ᠬᠣ᠋ ᠪᠢᠩ ᠴᠢᠤᠸᠠᠨ ᠨᠦᠬᠦᠷ ᠤᠨ ᠲᠡᠮᠳᠡᠭᠯᠡᠯ ᠤᠨ ᠲᠤᠬᠠᠢ ᠲᠠᠶᠢᠯᠪᠤᠷᠢ
ᠨᠡᠶᠢᠲᠡᠯᠡᠭᠰᠡᠨ ᠴᠠᠭ᠄
2024/1/4
          ᠬᠤ᠋ ᠪᠢᠩ ᠴᠢᠤᠸᠠᠨ ᠨᠦᠬᠦᠷ ᠪᠤᠯ ᠬᠠᠮᠤᠭ ᠡᠷᠳᠡ ᠲᠦᠴᠢᠤᠸᠠᠨ ᠰᠢᠶᠠᠨ ᠳᠤ ᠢᠷᠡᠵᠤ ᠬᠤᠪᠢᠰᠬᠠᠯ ᠤᠨ ᠠᠵᠢᠯ ᠢ ᠦᠷᠨᠢᠬᠦᠯᠦᠭᠰᠡᠨ ᠨᠠᠮ ᠤᠨ ᠤᠳᠤᠷᠢᠳᠤᠭᠴᠢ ᠬᠦᠮᠤᠰ ᠤᠨ ᠨᠢᠭᠡ ᠮᠦᠨ᠃  ᠨᠢᠭᠡᠨᠳᠡ ᠨᠠᠰᠤ ᠨᠦᠭᠴᠢᠪᠡ᠃  ᠲᠡᠭᠦᠨ ᠤ ᠭᠡᠷ ᠪᠦᠯᠢ ᠶᠢᠨ ᠠᠴᠠ ᠰᠤᠷᠪᠤᠯᠵᠢᠯᠠᠬᠤ ᠦᠶ᠎ᠡ ᠳᠤ ᠲᠡᠭᠦᠨ ᠤ ᠠᠮᠢᠳᠤ ᠰᠡᠷᠢᠬᠦᠨ ᠳᠡᠭᠡᠨ ᠪᠢᠴᠢᠭᠰᠡᠨ ᠲᠡᠮᠳᠡᠭᠯᠡᠯ ᠢ ᠤᠯᠪᠠ᠃  ᠪᠢᠴᠢᠭᠰᠡᠨ ᠨᠢ ᠤᠨᠴᠤᠭᠤᠢ ᠲᠦᠬᠦᠮ ᠲᠤᠳᠤ ᠪᠤᠯᠪᠠᠴᠤ ᠲᠤᠬᠠᠢ ᠶᠢᠨ ᠦᠶ᠎ᠡ ᠳᠠᠬᠢ ᠬᠤᠪᠢᠰᠬᠠᠯᠳᠤ ᠬᠦᠳᠡᠯᠭᠡᠭᠡᠨ ᠤ ᠪᠠᠶᠢᠳᠠᠯ  ᠤᠨ ᠬᠡᠰᠡᠭ ᠲᠠᠯ᠎ᠠ ᠶᠢ ᠲᠤᠰᠬᠠᠵᠤ ᠴᠢᠳᠠᠪᠠ᠃  ᠡᠨᠡ ᠨᠢ ᠪᠢᠳᠡᠨ ᠳᠤ ᠡᠨᠡ ᠬᠤᠭᠤᠴᠠᠭᠠᠨ ᠤ ᠲᠡᠤᠭᠡ ᠶᠢ ᠲᠤᠳᠤᠯᠠᠬᠤ ᠳᠤ ᠪᠠᠳᠤᠯᠠᠭ᠎ᠠ ᠲᠠᠢ ᠭᠡᠷᠡᠴᠢ ᠪᠠᠷᠢᠮᠳᠠ ᠪᠤᠯᠵᠠᠢ᠃     ᠡ᠊ᠨᠳᠡ ᠪᠢᠳᠡᠨ ᠤ ᠡᠵᠡᠮᠰᠢᠵᠤ ᠪᠠᠶᠢᠭ᠎ᠠ ᠪᠠᠶᠢᠳᠠᠯ ᠢᠶᠠᠨ ᠦᠨᠳᠤᠰᠤᠯᠡᠵᠤ ᠲᠤᠤᠷᠠᠬᠢ ᠮᠡᠳᠤ ᠲᠠᠶᠢᠯᠪᠤᠷᠢ ᠬᠢᠰᠤᠭᠡᠢ᠄     ⑴︽ ᠫᠧᠩ ᠤᠨ ᠢᠯᠡᠳᠭᠡᠯ ᠢ ᠰᠤᠨᠤᠰᠪᠠ︾ ᠭᠡᠳᠡᠭ ᠨᠢ᠂  ᠲᠤᠬᠠᠢ ᠶᠢᠨ ᠦᠶ᠎ᠡ ᠶᠢᠨ ᠵᠡᠭᠦᠨ ᠬᠤᠶᠢᠳᠤ ᠶᠢᠨ ᠲᠤᠪᠴᠢᠶᠠᠨ ᠤ ᠱᠦᠵᠢ ᠫᠧᠩ ᠵᠧᠨ ᠨᠦᠬᠦᠷ ᠤᠨ ᠬᠢᠭᠰᠡᠨ ᠢᠯᠡᠳᠭᠡᠯ ᠢ ᠵᠢᠭᠠᠵᠠᠢ᠃        ⑵ ︽ ᠵᠤ᠋ ᠭᠤᠸᠠᠩ ᠠᠯᠪᠠᠳᠠᠯᠭ᠎ᠠ ᠪᠠᠷ ᠦᠯᠡᠳᠡᠵᠤ ᠤᠯᠤᠰ ᠲᠦᠷᠤ ᠶᠢᠨ ᠲᠡᠳ᠋ ᠭᠡᠰᠢᠬᠦᠨ ᠪᠤᠯᠪᠠ︾ ᠭᠡᠳᠡᠭ ᠤᠨ ︽ ᠵᠤ᠋ ᠭᠤᠸᠠᠩ︾  ᠨᠦᠬᠦᠷ ᠪᠤᠯ ᠲᠤᠬᠠᠢ ᠶᠢᠨ ᠦᠶ᠎ᠡ ᠶᠢᠨ ᠨᠧᠨ ᠵᠢᠶᠠᠩ ᠮᠤᠵᠢ ᠶᠢᠨ ᠨᠠᠮ ᠤᠨ ᠬᠤᠷᠢᠶᠡᠨ ᠤ ᠲᠡᠳ᠋ ᠱᠦᠵᠢ ᠮᠦᠨ᠂  ᠦᠷᠬᠦᠯᠵᠢ ᠪᠠᠶᠢᠴᠧᠩᠽᠢ᠂  ᠲᠤᠤ ᠨᠠᠨ ᠤᠷᠴᠢᠮ ᠬᠤᠪᠢᠰᠬᠠᠯ ᠤᠨ ᠬᠦᠳᠡᠯᠭᠡᠭᠡᠨ ᠬᠢᠵᠤ ᠪᠠᠶᠢᠭᠰᠠᠨ ᠶᠤᠮ      ⑶  ︽ᠰᠢᠶᠠᠨ ᠤ ᠵᠠᠰᠠᠭ ᠤᠨ ᠤᠷᠳᠤᠨ ︵ ᠸᠠᠩ ᠰᠢᠶᠠᠨ ᠤ ᠲᠠᠷᠤᠭ᠎ᠠ︶︾ ᠭᠡᠳᠡᠭ ᠨᠢ᠂  ᠲᠤᠬᠠᠢ ᠶᠢᠨ ᠦᠶ᠎ᠡ  ᠶᠢᠨ ᠲᠤᠤ ᠨᠠᠨ ᠰᠢᠶᠠᠨ ᠤ ᠵᠠᠰᠠᠭ ᠤᠨ ᠤᠷᠳᠤᠨ ᠢ ᠵᠢᠭᠠᠵᠤ᠂  ᠪᠠᠰᠠ ᠲᠤᠬᠠᠢ ᠶᠢᠨ ᠦᠶ᠎ᠡ ᠶᠢᠨ ᠲᠤᠤ ᠨᠠᠨ ᠰᠢᠶᠠᠨ ᠤ ᠲᠠᠷᠤᠭ᠎ᠠ ᠸᠠᠩ ᠺᠧ ᠮᠢᠩ ᠢ ᠵᠢᠭᠠᠵᠤ ᠬᠡᠯᠡᠪᠡ᠃      ⑷ ︽ᠲᠢᠶᠠᠨ ᠱᠧᠩ ᠬᠤᠤ ᠶᠢ ᠪᠠᠭᠤᠯᠭᠠᠨ ᠠᠪᠤᠪᠠ︾  ᠭᠡᠳᠡᠭ ᠤᠨ  ︽ ᠲᠢᠶᠠᠨ ᠱᠧᠩ ᠬᠤᠤ︾ ᠪᠤᠯ ᠲᠤᠤ ᠨᠠᠨ᠂  ᠲᠦᠴᠢᠤᠸᠠᠨ ᠤᠶᠢᠷᠠᠯᠴᠠᠭ᠎ᠠ ᠶᠢᠨ ᠲᠡᠭᠡᠷᠡᠮ ᠤᠨ ᠲᠦᠷᠦᠬᠦᠤ ᠪᠢᠯᠡ᠂  ᠤᠷᠢᠳᠠᠪᠡᠷ ᠪᠠᠭᠤᠯᠭᠠᠨ ᠠᠪᠤᠭᠰᠠᠨ ᠴᠤ ᠬᠤᠵᠢᠮ ᠨᠢ ᠤᠷᠪᠠᠪᠠ᠃     ⑸  ︽ ᠭᠤᠷᠪᠠᠨ ᠪᠦᠯᠦᠭ ᠵᠡᠪᠰᠡᠭᠳᠤ ᠬᠦᠴᠤᠨ ᠤ ᠬᠤᠶᠠᠷ ᠪᠦᠯᠦᠭ ᠢ ᠨᠢ ᠵᠤᠤ ᠡᠷᠭᠡᠰᠢᠶᠠᠯ ᠳᠡᠭᠡᠨ ᠤᠷᠤᠭᠤᠯᠵᠤ ᠴᠢᠳᠠᠨ᠎ᠠ︾  ᠭᠡᠳᠡᠭ ᠤᠨ  ︽ ᠭᠤᠷᠪᠠᠨ ᠪᠦᠯᠦᠭ ᠵᠡᠪᠰᠡᠭᠳᠤ ᠬᠦᠴᠤᠨ︾  ᠪᠤᠯ ᠸᠧᠢ ᡂᠢ ᠡᠾᠦ᠋ᠢ᠂ ᠭᠤᠸᠠᠩ ᠹᠦ᠋ ᠵᠢᠶᠦ᠋ᠨ ᠴᠡᠷᠢᠭ᠂  ᠲᠡᠭᠡᠷᠡᠮ ᠵᠡᠷᠭᠡ ᠶᠢ ᠵᠢᠭᠠᠵᠤ ᠬᠡᠯᠡᠵᠡᠢ᠃  ︽ ᠵᠤᠤ︾ ᠪᠤᠯ ᠲᠦᠴᠢᠤᠸᠠᠨ ᠰᠢᠶᠠᠨ ᠤ ᠰᠡᠭᠡᠭᠡᠷᠡᠭᠰᠡᠨ ᠡᠷᠬᠢᠮᠳᠡᠨ ᠵᠤᠤ ᠰᠢᠩ ᠵᠢᠤ ᠮᠦᠨ᠃     ⑹︽ ᠬᠦᠩ ᠬᠠᠮᠠᠭᠠᠯᠠᠨ ᠬᠦᠷᠭᠡᠪᠡ︾  ᠭᠡᠳᠡᠭ ᠤᠨ  ︽ ᠬᠦᠩ︾   ᠨᠢ ᠬᠤᠵᠢᠮ ᠤᠷᠪᠠᠯᠭ᠎ᠠ ᠭᠠᠷᠭᠠᠭᠰᠠᠨ ᠬᠦᠩ ᠰᠢ ᠡᠤ ᠶᠢ ᠬᠡᠯᠡᠪᠡ᠃     ⑺ ︽ ᠵᠸᠤ ᠤᠴᠢᠵᠤ ᠤᠭᠳᠤᠪᠠ︾  ᠭᠡᠳᠡᠭ ᠨᠢ᠂  ᠬᠤ᠋ ᠪᠢᠩ ᠴᠢᠤᠸᠠᠨ ᠨᠦᠬᠦᠷ ᠲᠦᠴᠢᠤᠸᠠᠨ ᠳᠤ ᠢᠷᠡᠬᠦ ᠳᠤ ᠸᠧᠢ ᡂᠢ ᠡᠾᠦ᠋ᠢ   ᠶᠢᠨ ᠶᠡᠭᠡ ᠠᠩᠭᠢ ᠶᠢᠨ ᠲᠠᠷᠤᠭ᠎ᠠ ᠵᠸᠤ ᠯᠢᠶᠠᠨ ᠴᠧᠩ ᠤᠴᠢᠵᠤ ᠤᠭᠳᠤᠭᠰᠠᠨ ᠢ ᠵᠢᠭᠠᠵᠤ ᠬᠡᠯᠡᠵᠠᠢ᠃     ⑻ ︽ ᠲᠦᠷᠪᠡᠬᠦᠯᠠ  ᠰᠤᠯᠠ ᠬᠡᠯᠡᠯᠴᠡᠬᠦ︾  ᠭᠡᠳᠡᠭ ᠨᠢ ᠬᠤ᠋ ᠪᠢᠩ ᠵᠢᠶᠦ᠋ᠨ᠂  ᠯᠢ ᠰᠢᠩ ᠰᠢᠶᠤᠤ᠂  ᠵᠠᠩ ᠴᠧᠩ ᠵᠢᠶᠦ᠋ᠨ᠂  ᠵᠤᠤ ᠬᠤᠷᠢᠶᠠᠨ ᠲᠠᠷᠤᠭ᠎ᠠ ᠲᠦᠷᠪᠡᠬᠦᠯᠡ ᠰᠤᠯᠠ ᠬᠡᠯᠡᠯᠴᠡᠭᠰᠡᠨ ᠢ ᠵᠢᠭᠠᠪᠠ᠃      ⑼︽ ᠯᠢ ᠨᠦᠭᠴᠢᠪᠡ︾ ᠭᠡᠳᠡᠭ ᠨᠢ ᠯᠢ ᠰᠢᠩ ᠰᠢᠶᠤᠤ ᠶᠢ ᠬᠡᠯᠡᠪᠡ᠃      ⑽ ︽ ᠰᠦᠨᠢ ᠳᠡᠭᠡᠨ ᠬᠦᠸᠧ ᠪᠢᠩ ᠴᠡᠷᠢᠭ ᠤᠨ ᠵᠡᠪᠰᠡᠭ ᠢ ᠪᠠᠭᠤᠯᠭᠠᠨ ᠠᠪᠴᠤ︾  ᠭᠡᠳᠡᠭ ᠤᠨ ︽ ᠬᠦᠸᠧ ᠪᠢᠩ ᠴᠡᠷᠢᠭ︾  ᠪᠤᠯ ᠬᠠᠭᠤᠷᠮᠠᠭ ᠮᠠᠨᠵᠤ ᠶᠢᠨ ᠴᠡᠷᠢᠭ ᠮᠦᠨ᠂  ᠬᠤᠵᠢᠮ ᠨᠢ ᠬᠤ᠋ ᠪᠢᠩ ᠴᠢᠤᠸᠠᠨ ᠨᠦᠬᠦᠷ ᠪᠠᠭᠤᠯᠭᠠᠨ ᠠᠪᠴᠤ ᠲᠦᠴᠢᠤᠸᠠᠨ ᠳᠤ ᠲᠠᠭᠠᠭᠤᠯᠤᠨ ᠠᠪᠠᠴᠢᠵᠤ ᠰᠡᠷᠭᠡᠶᠢᠯᠡᠨ ᠬᠠᠮᠠᠭᠠᠯᠠᠬᠤ ᠠᠵᠢᠯ ᠬᠢᠯᠭᠡᠪᠡ᠃  ᠰᠡᠬᠦᠯᠡᠷ ᠨᠢ ᠹᠧᠩ ᠽᠢ ᠴᠧᠨ ᠤ  