| ᠡᠷᠳᠡᠨ ᠤ ᠦᠶ᠎ᠠ ᠳᠤ ᠬᠦᠮᠤᠨ ᠲᠦᠷᠤᠯᠬᠢᠳᠡᠨ ᠴᠠᠭ ᠤᠨ ᠬᠡᠮᠵᠢᠬᠦᠷ᠂ ᠤᠷᠳᠤ ᠶᠢᠨ ᠬᠡᠮᠵᠢᠬᠦᠷ᠂ ᠶᠡᠭᠡ | ᠪᠠᠭ᠎ᠠ ᠶᠢᠨ ᠬᠡᠮᠨᠡᠬᠦᠷ ᠵᠡᠷᠭᠡ ᠪᠠᠭᠠᠵᠢ ᠬᠡᠷᠡᠭᠰᠡᠯ ᠢ ᠡᠬᠦᠳᠴᠤ ᠭᠠᠷᠭᠠᠭᠠᠳᠤᠢ ᠪᠠᠶᠢᠭᠰᠠᠨ ᠦᠶ᠎ᠠ ᠳᠤ ᠤᠬᠠᠭᠠᠨᠳᠤ | ᠲᠡᠭᠡᠳᠤᠰ ᠮᠢᠨᠢ ᠪᠠᠶᠢᠭᠠᠯᠢ ᠤᠷᠴᠢᠨ ᠤ ᠬᠤᠪᠢᠷᠠᠯᠳᠠ᠂ ᠠᠮᠢᠳᠠᠨ ᠵᠢᠬᠦᠷᠳᠡᠨ ᠤ ᠲᠠᠭᠤ ᠲᠦᠷᠰᠤ᠂ ᠪᠡᠶ᠎ᠠ ᠶᠢᠨ | ᠡᠷᠬᠡᠳᠡᠨ ᠁ ᠵᠡᠷᠭᠡ ᠶᠢ ᠨᠠᠷᠢᠨ ᠬᠢᠷᠬᠠᠢᠢᠯᠠᠵᠤ ᠠᠰᠢᠭᠯᠠᠨ ᠴᠠᠭ ᠬᠤᠭᠤᠴᠠᠭ᠎ᠠ᠂ ᠤᠷᠳᠤ ᠶᠢᠨ ᠬᠡᠮᠵᠢᠶ᠎ᠠ᠂ ᠶᠡᠭᠡ | ᠪᠠᠭ᠎ᠠ ᠶᠢᠨ ᠬᠡᠮᠵᠢᠶ᠎ᠠ ᠵᠡᠷᠭᠡ ᠶᠢ ᠬᠡᠮᠵᠢᠶᠡᠯᠡᠨ ᠲᠤᠭᠳᠠᠭᠠᠳᠠᠭ ᠵᠠᠩ ᠦᠢᠯᠠ ᠶᠢ ᠡᠬᠦᠳᠤᠨ ᠪᠦᠳᠤᠭᠡᠭᠰᠡᠨ ᠪᠠᠶᠢᠨ᠎ᠠ᠃ | ᠡ᠊ᠨᠡᠬᠦ ᠵᠠᠩ ᠦᠢᠯᠠ ᠨᠢ ᠲᠤᠬᠠᠢ ᠶᠢᠨ ᠦᠶ᠎ᠠ ᠳᠤ ᠬᠦᠮᠤᠰ ᠤᠨ ᠦᠢᠯᠡᠳᠪᠤᠷᠢᠯᠡᠯ ᠠᠮᠢᠳᠤᠷᠠᠯ ᠳᠤ ᠶᠡᠭᠡ ᠲᠦᠬᠦᠮ | ᠦᠵᠡᠬᠦᠯᠥᠭᠰᠡᠨ ᠢᠶᠠᠷ ᠦᠯᠤ ᠪᠠᠷᠠᠮ ᠮᠤᠩᠭᠤᠯ ᠬᠡᠯᠡᠨ ᠤ ᠦᠭᠡᠰ ᠤᠨ ᠰᠠᠩ ᠢ ᠪᠠᠶᠠᠯᠢᠭᠵᠢᠭᠤᠯᠵᠤ᠂ ᠤᠳᠤᠬᠠᠨ | ᠬᠦᠷᠳᠡᠯ᠎ᠠ ᠤᠯᠠᠮᠵᠢᠯᠠᠭᠳᠠᠨ ᠬᠡᠷᠡᠭᠯᠡᠭᠳᠡᠭᠰᠡᠭᠡᠷ ᠪᠠᠶᠢᠨ᠎ᠠ᠃ ᠨᠢᠭᠡ᠂ ᠪᠡᠶ᠎ᠠ ᠶᠢᠨ ᠡᠷᠬᠡᠳᠡᠨ ᠢᠶᠠᠷ ᠢᠶᠠᠨ ᠬᠡᠮᠵᠢᠶᠡᠯᠡᠬᠦ | ᠬᠡᠮᠨᠡᠬᠦᠷ ᠦᠭᠡᠰ | 1. ᠠᠯᠳᠠ᠄ ᠲᠤᠮᠤᠴᠤᠤᠯ ᠤᠨ ᠪᠠᠷᠠᠭᠤᠨ ᠭᠠᠷ ᠤᠨ ᠲᠤᠮᠳᠠ ᠬᠤᠷᠤᠭᠤᠨ ᠤ ᠦᠵᠤᠬᠦᠷ ᠠᠴᠠ ᠵᠡᠬᠦᠨ | ᠭᠠᠷ ᠤᠨ ᠲᠤᠮᠳᠠ ᠬᠤᠷᠤᠭᠤᠨ ᠤ ᠦᠵᠤᠬᠦᠷ ᠬᠦᠷᠳᠡᠯ᠎ᠠ ᠲᠡᠯᠡᠭᠰᠡᠨ ᠵᠠᠢ ᠶᠢ ᠠᠯᠳᠠ ᠭᠡᠨ᠎ᠠ᠃ ᠨᠢᠭᠡ ᠠᠯᠳᠠ ᠶᠢ | ᠪᠠᠷᠤᠭ 5 ᠲᠤᠬᠤᠢ ᠤᠷᠴᠢᠨ ᠪᠠᠶᠢᠳᠠᠭ᠃ | 2. ᠲᠠᠯᠢᠮ᠄ ᠲᠤᠮᠤᠴᠤᠤᠯ ᠤᠨ ᠪᠡᠶ ᠠ ᠶᠢᠨ ᠭᠤᠥᠯ ᠲᠤᠮᠳᠠ ᠠᠴᠠ ᠨᠢᠭᠡ ᠭᠠᠷ ᠤᠨ ᠲᠤᠮᠳᠠ ᠬᠤᠷᠤᠭᠤᠨ ᠤ | ᠦᠵᠤᠬᠦᠷ ᠬᠦᠷᠬᠦ ᠵᠠᠢ ᠶᠢ ᠲᠠᠯᠢᠮ ᠭᠡᠨ᠎ᠠ᠃ ᠬᠠᠭᠠᠰ ᠠᠯᠳᠠ ᠲᠠᠢ ᠲᠡᠩᠴᠡᠳᠡᠭ᠃ | 3. ᠲᠤᠬᠤᠢ᠄ ᠲᠤᠮᠤᠴᠤᠤᠯ ᠤᠨ ᠲᠤᠬᠤᠢ ᠶᠢᠨ ᠦᠵᠤᠬᠦᠷ ᠠᠴᠠ ᠨᠢᠳᠤᠷᠭᠠᠨ ᠤ ᠦᠵᠤᠬᠦᠷ ᠬᠦᠷᠬᠦ ᠵᠠᠢ ᠶᠢ | ᠲᠤᠬᠤᠢ ᠭᠡᠨ᠎ᠠ᠃ | 4. ᠲᠦᠭᠡ᠄ ᠭᠠᠷ ᠤᠨ ᠲᠤᠮᠳᠠ ᠬᠤᠷᠤᠭᠤ ᠪᠤᠯᠤᠨ ᠡᠷᠡᠬᠡᠢ ᠬᠤᠷᠤᠭᠤᠨ ᠤ ᠲᠡᠯᠡᠭᠰᠡᠨ ᠵᠠᠢ ᠶᠢ ᠲᠦᠭᠡ ᠭᠡᠨ᠎ᠠ᠃ | | 5. ᠰᠦᠬᠦᠮ᠄ ᠭᠠᠷ ᠤᠨ ᠬᠤᠮᠤᠬᠠᠢ ᠬᠤᠷᠤᠭᠤ ᠪᠤᠯᠤᠨ ᠡᠷᠡᠬᠡᠢ ᠬᠤᠷᠤᠭᠤᠨ ᠤ ᠲᠡᠯᠡᠭᠰᠡᠨ ᠵᠠᠢ ᠶᠢ ᠰᠦᠬᠦᠮ | ᠭᠡᠨ᠎ᠠ᠃ | 6. ᠮᠤᠬᠤᠷ ᠰᠦᠬᠦᠮ᠄ ᠭᠠᠷ ᠤᠨ ᠬᠤᠮᠤᠬᠠᠢ ᠬᠤᠷᠤᠭᠤᠨ ᠤ ᠲᠤᠮᠳᠠ ᠦᠶ᠎ᠠ ᠪᠤᠯᠤᠨ ᠡᠷᠡᠬᠡᠢ ᠬᠤᠷᠤᠭᠤᠨ ᠤ | ᠲᠡᠯᠡᠭᠰᠡᠨ ᠵᠠᠢ ᠶᠢ ᠮᠤᠬᠤᠷ ᠰᠦᠬᠦᠮ ᠭᠡᠨ᠎ᠠ᠃ 7. ᠢᠮᠠᠬᠤ᠄ ᠭᠠᠷ ᠤᠨ ᠲᠤᠮᠳᠠ ᠬᠤᠷᠤᠭᠤᠨ ᠤ ᠲᠤᠮᠳᠠ | ᠦᠶ᠎ᠠ ᠶᠢᠨ ᠤᠷᠳᠤ ᠶᠢ ᠢᠮᠠᠬᠤ ᠭᠡᠨ᠎ᠠ᠃ | 8. ᠴᠢᠮᠬᠢ᠄ ᠡᠷᠡᠬᠡᠢ ᠬᠤᠷᠤᠭᠤ ᠪᠤᠯᠤᠨ ᠬᠤᠮᠤᠬᠠᠢ ᠬᠤᠷᠤᠭᠤ ᠪᠠᠷ ᠢᠶᠠᠨ ᠴᠢᠮᠬᠢᠵᠤ ᠠᠪᠤᠭᠰᠠᠨ ᠢ ᠴᠢᠮᠬᠢ | ᠭᠡᠨ᠎ᠠ᠃ ᠨᠢᠭᠡ ᠴᠢᠮᠬᠢ ᠭᠤᠯᠢᠷ᠂ ᠨᠢᠭᠡ ᠴᠢᠮᠬᠢ ᠠᠮᠤ ᠭᠡᠬᠦ ᠮᠡᠳᠤ᠃ | 9. ᠠᠳᠬᠤ᠄ ᠨᠢᠭᠡ ᠭᠠᠷ ᠢᠶᠠᠷ ᠢᠶᠠᠨ ᠤᠳᠬᠤᠵᠤ ᠠᠪᠤᠭᠰᠠᠨ ᠢ ᠠᠳᠬᠤ ᠭᠡᠨ᠎ᠠ᠃ ᠨᠢᠭᠡ ᠠᠳᠬᠤ ᠪᠤᠳᠠᠭ᠎ᠠ᠂ | ᠨᠢᠭᠡ ᠠᠳᠬᠤ ᠭᠤᠯᠢᠷ ᠭᠡᠬᠦ ᠮᠡᠳᠤ᠃ | 10. ᠪᠢᠳᠡᠬᠦᠥ᠄ ᠬᠤᠶᠠᠷ ᠭᠠᠷ ᠢᠶᠠᠨ ᠨᠡᠶᠢᠯᠡᠬᠦᠯᠵᠤ ᠪᠠᠶᠢᠭᠠᠳ ᠤᠳᠬᠤᠵᠤ ᠠᠪᠤᠭᠰᠠᠨ ᠢ ᠨᠢᠭᠡ ᠪᠢᠳᠡᠬᠦᠥ | ᠭᠡᠨ᠎ᠠ᠃ ᠨᠢᠭᠡ ᠪᠢᠳᠡᠬᠦᠥ ᠠᠮᠤ ᠭᠡᠬᠦ ᠮᠡᠳᠤ᠃ | 11. ᠲᠡᠪᠡᠷᠢ᠄ ᠬᠤᠶᠠᠷ ᠭᠠᠷ ᠢᠶᠠᠷ ᠢᠶᠠᠨ ᠲᠡᠪᠡᠷᠢᠵᠤ ᠠᠪᠤᠭᠰᠠᠨ ᠢ ᠲᠡᠪᠡᠷᠢ ᠭᠡᠨ᠎ᠠ᠃ ᠨᠢᠭᠡ ᠲᠡᠪᠡᠷᠢ ᠲᠦᠯᠡᠭᠡ | ᠂ ᠲᠡᠪᠡᠷᠢ ᠪᠦᠳᠤᠬᠦᠨ ᠮᠤᠳᠤ ᠭᠡᠬᠦ ᠮᠡᠳᠤ᠃ | 12 . ᠨᠢᠭᠡ ᠡᠮᠬᠦ᠂ ᠨᠢᠭᠡ ᠤᠭᠤᠴᠢ᠄ ᠠᠮᠠ ᠲᠦᠬᠦᠷᠳᠡᠯ᠎ᠠ ᠡᠮᠬᠦᠭᠰᠡᠨ ᠪᠤᠶᠤ ᠤᠭᠤᠴᠢᠭᠰᠠᠨ ᠢ ᠨᠢᠭᠡ ᠡᠮᠬᠦ | ᠪᠤᠶᠤ ᠨᠢᠭᠡ ᠤᠭᠤᠴᠢ ᠭᠡᠨ᠎ᠠ᠃ ᠨᠢᠭᠡ ᠡᠮᠬᠦ ᠪᠤᠳᠠᠭ᠎ᠠ᠂ ᠨᠢᠭᠡ ᠤᠭᠤᠴᠢ ᠤᠰᠤ ᠭᠡᠬᠦ ᠮᠡᠳᠤ᠃ | 13. ᠠᠯᠠᠭᠠᠨ ᠬᠢᠷᠢ᠂ ᠨᠢᠳᠤᠨ ᠴᠢᠨᠡᠭᠡᠨ᠄ ᠲᠤᠩ ᠵᠢᠭᠠᠬᠠᠨ ᠶᠠᠭᠤᠮ᠎ᠠ ᠶᠢ ᠭᠡᠯᠡᠨ᠎ᠠ᠃ ᠠᠯᠠᠭᠠᠨ ᠬᠢᠷᠢ ᠭᠠᠵᠠᠷ | ᠂ ᠨᠢᠳᠤᠨ ᠴᠢᠨᠡᠭᠡᠨ ᠠᠶᠠᠭ᠎ᠠ ᠭᠡᠬᠦ ᠮᠡᠳᠤ᠃ | ᠬᠤᠶᠠᠷ᠂ ᠪᠠᠶᠢᠭᠠᠯᠢ ᠶᠢᠨ ᠬᠤᠪᠢᠷᠠᠯᠳᠠ᠂ ᠠᠮᠢᠳᠠᠨ ᠤ ᠲᠠᠭᠤ ᠲᠦᠷᠰᠤ ᠪᠠᠷ ᠬᠡᠮᠵᠢᠶᠡᠯᠡᠭᠰᠡᠨ ᠬᠡᠮᠨᠡᠬᠦᠷ ᠦᠭᠡᠰ | 1. ᠴᠠᠭ ᠤᠨ ᠬᠡᠮᠨᠡᠬᠦᠷ ᠦᠭᠡ᠄ ᠲᠠᠬᠢᠶ᠎ᠠ ᠲᠦᠷᠤᠬᠦᠥ ᠲᠤᠥᠭᠠᠷᠬᠤ ᠦᠶ᠎ᠠ᠂ ᠴᠤᠯᠮᠤᠨ ᠭᠠᠷᠬᠤ ᠦᠶ᠎ᠠ᠂ | ᠦᠥᠷ ᠤᠨ ᠭᠡᠭᠡ ᠰᠤᠪᠤᠷᠠᠬᠤ ᠦᠶ᠎ᠠ᠂ ᠠᠯᠠᠭᠠᠨ ᠵᠢᠷᠤᠭᠠᠰᠤ ᠬᠠᠷᠠᠭᠳᠠᠬᠤ ᠦᠶ᠎ᠠ᠂ ᠰᠢᠷ᠎ᠠ ᠪᠦᠷᠤᠢ᠂ ᠬᠠᠷ᠎ᠠ ᠪᠦᠷᠤᠢ᠂ | ᠦᠳᠠ ᠬᠡᠯᠪᠠᠶᠢᠬᠦ ᠦᠶ᠎ᠠ᠂ ᠨᠠᠷᠠ ᠠᠯᠳᠠ ᠲᠠᠭᠡᠷ᠎ᠠ ᠮᠡᠨᠳᠤᠬᠤ ᠭᠡᠬᠦ ᠮᠡᠳᠤ᠃ | 2. ᠴᠠᠭ ᠤᠨ ᠤᠯᠠᠷᠢᠯ ᠤᠨ ᠬᠡᠮᠨᠡᠬᠦᠷ ᠦᠭᠡ᠄ ᠭᠠᠵᠠᠷ ᠡᠬᠢᠯᠡᠵᠤ ᠭᠡᠰᠬᠦ ᠳᠤ᠂ ᠬᠠᠭᠳᠠ ᠬᠦᠬᠡᠷᠡᠬᠦ ᠳᠤ᠂ ᠠᠬᠢ | ᠨᠢᠳᠤᠯᠡᠬᠦ ᠳᠤ᠂ ᠢᠮᠠᠭ᠎ᠠ ᠰᠠᠮᠨᠠᠬᠤ ᠦᠶ᠎ᠠ᠂ ᠭᠠᠵᠠᠷ ᠬᠦᠯᠳᠡᠬᠦ ᠦᠶ᠎ᠠ ᠭᠡᠬᠦ ᠮᠡᠳᠤ᠃ | 3. ᠦᠨᠳᠤᠷ ᠪᠤᠭᠤᠨᠢ ᠬᠦᠨ ᠬᠦᠢᠬᠡᠨ ᠤ ᠬᠡᠮᠨᠡᠬᠦᠷ ᠦᠭᠡ᠄ ᠡᠪᠤᠳᠥᠭ ᠲᠤᠯᠤᠮ᠎ᠠ ᠬᠦᠨ᠂ ᠲᠦᠷᠤᠭᠡ | ᠰᠢᠬᠦᠷᠡᠮᠠ ᠦᠨᠳᠤᠷ᠂ ᠮᠤᠷᠢᠨ ᠨᠢᠷᠤᠭᠤ ᠲᠠᠪᠠᠮ᠎ᠠ ᠦᠨᠳᠤᠷ᠂ ᠪᠦᠰᠡᠯᠡᠬᠦᠷ ᠲᠤᠯᠤᠮ᠎ᠠ ᠤᠰᠤ ᠭᠡᠬᠦ ᠮᠡᠳᠤ᠃ ︵︽ | ᠪᠠᠶᠠᠨᠨᠠᠭᠤᠷ ᠮᠤᠩᠭᠤᠯ ᠰᠦᠯᠵᠢᠶ᠎ᠠ︾ ᠠᠴᠠ︶ | |