| ᠭᠤᠷᠪᠠ ᠰᠦᠮ᠎ᠡ ᠬᠡᠶᠢᠳ | ︵ᠨᠢᠭᠡ︶ ᠨᠤᠶᠠᠨ ᠬᠤᠳᠤᠭᠳᠤ ᠭᠡᠭᠡᠨ ᠰᠦᠮ᠎ᠡ | ᠬᠢᠩᠭᠠᠨ ᠠᠶᠢᠮᠠᠭ ᠤᠨ ᠲᠦᠪ ᠤᠯᠠᠭᠠᠨᠬᠤᠳᠠ ᠠᠴᠠ ᠵᠡᠬᠦᠨ ᠡᠮᠤᠨᠡᠰᠢ 35 ᠺᠢᠯᠤᠮᠧᠲᠷ᠂ ᠭᠡᠭᠡᠨᠰᠦ᠋ᠮ᠎ᠠ ᠭᠠᠯᠳᠤ | ᠲᠡᠷᠭᠡᠨ ᠦᠷᠳᠡᠭᠡ ᠠᠴᠠ ᠬᠤᠶᠢᠰᠢ 1.5 ᠺᠢᠯᠤᠮᠧᠲᠷ ᠵᠠᠶᠢᠳᠠᠢ ᠸᠠᠩᠴᠢᠭᠵᠠᠯᠪᠤ ᠠᠭᠤᠯᠠ ᠶᠢᠨ ᠡᠩᠭᠡᠷ ᠲᠤ ᠪᠠᠶᠢᠷᠢᠯᠠᠵᠤ ᠪᠤᠢ᠃ | ᠤᠤᠯ ᠤᠨ ᠵᠢᠷᠢᠮ ᠤᠨ ᠴᠢᠭᠤᠯᠭᠠᠨ ᠤ ᠨᠤᠨ ᠠᠷᠪᠠᠨ ᠬᠤᠰᠢᠭᠤᠨ ᠤ ᠮᠤᠩᠭᠤᠯᠴᠤᠳ ᠤᠨ ᠬᠠᠮᠳᠤ ᠪᠠᠷ ᠲᠡᠳᠬᠦᠨ | ᠪᠠᠶᠢᠭᠤᠯᠵᠤ᠂ ᠡᠷᠬᠦᠵᠤ ᠰᠢᠳᠤᠳᠡᠭ ᠬᠤᠷᠴᠢᠨ ᠤ ᠨᠤᠨ ᠬᠤᠳᠤᠭᠳᠤ ᠭᠡᠭᠡᠨ ᠤ ᠰᠦᠮ᠎ᠡ ᠪᠤᠯᠤᠨ᠎ᠠ᠃ ᠲᠡᠭᠦᠨ ᠤ ᠤᠤᠯ | ᠰᠦᠮ᠎ᠡ ᠨᠢ ᠬᠤᠷᠴᠢᠨ ᠪᠠᠷᠠᠭᠤᠨ ᠭᠠᠷᠤᠨ ᠡᠮᠤᠨᠡᠳᠤ ᠬᠤᠰᠢᠭᠤ ᠶᠢᠨ ᠴᠠᠭᠠᠨ ᠯᠢᠩᠬᠤᠸᠠᠳᠤ ᠶᠢᠨ ᠬᠡᠶᠢᠳ ︵ ᠪᠠᠰᠠ | ᠬᠤᠰᠢᠭᠤ ᠬᠡᠶᠢᠳ︶ ᠭᠡᠵᠤ᠂ ᠤᠳᠤᠬᠢ ᠬᠢᠷᠢᠨ ᠮᠤᠵᠢ ᠶᠢᠨ ᠲᠤᠤᠨᠠᠨ ᠬᠤᠳᠠ ᠶᠢᠨ ᠳ᠋ᠧ ᠱᠦᠨ ︵ ᠲᠡᠷᠡᠰᠤᠨ︶ | ᠮᠤᠩᠭᠤᠯ ᠦᠨᠳᠤᠰᠤᠳᠡᠨ ᠤ ᠰᠢᠶᠠᠩ ᠤᠨ ᠱᠤᠸᠠᠩ ᠲᠠ ᠲᠤᠰᠬᠤᠨ ᠳᠤ ᠪᠠᠶᠢᠵᠤ᠂ ᠲᠡᠭᠷᠢ ᠲᠡᠳᠭᠦᠭᠴᠢ ᠬᠠᠭᠠᠨ ᠠᠴᠠ ︽ | ᠰᠠᠮᠠᠳᠠᠢ ᠲᠤᠭᠤᠯᠤᠭᠴᠢ ᠭᠡᠶᠢᠳ︾ ᠭᠡᠳᠡᠭ ᠢᠯᠡᠷᠬᠡᠶᠢᠯᠡᠯ ᠬᠠᠶᠢᠷᠠᠯᠠᠵᠠᠢ᠃ ᠨᠠᠶᠢᠷᠠᠯᠳᠤ ᠲᠦᠪ ᠤᠨ ᠭᠤᠷᠪᠠᠳᠤᠭᠠᠷ ᠤᠨ | ᠳᠤ ᠤᠳᠤᠬᠢ ᠰᠠᠭᠤᠷᠢᠨ᠎ᠠ ᠰᠢᠯᠵᠢᠬᠦᠯᠤᠨ ᠪᠠᠶᠢᠭᠤᠯᠵᠤ᠂ ᠰᠢᠨ᠎ᠠ ᠲᠤᠮᠳᠠᠳᠤ ᠤᠯᠤᠰ ᠪᠠᠶᠢᠭᠤᠯᠤᠭᠳᠠᠬᠤ ᠠᠴᠠ ᠡᠮᠤᠨ᠎ᠡ | ᠪᠤᠯᠳᠠᠯ᠎ᠠ ᠪᠠᠳᠠᠷᠠᠯ ᠤᠨ ᠦᠶ᠎ᠡ ᠳᠡᠭᠡᠨ 1200 ᠢᠯᠡᠬᠦᠤ ᠯᠠᠮᠠ ᠪᠠᠶᠢᠪᠠ᠃ 1966 ᠤᠨ ᠳᠤ ᠪᠦᠬᠦᠨ ᠢᠶᠠᠷ ᠢᠶᠠᠨ | ᠡᠪᠳᠡᠭᠳᠡᠵᠤ᠂ 1988 ᠤᠨ ᠠᠴᠠ ᠲᠠᠬᠢᠨ ᠰᠡᠷᠭᠦᠭᠡᠨ ᠪᠠᠶᠢᠭᠤᠯᠤᠭᠳᠠᠭᠰᠠᠨ ᠠᠴᠠ ᠨᠢᠭᠡᠨᠳᠡ ᠦᠪᠤᠷ ᠮᠤᠩᠭᠤᠯ ᠤᠨ ᠵᠡᠭᠦᠨ | ᠤᠷᠤᠨ ᠤ ᠤᠷᠳᠤ ᠤᠳᠠᠭᠠᠨ ᠲᠡᠤᠭᠡ ᠲᠠᠢ᠂ ᠲᠦᠪᠡᠳ ᠪᠤᠯᠤᠨ ᠬᠢᠳᠠᠳ ᠮᠠᠶ᠋ᠢᠭ ᠤᠨ ᠪᠠᠷᠢᠯᠭ᠎ᠠ ᠶᠢᠨ ᠬᠡᠪ ᠨᠠᠮᠪᠠ ᠶᠢ ᠭᠦᠨ | ᠬᠠᠳᠠᠭᠠᠯᠠᠭᠰᠠᠨ ᠰᠦᠷᠯᠢᠭ ᠤᠯᠠᠨ ᠪᠠᠷᠢᠯᠭ᠎ᠠ ᠲᠠᠢ ᠰᠦᠮ᠎ᠡ ᠪᠤᠯᠵᠠᠢ᠃ | ᠭᠡᠭᠡᠨ ᠰᠦᠮ᠎ᠡ ᠶᠢ ᠪᠠᠰᠠ ᠵᠠᠰᠠᠭᠳᠤ ᠶᠢᠨ ᠲᠡᠤᠯᠠᠶᠢᠳᠤ ᠶᠢᠨ ᠭᠡᠭᠡᠨ ᠰᠦᠮ᠎ᠡ ᠭᠡᠳᠡᠭ᠃ ᠤᠤᠯ ᠤᠨ ᠭᠡᠭᠡᠨ ᠰᠦᠮ᠎ᠡ | ᠴᠠᠭᠠᠨ ᠯᠢᠩᠬᠤᠸᠠᠳᠤ ᠶᠢᠨ ᠲᠠᠯ᠎ᠠ ᠳᠤ ᠪᠠᠶᠢᠷᠢᠰᠢᠵᠤ᠂ ᠵᠢᠯ ᠪᠦᠷᠢ ᠲᠤᠭᠤᠷ ᠤᠨ ᠭᠤᠤᠯ ᠤᠨ ᠦᠶᠡᠷ ᠤᠰᠤᠨ ᠳᠤ | ᠠᠪᠳᠠᠭᠠᠳ ᠪᠠᠶᠢᠳᠠᠭ ᠲᠤᠯᠠ ᠬᠤᠶᠠᠳᠤᠭᠠᠷ ᠲᠦᠷᠢ ᠶᠢᠨ ᠭᠡᠭᠡᠨ ᠠᠴᠠ ᠰᠦᠮ᠎ᠡ ᠶᠢ ᠨᠡᠬᠦᠯᠭᠡᠬᠦ ᠪᠠᠷ ᠲᠤᠭᠳᠠᠪᠠ᠃ ᠨᠢᠭᠡᠨ | ᠡᠳᠤᠷ ᠬᠤᠶᠠᠳᠤᠭᠠᠷ ᠲᠦᠷᠢ ᠶᠢᠨ ᠭᠡᠭᠡᠨ ᠵᠠᠰᠠᠭᠳᠤ ᠸᠠᠩ ᠤᠨ ᠬᠠᠮᠳᠤ ᠱᠠᠪᠢ ᠨᠠᠷ ᠢᠶᠠᠨ ᠲᠠᠭᠠᠭᠤᠯᠤᠨ ᠤᠮᠠᠷᠠᠰᠢ ᠭᠠᠷᠴᠤ | ᠭᠠᠵᠠᠷ ᠰᠤᠩᠭᠤᠬᠤ ᠪᠠᠷ ᠶᠠᠪᠤᠭᠰᠠᠨ ᠭᠡᠨ᠎ᠡ᠃ ᠭᠡᠭᠡᠨ ᠶᠠᠪᠤᠨ ᠶᠠᠪᠤᠭᠰᠠᠭᠠᠷ ᠨᠢᠭᠡᠨ ᠬᠦᠭᠡᠷᠡᠨ ᠬᠠᠷᠠᠭᠳᠠᠬᠤ ᠠᠭᠤᠯᠠᠨ | ᠲᠡᠪᠰᠡᠭ ᠲᠤ ᠬᠦᠷᠤᠭᠡᠳ ᠤᠴᠢᠬᠤᠯᠠᠷ ᠪᠤᠳᠠ ᠪᠤᠳᠠ ᠴᠠᠬᠢᠷᠮ᠎ᠠ ᠴᠡᠴᠡᠭ ᠲᠠᠯ᠎ᠠ ᠶᠢ ᠪᠦᠷᠬᠦᠨ ᠭᠠᠩᠬᠤᠨ ᠲᠡᠯᠭᠡᠷᠡᠭᠰᠡᠨ | ᠭᠠᠵᠠᠷ ᠪᠠᠶᠢᠯ᠎ᠠ᠃ ᠭᠡᠨᠡᠳᠳᠡ ᠲᠡᠷᠳᠡᠭᠡᠭᠢ ᠴᠠᠬᠢᠯᠳᠠᠭ ᠤᠨ ᠪᠤᠳᠠᠨ ᠠᠴᠠ ᠨᠢᠭᠡ ᠴᠠᠭᠠᠨ ᠲᠡᠤᠯᠠᠢ ᠦᠰᠤᠷᠤᠨ ᠪᠤᠰᠪᠠ᠃ | ᠵᠠᠰᠠᠭᠳᠤ ᠸᠠᠩ ᠤᠨ ᠨᠢᠭᠡ ᠲᠠᠭᠠᠭᠰᠠᠳ ᠨᠤᠮᠤ ᠰᠤᠮᠤ ᠪᠠᠨ ᠠᠪᠤᠨ ᠬᠠᠷᠪᠤᠭᠰᠠᠨ ᠳᠤ᠂ ᠲᠡᠷᠡ ᠲᠡᠤᠯᠠᠢ ᠬᠠᠷᠢᠨ ᠵᠡᠪᠠ ᠶᠢ | ᠵᠠᠭᠤᠭᠠᠳ ᠪᠠᠷᠠᠭᠤᠨ ᠡᠮᠤᠨᠡᠰᠢ ᠭᠦᠶᠦᠭᠰᠡᠭᠡᠷ ᠤᠳᠤ ᠶᠢᠨ ᠰᠦᠮ᠎ᠡ ᠶᠢᠨ ᠰᠠᠭᠤᠷᠢᠨ ᠳᠤ ᠬᠦᠷᠦᠮᠡᠭᠴᠡ ᠪᠠᠷ᠎ᠠ ᠠᠯᠠᠭ᠎ᠠ | ᠪᠤᠯᠤᠭᠰᠠᠨ ᠭᠡᠨ᠎ᠡ᠃ ᠨᠡᠭᠡᠵᠤ ᠤᠴᠢᠭᠰᠠᠨ ᠬᠦᠮᠤᠰ ᠦᠵᠡᠵᠤ ᠪᠠᠶᠢᠭᠠᠳ ᠲᠠᠤᠯᠠᠢ ᠶᠢ ᠠᠯᠳᠠᠨ ᠶᠠᠪᠤᠭᠤᠯᠤᠭᠠᠳ ᠡᠷᠢᠵᠤ | ᠤᠯᠬᠤ ᠪᠠᠨ ᠪᠤᠯᠢᠵᠤ ᠪᠡᠶ᠎ᠡ ᠡᠷᠬᠢᠨ ᠪᠤᠴᠠᠬᠤ ᠭᠡᠳᠡᠯ᠎ᠡ ᠡᠮᠤᠨ᠎ᠡ ᠲᠠᠯ᠎ᠠ ᠶᠢᠨ ᠲᠡᠪᠰᠡᠭ ᠲᠡᠭᠡᠷ᠎ᠡ ᠲᠡᠷᠡ ᠵᠠᠪᠠ ᠨᠢ ᠬᠠᠷᠢᠨ | ᠭᠠᠵᠠᠷ ᠬᠠᠳᠬᠤᠨ ᠪᠠᠶᠢᠬᠤ ᠶᠢ ᠤᠯᠵᠤ ᠦᠵᠡᠵᠠᠢ᠃ ᠡᠨᠡ ᠬᠦ ᠬᠠᠴᠢᠨ ᠪᠠᠶᠢᠳᠠᠯ ᠢ ᠦᠵᠡᠭᠡᠳ ᠭᠡᠭᠡᠨ ᠲᠦᠷᠤᠬᠦᠯᠡᠨ | ᠤᠯᠠᠨ ᠱᠠᠪᠢ ᠨᠠᠷ ᠲᠠᠢ ᠪᠠᠨ ᠶᠡᠭᠡ ᠯᠡ ᠭᠠᠶᠢᠬᠠᠪᠠ᠃ ᠭᠡᠭᠡᠨ ᠨᠢᠳᠤ ᠡᠷᠬᠦᠨ ᠪᠠᠷᠠᠯᠠᠬᠤᠶ᠎ᠠ᠂ ᠬᠤᠶᠢᠳᠤ ᠲᠠᠯ᠎ᠠ ᠳᠤᠨᠢ ᠶᠠᠭ | ᠠᠯᠠᠭᠠᠨ ᠲᠤᠤᠷ᠎ᠠ ᠪᠠᠨ ᠪᠦᠮᠪᠦᠭᠡ ᠲᠠᠷᠤᠨ ᠬᠡᠪᠳᠡᠵᠤ ᠪᠠᠶᠢᠭ᠎ᠠ ᠠᠷᠰᠯᠠᠨ ᠮᠡᠳᠤ ᠬᠦᠭᠡᠮᠳᠦᠭ ᠠᠭᠤᠯᠠ ᠰᠡᠭᠦᠶᠢᠨ᠂ ᠪᠠᠷᠠᠭᠤᠨ | ᠲᠠᠯ᠎ᠠ ᠳᠤᠨᠢ ᠬᠤᠤᠰ ᠯᠤᠤ ᠤᠷᠢᠶᠠᠯᠳᠤᠨ ᠮᠠᠭᠰᠢᠵᠤ ᠪᠠᠶᠢᠭ᠎ᠠ ᠮᠡᠳᠤ ᠭᠦᠢᠯᠡᠷ ᠭᠤᠤᠯ ᠮᠢᠷᠠᠯᠵᠠᠨ ᠤᠷᠤᠰᠴᠤ᠂ ᠵᠡᠬᠦᠨ ᠲᠠᠯ᠎ᠠ | ᠳᠤᠨᠢ ᠠᠯᠳᠠᠨ ᠭᠠᠷᠤᠳᠢ ᠵᠢᠬᠦᠷ ᠢᠶᠠᠨ ᠲᠡᠯᠭᠡᠮᠡᠷ ᠪᠠᠶᠢᠭ᠎ᠠ ᠮᠡᠳᠤ ᠲᠤᠪᠤ ᠲᠤᠯᠤᠭᠠᠢ ᠰᠦᠮᠪᠤᠷᠯᠡᠭᠡᠳ᠂ ᠡᠮᠤᠨ᠎ᠡ ᠲᠠᠯ᠎ᠠ ᠳᠤᠨᠢ | ᠬᠦᠴᠤᠳᠤ ᠪᠡᠷᠰ ᠪᠠᠮᠪᠡᠷ ᠢᠶᠠᠨ ᠲᠠᠭᠠᠭᠤᠯᠤᠨ ᠴᠤᠪᠤᠵᠤ ᠪᠠᠶᠢᠭ᠎ᠠ ᠮᠡᠳᠤ ᠮᠦᠩᠬᠡᠰᠢ ᠬᠠᠳᠠ ᠬᠦᠭᠡᠷᠡᠨᠡ᠃ ᠭᠡᠭᠡᠨ ᠡᠨᠡ ᠬᠦ | ᠦᠵᠡᠮᠵᠢ ᠪᠦᠷᠢᠳᠦᠭᠰᠡᠨ ᠰᠠᠶᠢᠬᠠᠨ ᠭᠠᠵᠠᠷ ᠢ ᠪᠠᠭ᠋ᠠᠷᠬᠠᠨ᠂ ᠬᠠᠰ ᠲᠠᠤᠯᠠᠢ ᠵᠠᠪᠠ ᠶᠢ ᠬᠠᠳᠬᠤᠭᠰᠠᠨ ᠭᠠᠵᠠᠷ ᠠᠯᠳᠠᠨ | ᠵᠤᠭᠤᠰ ᠪᠤᠯᠠᠭᠤᠯᠵᠤ᠂ ᠡᠨᠡ ᠭᠠᠵᠠᠷ ᠰᠦᠮ᠎ᠡ ᠪᠠᠶᠢᠭᠤᠯᠪᠠᠯ ᠯᠠᠪᠳᠠᠢ ᠱᠠᠰᠢᠨ ᠲᠡᠯᠭᠡᠷᠡᠵᠤ ᠠᠮᠢᠳᠠᠨ ᠵᠢᠷᠭᠤᠭᠠᠨ ᠵᠤᠶᠢᠯ | ᠠᠮᠤᠭᠤᠯᠠᠩ ᠪᠤᠯᠵᠤ ᠲᠡᠶᠢᠯᠤᠨ᠎ᠡ ᠭᠡᠵᠤ ᠰᠦᠮ᠎ᠡ ᠪᠠᠨ ᠡ᠊ᠨᠳᠡ ᠪᠠᠶᠢᠭᠤᠯᠬᠤ ᠪᠠᠷ ᠲᠤᠭᠳᠠᠭᠰᠠᠨ ᠭᠡᠨ᠎ᠡ᠃ | ᠭᠡᠭᠡᠨ ᠰᠦᠮ᠎ᠡ ᠨᠢ ᠤᠳᠤ ᠬᠢᠩᠭᠠᠨ ᠠᠶᠢᠮᠠᠭ ᠲᠡᠷᠡᠴᠢᠯᠡᠨ ᠵᠡᠭᠦᠨ ᠮᠤᠩᠭᠤᠯ ᠤᠷᠤᠨ᠂ ᠬᠢᠷᠢᠨ᠂ ᠯᠢᠶᠤᠤᠨᠢᠩ᠂ | ᠪᠡᠭᠡᠵᠢᠩ᠂ ᠲᠢᠶᠠᠨᠵᠢᠨ ᠵᠡᠷᠭᠡ ᠮᠤᠵᠢ ᠬᠤᠳᠠ ᠶᠢᠨ ᠮᠦᠷᠬᠦᠯᠴᠢᠳ ᠤᠨ ᠰᠦᠰᠦᠭ ᠪᠢᠰᠢᠷᠡᠯᠳᠤ ᠤᠷᠤᠨ ᠪᠤᠯᠵᠤ᠂ ᠪᠤᠷᠬᠠᠨ | ᠤ ᠱᠠᠰᠢᠨ ᠤ ᠰᠤᠶᠤᠯ ᠪᠠ ᠦᠨᠳᠤᠰᠤᠳᠡᠨ ᠤ ᠰᠤᠶᠤᠯ ᠤᠨ ᠵᠤᠭᠠᠴᠠᠯ ᠤᠨ ᠤᠷᠤᠨ ᠪᠤᠯᠤᠭᠰᠠᠨ ᠪᠠᠶᠢᠨ᠎ᠠ᠃ |