ᠤᠷᠪᠠᠯᠭᠠᠨ ᠳᠤ ᠵᠡᠪᠰᠡᠭ ᠢᠶᠠᠨ ᠬᠤᠷᠢᠶᠠᠭᠳᠠᠪᠠ᠃      ⑾ ︽ ᠲᠠᠷᠠᠭ᠎ᠠ ᠡᠳᠤᠷ ᠤᠨ ᠬᠤᠶᠠᠷ ᠴᠠᠭ ᠲᠤ ᠮᠠ ᠲᠦᠴᠢᠤᠸᠠᠨ ᠳᠤ ᠤᠷᠤᠪᠠ︾  ᠭᠡᠳᠡᠭ ᠨᠢ᠂  ᠹᠧᠩ ᠽᠢ ᠴᠧᠨ ᠤᠷᠪᠠᠯᠭ᠎ᠠ ᠭᠠᠷᠭᠠᠭᠰᠠᠨ ᠤ ᠰᠡᠬᠦᠯᠡᠷ᠂  ᠬᠤᠶᠠᠳᠤᠭᠠᠷ ᠡᠳᠤᠷ ᠨᠢ ᠭᠤᠸᠠᠩ ᠹᠦ᠋ ᠵᠢᠶᠦ᠋ᠨ ᠴᠡᠷᠢᠭ ᠤᠨ ᠮᠠ ᠰᠧᠯᠢᠩ ︵ ᠮᠠ ᠶᠦᠨ ᠱᠠᠨ ᠮᠦᠨ︶ ᠢ ᠲᠦᠴᠢᠤᠸᠠᠨ ᠳᠤ ᠰᠦᠯᠪᠡᠭᠡᠯᠳᠤᠨ ᠤᠷᠤᠭᠤᠯᠤᠭᠰᠠᠨ ᠢ ᠬᠡᠯᠡᠪᠡ᠃       ⑿ ︽ ᠹᠧᠩ ᠬᠤᠷᠢᠶᠠᠨ ᠲᠠᠷᠤᠭ᠎ᠠ ᠪᠠᠷ ᠲᠤᠮᠢᠯᠠᠵᠤ︾ ᠭᠡᠳᠡᠭ ᠨᠢ᠂  ᠮᠠ ᠰᠧᠯᠢᠩ ᠲᠦᠴᠢᠤᠸᠠᠨ ᠳᠤ ᠤᠷᠤᠭᠰᠠᠨ ᠤ ᠰᠡᠬᠦᠯᠡᠷ ᠹᠧᠩ ᠽᠢ ᠴᠧᠨ ᠢ ᠬᠤᠶᠠᠳᠤᠭᠠᠷ ᠬᠤᠷᠢᠶᠠᠨ ᠤ ᠲᠠᠷᠤᠭ᠎ᠠ ᠪᠠᠷ ᠲᠤᠮᠢᠯᠠᠭᠰᠠᠨ ᠢ ᠬᠡᠯᠡᠵᠠᠢ᠃       ⒀ ︽ ᠠᠰᠬᠠᠨ ᠲᠦᠴᠢᠤᠸᠠᠨ ᠢ ᠴᠢᠯᠦᠭᠡᠯᠡᠵᠤ︾ ᠭᠡᠳᠡᠭ ᠨᠢ᠂  ᠵᠡᠭᠦᠨ ᠮᠤᠩᠭᠤᠯ ᠤᠨ ᠦᠪᠡᠷᠳᠡᠭᠡᠨ ᠵᠠᠰᠠᠬᠤ ᠴᠡᠷᠢᠭ ᠤᠨ ᠠᠰᠬᠠᠨ ᠨᠦᠬᠦᠷ ᠢ ᠬᠡᠯᠡᠵᠤ ᠪᠠᠶᠢᠨ᠎ᠠ᠃  ᠲᠡᠷᠡ ᠴᠡᠷᠢᠭ ᠲᠠᠶᠢᠴᠢᠯᠡᠨ ᠲᠦᠴᠢᠤᠸᠠᠨ ᠢ ᠴᠢᠯᠦᠭᠡᠯᠡᠵᠤ᠂  ᠬᠤ᠋ ᠪᠢᠩ ᠴᠢᠤᠸᠠᠨ ᠨᠦᠬᠦᠷ ᠢ ᠠᠪᠤᠷᠠᠭᠰᠠᠨ ᠶᠤᠮ᠃       ⒁ ︽ ᠪᠢ ᠮᠧ ᠨᠢ ᠲᠠᠢ ᠪᠠᠶᠢᠴᠧᠩᠽᠢ ᠳᠤ ᠲᠤᠰᠠᠯᠠᠬᠤ ᠪᠠᠷ ᠤᠴᠢᠭᠠᠳ︾  ᠭᠡᠳᠡᠭ ᠨᠢ᠂  ᠬᠤ᠋ ᠪᠢᠩ ᠴᠢᠤᠸᠠᠨ ᠨᠦᠬᠦᠷ ᠪᠤᠯᠤᠨ ᠮᠡᠳᠡᠯᠳᠤ ︵ ᠬᠤᠵᠢᠮ ᠤᠨ ᠵᠡᠬᠦᠨ ᠮᠤᠩᠭᠤᠯ ᠤᠨ ᠮᠤᠷᠢᠳᠤ ᠴᠡᠷᠢᠭ ᠤᠨ ᠨᠢᠭᠡᠳᠤᠭᠡᠷ ᠳ᠋ᠢᠸᠢᠽᠢ  ᠶᠢᠨ ᠲᠠᠷᠤᠭ᠎ᠠ︶  ᠴᠤᠭ ᠲᠠᠭᠠᠨ ᠪᠠᠶᠢᠴᠧᠩᠽᠢ ᠳᠤ ᠬᠦᠷᠴᠤ ᠰᠢᠶᠠ ᠱᠠᠩ ᡁᠢ ᠨᠦᠬᠦᠷ ᠤᠨ ᠤᠲᠷᠢᠶᠠᠳ᠋ ᠢ ᠲᠡᠮᠵᠢᠭᠰᠡᠨ ᠢ ᠬᠡᠯᠡᠪᠡ᠃       ⒂ ︽ ᠪᠢ ᠬᠤᠸᠠᠩ ᠲᠠᠢ ᠬᠠᠮᠳᠤ ᠵᠡᠭᠦᠨ ᠮᠤᠩᠭᠤᠯ ᠤᠨ ᠲᠦᠯᠦᠭᠡᠯᠡᠭᠴᠢ ᠶᠢᠨ ᠬᠤᠷᠠᠯ ᠳᠤ ᠤᠷᠤᠯᠴᠠᠪᠠ︾  ᠭᠡᠳᠡᠭ ᠤᠨ  ︽ ᠬᠤᠸᠠᠩ︾  ᠪᠤᠯ ᠬᠤᠸᠠᠩ ᠸᠧᠨ ᠹᠸᠢ ᠨᠦᠬᠦᠷ ᠮᠦᠨ᠃  ᠲᠡᠳᠡ ᠴᠤᠭ ᠲᠠᠭᠠᠨ ᠭᠡᠭᠡᠨ ᠰᠦᠮ᠎ᠡ ᠳᠤ ᠬᠤᠷᠠᠯᠳᠤᠭᠤᠯᠤᠭᠰᠠᠨ ᠵᠡᠭᠦᠨ ᠮᠤᠩᠭᠤᠯ ᠤᠨ ᠲᠦᠯᠦᠭᠡᠯᠡᠭᠴᠢ ᠶᠢᠨ ᠬᠤᠷᠠᠯ ᠳᠤ ᠤᠷᠤᠯᠴᠠᠪᠠ᠃  
 
ᠢᠷᠡᠯᠲᠡ᠄ ᠬᠢᠩᠭᠠᠨ ᠤ ᠬᠤᠪᠢᠰᠬᠠᠯᠳᠤ ᠲᠡᠤᠭᠡᠨ ᠶᠠᠷᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号