ ᠶᠢᠨ ᠢᠷᠠᠭᠤ ᠠᠯᠳᠠᠷ ᠢ ᠬᠦᠷᠳᠡᠭᠰᠡᠨ ᠶᠤᠮ᠃ | 2. 17 ᠳ᠋ᠤᠭᠠᠷ ᠵᠠᠭᠤᠨ ᠠᠴᠠ ᠰᠡᠬᠦᠯᠡᠷ ᠵᠠᠩᠭᠠᠷᠴᠢ ᠠᠩᠬ᠎ᠠ ᠤᠳᠠᠭ᠎ᠠ ᠡᠸᠦ᠋ᠷᠤᠫᠠ ᠲᠢᠪ ᠢᠶᠠᠷ ᠠᠶᠠᠯᠠᠪᠠ | 2017 ᠤᠨ ᠤ 5 ᠰᠠᠷ᠎ᠠ ᠶᠢᠨ 22 — 31 ᠤ ᠡᠳᠤᠷ ᠪᠤᠯᠳᠠᠯ᠎ᠠ᠂ ᠲᠤᠮᠳᠠᠳᠤ ᠤᠯᠤᠰ ᠤᠨ ᠭᠤᠷᠪᠠᠨ | ᠶᠡᠭᠡ ᠪᠠᠭᠠᠳᠤᠷᠯᠢᠭ ᠲᠤᠥᠯᠢ ᠶᠢᠨ ᠺᠢᠨᠣ᠋ ᠤᠷᠠᠯᠢᠭ ᠤᠨ ᠢᠨᠵᠧᠨᠧᠷᠢᠩ — ︽ᠵᠠᠩᠭᠠᠷ ᠤᠨ ᠺᠠᠷᠲ᠋ᠤᠨ ᠵᠦᠴᠤᠭᠡ︾ | ᠠᠴᠠ ᠮᠠᠨ ᠤ ᠤᠯᠤᠰ ᠤᠨ ᠶᠢᠰᠤᠨ ᠵᠠᠩᠭᠠᠷ ᠤᠨ ᠤᠯᠠᠮᠵᠢᠯᠠᠭᠴᠢ ᠶᠢ ᠵᠤᠬᠢᠶᠠᠨ ᠪᠠᠶᠢᠭᠤᠯᠵᠤ ᠤᠷᠤᠰ ᠤᠨ | ᠬᠤᠯᠪᠤᠭ᠎ᠠ ᠶᠢᠨ ᠪᠦᠬᠦᠳᠠ ᠨᠠᠶᠢᠷᠠᠮᠳᠠᠬᠤ ᠬᠠᠯᠢᠮᠠᠭ ᠤᠯᠤᠰ ᠲᠤ ︽ᠨᠢᠭᠡ ᠪᠦᠰᠠ ᠨᠢᠭᠡ ᠵᠠᠮ · ᠰᠤᠶᠤᠯ ᠤᠨ | ᠠᠵᠢᠯᠯᠠᠭ᠎ᠠ︾ ᠶᠢᠨ ᠰᠤᠯᠢᠯᠴᠠᠭᠠᠨ ᠤ ᠠᠵᠢᠯᠯᠠᠭ᠎ᠠ ᠦᠷᠨᠢᠬᠦᠯᠪᠡ᠃ | 17 ᠳ᠋ᠤᠭᠠᠷ ᠵᠠᠭᠤᠨ ᠳᠤ᠂ ᠤᠢᠢᠷᠠᠳ ᠮᠤᠩᠭᠤᠯ ᠠᠯᠳᠠᠢ ᠠᠭᠤᠯᠠ ᠨᠢᠷᠤᠭᠤᠳ ᠤᠨ ᠵᠦᠩᠭᠠᠷ ᠤᠷᠤᠨ ᠠᠴᠠ | ᠪᠠᠷᠠᠭᠤᠨᠰᠢᠯᠠᠬᠤ ᠳᠠᠭᠠᠨ ᠪᠠᠭᠠᠳᠤᠷᠯᠢᠭ ᠲᠤᠥᠯᠢ ᠵᠠᠩᠭᠠᠷ ᠢ ᠡᠸᠦ᠋ᠷᠤᠫᠡ ᠲᠢᠪ᠂ ᠸᠤᠯᠭ᠎ᠠ ᠮᠦᠷᠡᠨ ᠤ ᠰᠠᠪᠠ ᠭᠠᠵᠠᠷ ᠲᠤ | ᠠᠪᠴᠤ ᠬᠦᠷᠴᠠᠢ᠃ ᠲᠤᠰ ᠤᠳᠠᠭᠠᠨ ᠤ ᠠᠵᠢᠯᠯᠠᠭ᠎ᠠ ᠨᠢ 1771 ᠤᠨ ᠳᠤ ᠤᠢᠢᠷᠠᠳ ᠮᠤᠩᠭᠤᠯᠴᠤᠳ | ᠨᠤᠳᠤᠭ ᠲᠠᠭᠠᠨ ᠪᠤᠴᠠᠨ ᠢᠷᠡᠭᠰᠡᠨ ᠤ ᠲᠠᠷᠠᠭ᠎ᠠ ᠠᠩᠬ᠎ᠠ ᠤᠳᠠᠭ᠎ᠠ ᠤᠯᠠᠨ ᠵᠠᠩᠭᠠᠷ ᠤᠨ ᠤᠯᠠᠮᠵᠢᠯᠠᠭᠴᠢ ᠪᠠᠭᠠᠳᠤᠷᠯᠢᠭ | ᠲᠤᠥᠯᠢ ᠵᠠᠩᠭᠠᠷ ᠢ ᠡᠸᠦ᠋ᠷᠤᠫᠠ ᠲᠢᠪ᠂ ᠸᠤᠯᠭ᠎ᠠ ᠮᠦᠷᠡᠨ ᠤ ᠰᠠᠪᠠ ᠭᠠᠵᠠᠷ ᠲᠤ ᠠᠪᠴᠤ ᠬᠦᠷᠥᠭᠰᠡᠨ ᠶᠠᠪᠤᠳᠠᠯ ᠶᠤᠮ᠃ | | ᠵᠠᠩᠭᠠᠷ ᠤᠨ ᠤᠯᠠᠮᠵᠢᠯᠠᠭᠴᠢ ᠴᠠᠭᠠᠨ ᠤᠷᠳᠤᠨ ᠠᠴᠠ ᠮᠦᠽᠸᠢ ᠬᠦᠷᠳᠡᠯ᠎ᠠ᠂ ᠲᠠᠭᠤᠥ ᠬᠦᠭᠵᠢᠮ ᠤᠨ ᠲᠡᠭᠡᠳᠤ | ᠰᠤᠷᠭᠠᠭᠤᠯᠢ ᠠᠴᠠ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠬᠦᠷᠳᠡᠯ᠎ᠠ᠂ ᠪᠠᠭ᠎ᠠ ᠰᠤᠷᠭᠠᠭᠤᠯᠢ ᠠᠴᠠ | ᠤᠯᠤᠰ ᠠᠴᠠ ᠡᠷᠬᠢᠯᠡᠭᠰᠡᠨ ᠶᠡᠭᠡ ᠰᠤᠷᠭᠠᠭᠤᠯᠢ ᠬᠦᠷᠳᠡᠯ᠎ᠠ᠂ ᠮᠤᠰᠺᠧᠨ ᠶᠢᠨ ᠯᠧᠨᠢᠨ ᠨᠤᠮ ᠤᠨ ᠰᠠᠩ ᠠᠴᠠ ᠸᠤᠯᠭ᠎ᠠ | ᠮᠦᠷᠡᠨ ᠤ ᠬᠦᠪᠡᠭᠡᠨ ᠤ ᠲᠤᠷᠤᠨᠠᠰᠢ ᠪᠤᠴᠠᠭᠰᠠᠨ ᠭᠠᠷᠤᠭᠠᠨ ᠤ ᠭᠠᠵᠠᠷ ᠬᠦᠷᠳᠡᠯ᠎ᠠ᠂ ᠭᠠᠳᠠᠭᠠᠳᠤ ᠤᠯᠤᠰ ᠤᠨ | ᠡᠯᠴᠢᠨ ᠤ ᠶᠤᠰᠤᠯᠠᠯ ᠢᠶᠠᠷ ᠬᠦᠨᠳᠤᠳᠭᠡᠭᠳᠡᠨ ᠵᠤᠴᠢᠯᠠᠭᠳᠠᠵᠠᠢ᠃ | | 3. ︽ᠵᠠᠩᠭᠠᠷ 2017︾ ᠤᠯᠠᠨ ᠤᠯᠤᠰ ᠤᠨ ᠬᠠᠮᠳᠤᠷᠠᠯᠴᠠᠭᠠᠨ ᠤ ᠪᠠᠶᠢᠴᠠᠭᠠᠯᠳᠠ ᠬᠢᠪᠡ | 2017 ᠤᠨ ᠤ 7 ᠰᠠᠷ᠎ᠠ ᠶᠢᠨ 28 ᠤ ᠡᠳᠤᠷ ᠠᠴᠠ 9 ᠰᠠᠷ᠎ᠠ ᠶᠢᠨ 7 ᠤ ᠡᠳᠤᠷ ᠪᠤᠯᠳᠠᠯ᠎ᠠ᠂ ᠮᠤᠩᠭᠤᠯ | ᠤᠯᠤᠰ ᠤᠨ ᠵᠠᠩᠭᠠᠷ ᠰᠤᠳᠤᠯᠤᠯ ᠤᠨ ᠨᠡᠶᠢᠭᠡᠮᠯᠢᠭ᠂ ᠮᠤᠩᠭᠤᠯ ᠤᠯᠤᠰ ᠤᠨ MAC ᠲᠧᠯᠸᠢᠰ ᠬᠤᠷᠢᠶ᠎ᠠ ᠶᠢᠨ | ᠲᠠᠷᠤᠭ᠎ᠠ ᠮᠢᠬᠮᠠᠷᠰᠦ᠋ᠷᠤᠩ ᠢᠶᠠᠷ ᠪᠦᠯᠬᠦᠮ ᠤᠨ ᠲᠠᠷᠤᠭ᠎ᠠ ᠪᠤᠯᠭᠠᠵᠤ᠂ ᠲᠤᠮᠳᠠᠳᠤ ᠮᠤᠩᠭᠤᠯ ᠤᠷᠤᠰ ᠤᠯᠤᠰ ᠤᠨ | ᠲᠤᠰᠬᠠᠢ ᠮᠡᠷᠭᠡᠵᠢᠯᠳᠡᠳ ᠤᠨ ᠪᠦᠯᠬᠦᠮ ᠤᠨ 10 ᠬᠦᠮᠤᠨ ᠢᠶᠠᠷ ᠪᠦᠷᠢᠯᠳᠥᠭᠰᠡᠨ ᠰᠤᠳᠤᠯᠭᠠᠨ ᠤ ᠰᠡᠳᠤᠪ ᠤᠨ | ᠲᠤᠭᠤᠢᠢᠯᠠᠩ ᠤᠨ ᠬᠢᠨ 45 ᠡᠳᠤᠷ ᠬᠡᠷᠡᠭᠰᠡᠨ᠂ ᠬᠤᠶᠠᠷ ᠲᠦᠮᠡᠨ ᠺᠢᠯᠤᠮᠧᠲᠷ ᠠᠶᠠᠯᠠᠨ᠂ ᠵᠠᠩᠭᠠᠷ ᠦᠷᠭᠡᠨ | ᠲᠡᠯᠭᠡᠷ ᠢᠶᠠᠷ ᠤᠯᠠᠮᠵᠢᠯᠠᠭᠳᠠᠵᠤ ᠪᠠᠶᠢᠭ᠎ᠠ ᠮᠤᠩᠭᠤᠯ ᠤᠯᠤᠰ᠂ ᠤᠷᠤᠰ᠂ ᠺᠠᠽᠠᠭᠰᠲ᠋ᠠᠨ᠂ ᠺᠢᠷᠬᠢᠽᠰᠲ᠋ᠠᠨ ᠤ ᠬᠢᠯᠢ | ᠲᠤᠳᠤᠷ᠎ᠠ ᠪᠠᠶᠢᠴᠠᠭᠠᠯᠳᠠ ᠶᠢᠨ ᠠᠵᠢᠯ ᠦᠷᠨᠢᠬᠦᠯᠵᠤ᠂ 30 ᠵᠠᠩᠭᠠᠷᠴᠢ ᠶᠢ ᠪᠠᠭᠳᠠᠭᠠᠭᠰᠠᠨ 300 ᠭᠠᠷᠤᠢ ᠬᠦᠮᠤᠨ ᠢ | ᠰᠤᠷᠪᠤᠯᠵᠢᠯᠠᠨ᠂ ᠵᠠᠩᠭᠠᠷ ᠤᠨ ᠲᠡᠥᠬᠡ ᠡᠬᠦᠰᠤᠯ ᠤᠨ ᠭᠠᠵᠠᠷ᠂ ᠴᠠᠭ ᠵᠢᠴᠢ ᠲᠠᠷᠬᠠᠯᠳᠠ ᠶᠢᠨ ᠤᠷᠤᠨ ᠪᠦᠰᠠ ᠵᠡᠷᠭᠡ | ᠴᠢᠬᠤᠯᠠ ᠡᠷᠳᠡᠮ ᠰᠢᠨᠵᠢᠯᠡᠭᠡᠨ ᠤ ᠠᠰᠠᠭᠤᠳᠠᠯ ᠢ ᠡᠮᠬᠢᠯᠡᠭᠰᠡᠨ ᠪᠠᠶᠢᠨ᠎ᠠ᠃ ᠲᠦᠷᠤᠯ ᠵᠦᠢᠯ ᠢ ᠮᠤᠩᠭᠤᠯ ᠤᠯᠤᠰ ᠤᠨ | ᠰᠤᠷᠭᠠᠨ ᠬᠦᠮᠤᠵᠢᠯ ᠰᠤᠶᠤᠯ ᠰᠢᠨᠵᠢᠯᠡᠬᠦ ᠤᠬᠠᠭᠠᠨ ᠮᠡᠷᠭᠡᠵᠢᠯ ᠪᠡᠶ᠎ᠠ ᠶᠢᠨ ᠲᠠᠮᠢᠷ ᠤᠨ ᠶᠠᠮᠤᠨ᠂ ᠮᠤᠩᠭᠤᠯ | ᠤᠯᠤᠰ ᠤᠨ ︽ᠵᠠᠩᠭᠠᠷ︾ ᠰᠤᠳᠤᠯᠤᠯ ᠤᠨ ᠨᠡᠶᠢᠭᠡᠮᠯᠢᠭ᠂ ᠲᠤᠮᠳᠠᠳᠤ ᠤᠯᠤᠰ ᠤᠨ ᠪᠠᠷᠠᠭᠤᠨ ᠬᠤᠶᠢᠳᠤ ᠶᠢᠨ | ᠦᠨᠳᠤᠰᠤᠳᠡᠨ ᠤ ᠶᠡᠭᠡ ᠰᠤᠷᠭᠠᠭᠤᠯᠢ᠂ ᠤᠷᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ | ᠬᠠᠯᠢᠮᠠᠭ ᠰᠤᠶᠤᠯ ᠢᠷᠭᠡᠨᠰᠢᠯ ᠤᠨ ᠰᠤᠳᠤᠯᠭᠠᠨ ᠤ ᠭᠠᠵᠠᠷ᠂ ᠬᠠᠯᠢᠮᠠᠭ ᠶᠡᠭᠡ ᠰᠤᠷᠭᠠᠭᠤᠯᠢ ᠵᠡᠷᠭᠡ ᠪᠠᠶᠢᠭᠤᠯᠤᠮᠵᠢ ᠶᠢ | ᠬᠠᠮᠳᠤᠪᠠᠷ ᠵᠤᠬᠢᠶᠠᠨ ᠪᠠᠶᠢᠭᠤᠯᠤᠨ ᠠᠵᠢᠯᠯᠠᠭᠤᠯᠤᠭᠰᠠᠨ ᠶᠤᠮ᠃ | | 4. ᠪᠠᠭᠠᠳᠤᠷᠯᠢᠭ ᠲᠤᠥᠯᠢ ᠬᠢᠭᠡᠳ ᠤᠷᠠᠯᠢᠭ — ︽ᠵᠠᠩᠭᠠᠷ︾ ᠤᠯᠠᠨ ᠤᠯᠤᠰ ᠤᠨ ᠶᠠᠷᠢᠶᠠᠨ ᠤ ᠲᠠᠪᠴᠠᠩ | 2017 ᠤᠨ ᠤ 12 ᠰᠠᠷ᠎ᠠ ᠶᠢᠨ 8 — 10 ᠤ ᠡᠳᠤᠷ ᠪᠤᠯᠳᠠᠯ᠎ᠠ᠂ ᠲᠤᠮᠳᠠᠳᠤ ᠤᠯᠤᠰ ᠤᠨ ᠭᠤᠷᠪᠠᠨ | ᠶᠡᠭᠡ ᠪᠠᠭᠠᠳᠤᠷᠯᠢᠭ ᠲᠤᠥᠯᠢ ᠶᠢᠨ ᠺᠢᠨᠣ᠋ ᠤᠷᠠᠯᠢᠭ ᠤᠨ ᠢᠨᠵᠧᠨᠧᠷᠢᠩ — ᠵᠠᠩᠭᠠᠷ ᠤᠨ ᠺᠠᠷᠲ᠋ᠤᠨ ᠵᠦᠴᠤᠭᠡ᠂ | ᠲᠤᠮᠳᠠᠳᠤ ᠤᠯᠤᠰ ᠤᠨ ᠠᠷᠠᠳ ᠤᠨ ᠶᠡᠭᠡ ᠰᠤᠷᠭᠠᠭᠤᠯᠢ ᠶᠢᠨ ᠤᠳᠬ᠎ᠠ ᠵᠤᠬᠢᠶᠠᠯ ᠤᠨ ᠲᠡᠭᠡᠳᠤ ᠰᠤᠷᠭᠠᠭᠤᠯᠢ ᠪᠤᠯᠤᠨ | ᠪᠡᠭᠡᠵᠢᠩ ᠬᠤᠳᠠ ᠶᠢᠨ ᠦᠨᠳᠤᠰᠤᠳᠡᠨ ᠤ ᠰᠤᠶᠤᠯ ᠤᠨ ᠰᠤᠯᠢᠯᠴᠠᠭᠠᠨ ᠤ ᠲᠦᠪ᠂ ᠪᠡᠭᠡᠵᠢᠩ ᠤᠨ ᠰᠢᠶᠦ᠋ᠩ | ᠤᠶᠤᠨᠴᠢ ᠰᠤᠶᠤᠯ ᠤᠨ ᠲᠠᠮᠵᠢᠭᠤᠯᠭ᠎ᠠ ᠶᠢᠨ ᠬᠢᠵᠠᠭᠠᠷᠳᠤ ᠺᠤᠮᠫᠠᠨᠢ ᠬᠠᠮᠳᠤᠷᠠᠨ ︽ᠪᠠᠭᠠᠳᠤᠷᠯᠢᠭ ᠲᠤᠥᠯᠢ ᠬᠢᠭᠡᠳ | ᠤᠷᠠᠯᠢᠭ︾ ᠰᠢᠷᠢᠰ ᠠᠵᠢᠯᠯᠠᠭ᠎ᠠ ᠶᠢ ᠡᠷᠬᠢᠯᠡᠪᠡ᠃ ᠡ᠊ᠨᠠ ᠪᠤᠯ ᠪᠠᠭᠠᠳᠤᠷᠯᠢᠭ ᠲᠤᠥᠯᠢ ︽ᠵᠠᠩᠭᠠᠷ︾ ᠬᠢᠭᠡᠳ | ᠤᠷᠠᠯᠢᠭ ᠤᠨ ᠡᠬᠦᠳᠤᠨ ᠪᠦᠳᠤᠭᠡᠯᠳᠠ ᠶᠢ ᠠᠭᠤᠰᠤᠯᠴᠠᠭᠤᠯᠤᠨ ᠬᠦᠭᠵᠢᠬᠦᠯᠬᠦ ᠶᠢ ᠰᠦᠪᠡᠭᠴᠢᠯᠡᠭᠰᠡᠨ ᠰᠢᠨ᠎ᠠ ᠠᠷᠭ᠎ᠠ | ᠬᠡᠮᠵᠢᠶ᠎ᠠ ᠪᠤᠯᠤᠨ᠎ᠠ᠃ 12 ᠤᠯᠤᠰ ᠤᠨ ᠲᠡᠰ ᠤᠨ ᠪᠠ ᠦᠪᠠᠷᠳᠡᠭᠡᠨ ᠵᠠᠰᠠᠬᠤ ᠤᠷᠤᠨ ᠤ ᠲᠡᠰ ᠤᠨ ᠵᠠᠩᠭᠠᠷᠴᠢ ᠪᠠ | ᠮᠤᠩᠭᠤᠯ ᠤᠯᠤᠰ᠂ ᠤᠷᠤᠰ᠂ ᠶᠠᠫᠤᠨ᠂ ᠺᠤᠷᠢᠶᠠ ᠶᠢᠨ ᠺᠢᠨᠣ᠋ ᠦᠢᠯᠡᠳᠥᠭᠴᠢ᠂ ᠤᠳᠤᠷᠢᠳᠤᠭᠠᠴᠢ᠂ ᠬᠦᠭᠵᠢᠮᠴᠢᠨ᠂ | ᠺᠠᠷᠲ᠋ᠤᠨᠴᠢ᠂ ᠡᠷᠳᠡᠮᠳᠡᠨ ᠬᠤᠷᠠᠨ ᠴᠤᠭᠯᠠᠷᠠᠵᠤ᠂ ᠪᠠᠭᠠᠳᠤᠷᠯᠢᠭ ᠲᠤᠥᠯᠢ ︽ᠵᠠᠩᠭᠠᠷ︾ ᠢ ᠵᠢᠷᠤᠭ ᠲᠦᠷᠰᠤ ᠪᠠᠷ | ᠰᠢᠩᠭᠡᠭᠡᠬᠦ᠂ ᠺᠢᠨᠣ᠋ ᠤᠷᠠᠯᠢᠭ ᠤᠨ ᠡᠬᠦᠳᠤᠨ ᠪᠦᠳᠤᠭᠡᠯᠳᠠ ᠬᠢᠬᠦ᠂ ᠲᠤᠭᠯᠠᠬᠤ ᠬᠡᠯᠪᠡᠷᠢ ᠵᠡᠷᠭᠡ ᠲᠠᠯ᠎ᠠ ᠪᠠᠷ ᠰᠤᠳᠤᠯᠤᠨ | ᠶᠠᠷᠢᠯᠴᠠᠭᠰᠠᠨ ᠪᠠᠶᠢᠨ᠎ᠠ᠃ | 5. ᠵᠠᠩᠭᠠᠷᠴᠢ — ᠫᠤ · ᠪᠠᠳᠠᠢ ᠲᠡᠯᠡᠬᠡᠢ ᠶᠢᠨ ᠲᠡᠮᠳᠡᠭᠯᠡᠯ ᠢ ᠡᠬᠦᠳᠪᠡ | 2012 ᠤᠨ ᠤ 12 ᠰᠠᠷ᠎ᠠ ᠳᠤ᠂ ᠭᠤᠷᠪᠠᠳᠤᠭᠠᠷ ᠦᠶ᠎ᠠ ᠶᠢᠨ ᠵᠠᠩᠭᠠᠷ ᠤᠨ ᠤᠯᠠᠮᠵᠢᠯᠠᠭᠴᠢ ᠫᠦ · ᠪᠠᠳᠠᠢ | ᠤᠯᠤᠰ ᠤᠨ ᠰᠤᠶᠤᠯ ᠤᠨ ᠶᠠᠮᠤᠨ ᠳᠤ ᠤᠯᠤᠰ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ︽ᠵᠠᠩᠭᠠᠷ︾ | ᠤᠨ ᠤᠯᠠᠮᠵᠢᠯᠠᠭᠴᠢ ᠪᠠᠷ ᠨᠡᠷᠡᠶᠢᠳᠥᠭᠳᠡᠪᠡ᠃ | 2017 ᠤᠨ ᠳᠤ᠂ ᠫᠤ · ᠪᠠᠳᠠᠢ ᠶᠢᠨ ᠵᠠᠩᠭᠠᠷ ᠬᠠᠶᠢᠯᠠᠬᠤ ᠤᠷᠠᠯᠢᠭ ᠤᠨ ᠢᠯᠡᠷᠡᠯ ᠨᠢ ᠬᠠᠮᠤᠭ ᠤᠨ ᠢᠯᠠ | ᠲᠤᠳᠤ᠂ ᠴᠡᠭᠡᠵᠢ ᠪᠠᠷ ᠬᠠᠶᠢᠯᠠᠭᠰᠠᠨ ᠨᠢ ᠬᠠᠮᠤᠭ ᠤᠨ ᠤᠷᠳᠤ᠂ ᠬᠠᠶᠢᠯᠠᠭᠰᠠᠨ ᠴᠠᠭ ᠨᠢ ᠬᠠᠮᠤᠭ ᠤᠨ ᠤᠷᠳᠤ | ᠭᠤᠷᠪᠠᠨ ᠵᠦᠢᠯ ᠢᠶᠠᠷ ︽ᠲᠡᠯᠡᠬᠡᠢ ᠶᠢᠨ ᠲᠡᠮᠳᠡᠭᠯᠡᠯ︾ ᠢ ᠡᠬᠦᠳᠥᠭᠰᠡᠨ ᠪᠠᠶᠢᠨ᠎ᠠ᠃ ᠲᠤᠰ ᠲᠦᠷᠤᠯ ᠵᠦᠢᠯ ᠢ 2014 | ᠤᠨ ᠠᠴᠠ ᠡᠬᠢᠯᠡᠨ ᠪᠡᠯᠡᠳᠭᠡᠵᠤ᠂ ᠭᠤᠷᠪᠠᠨ ᠵᠢᠯ ᠤᠨ ᠴᠢᠷᠮᠠᠶᠢᠯᠭ᠎ᠠ ᠪᠠᠷ ᠲᠠᠮᠵᠢᠨ᠂ ᠲᠡᠯᠡᠬᠡᠢ ᠶᠢᠨ ᠲᠡᠮᠳᠡᠭᠯᠡᠯ ᠤᠨ | ᠨᠡᠶᠢᠭᠡᠮᠯᠢᠭ ᠢ ᠬᠢᠨᠠᠨ ᠪᠠᠶᠢᠴᠠᠭᠠᠵᠤ᠂ ︽ᠲᠡᠯᠡᠬᠡᠢ ᠶᠢᠨ ᠲᠡᠮᠳᠡᠭᠯᠡᠯ︾ ᠢ ᠡᠬᠦᠳᠥᠭᠰᠡᠨ ᠢᠷᠠᠭᠤ ᠠᠯᠳᠠᠷ ᠤᠨ ᠦᠨᠡᠮᠯᠡᠯ | ᠭᠠᠷᠳᠠᠭᠤᠯᠤᠭᠰᠠᠨ ᠪᠠᠶᠢᠨ᠎ᠠ᠃ | 6. ︽ᠪᠠᠭᠠᠳᠤᠷ ᠵᠠᠩᠭᠠᠷ︾ ᠢ ᠪᠦᠬᠦ ᠪᠦᠮᠪᠤᠷᠴᠡᠭ ᠲᠤ ᠨᠡᠪᠳᠡᠷᠡᠬᠦᠯᠪᠡ | ᠲᠤᠮᠳᠠᠳᠤ ᠤᠯᠤᠰ ᠤᠨ ᠭᠤᠷᠪᠠᠨ ᠶᠡᠭᠡ ᠪᠠᠭᠠᠳᠤᠷᠯᠢᠭ ᠲᠤᠥᠯᠢ ᠶᠢᠨ ᠺᠢᠨᠣ᠋ ᠤᠷᠠᠯᠢᠭ ᠤᠨ ᠢᠨᠵᠧᠨᠧᠷᠢᠩ — | ︽ ᠵᠠᠩᠭᠠᠷ ᠤᠨ ᠺᠠᠷᠲ᠋ᠤᠨ ᠵᠦᠴᠤᠭᠡ︾ ᠶᠢ ᠨᠡᠪᠳᠡᠷᠡᠬᠦᠯᠥᠭᠰᠡᠨ ᠠᠴᠠ ᠨᠠᠰᠢ᠂ ᠠᠩᠭ᠍ᠯᠢ᠂ ᠹᠷᠠᠨᠼᠢ᠂ ᠢᠰᠫᠠᠨᠢ ᠵᠡᠷᠭᠡ | ᠬᠡᠯᠡ ᠪᠠ ᠠᠹᠷᠢᠺᠡ ᠲᠢᠪ ᠤᠨ ᠤᠯᠤᠰ ᠤᠷᠤᠨ ᠤ ᠦᠭᠡ ᠬᠡᠯᠡ ᠪᠠᠷ ᠶᠧᠵᠢᠫᠲ᠂ ᠡᠮᠤᠨᠡᠳᠤ ᠠᠹᠷᠢᠺᠠ ᠵᠡᠷᠭᠡ | ᠠᠹᠷᠢᠺᠠ ᠲᠢᠪ ᠤᠨ 54 ᠤᠯᠤᠰ ᠤᠷᠤᠨ ᠳᠤ ᠨᠡᠪᠳᠡᠷᠡᠬᠦᠯᠥᠭᠰᠡᠨ ᠠᠴᠠ ᠭᠠᠳᠠᠨ᠎ᠠ᠂ ᠤᠷᠤᠰ᠂ ᠮᠤᠩᠭᠤᠯ | ᠤᠯᠤᠰ ᠲᠤ ᠨᠡᠪᠳᠡᠷᠡᠬᠦᠯᠥᠭᠰᠡᠨ ᠪᠠᠶᠢᠨ᠎ᠠ᠃ | 2017 ᠤᠨ ᠤ ᠵᠤᠨ ᠤ ᠠᠮᠠᠷᠠᠯᠳᠠ ᠶᠢᠨ ᠬᠤᠭᠤᠴᠠᠭᠠᠨ ᠳᠤ᠂ ᠲᠤᠮᠳᠠᠳᠤ ᠤᠯᠤᠰ ᠤᠨ ᠰᠤᠷᠭᠠᠨ | ᠬᠦᠮᠤᠵᠢᠯ ᠤᠨ ᠲᠧᠯᠸᠢᠰ ᠬᠤᠷᠢᠶ᠎ᠠ ᠵᠡᠷᠭᠡ ᠪᠦᠬᠦ ᠤᠯᠤᠰ ᠤᠨ 30 ᠲᠦᠪ ᠬᠤᠳᠠ᠂ ᠬᠤᠳᠠ ᠶᠢᠨ ᠲᠧᠯᠸᠢᠰ | ᠬᠤᠷᠢᠶ᠎ᠠ ᠨᠡᠪᠳᠡᠷᠡᠬᠦᠯᠥᠭᠰᠡᠨ ᠪᠠᠶᠢᠨ᠎ᠠ᠃ | ︽ᠪᠠᠭᠠᠳᠤᠷ ᠵᠠᠩᠭᠠᠷ︾ ᠤᠷᠢᠳ ᠬᠤᠵᠢᠳ ︽ᠰᠤᠯᠤᠩᠭᠠᠨ ᠲᠤᠮᠳᠠᠳᠤ ᠤᠯᠤᠰ︾ ᠬᠤᠶᠠᠳᠤᠭᠠᠷ | ᠬᠤᠭᠤᠴᠠᠭᠠᠨ ᠤ ᠪᠦᠬᠦ ᠤᠯᠤᠰ ᠤᠨ ᠴᠦᠬᠡᠨ ᠲᠤᠭᠠᠳᠤ ᠦᠨᠳᠤᠰᠤᠳᠡᠨ ᠤ ᠺᠢᠨᠣ᠋ ᠤᠷᠠᠯᠢᠭ ᠤᠨ ᠦᠵᠡᠰᠬᠦᠯᠡᠩ | ᠲᠡᠭᠡᠷ᠎ᠠ ᠤᠷᠠᠯᠢᠭ ᠤᠨ ᠵᠢᠳᠬᠦᠯ ᠦᠵᠡᠬᠦᠯᠥᠭᠰᠡᠨ ᠱᠠᠩᠨᠠᠯ ᠵᠡᠷᠭᠡ 10 ᠵᠦᠢᠯ ᠤᠨ ᠤᠯᠤᠰ ᠤᠨ ᠲᠤᠳᠤᠭᠠᠳᠤ | ᠭᠠᠳᠠᠭᠠᠳᠤ ᠶᠢᠨ ᠱᠠᠩᠨᠠᠯ ᠬᠦᠷᠳᠡᠭᠰᠡᠨ ᠪᠠᠶᠢᠨ᠎ᠠ᠃ ︽ᠪᠠᠭᠠᠳᠤᠷ ᠵᠠᠩᠭᠠᠷ︾ ᠺᠢᠨᠣ᠋ ᠶᠢ 2018 ᠤᠨ ᠳᠤ ᠺᠢᠨᠣ᠋ ᠶᠢᠨ | ᠤᠷᠳᠤᠨ ᠳᠤ ᠨᠡᠪᠳᠡᠷᠡᠬᠦᠯᠬᠦ ᠪᠤᠯᠤᠨ᠎ᠠ᠃ 7. ︽ᠵᠠᠩᠭᠠᠷ ᠤᠨ ᠲᠠᠯ ᠠ ᠨᠤᠳᠤᠭ︾ ᠪᠠᠭᠠᠳᠤᠷᠯᠢᠭ ᠲᠤᠥᠯᠢ ᠶᠢᠨ | ᠪᠠᠷᠢᠮᠳᠠᠳᠤ ᠺᠢᠨᠣ᠋ ᠶᠢ ᠡᠬᠢᠯᠡᠨ ᠰᠡᠬᠦᠳᠡᠷᠯᠡᠪᠡ | ᠮᠤᠩᠭᠤᠯ ᠦᠨᠳᠤᠰᠤᠳᠡᠨ ᠤ ᠲᠤᠮᠤ ᠬᠡᠯᠪᠡᠷᠢ ᠶᠢᠨ ᠪᠠᠭᠠᠳᠤᠷᠯᠢᠭ ᠲᠤᠥᠯᠢ ᠶᠢᠨ ᠪᠠᠷᠢᠮᠳᠠᠳᠤ ᠺᠢᠨᠣ᠋ ︽ᠵᠠᠩᠭᠠᠷ ᠤᠨ | ᠲᠠᠯ᠎ᠠ ᠨᠤᠳᠤᠭ︾ ᠢ 2017 ᠤᠨ ᠤ 5 ᠰᠠᠷ᠎ᠠ ᠳᠤ ᠰᠢᠨᠵᠢᠶᠠᠩ ᠳᠤ ᠰᠡᠬᠦᠳᠡᠷᠯᠡᠨ ᠡᠬᠢᠯᠡᠪᠡ᠃ ᠪᠠᠷᠢᠮᠳᠠᠳᠤ | ᠹᠢᠯᠢᠮ ᠨᠢ 4K ᠬᠡᠳᠤ ᠲᠤᠳᠤ ᠲᠠᠭᠤᠥ ᠲᠦᠷᠰᠤ ᠪᠠᠷ ᠰᠢᠨᠵᠢᠶᠠᠩ ᠤᠨ ᠲᠦᠷᠪᠡᠨ ᠤᠯᠠᠷᠢᠯ ᠤᠨ ᠭᠤᠶᠢᠳᠠ ᠦᠵᠡᠮᠵᠢ | ᠪᠤᠯᠤᠨ ᠰᠢᠨᠵᠢᠶᠠᠩ ᠳᠤ ᠠᠮᠢᠳᠤᠷᠠᠵᠤ ᠪᠠᠶᠢᠭ᠎ᠠ ᠮᠤᠩᠭᠤᠯᠴᠤᠳ ᠤᠨ ᠦᠨᠡᠨ ᠪᠤᠳᠠᠳᠤ ᠠᠮᠢᠳᠤᠷᠠᠯ ᠤᠨ ᠦᠵᠡᠭᠳᠡᠯ ᠢ | ᠲᠤᠰᠬᠠᠬᠤ ᠪᠤᠯᠤᠨ᠎ᠠ᠃ ᠪᠠᠷᠢᠮᠳᠠᠳᠤ ᠺᠢᠨᠣ᠋ ᠶᠢᠨ ᠭᠠᠳᠠᠷ ᠦᠵᠡᠮᠵᠢ ᠨᠢ ᠰᠢᠨᠵᠢᠶᠠᠩ ᠤᠨ ᠪᠠᠶᠠᠨᠭᠤᠥᠯ ᠮᠤᠩᠭᠤᠯ | ᠦᠪᠠᠷᠳᠡᠭᠡᠨ ᠵᠠᠰᠠᠬᠤ ᠵᠸᠥ᠂ ᠢᠯᠢ᠂ ᠲᠠᠷᠪᠠᠭᠠᠳᠠᠢ᠂ ᠠᠯᠳᠠᠢ ᠵᠡᠷᠭᠡ 20 ᠭᠠᠷᠤᠢ ᠰᠢᠶᠠᠨ᠂ ᠬᠤᠳᠠ ᠲᠠᠢ | ᠬᠤᠯᠪᠤᠭᠳᠠᠨ᠎ᠠ᠃ ᠪᠠᠷᠢᠮᠳᠠᠳᠤ ᠹᠢᠯᠢᠮ ︽ᠵᠠᠩᠭᠠᠷ ᠤᠨ ᠲᠠᠯ᠎ᠠ ᠨᠤᠳᠤᠭ︾ ᠢ 2 ᠵᠢᠯ ᠤᠨ ᠴᠠᠭ ᠬᠡᠷᠡᠭᠰᠡᠨ | ᠰᠡᠬᠦᠳᠡᠷᠯᠡᠨ ᠲᠠᠭᠤᠰᠬᠠᠬᠤ ᠪᠠᠷ ᠲᠦᠯᠤᠪᠯᠡᠵᠤ᠂ ᠲᠤᠬᠠᠢ ᠶᠢᠨ ᠦᠶ᠎ᠠ ᠳᠤ ᠲᠦᠪ ᠤᠨ ᠵᠠᠭᠤᠴᠢᠯᠠᠭᠤᠷ ᠢ | ᠪᠠᠭᠳᠠᠭᠠᠭᠰᠠᠨ ᠡᠯ ᠠ ᠮᠤᠵᠢ ᠤᠷᠤᠨ ᠤ ᠲᠡᠰ ᠤᠨ ᠲᠧᠯᠸᠢᠰ ᠵᠠᠭᠤᠴᠢᠯᠠᠭᠤᠷ ᠢᠶᠠᠷ ᠨᠡᠪᠳᠡᠷᠡᠬᠦᠯᠬᠦ ᠪᠤᠯᠤᠨ᠎ᠠ᠃ | 8. ᠬᠠᠩᠭᠠᠢ ᠬᠠᠮᠳᠤᠯᠢᠭ ᠤᠨ ᠰᠢᠨ᠎ᠠ ᠲᠠᠭᠤᠥ ︽ᠵᠠᠩᠭᠠᠷ︾ ᠨᠡᠶᠢᠳᠡᠯᠡᠭᠳᠡᠪᠡ | ᠬᠠᠩᠭᠠᠢ ᠬᠠᠮᠳᠤᠯᠢᠭ ᠪᠠᠶᠢᠭᠤᠯᠤᠭᠳᠠᠭᠰᠠᠨ ᠠᠷᠪᠠᠨ ᠭᠤᠷᠪᠠᠨ ᠵᠢᠯ ᠤᠨ ᠤᠢ ᠲᠡᠭᠡᠷ᠎ᠠ ᠪᠦᠳᠤᠭᠡᠭᠳᠡᠭᠰᠡᠨ | ᠠᠷᠠᠳ ᠤᠨ ᠲᠠᠭᠤᠥ ᠶᠢ ᠦᠭᠡᠷᠡᠴᠢᠯᠡᠨ ᠨᠠᠶᠢᠷᠠᠭᠤᠯᠤᠭᠰᠠᠨ ᠡᠨᠡᠬᠦ ᠪᠦᠳᠤᠭᠡᠯ ᠢᠶᠠᠨ 2017 ᠤᠨ ᠤ ᠰᠢᠨ᠎ᠠ ᠴᠤᠮᠤᠭ | ︽ᠦᠯᠤᠭᠡᠢ ᠨᠤᠳᠤᠭ︾ ᠲᠠᠭᠠᠨ ᠡᠮᠬᠢᠳᠭᠡᠨ ᠤᠷᠤᠭᠤᠯᠪᠠ᠃ | 9. ᠦᠪᠤᠷ ᠮᠤᠩᠭᠤᠯ ᠤᠨ ᠶᠡᠭᠡ ᠰᠤᠷᠭᠠᠭᠤᠯᠢ ᠶᠢᠨ ᠠᠩᠬᠠᠳᠤᠭᠠᠷ ᠬᠤᠭᠤᠴᠠᠭᠠᠨ ᠤ ︽ᠵᠠᠩᠭᠠᠷ︾ | ᠰᠤᠳᠤᠯᠤᠯ ᠤᠨ ᠤᠯᠠᠨ ᠤᠯᠤᠰ ᠤᠨ ᠡᠷᠳᠡᠮ ᠰᠢᠨᠵᠢᠯᠡᠭᠡᠨ ᠤ ᠰᠤᠳᠤᠯᠤᠨ ᠶᠠᠷᠢᠯᠴᠠᠬᠤ ᠬᠤᠷᠠᠯ | 2017 ᠤᠨ ᠤ 12 ᠰᠠᠷ᠎ᠠ ᠶᠢᠨ 2 ᠤᠨ ᠡᠳᠤᠷ ᠦᠪᠤᠷ ᠮᠤᠩᠭᠤᠯ ᠤᠨ ᠶᠡᠭᠡ ᠰᠤᠷᠭᠠᠭᠤᠯᠢ ᠶᠢᠨ ᠮᠤᠩᠭᠤᠯ | ᠰᠤᠳᠤᠯᠤᠯ ᠤᠨ ᠲᠡᠭᠡᠳᠤ ᠰᠤᠷᠭᠠᠭᠤᠯᠢ ᠳᠤ ᠶᠠᠪᠤᠭᠳᠠᠪᠠ᠃ ᠲᠤᠰ ᠤᠳᠠᠭ᠎ᠠ ᠶᠢᠨ ᠡᠷᠳᠡᠮ ᠰᠢᠨᠵᠢᠯᠡᠭᠡᠨ ᠤ | ᠬᠤᠷᠠᠯ ᠳᠤ ᠹᠷᠠᠨᠼᠢ᠂ ᠶᠠᠫᠤᠨ᠂ ᠺᠤᠷᠢᠶᠠ᠂ ᠮᠤᠩᠭᠤᠯ ᠤᠯᠤᠰ᠂ ᠴᠧᠬᠣ᠋᠂ ᠤᠷᠤᠰ ᠤᠨ ᠬᠤᠯᠪᠤᠭᠠᠨ ᠤ ᠪᠦᠬᠦᠳᠠ | ᠨᠠᠶᠢᠷᠠᠮᠳᠠᠬᠤ ᠬᠠᠯᠢᠮᠠᠭ ᠤᠯᠤᠰ᠂ ᠪᠦᠬᠦᠳᠠ ᠨᠠᠶᠢᠷᠠᠮᠳᠠᠬᠤ ᠠᠯᠳᠠᠢ ᠤᠯᠤᠰ᠂ ᠪᠦᠬᠦ ᠨᠠᠶᠢᠷᠠᠮᠳᠠᠬᠤ ᠲᠤᠸᠠ ᠤᠯᠤᠰ᠂ | ᠲᠤᠮᠳᠠᠳᠤ ᠤᠯᠤᠰ ᠵᠡᠷᠭᠡ 10 ᠰᠢᠬᠠᠮ ᠤᠯᠤᠰ ᠤᠨ 60 ᠭᠠᠷᠤᠢ ᠲᠤᠰᠬᠠᠢ ᠮᠡᠷᠭᠡᠵᠢᠯᠳᠠᠨ ᠠᠴᠠ ᠦᠨᠳᠤᠷ | ᠲᠦᠪᠰᠢᠨ ᠪᠦᠬᠦᠢ 70 ᠬᠤᠪᠢ ᠡᠷᠳᠡᠮ ᠰᠢᠨᠵᠢᠯᠡᠭᠡᠨ ᠤ ᠦᠬᠦᠯᠡᠯ ᠲᠡᠪᠰᠢᠬᠦᠯᠪᠡ᠃ ᠬᠤᠷᠠᠯ ᠲᠡᠭᠡᠷ᠎ᠠ ᠭᠤᠥᠯᠳᠠᠭᠤ | ᠤᠯᠤᠰ ᠤᠨ ᠭᠠᠳᠠᠭᠠᠳᠤ ᠶᠢᠨ ︽ᠵᠠᠩᠭᠠᠷ︾ ᠰᠤᠳᠤᠯᠤᠯ ᠤᠨ ᠲᠦᠢᠮᠤ ᠪᠠᠶᠢᠳᠠᠯ᠂ ᠤᠯᠤᠰ ᠤᠨ ᠭᠠᠳᠠᠭᠠᠳᠤ ᠶᠢᠨ ︽ | ᠵᠠᠩᠭᠠᠷ︾ ᠤᠨ ᠤᠯᠠᠮᠵᠢᠯᠠᠭᠴᠢ ᠬᠢᠭᠡᠳ ᠪᠠᠷ ᠬᠡᠪᠯᠡᠯ ᠤᠨ ᠰᠤᠳᠤᠯᠤᠯ᠂ ᠤᠯᠤᠰ ᠤᠨ ᠲᠤᠳᠤᠭᠠᠳᠤ ᠶᠢᠨ ︽ᠵᠠᠩᠭᠠᠷ︾ | ᠤᠨ ᠤᠷᠴᠢᠭᠤᠯᠭ᠎ᠠ ᠶᠢᠨ ᠡᠯᠧᠺᠲᠷᠤᠨ ᠲᠤᠯᠢ ᠶᠢᠨ ᠰᠤᠳᠤᠯᠤᠯ᠂ ︽ᠵᠠᠩᠭᠠᠷ︾ ᠬᠠᠶᠢᠯᠠᠭᠴᠢ ᠶᠢᠨ ᠰᠤᠳᠤᠯᠤᠯ᠂ ︽ | ᠵᠠᠩᠭᠠᠷ︾ ᠰᠤᠳᠤᠯᠤᠯ ᠤᠨ ᠪᠤᠰᠤᠳ ᠠᠰᠠᠭᠤᠳᠠᠯ ᠵᠡᠷᠭᠡ 5 ᠰᠡᠳᠥᠪ ᠤᠨ ᠲᠤᠭᠤᠷᠢᠨ ᠳᠤ ᠰᠤᠳᠤᠯᠤᠨ | ᠶᠠᠷᠢᠯᠴᠠᠭᠰᠠᠨ ᠪᠠᠶᠢᠨ᠎ᠠ᠃ | 10. ᠵᠠᠩᠭᠠᠷ ᠬᠠᠶᠢᠯᠠᠬᠤ ᠬᠠᠮᠳᠤᠯᠢᠭ ᠲᠦᠪ ᠲᠧᠯᠸᠢᠰ ᠲᠡᠭᠡᠷ᠎ᠠ ᠲᠤᠭᠯᠠᠪᠠ | ᠰᠢᠨᠵᠢᠶᠠᠩ ᠤᠨ ᠬᠤᠪᠤᠭᠰᠠᠶᠢᠷᠢ ᠮᠤᠩᠭᠤᠯ ᠦᠪᠠᠷᠳᠡᠭᠡᠨ ᠵᠠᠰᠠᠬᠤ ᠰᠢᠶᠠᠨ ᠤ ︽ᠲᠠᠯᠠᠨ ᠲᠤᠪᠴᠢ︾ ᠵᠠᠩᠭᠠᠷ | ᠬᠠᠶᠢᠯᠠᠬᠤ ᠬᠠᠮᠳᠤᠯᠢᠭ ᠲᠦᠪ ᠲᠧᠯᠸᠢᠰ ᠲᠡᠭᠡᠷ᠎ᠠ ᠲᠤᠭᠯᠠᠪᠠ᠃ ᠲᠤᠰ ᠬᠠᠮᠳᠤᠯᠢᠭ ᠨᠢ 2012 ᠤᠨ ᠤ 8 | ᠰᠠᠷ᠎ᠠ ᠳᠤ ᠪᠠᠶᠢᠭᠤᠯᠤᠭᠳᠠᠵᠤ᠂ ︽ᠲᠠᠯᠠᠨ ᠲᠤᠪᠴᠢ︾ ᠵᠠᠩᠭᠠᠷ ᠤᠨ ᠲᠤᠮᠤᠭ ᠦᠯᠢᠭᠡᠷ ᠠᠴᠠ ᠢᠷᠠᠯᠳᠠᠢ᠃ ︽ᠲᠠᠯᠠᠨ | ᠲᠤᠪᠴᠢ︾ ᠵᠠᠩᠭᠠᠷ ᠬᠠᠶᠢᠯᠠᠬᠤ ᠬᠠᠮᠳᠤᠯᠢᠭ ᠤᠷᠢᠳ ᠬᠤᠵᠢᠳ ᠰᠢᠨᠵᠢᠶᠠᠩ ᠤᠨ ᠲᠧᠯᠸᠢᠰ ᠬᠤᠷᠢᠶ᠎ᠠ ᠶᠢᠨ ︽ᠬᠦᠷ | ᠬᠦᠭᠵᠢᠶᠡᠨᠳᠤ ᠨᠢᠭᠡᠨ ᠭᠡᠷ ᠪᠦᠯᠢ︾ ᠶᠢᠨ ᠤᠷ᠎ᠠ ᠠᠪᠢᠶᠠᠰ ᠤᠨ ᠤᠷᠤᠯᠳᠤᠭᠠᠨ ᠳᠤ ᠬᠠᠮᠤᠭ ᠦᠨᠳᠤᠷ ᠬᠤᠪᠢ ᠪᠠᠷ | ᠠᠷᠪᠠᠨ ᠰᠤᠳᠤᠨ ᠢᠶᠠᠷ ᠰᠤᠩᠭᠤᠭᠳᠠᠭᠰᠠᠨ ᠪᠠᠶᠢᠨ᠎ᠠ᠃ 2016 ᠤᠨ ᠤ 5 ᠰᠠᠷ᠎ᠠ ᠶᠢᠨ 2 ᠤᠨ ᠡᠳᠤᠷ᠂ ︽ᠲᠠᠯᠠᠨ | ᠲᠤᠪᠴᠢ︾ ᠵᠠᠩᠭᠠᠷ ᠬᠠᠶᠢᠯᠠᠬᠤ ᠬᠠᠮᠳᠤᠯᠢᠭ ︽ ᠰᠢᠨᠵᠢᠶᠠᠩ ᠤᠨ 2016 ᠲᠡᠭᠷᠢ ᠠᠭᠤᠯᠠ ᠰᠤᠶᠤᠯ ᠤᠨ ᠡᠯᠴᠢᠨ︾ | ᠶᠡᠷᠤᠩᠬᠡᠢ ᠤᠷᠤᠯᠳᠤᠭᠠᠨ ᠳᠤ ᠬᠤᠶᠠᠳᠤᠭᠠᠷ ᠨᠡᠷᠡᠰ ᠲᠤ ᠤᠷᠤᠪᠠ᠃ | 2016 ᠤᠨ ᠤ 9 ᠰᠠᠷ᠎ᠠ ᠳᠤ᠂ ︽ᠵᠠᠩᠭᠠᠷ︾ ᠤᠨ ᠨᠤᠳᠤᠭ ᠢ ᠲᠦᠯᠤᠭᠡᠯᠡᠨ ᠤᠷᠤᠰ ᠤᠨ ᠬᠤᠯᠪᠤᠭᠠᠨ ᠤ | ᠪᠦᠬᠦᠳᠠ ᠨᠠᠶᠢᠷᠠᠮᠳᠠᠬᠤ ᠬᠠᠯᠢᠮᠠᠭ ᠤᠯᠤᠰ᠂ ᠮᠤᠩᠭᠤᠯ ᠤᠯᠤᠰ ᠲᠤ ᠬᠦᠷᠴᠤ ᠲᠤᠭᠯᠠᠯᠳᠠ ᠭᠠᠷᠭᠠᠪᠠ᠃ | ︵︽ᠦᠪᠤᠷ ᠮᠤᠩᠭᠤᠯ ᠤᠨ ᠡᠳᠤᠷ ᠤᠨ ᠰᠤᠨᠢᠨ ᠤ ᠬᠤᠷᠢᠶ᠎ᠠ ᠶᠢᠨ ᠸᠢᠴᠠᠲ︾ ᠠᠴᠠ ᠰᠢᠯᠵᠢᠭᠦᠯᠪᠡ︶ | |