ᠬᠤ᠋ ᠪᠢᠩ ᠴᠢᠤᠸᠠᠨ ᠨᠦᠬᠦᠷ ᠤᠨ ᠲᠡᠮᠳᠡᠭᠯᠡᠯ
ᠨᠡᠶᠢᠲᠡᠯᠡᠭᠰᠡᠨ ᠴᠠᠭ᠄
2024/1/4
              ᠦᠪᠤᠷ ᠮᠤᠩᠭᠤᠯ ᠳᠤ ᠠᠵᠢᠯᠯᠠᠭᠰᠠᠨ ᠬᠤᠭᠤᠴᠠᠭᠠᠨ᠎ᠠ               ᠲᠤᠤ ᠨᠠᠨ ᠳᠤ ᠤᠴᠢᠭᠰᠠᠨ᠂  ᠲᠦᠴᠢᠤᠸᠠᠨ ᠳᠤ ᠬᠤᠷᠢᠭᠳᠠᠭᠰᠠᠨ    1945 ᠤᠨ ᠤ 10  ᠰᠠᠷ᠎ᠠ ᠳᠤ ᠸᠠᠩ᠂  ᠰᠢᠶᠤᠤ᠂  ᠬᠤ᠋ ᠭᠤᠷᠪᠠᠭᠤᠯᠠ ᠶᠢ ᠵᠡᠭᠦᠨ ᠬᠤᠶᠢᠳᠤ ᠤᠷᠤᠨ ᠳᠤ ᠰᠢᠯᠵᠢᠬᠦᠯᠪᠡ᠃  ᠵᠠᠩ ᠵᠢᠶᠠ ᠺᠸᠤ ᠠᠴᠠ 170  ᠨᠡᠷᠡᠰ ᠺᠠᠳ᠋ᠷ ᠢ ᠲᠠᠭᠠᠭᠤᠯᠤᠨ ᠵᠡᠭᠦᠨ ᠬᠤᠶᠢᠳᠤ ᠶᠢᠨ ᠲᠤᠪᠴᠢᠶ᠎ᠠ ᠳᠤ ᠲᠤᠰᠢᠶᠠᠪᠠ᠃  ᠫᠧᠩ ᠤᠨ ᠢᠯᠡᠳᠭᠡᠯ ᠢ  ︵ ᠪᠠᠶᠢᠳᠠᠯ ᠢ ᠲᠠᠨᠢᠯᠴᠠᠭᠤᠯᠵᠤ᠂  ᠪᠦᠬᠦ ᠲᠠᠯ᠎ᠠ ᠪᠠᠷ ᠲᠠᠷᠤᠢ ᠲᠦᠷᠭᠡᠨ ᠵᠡᠭᠦᠨ ᠬᠤᠶᠢᠳᠤ ᠶᠢ ᠬᠦᠯᠢᠶᠡᠨ ᠠᠪᠬᠤ︶ ᠰᠤᠨᠤᠰᠴᠠᠢ᠃  ᠯᠢᠶᠤᠤ ᠪᠸᠢ ᠴᠡᠷᠢᠭ ᠤᠨ ᠲᠤᠭᠤᠷᠢᠭ ︵ ᠪᠠ ᠮᠢᠶᠠᠨ ᠴᠧᠩ︶ ᠢ ᠴᠢᠴᠢᠬᠠᠷ ᠲᠤ ᠬᠤᠪᠢᠶᠠᠷᠢᠯᠠᠨ ᠦᠭᠴᠠᠢ᠃  ᠲᠤᠤ ᠨᠠᠨ ᠳᠤ ᠬᠦᠷᠴᠤ᠂  ᠵᠤ᠋ ᠭᠤᠸᠠᠩ ᠠᠯᠪᠠᠳᠠᠯᠭ᠎ᠠ ᠪᠠᠷ ᠦᠯᠡᠳᠡᠵᠤ ᠤᠯᠤᠰ ᠲᠦᠷᠤ ᠶᠢᠨ ᠲᠡᠳ᠋ ᠭᠡᠰᠢᠬᠦᠨ ᠪᠤᠯᠪᠠ᠃  ᠰᠢᠶᠠᠨ ᠤ ᠵᠦᠪᠯᠡᠯᠭᠡᠨ ᠤ ᠬᠤᠷᠠᠯ ᠪᠤᠯᠤᠨ ᠰᠢᠶᠠᠨ ᠤ ᠵᠠᠰᠠᠭ ᠤᠨ ᠤᠷᠳᠤᠨ ᠢ ︵ ᠸᠠᠩ ᠰᠢᠶᠠᠨ ᠤ ᠲᠠᠷᠤᠭ᠎ᠠ︶ ᠪᠠᠶᠢᠭᠤᠯᠵᠤ᠂  ᠲᠢᠶᠠᠨ ᠱᠧᠩ ᠬᠤᠤ ᠶᠢ ᠪᠠᠭᠤᠯᠭᠠᠨ ᠠᠪᠤᠭᠰᠠᠨ ᠶᠤᠮ᠃ ᠯᠢ ᠰᠢᠩ ᠰᠢᠶᠤᠤ ᠲᠦᠯᠦᠭᠡᠯᠡᠭᠴᠢ ᠲᠤᠤ ᠨᠠᠨ ᠳᠤ ᠢᠷᠡᠵᠤ ᠬᠦᠯᠢᠶᠡᠨ ᠠᠪᠬᠤ ᠪᠠᠷ ᠤᠴᠢᠰᠤᠭᠠᠢ ᠭᠡᠵᠤ ᠤᠷᠢᠵᠠᠢ᠃  ᠭᠤᠷᠪᠠᠨ ᠪᠦᠯᠦᠭ ᠵᠡᠪᠰᠡᠭᠳᠤ ᠬᠦᠴᠤᠨ ᠤ ᠬᠤᠶᠠᠷ ᠪᠦᠯᠦᠭ ᠢ ᠵᠤᠤ ᠡᠷᠭᠡᠰᠢᠶᠠᠯ ᠳᠡᠭᠡᠨ ᠤᠷᠤᠭᠤᠯᠵᠤ ᠴᠢᠳᠠᠨ᠎ᠠ᠂  ᠨᠠᠮᠠᠢᠢ ᠤᠴᠢᠭᠤᠯᠬᠤ ᠪᠠᠷ ᠲᠤᠭᠳᠠᠪᠠ᠃  ᠤᠷᠢᠳᠠᠪᠡᠷ ᠭᠡᠷ ᠲᠡᠭᠡᠨ ︵ ᠬᠦᠩ ᠬᠠᠮᠠᠭᠠᠯᠠᠨ ᠬᠦᠷᠭᠡᠪᠡ︶ ᠪᠤᠴᠠᠨ᠎ᠠ᠂  ᠵᠸᠤ ᠤᠴᠢᠵᠤ ᠤᠭᠳᠤᠪᠠ᠂ ᠵᠤᠤ ᠶᠤᠰᠤᠭᠠᠷ ᠲᠠᠭᠤᠷᠢᠶᠠᠨ ᠬᠢᠵᠤ ᠰᠢᠶᠠᠨ ᠤ ᠵᠠᠰᠠᠭ ᠤᠨ ᠤᠷᠳᠤᠨ ᠳᠤ ᠤᠴᠢᠨ᠎ᠡ᠂  ᠶᠢᠰᠤᠨ ᠡᠳᠤᠷ ᠲᠤ ᠲᠤᠤ ᠨᠠᠨ ᠳᠤ ᠪᠤᠴᠠᠬᠤ ᠪᠠᠷ ᠪᠡᠯᠡᠳᠭᠡᠪᠡ᠃  ᠶᠢᠨ ᠢᠤᠢ ᠴᠢᠤᠸᠠᠨ ᠤ ᠭᠡᠷ ᠲᠤ ᠬᠤᠨᠤᠵᠤ᠂  ᠪᠢᠩ ᠵᠢᠶᠦ᠋ᠨ ᠪᠠᠶᠢᠬᠤ ᠦᠭᠡᠢ᠂  ᠲᠦᠷᠪᠡᠬᠦᠯᠡ ᠰᠤᠯᠠ ᠬᠡᠯᠡᠯᠴᠡᠬᠦ ᠳᠤ ᠤᠷᠤᠢ ︵ ᠶᠢᠰᠤᠨ ᠴᠠᠭ ᠲᠤ︶ ᠫᠤᠤ ᠲᠤᠤᠭᠠᠷᠪᠠ᠂  ᠯᠢ ᠨᠦᠭᠴᠢᠪᠡ  ᠂  ᠨᠢᠭᠡ ᠴᠠᠭ ᠲᠤᠯᠤᠯᠳᠤᠪᠠ᠃  ᠹᠧᠩ ᠬᠠᠨ ᠶᠠᠨ ᠢ ᠲᠠᠭᠤᠳᠠᠵᠤ ᠡᠭᠦᠳᠡ ᠨᠡᠭᠡᠭᠡᠯᠭᠡᠪᠡ᠂  ᠹᠧᠩ ᠨᠠᠮᠠᠢᠢ ᠪᠤᠯᠤᠨ ᠵᠠᠩ ᠢ ᠬᠦᠷᠭᠡᠵᠤ ᠵᠤᠤ ᠶᠢᠨ ᠭᠡᠷ ᠲᠤ ᠬᠦᠷᠪᠡ᠃  ᠹᠧᠩ ᠰᠦᠨᠢ ᠳᠡᠭᠡᠨ ᠬᠦᠸᠧ ᠪᠢᠩ ᠴᠡᠷᠢᠭ ᠤᠨ ᠵᠡᠪᠰᠡᠭ ᠢ ᠪᠠᠭᠤᠯᠭᠠᠨ ᠠᠪᠴᠤ ᠂  ᠲᠠᠷᠠᠭ᠎ᠠ ᠡᠳᠤᠷ ᠤᠨ ᠬᠤᠶᠠᠷ ᠴᠠᠭ ᠲᠤ ᠮᠠ ᠲᠦᠴᠢᠤᠸᠠᠨ ᠳᠤ ᠤᠷᠤᠪᠠ᠃  ᠰᠢᠶᠠᠨ ᠤ ᠲᠠᠷᠤᠭ᠎ᠠ ᠶᠢ ᠰᠤᠯᠢᠪᠠ᠂  ᠹᠧᠩ ᠢ ᠬᠤᠷᠢᠶᠠᠨ ᠲᠠᠷᠤᠭ᠎ᠠ ᠪᠠᠷ ᠲᠤᠮᠢᠯᠠᠵᠤ᠂  ᠨᠠᠳᠠ ᠲᠠᠢ ᠠᠭᠤᠯᠵᠠᠯᠳᠠ ᠬᠢᠵᠤ ︵ ᠰᠦᠨ ᠲᠠᠭᠠᠪᠠ︶  ᠨᠠᠢᠮᠠᠨ ᠡᠳᠤᠷ ᠬᠠᠷᠠᠵᠤ ᠰᠠᠬᠢᠭᠳᠠᠵᠠᠢ᠂  ︵ ᠵᠤ᠋ ᠭᠤᠸᠠᠩ ᠳᠤ ᠵᠠᠬᠢᠳᠠᠯ ᠪᠢᠴᠢᠪᠡ︶  ᠲᠦᠷ ᠬᠤᠷᠢᠬᠤ ᠭᠠᠵᠠᠷ ᠰᠢᠯᠵᠢᠬᠦᠯᠤᠨ ᠲᠠᠪᠤᠨ ᠡᠳᠤᠷ ᠪᠤᠯᠵᠤ᠂  ᠲᠢᠶᠠᠨ ᠱᠧᠩ ᠬᠤᠤ ᠦᠵᠡᠬᠦ ᠪᠠᠷ ᠤᠴᠢᠪᠠ᠃  ᠵᠢᠷᠭᠤᠳᠤᠭᠠᠷ ᠡᠳᠤᠷ ᠤᠨ ᠭᠡᠭᠡᠷᠡᠬᠦ ᠶᠢᠨ ᠦᠶ᠎ᠡ ᠪᠠᠷ ᠠᠰᠬᠠᠨ ᠲᠦᠴᠢᠤᠸᠠᠨ ᠢ ᠴᠢᠯᠦᠭᠡᠯᠡᠵᠤ᠂ ᠭᠤᠷᠪᠠ ᠲᠦᠷᠪᠡᠨ ᠡᠳᠤᠷ ᠬᠤᠵᠢᠮ ᠤᠨ ᠶᠠᠪᠤᠳᠠᠯ ᠢ ᠰᠢᠢᠳᠪᠤᠷᠢᠯᠡᠵᠤ᠂  ᠱᠤᠸᠠᠩ ᠪᠤᠤ ᠶᠢ ᠬᠤᠰᠢᠭᠤ ᠰᠢᠶᠠᠨ ᠬᠤᠯᠪᠤᠭᠠᠯᠠᠨ ᠰᠡᠷᠭᠡᠶᠢᠯᠡᠬᠦ ᠰᠧᠯᠢᠩᠪᠦ᠋ ᠳᠤ ᠦᠯᠡᠳᠡᠭᠡᠪᠡ᠃  ᠠᠰᠬᠠᠨ ᠡᠮᠤᠨᠡᠰᠢ ᠪᠠᠭᠤᠵᠤ᠂ ᠪᠢ ‍ᠮᠧ ᠨᠢ ᠲᠠᠢ ᠪᠠᠶᠢᠴᠧᠩᠽᠢ ᠳᠤ ᠲᠤᠰᠠᠯᠠᠬᠤ ᠪᠠᠷ ᠤᠴᠢᠭᠠᠳ ᠸᠠᠩ ᠬᠠᠢ ᠱᠠᠨ ᠲᠠᠢ ᠠᠭᠤᠯᠵᠠᠪᠠ᠃  ᠴᠤᠬᠢᠭᠰᠠᠨ ᠦᠭᠡᠢ  ᠪᠠᠷ ᠲᠠᠬᠢᠨ ᠲᠡᠷᠭᠡ ᠬᠦᠯᠢᠶᠡᠵᠤ ᠵᠤ᠋ ᠤᠬᠤᠷᠢᠨ ᠭᠠᠷᠪᠠ᠃  ᠤᠯᠠᠭᠠᠨ ᠴᠡᠷᠢᠭ ᠲᠡᠭᠡᠷᠡᠮ ᠢ ᠴᠤᠬᠢᠨ ᠶᠠᠪᠤᠭᠤᠯᠤᠭᠠᠳ ᠬᠤᠳᠠᠨ  ᠳᠠᠭᠠᠨ ᠪᠤᠴᠠᠪᠠ᠃  ᠪᠢ ᠬᠤᠸᠠᠩ ᠲᠠᠢ ᠬᠠᠮᠳᠤ ᠵᠡᠭᠦᠨ ᠮᠤᠩᠭᠤᠯ ᠤᠨ ᠲᠦᠯᠦᠭᠡᠯᠡᠭᠴᠢ ᠶᠢᠨ ᠬᠤᠷᠠᠯ ᠳᠤ ᠤᠷᠤᠯᠴᠠᠪᠠ᠃  ᠵᠧᠩ ᠵᠢᠶᠠ ᠲᠦᠨ ᠳᠤ ᠤᠴᠢᠵᠤ ᠬᠠᠷᠢᠭᠤ ᠮᠡᠳᠡᠬᠦᠯᠦᠯᠳᠡ ᠬᠢᠵᠤ᠂  ᠵᠢᠷᠭᠤᠳᠤᠭᠠᠷ ᠬᠤᠪᠢᠶᠠᠷᠢ ᠤᠲᠷᠢᠶᠠᠲ ᠢ ᠲᠠᠭᠠᠭᠤᠯᠤᠨ ᠤᠮᠠᠷᠠᠰᠢ ᠮᠤᠷᠳᠠᠪᠠ᠂  ᠲᠤᠤ ᠨᠠᠨ ᠪᠠᠶᠢᠴᠧᠩᠽᠢ ᠳᠤ ᠵᠡᠭᠦᠨ ᠮᠤᠩᠭᠤᠯ ᠤᠨ ᠠᠵᠢᠯᠯᠠᠬᠤ ᠺᠤᠮᠢᠰ ᠵᠤᠬᠢᠶᠠᠨ ᠪᠠᠶᠢᠭᠤᠯᠬᠤ ᠶᠢ ᠬᠦᠯᠢᠶᠡᠶ᠎ᠡ ᠭᠡᠵᠤ ᠬᠡᠯᠡᠪᠡ᠃  ᠭᠤᠷᠪᠠᠳᠤᠭᠠᠷ ᠰᠠᠷ᠎ᠠ ᠳᠤ ᠸᠠᠩ ᠤᠨ ᠰᠦᠮ᠎ᠡ ᠳᠤ ᠤᠷᠤᠵᠤ ᠰᠠᠭᠤᠪᠠ — ᠪᠠᠷᠠᠭᠤᠨ ᠮᠠᠨᠵᠤ  ᠶᠢᠨ ᠴᠡᠷᠢᠭ ᠤᠨ ᠲᠤᠭᠤᠷᠢᠭ ᠤᠨ ᠬᠡᠷᠡᠭ ᠡᠷᠬᠢᠯᠡᠬᠦ ᠭᠠᠵᠠᠷ ᠪᠢᠯᠡ᠃  ︵ᠲᠡᠭᠡᠷ᠎ᠡ︶
 
ᠢᠷᠡᠯᠲᠡ᠄ ᠬᠢᠩᠭᠠᠨ ᠤ ᠬᠤᠪᠢᠰᠬᠠᠯᠳᠤ ᠲᠡᠤᠭᠡᠨ ᠶᠠᠷᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号