| ᠳᠡᠭᠰᠢᠭᠡᠨ ᠬᠠᠭᠤᠷᠠᠢ ᠭᠠᠵᠠᠷ ᠳᠡᠭᠡᠷ᠎ᠡ 0.1 —— 0.2 ᠮᠢᠯᠢᠮᠧᠲᠷ ᠵᠤᠵᠠᠭᠠᠨ ᠰᠦᠯᠢᠶᠤᠤ | ᠪᠦᠷᠬᠦᠬᠦᠯ ᠳᠡᠪᠢᠰᠦᠭᠡᠳ ᠭᠡᠷᠴᠢᠭᠰᠡᠨ ᠡᠰᠢ ᠰᠦᠷᠡᠯ ᠳᠡᠭᠡᠷ᠎ᠡ ᠪᠠᠨ ᠤᠰᠤ ᠰᠦᠷᠴᠢᠨ ᠤᠰᠤᠨ ᠤ ᠠᠭᠤᠯᠤᠭᠳᠠᠴᠠ ᠶᠢ | 20% ᠤᠷᠴᠢᠮ ᠬᠦᠷᠭᠡᠵᠦ ᠬᠤᠳᠬᠤᠭᠰᠠᠨ ᠤ ᠳᠠᠷᠠᠭ᠎ᠠ ᠤᠪᠤᠭᠠᠯᠠᠨ᠎ᠠ᠃ ᠤᠪᠤᠭᠠᠨ ᠤ ᠤᠷᠳᠤ ᠶᠢ | ᠰᠢᠪᠳᠦᠷᠵᠢᠭᠦᠯᠬᠦ ᠡᠰᠢ ᠰᠦᠷᠡᠯ ᠤᠨ ᠢᠶᠠᠨ ᠬᠡᠮᠵᠢᠶ᠎ᠡ ᠪᠠᠷ ᠲᠤᠭᠳᠠᠭᠠᠨ᠎ᠠ᠃ ᠡᠷᠳᠡᠨᠢ ᠰᠢᠰᠢ ᠶᠢᠨ ᠡᠰᠢ ᠶᠢ | ᠰᠢᠪᠳᠤᠷᠵᠢᠭᠦᠯᠬᠦ ᠳᠤ ᠳᠡᠩᠳᠡᠭᠦᠦ ᠶᠡᠭᠡ ᠤᠪᠤᠭᠠᠯᠠᠵᠤ ᠪᠤᠯᠬᠤ ᠦᠭᠡᠢ᠂ ᠤᠰᠤ ᠬᠢᠵᠦ ᠬᠤᠳᠬᠤᠬᠤ ᠳᠤ ᠪᠡᠷᠭᠡ | ᠪᠤᠯᠬᠤᠷ ᠰᠢᠪᠳᠦᠷᠵᠢᠵᠦ ᠠᠮᠵᠢᠬᠤ ᠠᠴᠠ ᠪᠠᠨ ᠡᠮᠦᠨ᠎ᠡ ᠬᠠᠯᠠᠭᠠᠳ ᠸᠠᠯᠠᠵᠤ ᠢᠯᠵᠢᠷᠠᠨᠠ᠃ ᠰᠢᠪᠳᠤᠷ ᠤᠷᠤᠭᠤᠯᠬᠤ | ᠶᠢᠨ ᠲᠦᠯᠦᠭᠡ ᠤᠪᠤᠭᠠᠯᠠᠭᠰᠠᠨ ᠡᠰᠢ ᠰᠦᠷᠡᠯ ᠤᠨ ᠢᠶᠠᠨ ᠲᠤᠮᠳᠠ ᠤᠯᠠᠨ ᠰᠦᠪᠡ ᠳᠤ ᠬᠠᠳᠠᠭᠤ ᠰᠦᠯᠢᠶᠤᠤ | ᠬᠤᠭᠤᠯᠠᠢ ᠰᠢᠷᠭᠤᠭᠤᠯᠵᠤ ᠲᠠᠯᠪᠢᠨ᠎ᠡ᠃ ᠡᠰᠢ ᠰᠦᠷᠡᠯ ᠤᠨ ᠲᠤᠤᠷ᠎ᠠ ᠳᠡᠪᠢᠰᠦᠭᠰᠡᠨ ᠰᠦᠯᠢᠶᠤᠤ ᠪᠦᠷᠬᠦᠭᠦᠯ ᠪᠠ ᠡᠰᠢ | ᠰᠦᠷᠡᠯ ᠤᠨ ᠳᠡᠭᠡᠷ᠎ᠡ ᠬᠤᠴᠢᠭᠰᠠᠨ ᠰᠦᠯᠢᠶᠤᠤ ᠪᠦᠷᠬᠦᠬᠦᠯ ᠢ ᠲᠠᠯ᠎ᠠ ᠪᠦᠷᠢ ᠳᠤ 0.5 —— 1 ᠮᠧᠲᠷ | ᠢᠯᠡᠭᠦᠦ ᠭᠠᠷᠭᠠᠵᠤ᠂ ᠬᠤᠶᠠᠭᠤᠯᠠ ᠶᠢ ᠲᠠᠪᠬᠤᠷᠯᠠᠨ ᠨᠤᠭᠤᠯᠵᠤ ᠡᠪᠬᠡᠨ ᠰᠢᠷᠤᠢ ᠪᠠᠷ ᠬᠤᠮᠢᠵᠤ ᠲᠠᠷᠤᠵᠤ | ᠪᠢᠳᠡᠭᠦᠮᠵᠢᠯᠡᠭᠡᠳ ᠬᠡᠢ ᠲᠤᠳᠠᠭᠠᠬᠤ ᠶᠢ ᠰᠡᠷᠭᠡᠶᠢᠯᠡᠨ᠎ᠡ᠃ ᠬᠠᠮᠤᠭ ᠰᠡᠭᠦᠯ ᠳᠤ ᠬᠠᠳᠠᠭᠤ ᠰᠦᠯᠢᠶᠤᠤ ᠬᠤᠭᠤᠯᠠᠢ ᠪᠠᠨ | ᠰᠢᠩᠬᠡᠨ ᠲᠦᠯᠦᠪᠳᠦ ᠰᠢᠪᠳᠤᠷ ᠤᠨ ᠰᠠᠪᠠ ᠲᠠᠢ ᠵᠠᠯᠭᠠᠵᠤ᠂ ᠡᠰᠢ ᠰᠦᠷᠡᠯ ᠤᠨ ᠬᠦᠨᠳᠦᠴᠡ ᠶᠢᠨ ᠢᠶᠠᠨ 30% ᠤ | ᠬᠠᠷᠢᠴᠠᠯ ᠢᠶᠠᠷ ᠰᠢᠪᠳᠤᠷ ᠤᠷᠤᠭᠤᠯᠤᠨ᠎ᠠ᠂ ᠰᠢᠪᠳᠤᠷ ᠤᠷᠤᠭᠤᠯᠬᠤ ᠳᠤ ᠪᠠᠨ ᠠᠶᠤᠯ ᠦᠭᠡᠢ ᠶᠢ ᠪᠠᠳᠤᠯᠠᠨ᠎ᠠ᠃ | ᠰᠢᠪᠳᠤᠷ ᠬᠡᠷᠡᠭᠯᠡᠬᠦ ᠬᠡᠮᠵᠢᠶ᠎ᠡ ᠶᠢ ᠰᠢᠩᠬᠡᠨ ᠲᠦᠯᠦᠪᠳᠤ ᠰᠢᠪᠳᠤᠷ ᠤᠨ ᠢᠶᠠᠨ ᠰᠠᠪᠠ ᠶᠢ ᠵᠢᠩᠯᠡᠵᠦ ᠪᠠᠶᠢᠭᠠᠳ ᠪᠤᠳᠤᠵᠤ | ᠭᠠᠷᠭᠠᠨ᠎ᠠ᠃ ᠬᠠᠮᠤᠭ ᠤᠨ ᠰᠡᠭᠦᠯ ᠳᠤ ᠡᠰᠢ ᠰᠦᠷᠡᠯ ᠤᠨ ᠤᠪᠤᠭᠠᠨ ᠳᠤ ᠰᠢᠷᠭᠤᠭᠤᠯᠤᠭᠰᠠᠨ ᠬᠠᠳᠠᠭᠤ ᠰᠦᠯᠢᠶᠤᠤ | ᠬᠤᠭᠤᠯᠠᠢ ᠪᠠᠨ ᠰᠤᠭᠤᠯᠤᠨ ᠠᠪᠴᠤ᠂ ᠨᠦᠬᠡ ᠶᠢ ᠨᠢ ᠪᠦᠭᠯᠡᠵᠦ ᠲᠠᠯᠪᠢᠨ᠎ᠠ᠃ | ᠡᠰᠢ ᠰᠦᠷᠡᠯ ᠢ ᠰᠢᠪᠳᠤᠷᠵᠢᠭᠦᠯᠬᠦ ᠳᠤ ᠪᠠᠨ ᠰᠢᠩᠬᠡᠨ ᠲᠦᠯᠦᠪᠳᠦ ᠰᠢᠪᠳᠦᠷ ᠤᠨ ᠪᠤᠯᠤᠳ ᠪᠤᠷᠳᠤᠭᠤ ᠶᠢ | ᠬᠡᠪᠳᠡᠭᠦᠯᠦᠨ ᠲᠠᠯᠪᠢᠵᠤ᠂ ᠪᠤᠷᠳᠤᠭᠤ ᠶᠢᠨ ᠬᠤᠶᠠᠷ ᠨᠡᠬᠡᠯᠡᠢ ᠶᠢᠨ ᠬᠤᠯᠪᠤᠬᠤ ᠱᠤᠭᠤᠮᠢ ᠭᠠᠵᠠᠷ ᠲᠠᠢ ᠡᠭᠴᠡᠯᠡᠭᠦᠯᠵᠦ | ᠲᠠᠯᠪᠢᠨ᠎ᠠ᠃ ᠳᠡᠭᠡᠷᠡᠬᠢ ᠨᠢ ᠬᠡᠢ ᠲᠦᠯᠦᠪᠳᠤ ᠶᠢᠨ ᠨᠡᠬᠡᠯᠡᠢ᠂ ᠲᠤᠤᠷᠠᠬᠢ ᠨᠢ ᠰᠢᠩᠬᠡᠨ ᠲᠦᠯᠦᠪᠳᠦ ᠶᠢᠨ ᠨᠡᠬᠡᠯᠡᠢ᠂ | ᠰᠢᠩᠬᠡᠨ ᠲᠦᠯᠦᠪᠳᠦ ᠰᠢᠪᠳᠤᠷ ᠲᠤᠤᠷᠠᠬᠢ ᠨᠡᠬᠡᠯᠡᠢ ᠪᠠᠨ ᠭᠠᠳᠠᠭᠰᠢᠯᠠᠨ᠎ᠠ᠃ ᠠᠵᠢᠯᠯᠠᠬᠤ ᠦᠶ᠎ᠡ ᠳᠤ ᠬᠤᠶᠠᠷ ᠬᠦᠮᠦᠨ | ᠬᠠᠮᠳᠤ ᠪᠠᠶᠢᠵᠤ᠂ ᠨᠢᠭᠡ ᠨᠢ ᠠᠵᠢᠯᠯᠠᠵᠤ᠂ ᠨᠦᠭᠦᠬᠡ ᠨᠢ ᠬᠠᠷᠠᠵᠤ ᠵᠤᠭᠰᠤᠬᠤ ᠬᠡᠷᠡᠭᠳᠡᠢ᠃ ᠰᠢᠪᠳᠤᠷ ᠲᠠᠮᠵᠢᠭᠤᠯᠬᠤ | ᠤᠶᠠᠨ ᠬᠤᠭᠤᠯᠠᠢ ᠨᠢ ᠬᠡᠢ ᠳᠤᠳᠠᠭᠠᠬᠤ ᠦᠭᠡᠢ ᠪᠠᠶᠢᠬᠤ ᠬᠡᠷᠡᠭᠳᠡᠢ᠂ ᠡᠯ᠎ᠡ ᠵᠦᠢᠯ ᠤᠨ ᠵᠠᠯᠭᠠᠭᠤᠷᠢ ᠨᠢ ᠮᠤᠯᠳᠤᠷᠠᠬᠤ | ᠦᠭᠡᠢ ᠴᠢᠩᠭ᠎ᠠ ᠪᠠᠶᠢᠬᠤ ᠬᠡᠷᠡᠭᠳᠡᠢ᠃ ᠪᠤᠯᠤᠳ ᠪᠤᠷᠳᠤᠭᠤ ᠪᠠ ᠳᠠᠷᠤᠯᠳᠠ ᠶᠢᠨ ᠬᠡᠮᠵᠢᠬᠦᠷ᠂ ᠠᠶᠤᠯ ᠦᠭᠡᠢ ᠨᠡᠬᠡᠯᠡᠢ᠂ | ᠲᠠᠷᠤᠯᠳᠠ ᠳᠤ ᠳᠡᠰᠪᠤᠷᠢᠳᠡᠢ ᠭᠤᠮ ᠬᠤᠭᠤᠯᠠᠢ ᠵᠡᠷᠭᠡ ᠶᠢ ᠲᠤᠭᠳᠠᠭᠰᠠᠨ ᠬᠤᠭᠤᠴᠠᠭ᠎ᠠ ᠲᠠᠢ ᠪᠠᠶᠢᠴᠠᠭᠠᠨ᠎ᠠ᠃ | ᠰᠢᠩᠬᠡᠨ ᠲᠦᠯᠦᠪᠳᠤ ᠰᠢᠪᠳᠤᠷ ᠢ ᠰᠠᠪᠠᠯᠠᠬᠤ ᠳᠤ ᠪᠠᠨ ᠳᠤᠭᠳᠠᠭᠰᠠᠨ ᠲᠠᠷᠤᠯᠳᠠ ᠪᠠ ᠲᠤᠭ᠎ᠠ ᠬᠡᠮᠵᠢᠶ᠎ᠡ ᠶᠤᠰᠤᠭᠠᠷ | ᠬᠢᠨ᠎ᠡ᠃ ᠰᠢᠪᠳᠤᠷᠵᠢᠭᠦᠯᠬᠦ ᠭᠠᠵᠠᠷ ᠢᠶᠠᠨ ᠭᠡᠷ ᠪᠠ ᠮᠠᠯ ᠤᠨ ᠬᠠᠰᠢᠶᠠᠨ ᠤ ᠰᠠᠯᠬᠢᠨ ᠤ ᠲᠤᠤᠷ᠎ᠠ ᠲᠠᠯ᠎ᠠ ᠳᠤ 30 | —— 40 ᠮᠧᠲᠷ ᠵᠠᠶᠢᠳᠠᠢ ᠪᠠᠶᠢᠯᠭᠠᠨ᠎ᠠ᠃ | ᠬᠤᠤᠷ ᠦᠭᠡᠢ᠂ ᠬᠢᠯᠪᠡᠷ ᠦᠯᠵᠢᠷᠡᠬᠦ ᠦᠭᠡᠢ ᠪᠦᠭᠡᠳ ᠬᠡᠢ ᠨᠡᠪᠳᠡᠷᠡᠬᠦ ᠦᠭᠡᠢ ᠰᠦᠯᠢᠶᠤᠤ ᠪᠦᠷᠬᠦᠬᠦᠯ ᠢ | ᠰᠤᠩᠭᠤᠨ ᠡᠰᠢ ᠰᠦᠷᠡᠯ ᠤᠨ ᠤᠪᠤᠭᠠᠨ ᠤ ᠲᠤᠤᠷ᠎ᠠ ᠨᠢ ᠳᠡᠪᠢᠰᠴᠤ ᠳᠡᠭᠡᠷ᠎ᠡ ᠨᠢ ᠬᠤᠴᠢᠨ᠎ᠠ᠃ ᠡᠷᠳᠡᠨᠢ ᠰᠢᠰᠢ ᠶᠢᠨ | ᠡᠰᠢ ᠶᠢ ᠰᠢᠪᠳᠤᠷᠵᠢᠬᠦᠯᠬᠦ ᠳᠤ 0.12 ᠮᠢᠯᠢᠮᠧᠲᠷ ᠤᠷᠴᠢᠮ ᠤᠨ ᠰᠦᠯᠢᠶᠤᠤ ᠪᠦᠷᠬᠦᠬᠦᠯ ᠬᠡᠷᠡᠭᠯᠡᠨ᠎ᠡ᠃ ᠵᠠᠳᠠᠭᠠᠢ | ᠭᠠᠵᠠᠷ ᠤᠪᠤᠭᠠᠯᠠᠵᠤ ᠰᠢᠪᠳᠤᠷᠵᠢᠬᠦᠯᠬᠦ ᠳᠤ ᠬᠢᠯᠪᠡᠷ ᠦᠯᠵᠢᠷᠡᠬᠦ ᠦᠭᠡᠢ ᠬᠠᠷ᠎ᠠ ᠰᠦᠯᠢᠶᠤᠤ ᠪᠦᠷᠬᠦᠬᠦᠯ ᠢ ᠬᠡᠷᠡᠭᠯᠡᠵᠦ᠂ | ᠭᠡᠷ ᠳᠤᠳᠤᠷ᠎ᠠ ᠤᠪᠤᠭᠠᠯᠠᠵᠤ ᠰᠢᠪᠳᠤᠷᠵᠢᠭᠦᠯᠬᠦ ᠳᠤ ᠬᠡᠶᠢᠪᠤᠷ ᠰᠦᠯᠢᠶᠤᠤ ᠪᠦᠷᠬᠦᠬᠦᠯ ᠬᠡᠷᠡᠭᠯᠡᠨ᠎ᠡ᠃ | | | ︵ᠲᠤᠰ ᠡᠬᠡ ᠪᠢᠴᠢᠭ ᠢ ︽ᠮᠠᠯᠴᠢᠨ ᠲᠠᠷᠢᠶᠠᠴᠢᠨ ᠤ ᠬᠡᠷᠡᠭᠯᠡᠭᠡᠨ ᠤ ᠮᠡᠷᠭᠡᠵᠢᠯ ᠴᠤᠪᠤᠷᠠᠯ ᠪᠢᠴᠢᠭ︾ | ᠠᠴᠠ ᠠᠪᠤᠪᠠ︶ | | | | | | |