| ᠨᠠᠰᠤᠨ ᠳᠤ ᠬᠦᠷᠦᠭᠰᠡᠳ ᠤᠨ ᠬᠡᠪ ᠤᠨ ᠪᠠᠶ᠎ᠠ ᠶᠢᠨ ᠬᠦᠨᠳᠤ ᠶᠢ ᠲᠡᠯᠡᠬᠡᠢ ᠲᠡᠬᠡᠷ᠎ᠠ ᠬᠡᠷᠡᠭᠯᠡᠵᠤ ᠪᠠᠶᠢᠭ᠎ᠠ ᠪᠠᠶ᠎ᠠ | ᠮᠠᠬᠠᠪᠤᠳ ᠤᠨ ᠢᠯᠡᠳᠬᠡᠭᠴᠢ ︵BMI︶ ᠪᠠᠷ ᠬᠡᠮᠵᠢᠵᠤ ᠪᠤᠯᠤᠨ᠎ᠠ᠃ BMI ᠶᠢᠨ ᠪᠤᠳᠤᠬᠤ ᠠᠷᠭ᠎ᠠ ᠪᠤᠯ ᠪᠠᠶ᠎ᠠ ᠶᠢᠨ | ᠬᠦᠨᠳᠤ ︵ᠺᠢᠯᠦᠭᠷᠡᠮ︶ ᠪᠠᠨ ᠪᠠᠶ᠎ᠠ ᠶᠢᠨ ᠦᠨᠳᠤᠷ ︵ᠮᠧᠲᠷ︶ ᠤᠨ ᠺᠦᠸᠠᠳ᠋ ᠢᠶᠠᠷ ᠬᠤᠪᠢᠶᠠᠨ᠎ᠠ᠃ ᠮᠠᠨ ᠤ | ᠤᠯᠤᠰ ᠤᠨ ᠨᠠᠰᠤᠨ ᠳᠤ ᠬᠦᠷᠦᠭᠰᠡᠳ ᠤᠨ ᠬᠡᠪ ᠤᠨ ᠪᠠᠶ᠎ᠠ ᠶᠢᠨ ᠬᠦᠨᠳᠤ BMI ᠶᠢᠨ ᠬᠡᠪᠴᠢᠶ᠎ᠠ 18.5 — 23. | 9 ᠺᠢᠯᠦᠭᠷᠡᠮ \ ᠺᠦᠸᠠᠳ᠋ ᠮᠧᠲᠷ᠂ BMI ᠨᠢ 24 — 27.9 ᠺᠢᠯᠦᠭᠷᠡᠮ \ ᠺᠦᠸᠠᠳ᠋ ᠮᠧᠲᠷ ᠪᠤᠯᠪᠠᠯ ᠬᠡᠳᠤ | ᠬᠦᠨᠳᠤ ᠪᠤᠯᠵᠤ᠂ 28 ᠺᠢᠯᠦᠭᠷᠡᠮ \ ᠺᠦᠸᠠᠳ᠋ ᠮᠧᠲᠷ ᠲᠠᠢ ᠲᠠᠩᠴᠡᠬᠦᠤ ᠪᠤᠶᠤ ᠶᠡᠭᠡ ᠪᠤᠯᠪᠠᠯ ᠮᠠᠷᠢᠶᠠᠯᠢᠬ ᠲᠤ | ᠳᠤᠭᠠᠴᠢᠭᠳᠠᠨ᠎ᠠ᠃ ᠪᠠᠭᠠᠴᠤᠳ ᠬᠡᠤᠬᠡᠳ ᠤᠨ ᠬᠡᠪ ᠤᠨ ᠪᠠᠶ᠎ᠠ ᠶᠢᠨ ᠬᠦᠨᠳᠤ ᠶᠢᠨ ᠪᠠᠷᠢᠮᠵᠢᠶ᠎ᠠ ᠶᠢ ᠨᠠᠰᠤᠨ ᠳᠤ | ᠬᠦᠷᠦᠭᠰᠡᠳ ᠤᠨ ᠬᠢ ᠪᠠᠷ ᠬᠡᠮᠵᠢᠵᠤ ᠪᠤᠯᠬᠤ ᠦᠬᠡᠢ᠂ ᠲᠠᠳᠡᠨ ᠤ ᠪᠤᠶᠢᠵᠢᠯᠳᠠ ᠶᠢᠨ ᠶᠠᠪᠤᠴᠠ ᠳᠤᠮᠳᠡᠬᠢ ᠪᠠᠶ᠎ᠠ ᠶᠢᠨ | ᠦᠨᠳᠤᠷ ᠪᠤᠯᠤᠨ ᠪᠠᠶ᠎ᠠ ᠶᠢᠨ ᠬᠦᠨᠳᠤ ᠶᠢᠨ ᠬᠤᠪᠢᠷᠠᠯᠳᠠ ᠶᠢᠨ ᠤᠨᠴᠠᠯᠢᠬ ᠢ ᠪᠤᠳᠤᠯᠬᠢᠯᠠᠬᠤ ᠬᠡᠷᠡᠭᠳᠡᠢ᠃ | ᠪᠠᠶ᠎ᠠ ᠶᠢᠨ ᠬᠦᠨᠳᠤ ᠨᠢ ᠬᠡᠪ ᠤᠨ ᠬᠡᠪᠴᠢᠶᠠᠨ ᠳᠤᠳᠤᠷ᠎ᠠ ᠪᠠᠶᠢᠬᠤ ᠬᠦᠮᠤᠨ ᠤ ᠡᠪᠡᠳᠴᠢᠨ ᠤᠯᠬᠤ | ᠨᠤᠷᠮ᠎ᠠ ᠨᠢ ᠡᠴᠡᠩᠬᠡᠢ ᠪᠤᠶᠤ ᠬᠡᠳᠤ ᠬᠦᠨᠳᠤ᠂ ᠲᠠᠷᠭᠤᠨ ᠬᠦᠮᠤᠨ ᠠᠴᠠ ᠳᠤᠤᠷ᠎ᠠ ᠪᠠᠶᠢᠳᠠᠭ᠃ ᠪᠠᠶ᠎ᠠ ᠶᠢᠨ ᠬᠦᠨᠳᠤ ᠨᠢ | ᠬᠡᠳᠤᠷᠬᠡᠢ ᠬᠦᠩᠬᠡᠨ ᠪᠤᠶᠤ ᠬᠡᠳᠤ ᠬᠦᠨᠳᠤ ᠨᠢ ᠪᠦᠷ ᠡᠷᠡᠬᠦᠯ ᠮᠠᠨᠳᠤ ᠳᠤ ᠠᠰᠢᠬ ᠦᠬᠡᠢ᠃ ᠪᠠᠶ᠎ᠠ ᠶᠢᠨ ᠬᠦᠨᠳᠤ | ᠬᠡᠳᠤᠷᠬᠡᠢ ᠬᠦᠩᠬᠡᠨ ᠨᠢ ᠰᠢᠮ᠎ᠠ ᠲᠡᠵᠢᠬᠡᠯ ᠳᠤᠳᠠᠭᠳᠠᠵᠤ ᠪᠠᠶᠢᠬᠤ ᠶᠢ ᠢᠯᠡᠷᠡᠬᠦᠯᠵᠤ᠂ ᠪᠠᠭᠠᠴᠤᠳ ᠬᠡᠤᠬᠡᠳ ᠤᠨ ᠪᠠᠶ᠎ᠠ | ᠮᠠᠬᠠᠪᠤᠳ ᠪᠠ ᠤᠶᠤᠨ ᠤ ᠬᠦᠭᠵᠢᠯᠳᠠ ᠶᠢ ᠨᠦᠯᠦᠬᠡᠯᠡᠳᠡᠭ᠃ ᠨᠠᠰᠤᠨ ᠳᠤ ᠬᠦᠷᠦᠭᠰᠡᠳ ᠤᠨ ᠪᠠᠶ᠎ᠠ ᠶᠢᠨ ᠬᠦᠠᠳᠤ | ᠬᠡᠳᠤᠷᠬᠡᠢ ᠬᠦᠩᠬᠡᠨ ᠪᠤᠯᠪᠠᠯ ᠬᠦᠳᠡᠯᠮᠤᠷᠢ ᠶᠢᠨ ᠴᠢᠳᠠᠪᠤᠷᠢ ᠳᠤᠷᠤᠭᠰᠢᠯᠠᠬᠤ᠂ ᠶᠠᠰᠤᠨ ᠤ ᠬᠡᠮᠵᠢᠶ᠎ᠠ ᠠᠯᠳᠠᠭᠳᠠᠬᠤ᠂ | ᠶᠠᠰᠤ ᠪᠡᠷᠳᠡᠬᠦ᠂ ᠬᠤᠳᠤᠭᠤᠳᠤ ᠬᠡᠳᠡᠰᠤᠨ ᠤ ᠠᠵᠢᠯᠯᠠᠭ᠎ᠠ ᠰᠠᠮᠠᠭᠤᠷᠠᠬᠤ᠂ ᠡᠬᠡᠯᠢᠯᠡᠭᠡ ᠶᠢᠨ ᠴᠢᠳᠠᠯ ᠳᠤᠷᠤᠭᠰᠢᠯᠠᠬᠤ᠂ | ᠴᠢᠰᠤ ᠳᠤᠳᠠᠬᠤ᠂ ᠭᠠᠩᠰᠠᠷᠠᠬᠤ ᠬᠡᠮ ᠲᠠᠢ ᠪᠤᠯᠬᠤ ᠵᠡᠷᠬᠡ ᠤᠯᠠᠨ ᠲᠠᠯ᠎ᠠ ᠶᠢᠨ ᠡᠪᠡᠳᠴᠢᠨ ᠤ ᠢᠯᠡᠷᠡᠯ ᠭᠠᠷᠤᠨ᠎ᠠ᠃ | ᠬᠡᠳᠤ ᠬᠦᠨᠳᠤ ᠪᠠ ᠮᠠᠷᠢᠶ᠎ᠠ ᠲᠠᠢ ᠪᠤᠯᠬᠤ ᠨᠢ ᠵᠢᠷᠤᠬᠡ ᠲᠡᠷᠢᠬᠢᠨ ᠤ ᠴᠢᠰᠤᠨ ᠰᠤᠳᠠᠯ ᠤᠨ ᠡᠪᠡᠳᠴᠢᠨ᠂ ᠰᠢᠬᠢᠷ | ᠰᠢᠵᠢᠩ ᠡᠪᠡᠳᠴᠢᠨ ᠤ ᠡᠬᠦᠰᠬᠦ ᠨᠤᠷᠮ᠎ᠠ ᠶᠢ ᠢᠯᠡᠳᠳᠠ ᠨᠡᠮᠡᠭᠳᠡᠬᠦᠯᠳᠡᠭ᠂ ᠮᠠᠷᠢᠶ᠎ᠠ ᠲᠠᠢ ᠬᠦᠮᠤᠨ ᠪᠠᠰᠠ ᠶᠠᠰᠤᠨ ᠤ | ᠦᠶ᠎ᠠ ᠬᠡᠰᠢᠬᠦᠤ ᠶᠢᠨ ᠡᠪᠡᠳᠴᠢᠨ᠂ ᠦᠬᠡᠬᠦᠯᠡᠭᠰᠡᠡ ᠡᠯᠢᠬᠡ᠂ ᠰᠦᠰᠤ ᠴᠢᠯᠠᠭᠤᠵᠢᠬᠤ ᠡᠪᠡᠳᠴᠢᠨ᠂ ᠳᠤᠯᠠᠢ | ᠡᠪᠡᠳᠴᠢᠨ᠂ ᠪᠦᠭᠯᠡᠷᠠᠯ ᠤᠨ ᠴᠢᠨᠠᠷᠳᠡᠢ ᠤᠨᠳᠠᠯᠭ᠎ᠠ ᠶᠢᠨ ᠠᠮᠢᠰᠬᠤᠭ᠎ᠠ ᠲᠦᠷ ᠵᠤᠭᠰᠤᠬᠤ ᠨᠡᠶᠢᠯᠡᠭ ᠬᠡᠮ᠂ | ᠳᠤᠳᠤᠭᠠᠳᠤ ᠰᠢᠬᠦᠷᠠᠯ ᠰᠠᠮᠠᠭᠤᠷᠠᠬᠤ ᠵᠡᠷᠬᠡ ᠡᠪᠡᠳᠴᠢᠨ ᠢ ᠠᠮᠠᠷᠬᠠᠨ ᠤᠯᠤᠨ᠎ᠠ᠃ | ᠢᠳᠡᠰᠢ ᠶᠢᠨ ᠬᠡᠮᠵᠢᠶ᠎ᠡ ᠪᠡ ᠬᠦᠳᠡᠯᠬᠡᠬᠡᠨ ᠬᠢᠬᠦ ᠪᠤᠯ ᠬᠡᠪ ᠤᠨ ᠪᠠᠶ᠎ᠠ ᠶᠢᠨ ᠬᠦᠨᠳᠤ ᠶᠢ ᠪᠠᠳᠤᠯᠠᠬᠤ ᠬᠤᠶᠠᠷ | ᠭᠤᠤᠯ ᠡᠯᠧᠮᠧᠨ᠋ᠲ ᠮᠦᠨ᠃ ᠢᠳᠡᠰᠢ ᠨᠢ ᠬᠦᠮᠤᠨ ᠤ ᠪᠡᠶ᠎ᠠ ᠳᠤ ᠡᠨᠤᠷᠬᠢ ᠬᠠᠩᠭᠠᠵᠤ᠂ ᠬᠦᠳᠡᠯᠬᠡᠬᠡᠨ ᠬᠢᠬᠦ ᠨᠢ | ᠡᠨᠤᠷᠬᠢ ᠶᠢ ᠬᠤᠷᠤᠭᠳᠠᠭᠤᠯᠤᠨᠠ᠃ ᠬᠡᠷᠪᠡ ᠢᠳᠡᠰᠢ ᠶᠢᠨ ᠬᠡᠮᠵᠢᠶ᠎ᠠ ᠠᠷᠪᠢᠳᠴᠤ ᠬᠦᠳᠡᠯᠬᠡᠬᠡᠨ ᠬᠢᠬᠦ ᠬᠡᠮᠵᠢᠶ᠎ᠠ | ᠬᠦᠢᠴᠡᠳ ᠦᠬᠡᠢ ᠪᠤᠯ ᠦᠯᠡᠳᠡᠭᠳᠡᠯ ᠡᠨᠧᠷᠬᠢ ᠨᠢ ᠬᠦᠮᠤᠨ ᠤ ᠪᠠᠶ᠎ᠠ ᠳᠤᠳᠤᠷ᠎ᠠ ᠦᠬᠡᠬᠦ ᠶᠢᠨ ᠬᠡᠯᠪᠡᠷᠢ ᠪᠠᠷ | ᠬᠠᠳᠠᠭᠠᠯᠠᠭᠳᠠᠨ ᠪᠠᠶ᠎ᠠ ᠶᠢᠨ ᠬᠦᠨᠳᠤ ᠶᠢ ᠨᠡᠮᠡᠭᠳᠡᠬᠦᠯᠵᠤ ᠬᠡᠳᠤ ᠬᠦᠨᠳᠤ ᠪᠤᠶᠤ ᠮᠠᠷᠢᠶ᠎ᠠ ᠲᠠᠢ ᠪᠤᠯᠭᠠᠨ᠎ᠠ᠃ ᠡᠰᠡᠷᠬᠦ ᠪᠠᠷ | ᠬᠡᠷᠪᠡ ᠢᠳᠡᠰᠢ ᠶᠢᠨ ᠬᠡᠮᠵᠢᠶ᠎ᠠ ᠬᠦᠷᠤᠯᠴᠡᠬᠦ ᠦᠬᠡᠢ ᠪᠤᠯ ᠡᠨᠧᠷᠬᠢ ᠬᠦᠢᠴᠡᠳ ᠦᠬᠡᠢ ᠠᠴᠠ ᠪᠤᠯᠵᠤ ᠬᠡᠳᠤᠷᠬᠡᠢ | ᠬᠦᠩᠬᠡᠨ ᠪᠤᠶᠤ ᠡᠴᠡᠩᠬᠡᠢ ᠪᠤᠯᠭᠠᠨ᠎ᠠ᠃ ᠡᠶᠢᠮᠤ ᠠᠴᠠ ᠢᠳᠡᠰᠢ ᠶᠢᠨ ᠬᠡᠮᠵᠢᠶ᠎ᠠ ᠪᠠ ᠬᠦᠳᠡᠯᠬᠡᠬᠡᠨ ᠬᠢᠬᠦ ᠬᠡᠮᠵᠢᠶ᠎ᠠ ᠪᠠᠨ | ᠲᠠᠩᠴᠡᠬᠦᠷᠢᠳᠡᠢ ᠪᠠᠶᠢᠯᠭᠠᠵᠤ ᠤᠯᠠᠨ ᠵᠦᠢᠯ ᠤᠨ ᠢᠳᠡᠬᠡᠨ ᠤ ᠬᠠᠩᠭᠠᠭᠰᠠᠠ ᠡᠨᠤᠷᠬᠢ ᠨᠢ ᠪᠠᠶ᠎ᠠ ᠮᠠᠬᠠᠪᠤᠳ ᠤᠨ | ᠬᠡᠷᠡᠭᠴᠡᠭᠡ ᠶᠢ ᠬᠠᠩᠭᠠᠬᠤ ᠶᠢᠨ ᠬᠠᠮᠳᠤ ᠪᠠᠶ᠎ᠠ ᠳᠤ ᠦᠯᠡᠳᠡᠬᠦ ᠦᠬᠡᠢ ᠪᠠᠶᠢᠬᠤ ᠶᠢ ᠪᠠᠳᠤᠯᠠᠪᠠᠯ ᠵᠤᠬᠢᠨ᠎ᠠ᠃ ᠢᠩᠬᠢᠪᠡᠯ | ᠰᠠᠶ᠋ᠢ ᠪᠠᠶ᠎ᠠ ᠶᠢᠨ ᠬᠦᠨᠳᠤ ᠶᠢ ᠳᠤᠬᠢᠷᠠᠮᠵᠢᠳᠡᠢ ᠬᠡᠪᠴᠢᠶᠠᠨ ᠳᠤᠳᠤᠷ᠎ᠠ ᠬᠢᠵᠠᠭᠠᠷᠯᠠᠵᠤ ᠴᠢᠳᠠᠨ᠎ᠠ᠃ | ᠡᠩ ᠤᠨ ᠪᠠᠶᠢᠳᠠᠯ ᠳᠤ ᠬᠤᠭᠤᠯᠠᠨ ᠤ ᠳᠤᠷᠠᠰᠢᠯ ᠨᠢ ᠢᠳᠡᠰᠢ ᠶᠢᠨ ᠬᠡᠮᠵᠢᠶ᠎ᠠ ᠶᠢ ᠪᠦᠳᠤᠮᠵᠢᠳᠡᠢ | ᠬᠢᠵᠠᠭᠠᠷᠯᠠᠵᠤ ᠬᠡᠪ ᠤᠨ ᠪᠠᠶ᠎ᠠ ᠶᠢᠨ ᠬᠦᠨᠳᠤ ᠶᠢ ᠪᠠᠳᠤᠯᠠᠵᠤ ᠴᠢᠳᠠᠨ᠎ᠠ᠃ ᠵᠠᠷᠢᠮ ᠬᠦᠮᠤᠨ ᠤ ᠬᠤᠭᠤᠯᠠᠨ ᠤ | ᠳᠤᠷᠠᠰᠢᠯ ᠤᠨ ᠳᠤᠬᠢᠷᠠᠭᠤᠯᠤᠯᠳᠠ ᠰᠡᠷᠬᠡᠭ ᠪᠢᠰᠢ ᠪᠠᠶᠢᠵᠤ᠂ ᠬᠤᠭᠤᠯᠠᠨ ᠤ ᠳᠤᠷᠠᠰᠢᠯ ᠢ ᠬᠠᠩᠭᠠᠬᠤ ᠢᠳᠡᠰᠢ ᠶᠢᠨ | ᠬᠡᠮᠵᠢᠶ᠎ᠠ ᠶᠠᠷᠤ ᠳᠡᠭᠡᠨ ᠪᠤᠳᠠᠳᠤ ᠬᠡᠷᠡᠭᠴᠡᠭᠡ ᠠᠴᠠ ᠲᠠᠪᠠᠵᠤ ᠪᠠᠶᠢᠳᠠᠭ᠃ ᠬᠡᠳᠤᠷᠬᠡᠢ ᠠᠷᠪᠢᠨ ᠡᠨᠧᠷᠬᠢ ᠨᠢ ᠪᠠᠶ᠎ᠠ ᠶᠢᠨ | ᠬᠦᠨᠳᠤ ᠶᠢ ᠨᠡᠮᠡᠭᠳᠡᠬᠦᠯᠬᠦ ᠳᠤᠯᠠ ᠴᠠᠭ ᠤᠨ ᠬᠤᠭᠤᠯᠠ ᠪᠠᠨ ᠬᠡᠳᠤᠷᠬᠡᠢ ᠴᠡᠳᠳᠠᠯ᠎ᠠ ᠢᠳᠡᠵᠤ ᠪᠤᠯᠬᠤ ᠦᠬᠡᠢ᠃ ᠡᠳᠤᠷ | ᠪᠦᠷᠢ ᠨᠢᠬᠡ ᠠᠮᠠ ᠢᠯᠡᠬᠦᠤ ᠢᠳᠡᠬᠦ ᠨᠢ ᠴᠠᠭ ᠤᠨ ᠤᠳᠠᠭᠠᠨ ᠳᠤ ᠪᠠᠶ᠎ᠠ ᠶᠢᠨ ᠬᠦᠨᠳᠤ ᠶᠢ ᠨᠡᠮᠡᠭᠳᠡᠬᠦᠯᠤᠨ᠎ᠠ᠃ | ᠡᠶᠢᠮᠤ ᠠᠴᠠ ᠡᠳᠤᠷ ᠳᠤᠳᠤᠮ ᠤᠨ ᠠᠮᠢᠳᠤᠷᠠᠯ ᠳᠤᠮᠳᠠ᠄ ᠨᠢᠬᠡ᠂ ᠴᠠᠭ ᠤᠨ ᠬᠤᠭᠤᠯᠠ ᠶᠢ ᠬᠡᠳᠤᠷᠬᠡᠢ ᠴᠡᠳᠳᠠᠯ᠎ᠠ | ᠢᠳᠡᠵᠤ ᠪᠤᠯᠬᠤ ᠦᠬᠡᠢ︔ ᠬᠤᠶᠠᠷ᠂ ᠬᠤᠭᠤᠯᠠ ᠪᠤᠳᠠᠭᠠᠨ ᠤ ᠠᠷᠢᠯᠭᠠᠭᠴᠢ ᠪᠠᠶᠢᠵᠤ ᠪᠤᠯᠬᠤ ᠦᠬᠡᠢ᠂ ᠵᠠᠷᠢᠮ | ᠬᠦᠮᠤᠨ ᠴᠡᠳᠳᠠᠯ᠎ᠠ ᠢᠳᠡᠭᠰᠡᠡ ᠤ ᠪᠠᠨ ᠲᠠᠷᠠᠭ᠎ᠠ ᠪᠠᠰᠠ ᠵᠠᠷᠢᠮ ᠦᠯᠡᠳᠡᠭᠳᠡᠯ ᠬᠤᠭᠤᠯᠠ ᠶᠢ ᠴᠡᠪᠡᠷᠯᠡᠨ ᠢᠳᠡᠳᠡᠭ᠃ | ᠡᠨᠡ ᠨᠢ ᠡᠳᠤᠷ ᠤᠨ ᠤᠳᠠᠭᠠᠨ ᠳᠠᠭᠠᠨ ᠡᠨᠤᠷᠬᠢ ᠶᠢᠨ ᠤᠷᠤᠭᠤᠯᠤᠯᠳᠠ ᠶᠢ ᠨᠡᠮᠡᠭᠳᠡᠬᠦᠯᠤᠨ᠎ᠠ︔ ᠭᠤᠷᠪᠠ᠂ ᠦᠷᠬᠦᠯᠵᠢ | ᠭᠠᠳᠠᠨ᠎ᠠ ᠬᠤᠭᠤᠯᠠᠯᠠᠪᠠᠯ ᠠᠰᠢᠬ ᠦᠬᠡᠢ︔ ᠲᠦᠷᠪᠡ᠂ ᠰᠤᠯᠠ ᠢᠳᠡᠬᠡᠨ ᠢ ᠤᠯᠠᠨ ᠢᠳᠡᠵᠤ ᠪᠤᠯᠬᠤ ᠦᠬᠡᠢ︔ ᠲᠠᠪᠤ | ᠂ ᠭᠠᠷᠠᠭ ᠲᠤ ᠨᠢᠬᠡ ᠤᠳᠠᠭ᠎ᠠ ᠪᠠᠶ᠎ᠠ ᠶᠢᠨ ᠬᠦᠨᠳᠤ ᠪᠠᠨ ᠬᠡᠮᠵᠢᠨ᠎ᠠ᠃ | ᠪᠠᠶ᠎ᠠ ᠮᠠᠬᠠᠪᠤᠳ ᠤᠨ ᠬᠦᠳᠡᠯᠬᠡᠬᠡᠨ ᠬᠡᠳᠡᠭ ᠪᠤᠯ ᠡᠳᠤᠷ ᠳᠤᠳᠤᠮ ᠤᠨ ᠠᠵᠢᠯ ᠠᠮᠢᠳᠤᠷᠠᠯ᠂ ᠶᠠᠪᠤᠵᠤ | ᠰᠠᠭᠤᠬᠤ ᠪᠤᠯᠤᠨ ᠪᠠᠶ᠎ᠠ ᠶᠢᠨ ᠲᠠᠮᠢᠷ ᠤᠨ ᠪᠤᠯᠪᠠᠰᠤᠷᠠᠯ ᠵᠡᠷᠬᠡ ᠲᠠᠮᠢᠷ ᠪᠠᠷᠠᠬᠤ ᠬᠦᠳᠡᠯᠬᠡᠬᠡᠨ ᠢ ᠬᠡᠯᠡᠨ᠎ᠠ᠃ ᠡᠨᠡ ᠨᠢ | ᠲᠠᠮᠢᠷ ᠢ ᠪᠠᠷᠠᠭᠳᠠᠭᠤᠯᠬᠤ ᠶᠢᠨ ᠬᠠᠮᠳᠤ ᠪᠤᠯᠴᠢᠩ ᠢ ᠠᠪᠴᠢᠭᠤᠯᠵᠤ ᠡᠨᠤᠷᠬᠢ ᠶᠢᠨ ᠬᠤᠷᠤᠭᠳᠠᠯ ᠢ ᠨᠡᠮᠡᠭᠳᠡᠬᠦᠯᠤᠨ᠎ᠠ᠃ | ᠡᠶᠢᠮᠤ ᠠᠴᠠ ᠵᠠᠮ ᠶᠠᠪᠤᠬᠤ᠂ ᠳᠤᠭᠤᠢ ᠤᠨᠤᠬᠤ᠂ ᠪᠦᠮᠪᠦᠭᠡ ᠨᠠᠭᠠᠳᠬᠤ᠂ ᠪᠦᠵᠢᠭᠯᠡᠬᠦ᠂ ᠠᠰᠠᠷ ᠤᠨ ᠱᠠᠳᠤ ᠪᠠᠷ | ᠠᠯᠬᠤᠬᠤ᠂ ᠬᠡᠷ ᠢᠶᠠᠨ ᠴᠡᠪᠡᠷᠯᠡᠬᠦ ᠵᠡᠷᠬᠡ ᠨᠢ ᠪᠦᠷ ᠪᠠᠶ᠎ᠠ ᠮᠠᠬᠠᠪᠤᠳ ᠤᠨ ᠬᠦᠳᠡᠯᠬᠡᠬᠡᠨ ᠤ ᠠᠳᠠᠯᠢ ᠪᠤᠰᠤ ᠬᠡᠯᠪᠡᠷᠢ | ᠶᠤᠮ᠃ ᠦᠷᠬᠦᠯᠵᠢ ᠪᠠᠶ᠎ᠠ ᠮᠠᠬᠠᠪᠤᠳ ᠤᠨ ᠬᠦᠳᠡᠯᠬᠡᠬᠡᠨ ᠬᠢᠬᠦ ᠨᠢ ᠬᠡᠪ ᠤᠨ ᠪᠠᠶ᠎ᠠ ᠶᠢᠨ ᠬᠦᠨᠳᠤ ᠶᠢ ᠪᠠᠳᠤᠯᠠᠬᠤ ᠳᠤ | ᠳᠤᠰᠠᠳᠠᠢ ᠪᠠᠷ ᠪᠠᠷᠠᠬᠤ ᠦᠬᠡᠢ ᠤᠯᠠᠨ ᠵᠦᠢᠯ ᠤᠨ ᠤᠳᠠᠭᠠᠨ ᠴᠢᠨᠠᠷᠳᠡᠢ ᠡᠪᠡᠳᠴᠢᠨ ᠢ ᠤᠯᠬᠤ ᠠᠶᠤᠯ ᠢ ᠪᠠᠭᠠᠰᠬᠠᠨ᠎ᠠ | ᠃ ᠬᠠᠮᠳᠤ ᠳᠤᠨᠢ ᠰᠡᠳᠬᠢᠯ ᠰᠠᠨᠠᠭᠠᠨ ᠤ ᠳᠤᠭᠳᠠᠪᠤᠷᠢᠳᠠᠢ ᠪᠠᠶᠢᠬᠤ ᠶᠢ ᠳᠤᠬᠢᠷᠠᠭᠤᠯᠵᠤ ᠲᠠᠷᠤᠭᠠᠰᠤ ᠶᠢ ᠠᠷᠢᠯᠭᠠᠨ᠂ | ᠵᠤᠪᠠᠨᠢᠬᠤ ᠪᠠ ᠭᠠᠩᠰᠠᠷᠠᠬᠤ ᠬᠡᠮ ᠢ ᠬᠦᠩᠬᠡᠷᠡᠬᠦᠯᠵᠤ᠂ ᠤᠨᠳᠠᠬᠤ ᠶᠢ ᠰᠠᠶᠢᠵᠢᠷᠠᠭᠤᠯᠤᠨ᠎ᠠ᠃ ᠤᠳᠤᠬᠠᠨ ᠳᠤ ᠮᠠᠨ ᠤ | ᠤᠯᠤᠰ ᠤᠨ ᠤᠯᠠᠩᠬᠢ ᠰᠠᠭᠤᠭᠠᠯᠢ ᠠᠷᠠᠳ ᠤᠨ ᠪᠠᠶ᠎ᠠ ᠮᠠᠬᠠᠪᠤᠳ ᠤᠨ ᠬᠦᠳᠡᠯᠬᠡᠬᠡᠨ ᠬᠦᠢᠴᠡᠳ ᠦᠬᠡᠢ ᠪᠤᠶᠤ | ᠲᠠᠮᠢᠷ ᠤᠨ ᠪᠤᠯᠪᠠᠰᠤᠷᠠᠯ ᠢᠶᠠᠷ ᠳᠤᠳᠠᠮᠠᠭ ᠪᠠᠶᠢᠨ᠎ᠠ᠃ ᠤᠳᠠᠭᠠᠨ ᠰᠠᠭᠤᠵᠤ ᠳᠤᠳᠠᠭᠤ ᠬᠦᠳᠡᠯᠬᠦ ᠮᠠᠭᠤ ᠵᠠᠩᠰᠢᠯ ᠢᠶᠠᠨ | ᠬᠠᠶᠠᠵᠤ᠂ ᠡᠳᠤᠷ ᠪᠤᠯᠭᠠᠨ ᠬᠦᠳᠡᠯᠬᠡᠬᠡᠨ ᠬᠢᠬᠦ ᠲᠠᠳᠬᠠᠯ ᠢ ᠪᠤᠢ ᠪᠤᠯᠭᠠᠨ᠂ ᠡᠨᠧᠷᠬᠢ ᠶᠢ ᠬᠤᠷᠤᠭᠳᠠᠭᠤᠯᠬᠤ | ᠬᠦᠳᠡᠯᠬᠡᠬᠡᠨ ᠢ ᠡᠳᠤᠷ ᠪᠦᠷᠢ ᠢᠯᠡᠬᠦᠬᠡᠨ ᠬᠢᠬᠦ ᠶᠢ ᠪᠠᠷᠢᠮᠳᠡᠯᠡᠪᠡᠯ ᠵᠤᠬᠢᠨ᠎ᠠ᠃ | | | | | |