ᠮᠠᠨ ᠤ ᠮᠤᠩᠭᠤᠯᠴᠤᠳ ᠪᠠᠶᠢᠭᠠᠯᠢ ᠤᠷᠴᠢᠨ ᠢᠶᠠᠨ ᠬᠠᠮᠠᠭᠠᠯᠠᠳᠠᠬ ᠲᠠᠯ᠎ᠠ ᠪᠠᠷ ᠤᠯᠠᠨ ᠵᠠᠭᠤᠨ ᠵᠢᠯ ᠤᠨ ᠪᠠᠶᠠᠯᠢᠭ | ᠲᠤᠷᠰᠢᠯᠭ᠎ᠠ ᠲᠠᠢ ᠮᠦᠷᠳᠡᠬᠡᠨ ᠰᠠᠶᠢᠬᠠᠨ ᠤᠯᠠᠮᠵᠢᠯᠠᠯ ᠲᠠᠢ ᠪᠢᠯᠠ᠃ ᠡ᠊ᠨᠠ ᠨᠢ ᠮᠠᠯᠴᠢᠨ ᠤᠳᠤᠮ ᠤᠨ | ᠮᠤᠩᠭᠤᠯᠴᠤᠳ ᠤᠨ ᠤᠷᠤᠰᠢᠵᠤ ᠠᠮᠢᠳᠤᠷᠠᠭᠰᠠᠨ ᠭᠠᠵᠠᠷ ᠨᠤᠳᠤᠭ᠂ ᠴᠠᠭ ᠠᠭᠤᠷ᠂ ᠮᠠᠯ ᠠᠵᠤ ᠠᠬᠤᠢ ᠶᠢᠨ | ᠤᠨᠴᠠᠯᠢᠭ᠂ ᠦᠢᠯᠡᠳᠪᠤᠷᠢᠯᠠᠯ ᠠᠮᠢᠳᠤᠷᠠᠯ ᠤᠨ ᠲᠠᠳᠬᠠᠯ ᠲᠠᠢ ᠨᠢ ᠰᠠᠯᠤᠰᠢ ᠦᠭᠡᠢ ᠬᠤᠯᠪᠤᠭ᠎ᠠ ᠲᠠᠢ ᠪᠢᠯᠠ᠃ | ᠡᠶᠢᠮᠤ ᠠᠴᠠ ᠪᠠᠶᠢᠭᠠᠯᠢ ᠪᠠᠨ ᠬᠠᠮᠠᠭᠠᠯᠠᠬᠤ ᠨᠢᠭᠡᠨ ᠦᠪᠠᠷᠮᠢᠴᠠ ᠬᠡᠯᠪᠡᠷᠢ ᠪᠤᠯ ᠡᠷᠳᠡ ᠲᠡᠭᠡᠳᠤ ᠦᠶ᠎ᠠ ᠠᠴᠠ ᠠᠭᠤᠯᠠ | ᠤᠰᠤ᠂ ᠤᠢ ᠮᠤᠳᠤ ᠪᠠᠨ ᠤᠩᠭᠤᠯᠠᠨ ᠲᠠᠷᠬᠠᠯᠠᠵᠤ ᠲᠠᠬᠢᠵᠤ ᠢᠷᠡᠭᠰᠡᠨ ᠶᠠᠪᠤᠳᠠᠯ ᠪᠤᠯᠬᠤ ᠶᠤᠮ᠃ ᠲᠤᠬᠠᠢᠢᠯᠠᠪᠠᠯ | ᠨᠡᠶᠢᠳᠠ ᠶᠢᠨ ᠤᠨ ᠲᠤᠭᠠᠯᠠᠯ ᠠᠴᠠ ᠡᠮᠤᠨ᠎ᠠ᠂ 13 ᠳ᠋ᠤᠭᠠᠷ ᠵᠠᠭᠤᠨ ᠤ ᠦᠶ᠎ᠠ ᠳᠤ ᠡᡁᠦ᠋ᠩᠨᠤᠴᠤᠳ ᠮᠤᠩᠭᠤᠯ ᠤᠨ | ᠤᠳᠬᠤᠨ ᠲᠡᠭᠷᠢ ᠠᠭᠤᠯᠠ ᠶᠢ ᠲᠠᠬᠢᠵᠤ᠂ ᠵᠤᠨ ᠨᠠᠮᠤᠷ ᠤᠨ ᠴᠠᠭ ᠶᠡᠭᠡ ᠲᠠᠶᠢᠯᠠᠯᠭ᠎ᠠ ᠬᠢᠳᠡᠭ ᠪᠠᠶᠢᠵᠠᠢ᠃ ᠮᠦᠨ ᠬᠠᠨ | ᠬᠠᠳᠠᠢ ᠠᠭᠤᠯᠠ ᠶᠢ ᠲᠠᠬᠢᠵᠤ ᠪᠠᠶᠢᠭᠰᠠᠨ ᠲᠤᠬᠠᠢ 13 ᠳ᠋ᠤᠭᠠᠷ ᠵᠠᠭᠤᠨ ᠤ ᠲᠡᠥᠬᠡᠨ ᠰᠤᠷᠪᠤᠯᠵᠢ ᠪᠢᠴᠢᠭ ︽ | ᠮᠤᠩᠭᠤᠯ ᠤᠨ ᠨᠢᠭᠤᠴᠠ ᠲᠤᠪᠴᠢᠶᠠᠨ︾ ᠳᠤ ᠲᠡᠮᠳᠡᠭᠯᠡᠭᠳᠡᠵᠤ ᠪᠠᠶᠢᠳᠠᠭ᠃ ᠡᠬᠦᠨ ᠠᠴᠠ ᠦᠵᠡᠪᠡᠯ ᠮᠤᠩᠭᠤᠯᠴᠤᠳ | ᠪᠠᠶᠢᠭᠠᠯᠢ ᠶᠢᠨ ᠪᠠᠶᠠᠯᠢᠭ᠂ ᠲᠡᠬᠦᠨ ᠤ ᠠᠰᠢᠭ ᠰᠢᠮ᠎ᠠ ᠶᠢᠨ ᠲᠤᠬᠠᠢ ᠬᠠᠥᠯᠢᠴᠢᠯᠠᠨ ᠬᠠᠮᠠᠭᠠᠯᠠᠬᠤ ᠶᠠᠪᠤᠳᠠᠯ ᠤᠳᠤ ᠠᠴᠠ | ᠪᠠᠷᠤᠭ ᠨᠠᠭᠠᠳᠤ ᠵᠠᠬ᠎ᠠ 800 ᠭᠠᠷᠤᠢ ᠵᠢᠯ ᠤᠨ ᠲᠡᠥᠬᠡ ᠲᠠᠢ ᠪᠤᠯᠤᠭᠰᠠᠨ ᠨᠢ ᠢᠯᠡᠷᠬᠡᠢ ᠪᠠᠶᠢᠭ᠎ᠠ ᠶᠤᠮ᠃ | ᠲᠤᠬᠠᠢᠢᠯᠠᠪᠠᠯ ᠴᠢᠩᠬᠢᠰ ᠬᠠᠭᠠᠨ 13 ᠳ᠋ᠤᠭᠠᠷ ᠵᠠᠭᠤᠨ ᠤ ᠡᠬᠢᠨ ᠳᠤ ᠲᠠᠷᠠᠬᠠᠢ ᠪᠤᠳᠠᠷᠬᠠᠢ ᠮᠤᠩᠭᠤᠯᠴᠤᠳ ᠢ | ᠨᠢᠭᠡᠳᠭᠡᠵᠤ᠂ ᠤᠨᠤᠨ ᠮᠦᠷᠡᠨ ᠤ ᠬᠦᠪᠡᠭᠡᠨ ᠳᠤ ᠶᠡᠭᠡ ᠬᠤᠷᠠᠯᠳᠠᠢ ᠬᠤᠷᠠᠵᠤ᠂ ︽ᠶᠡᠭᠡ ᠮᠤᠩᠭᠤᠯ ᠬᠠᠭᠠᠨᠳᠤ ᠤᠯᠤᠰ | ︾ ᠪᠠᠶᠢᠭᠤᠯᠤᠭᠳᠠᠭᠰᠠᠨ ᠢ ᠲᠤᠩᠬᠠᠭᠯᠠᠭᠰᠠᠨ ᠤ ᠲᠠᠷᠠᠭ᠎ᠠ᠂ ︽ᠶᠡᠭᠡ ᠮᠤᠩᠭᠤᠯ ᠬᠠᠭᠠᠨᠳᠤ ᠤᠯᠤᠰ︾ ᠤᠨ | ᠬᠠᠮᠤᠭ ᠤᠨ ᠠᠩᠬᠠᠨ ᠤ ᠬᠠᠥᠯᠢ ︽ᠶᠡᠭᠡ ᠵᠠᠰᠠᠭ︾ ᠢ ᠲᠤᠩᠬᠠᠭᠯᠠᠵᠠᠢ᠃ | ᠲᠤᠬᠠᠢ ᠶᠢᠨ ᠦᠶ᠎ᠠ ᠳᠤ ︽ᠶᠡᠭᠡ ᠵᠠᠰᠠᠭ︾ ᠨᠢ ᠤᠳᠤ ᠶᠢᠨ ᠤᠯᠠᠨ ᠵᠦᠢᠯ ᠤᠨ ᠬᠠᠥᠯᠢ ᠴᠠᠭᠠᠵᠠ ᠶᠢᠨ | ᠶᠡᠷᠤᠩᠬᠡᠢ ᠨᠡᠷᠡᠶᠢᠳᠤᠯ ᠪᠤᠯᠵᠤ ᠪᠠᠶᠢᠭᠰᠠᠨ ᠠᠵᠢ᠃ ᠡᠬᠦᠨ ᠤ ᠲᠤᠳᠤᠷ᠎ᠠ ᠠᠴᠠ ᠵᠦᠪᠬᠡᠨ ᠤᠷᠴᠢᠨ ᠠᠬᠤᠢ ᠪᠤᠯᠤᠨ | ᠪᠠᠶᠢᠭᠠᠯᠢ ᠬᠠᠮᠠᠭᠠᠯᠠᠯᠳᠠ ᠶᠢᠨ ᠲᠠᠯ᠎ᠠ ᠠᠴᠠ ᠲᠤᠳᠤᠷᠠᠭᠤᠯᠵᠤ ᠶᠠᠷᠢᠪᠠᠯ᠄ ᠨᠢᠭᠡ ᠳᠤ᠂ ᠨᠤᠳᠤᠭ ᠪᠡᠯᠴᠢᠭᠡᠷ ᠪᠠᠶᠢᠭᠠᠯᠢ | ᠬᠠᠮᠠᠭᠠᠯᠠᠯᠳᠠ ᠶᠢᠨ ᠲᠤᠬᠠᠢ᠄ ᠬᠠᠪᠤᠷ ᠤᠨ ᠤᠯᠠᠷᠢᠯ ᠳᠤ ᠨᠤᠳᠤᠭ ᠪᠡᠯᠴᠢᠭᠡᠷ ᠠᠮᠢᠯᠠᠵᠤ ᠡᠪᠡᠰᠤ ᠨᠤᠭᠤᠭ᠎ᠠ ᠰᠡᠷᠬᠦᠬᠦ | ᠦᠶᠡᠰ ᠨᠦᠬᠡ ᠮᠠᠯᠳᠠᠬᠤ ᠪᠤᠶᠤ ᠡᠪᠡᠰᠤ ᠬᠠᠮᠤᠵᠤ ᠭᠠᠵᠠᠷ ᠰᠢᠷᠤᠢ ᠶᠢ ᠬᠡᠭᠴᠡᠯᠡᠵᠤ ᠰᠡᠳᠡᠯᠵᠤ ᠪᠤᠯᠬᠤ ᠦᠭᠡᠢ᠃ | ᠵᠦᠷᠢᠴᠡᠪᠡᠰᠤ ᠶᠠᠯᠠᠳᠠᠨ ᠲᠤᠷᠭᠤᠬᠤ ᠪᠤᠶᠤ ᠬᠦᠨᠳᠤ ᠨᠤᠴᠢᠳᠠᠢ ᠶᠢ ᠨᠢ ᠴᠠᠭᠠᠯᠢᠯᠠᠮᠤᠢ︔ ᠬᠤᠶᠠᠷ ᠲᠤ᠂ ᠲᠦᠢᠮᠠᠷ ᠢ | ᠰᠡᠷᠭᠡᠶᠢᠯᠡᠬᠦ ᠲᠤᠬᠠᠢ᠄ ᠲᠦᠢᠮᠠᠷ ᠲᠡᠯᠪᠢᠬᠤ ᠶᠢ ᠡᠷᠡᠰ ᠴᠠᠭᠠᠵᠠᠯᠠᠨ᠎ᠠ᠃ ᠪᠡᠯᠴᠢᠭᠡᠷ ᠰᠡᠯᠬᠦᠵᠤ ᠨᠡᠬᠦᠵᠤ ᠪᠠᠭᠤᠬᠤ | ᠦᠶ᠎ᠠ ᠳᠡᠭᠡᠨ ᠦᠨᠡᠰᠤ ᠬᠤᠭ ᠢᠶᠠᠨ ᠰᠠᠶᠢᠳᠤᠷ ᠪᠤᠯᠵᠤ ᠲᠠᠷᠤᠬᠤ ᠬᠡᠷᠡᠭᠳᠠᠢ︔ ᠬᠡᠷᠪᠡ ᠵᠦᠷᠢᠴᠡᠪᠡᠯ ᠴᠠᠭᠠᠵᠠ ᠪᠠᠷ | ᠰᠢᠳᠭᠡᠨ᠎ᠠ᠂ ᠭᠤᠷᠪᠠ ᠳᠤ᠂ ᠤᠰᠤᠨ ᠤ ᠡᠬᠢ ᠪᠠᠶᠠᠯᠢᠭ ᠢ ᠬᠠᠮᠠᠭᠠᠯᠠᠬᠤ ᠲᠤᠬᠠᠢ᠄ ᠭᠤᠤᠯ ᠭᠤᠷᠤᠬ᠎ᠠ ᠪᠤᠶᠤ ᠨᠠᠭᠤᠷ | ᠪᠤᠯᠠᠭ ᠲᠤ ᠰᠢᠭᠡᠵᠤ ᠪᠠᠭᠠᠬᠤ ᠪᠤᠶᠤ ᠬᠤᠪᠴᠠᠰᠤ ᠬᠤᠨᠠᠷ ᠤᠬᠢᠶᠠᠵᠤ ᠪᠤᠯᠬᠤ ᠦᠭᠡᠢ᠂ ᠵᠦᠷᠢᠴᠡᠪᠡᠰᠤ ᠴᠠᠭᠠᠵᠠ ᠪᠠᠷ | ᠰᠢᠳᠭᠡᠨ᠎ᠠ︔ ᠲᠦᠷᠪᠡ ᠳᠤ᠂ ᠠᠷᠢᠶᠠᠳᠠᠨ ᠵᠢᠬᠦᠷᠳᠡᠨ ᠢ ᠬᠠᠮᠠᠭᠠᠯᠠᠬᠤ ᠲᠤᠬᠠᠢ᠄ ᠡᠷᠳᠡᠨ ᠤ ᠦᠶ᠎ᠠ ᠳᠤ | ᠮᠤᠩᠭᠤᠯᠴᠤᠳ ᠬᠡᠳᠦ᠋ᠢᠪᠠᠷ ᠠᠩ ᠬᠦᠷᠤᠭᠡ ᠬᠢᠵᠤ ᠴᠡᠷᠢᠭ ᠮᠤᠷᠢ ᠪᠠᠨ ᠪᠤᠯᠪᠠᠰᠤᠷᠠᠭᠤᠯᠳᠠᠭ ᠪᠠᠶᠢᠭᠰᠠᠨ ᠴᠤ ᠬᠠᠷᠢᠨ | ᠮᠠᠰᠢ ᠴᠢᠩᠭ᠎ᠠ ᠬᠠᠥᠯᠢ ᠲᠦᠷᠢᠮ ᠲᠠᠢ ᠪᠠᠶᠢᠵᠠᠢ᠃ ᠲᠤᠬᠠᠢᠢᠯᠠᠪᠠᠯ᠂ ᠠᠯᠢᠪᠠ ᠠᠮᠢᠳᠠᠨ ᠵᠢᠬᠦᠷᠳᠡᠨ ᠠᠷᠢᠶᠠᠨ ᠤ | ᠤᠷᠤᠭ᠎ᠠ ᠤᠷᠤᠬᠤ ᠴᠠᠭ ᠲᠤ ᠠᠯᠠᠵᠤ ᠨᠢᠳᠤᠯᠵᠤ ᠪᠤᠯᠬᠤ ᠦᠭᠡᠢ ︵ᠲᠠᠷᠤᠢ ᠬᠠᠭᠤᠴᠢᠨ ᠤᠯᠠᠷᠢᠯ ᠤᠨ ᠨᠢᠭᠡ | ᠰᠠᠷ᠎ᠠ ᠠᠴᠠ ᠲᠤᠯᠤᠭᠠᠨ ᠰᠠᠷ᠎ᠠ ᠶᠢᠨ ᠬᠤᠷᠢᠳ ᠬᠦᠷᠳᠡᠯ᠎ᠠ︶ ᠠᠩ ᠬᠦᠷᠤᠭᠡ ᠬᠢᠬᠦ ᠦᠶ᠎ᠠ ᠳᠤ ᠴᠤ ᠡᠮ᠎ᠠ ᠬᠦᠢᠰᠤ ᠲᠠᠢ | ᠬᠦᠬᠦᠬᠦᠯ ᠠᠮᠢᠳᠠᠨ ᠢ ᠬᠦᠨᠤᠭᠡᠵᠦ ᠪᠤᠯᠬᠤ ᠦᠭᠡᠢ︔ ᠶᠠᠮᠠᠷᠪᠠ ᠴᠠᠭ ᠲᠤ ᠴᠤ ᠲᠡᠰ᠂ ᠬᠠᠷᠴᠠᠭᠠᠢ᠂ ᠱᠤᠩᠬᠤᠷ | ᠵᠡᠷᠭᠡ ᠰᠢᠪᠠᠭᠤᠳ ᠢ ᠠᠯᠠᠵᠤ ᠪᠤᠯᠬᠤ ᠦᠭᠡᠢ ᠵᠡᠷᠭᠡ ᠬᠠᠥᠯᠢ ᠴᠠᠭᠠᠵᠠ ᠨᠤᠭᠤᠳ ᠨᠢ ᠲᠤᠬᠠᠢ ᠶᠢᠨ ᠮᠤᠩᠭᠤᠯᠴᠤᠳ | ᠡᠬᠡ ᠪᠠᠶᠢᠭᠠᠯᠢ ᠪᠠᠨ ᠬᠠᠶᠢᠷᠠᠯᠠᠵᠤ᠂ ᠪᠠᠶᠢᠭᠠᠯᠢ ᠤᠷᠴᠢᠨ ᠤ ᠲᠡᠩᠴᠡᠬᠦᠷᠢ ᠶᠢ ᠪᠠᠳᠤᠯᠠᠵᠤ᠂ ᠪᠠᠶᠢᠭᠠᠯᠢ ᠶᠢ ᠲᠤᠰ | ᠪᠡᠶ᠎ᠠ ᠪᠠᠷ ᠨᠢ ᠬᠠᠮᠠᠭᠠᠯᠠᠭᠤᠯᠬᠤ ᠤᠷ᠎ᠠ ᠤᠬᠠᠭᠠᠨ ᠢ ᠶᠡᠬᠡᠳᠠ ᠡᠷᠬᠢᠮᠯᠡᠳᠡᠭ ᠪᠠᠶᠢᠭᠰᠠᠨ ᠠᠵᠢ᠃ ᠡᠳᠡᠭᠡᠷ ᠪᠦᠬᠦᠨ ᠨᠢ | ᠮᠠᠨ ᠤ ᠮᠤᠩᠭᠤᠯᠴᠤᠳ ᠡᠷᠳᠡᠨ ᠤ ᠦᠶ᠎ᠠ ᠳᠤ ᠰᠠᠬᠢᠯᠭ᠎ᠠ ᠪᠠᠳᠤ ᠴᠢᠩᠭ᠎ᠠ᠂ ᠬᠠᠥᠯᠢ ᠴᠠᠭᠠᠵᠠ ᠲᠤᠳᠤᠷᠬᠠᠢ᠂ ᠡᠬᠡ | ᠪᠠᠶᠢᠭᠠᠯᠢ ᠪᠠᠨ ᠠᠮᠢ ᠨᠠᠰᠤ ᠠᠯᠠᠭ ᠨᠢᠳᠤᠨ ᠤ ᠪᠠᠨ ᠴᠡᠴᠡᠭᠡᠢ ᠰᠢᠭ ᠬᠠᠶᠢᠷᠠᠯᠠᠨ ᠬᠠᠮᠠᠭᠠᠯᠠᠵᠤ ᠪᠠᠶᠢᠭᠰᠠᠨ ᠭᠡᠳᠡᠭ ᠢ | ᠤᠬᠠᠭᠠᠷᠠᠭᠤᠯᠵᠦ ᠪᠠᠶᠢᠭ᠎ᠠ ᠨᠢ ᠶᠠᠭᠤᠳᠠᠢ ᠠᠭᠤᠥ ᠡᠷᠬᠢᠮ ᠠᠵᠢ︕ ᠮᠦᠨ ᠴᠤ ᠡᠨᠡᠬᠦ ᠡᠷᠡᠨ ᠳᠤ | ᠮᠤᠩᠭᠤᠯᠴᠤᠳ ᠠᠴᠠ ᠦᠭᠡᠷ᠎ᠠ ᠶᠠᠮᠠᠷ ᠨᠢᠭᠡᠨ ᠠᠷᠠᠰᠤᠳᠠᠨ ᠶᠠᠰᠤᠳᠠᠨ ᠪᠠᠶᠢᠭᠠᠯᠢ ᠲᠡᠯᠡᠬᠡᠢ ᠪᠠᠨ ᠬᠠᠮᠠᠭᠠᠯᠠᠵᠤ | ᠬᠠᠶᠢᠷᠠᠯᠠᠬᠤ ᠡᠶᠢᠮᠤᠷᠬᠦᠥ ᠬᠠᠥᠯᠢ ᠴᠠᠭᠠᠵᠠ ᠲᠠᠢ ᠪᠠᠶᠢᠭᠰᠠᠨ ᠪᠤᠯ︕ ︵︽ᠤᠷᠳᠤᠰ ᠮᠤᠩᠭᠤᠯ ᠰᠦᠯᠵᠢᠶ᠎ᠠ︾ ᠠᠴᠠ | | |