ᠤᠯᠠᠨ ᠤ ᠮᠡᠳᠡᠭᠡᠵᠢ ᠪᠠᠷ᠂ ᠦᠮᠡᠨ ᠪᠤᠯ ᠤᠳᠤᠬᠠᠨ ᠤ ᠬᠦᠮᠦᠨ ᠤ ᠠᠮᠢ ᠨᠠᠰᠤ ᠶᠢ ᠰᠦᠷᠳᠡᠭᠦᠯᠵᠦ ᠪᠠᠶᠢᠭ᠎ᠠ | ᠬᠠᠮᠤᠭ ᠤᠨ ᠠᠶᠤᠯᠳᠠᠢ ᠡᠪᠡᠳᠴᠢᠨ ᠪᠤᠯᠤᠨ᠎ᠠ᠃ ᠭᠡᠬᠦ ᠳᠤ ᠬᠦᠮᠦᠰ ᠶᠠᠭᠠᠬᠢᠵᠤ ᠦᠮᠡᠨ ᠤᠯᠤᠭᠰᠠᠨ ᠢᠶᠠᠨ ᠮᠡᠳᠡᠳᠡᠭ | ᠦᠭᠡᠢ᠂ ᠦᠮᠡᠨ ᠤᠯᠴᠢᠬᠠᠪᠠᠯ ᠦᠭᠦᠬᠦ ᠠᠴᠠ ᠦᠭᠡᠷ᠎ᠡ ᠵᠠᠮ ᠦᠭᠡᠢ ᠭᠡᠵᠦ ᠳᠦᠭᠡᠷᠢᠭᠳᠡᠵᠦ ᠰᠦᠷᠳᠡᠬᠦ ᠬᠡᠮᠵᠢᠶᠡᠨ ᠳᠤ | ᠬᠦᠷᠴᠦ ᠪᠠᠶᠢᠳᠠᠭ᠃ | ᠠᠮᠧᠷᠢᠺᠠ ᠶᠢᠨ ᠦᠮᠡᠨ ᠤ ᠨᠡᠶᠢᠭᠡᠮᠯᠢᠭ ︵ACS︶ ᠤᠨ ᠬᠠᠮᠤᠭ ᠤᠨ ᠰᠢᠨ᠎ᠠ ᠮᠡᠳᠡᠭᠦᠯᠦᠯᠳᠡ ᠳᠤ᠂ | ᠠᠮᠧᠷᠢᠺᠠ ᠶᠢᠨ 42% ᠤᠨ ᠦᠮᠡᠨ ᠡᠪᠡᠳᠴᠢᠨ ᠤ ᠵᠢᠱᠢᠶ᠎ᠠ ᠪᠠ 45% ᠶᠢᠨ ᠦᠮᠡᠨ ᠠᠴᠠ ᠪᠤᠯᠤᠭᠰᠠᠨ ᠦᠭᠦᠯ ᠨᠢ | ᠠᠮᠢᠳᠤᠷᠠᠯ ᠤᠨ ᠬᠡᠯᠪᠡᠷᠢ ᠲᠠᠢ ᠬᠤᠯᠪᠤᠭ᠎ᠠ ᠲᠠᠢ ᠭᠡᠵᠦ ᠵᠢᠭᠠᠵᠤ ᠭᠠᠷᠭᠠᠭᠰᠠᠨ ᠪᠠᠶᠢᠨ᠎ᠠ᠃ 2017 ᠤᠨ ᠤ 7 | ᠰᠠᠷ᠎ᠠ ᠳᠤ ᠨᠡᠶᠢᠳᠡᠯᠡᠭᠰᠡᠨ ᠳᠤᠮᠳᠠᠳᠤ ᠤᠯᠤᠰ ᠤᠨ ᠬᠦᠮᠦᠨ ᠳᠤ ᠬᠠᠨᠳᠤᠭᠤᠯᠤᠭᠰᠠᠨ ᠮᠡᠳᠡᠭᠦᠯᠦᠯᠳᠡ ᠳᠤ᠂ | 47% ᠶᠢᠨ ᠡᠷᠡᠭᠳᠡᠢ ᠪᠠ 28% ᠶᠢᠨ ᠡᠮᠡᠭᠳᠡᠢ ᠦᠮᠡᠨ ᠳᠤ ᠨᠡᠷᠪᠡᠭᠳᠡᠭᠰᠡᠳ ᠤᠨ ᠡᠪᠡᠳᠴᠢᠨ ᠤ ᠵᠢᠱᠢᠶ᠎ᠠ ᠨᠢ | ᠠᠮᠢᠳᠤᠷᠠᠯ ᠤᠨ ᠮᠠᠭᠤ ᠳᠠᠳᠬᠠᠯ ᠲᠠᠢ ᠨᠢ ᠬᠤᠯᠪᠤᠭ᠎ᠠ ᠲᠠᠢ ᠭᠡᠵᠦ ᠵᠢᠭᠠᠵᠤ ᠭᠠᠷᠭᠠᠵᠠᠢ᠃ ᠠᠮᠢᠳᠤᠷᠠᠯ ᠤᠨ | ᠬᠡᠯᠪᠡᠷᠢ ᠠᠴᠠ ᠭᠠᠷᠳᠠᠨ ᠢᠳᠡᠪᠬᠢᠳᠠᠢ ᠰᠡᠷᠭᠡᠶᠢᠯᠡᠬᠦ ᠠᠷᠭ᠎ᠠ ᠬᠡᠮᠵᠢᠶ᠎ᠠ ᠠᠪᠤᠪᠠᠯ ᠦᠮᠡᠨ ᠠᠴᠠ ᠬᠤᠯᠠ ᠪᠠᠶᠢᠬᠤ ᠳᠤ | ᠳᠤᠰᠠ ᠲᠠᠢ ᠭᠡᠵᠦ ᠶᠡᠷᠦᠩᠬᠡᠶᠢᠯᠡᠭᠰᠡᠨ ᠰᠤᠳᠤᠯᠭᠠᠨ ᠤ ᠬᠢᠨ ᠢᠯᠡᠷᠭᠡᠶᠢᠯᠡᠵᠦ ᠪᠠᠶᠢᠨ᠎ᠠ᠃ ᠡᠶᠢᠮᠦ ᠠᠴᠠ ᠡᠷᠡᠭᠦᠯ | ᠰᠠᠷᠠᠭᠤᠯ ᠠᠮᠢᠳᠤᠷᠠᠯ ᠤᠨ ᠳᠠᠳᠬᠠᠯ ᠢ ᠬᠦᠮᠦᠵᠢᠭᠦᠯᠵᠦ᠂ ᠠᠮᠢᠳᠤᠷᠠᠯ ᠤᠨ ᠬᠡᠯᠪᠡᠷᠢ ᠶᠢᠨ ᠬᠤᠪᠢᠷᠠᠯᠳᠠ ᠳᠤ | ᠢᠳᠡᠪᠬᠢᠳᠠᠢ ᠵᠤᠬᠢᠴᠠᠭᠤᠯᠭ᠎ᠠ ᠬᠢᠵᠦ᠂ ᠰᠠᠶᠢᠨ ᠰᠠᠶᠢᠬᠠᠨ ᠠᠮᠢᠳᠤᠷᠠᠯ ᠤᠨ ᠬᠡᠯᠪᠡᠷᠢ᠂ ᠠᠮᠢᠳᠤᠷᠠᠯ ᠤᠨ ᠳᠠᠳᠬᠠᠯ ᠢ | ᠪᠠᠷᠢᠮᠳᠠᠯᠠᠬᠤ ᠨᠢ ᠦᠮᠡᠨ ᠠᠴᠠ ᠬᠤᠯᠠ ᠪᠠᠶᠢᠬᠤ ᠶᠢᠨ ᠦᠨᠳᠦᠰᠦᠨ ᠪᠠᠳᠤᠯᠠᠭ᠎ᠠ ᠬᠡᠯᠳᠡᠢ᠃ 1. ᠨᠠᠷᠠᠨ ᠤ | ᠳᠤᠤᠷ᠎ᠠ᠃ ᠸᠢᠲ᠋ᠠᠮᠢᠨ D ᠭᠦᠭᠦᠨ ᠤ ᠦᠮᠡᠨ᠂ ᠬᠤᠤᠬᠢᠨ ᠪᠤᠰᠤ ᠯᠢᠮᠪᠠ ᠶᠢᠨ ᠦᠮᠡᠨ ᠵᠡᠷᠭᠡ ᠤᠯᠠᠨ ᠵᠦᠢᠯ ᠤᠨ | ᠦᠮᠡᠨ ᠢ ᠰᠡᠷᠭᠡᠶᠢᠯᠡᠬᠦ ᠳᠤ ᠳᠤᠰᠠ ᠲᠠᠢ ᠪᠠᠶᠢᠳᠠᠭ᠃ ᠸᠢᠲ᠋ᠠᠮᠢᠨ D ᠬᠦᠮᠦᠨ ᠤ ᠠᠷᠠᠰᠤᠨ ᠳᠤ ︽ᠢᠴᠡᠭᠡᠯᠡᠨ︾ | ᠨᠢᠭᠤᠬᠳᠠᠵᠤ ᠪᠠᠶᠢᠳᠠᠭ ᠪᠦᠭᠡᠳ ᠬᠠᠩᠭᠠᠯᠳᠠ ᠲᠠᠢ ᠬᠦᠷᠢᠨ ᠤ ᠭᠠᠳᠠᠨᠠᠬᠢ ᠳᠤᠶᠠᠭ᠎ᠠ ᠪᠠᠷ ᠰᠠᠶ᠋ᠢ ᠳᠡᠭᠦᠨ ᠢ ᠰᠤᠴᠢᠭᠠᠨ | ᠰᠡᠷᠢᠭᠡᠵᠦ ᠳᠡᠶᠢᠯᠳᠡᠭ᠃ ᠡᠳᠦᠷ ᠲᠤ 10 — 15 ᠮᠢᠨᠦ᠋ᠲ ᠨᠠᠷᠠᠨ ᠳᠤ ᠰᠢᠷᠠᠪᠠᠯ ᠠᠰᠢᠬ ᠢ ᠨᠢ ᠬᠦᠷᠳᠡᠵᠦ | ᠪᠤᠯᠤᠨ᠎ᠠ᠃ ᠡᠮᠡᠭᠳᠡᠶᠢᠴᠤᠳ ᠬᠡᠳᠦ ᠠᠷᠪᠢᠨ ᠰᠢᠷᠠᠭᠳᠠᠬᠤ ᠠᠴᠠ ᠰᠡᠷᠭᠡᠶᠢᠯᠡᠬᠦ ᠳᠤᠰᠤ ᠳᠦᠷᠭᠢᠵᠦ ᠪᠤᠯᠬᠤ ᠦᠭᠡᠢ᠂ | ᠨᠠᠷᠠᠨ ᠤ ᠭᠡᠷᠡᠯ ᠢ ᠰᠢᠭᠤᠳ ᠬᠦᠯᠢᠶᠡᠵᠦ ᠠᠪᠬᠤ ᠭᠡᠷᠡᠭᠳᠡᠢ᠃ | 2. ᠠᠶᠤᠯ ᠤᠨ 9 ᠵᠢᠩ᠃ ᠠᠮᠧᠷᠢᠺᠠ ᠶᠢᠨ ᠦᠮᠡᠨ ᠤ ᠨᠡᠶᠢᠭᠡᠮᠯᠢᠭ ᠤᠨ ᠬᠢᠨ ᠤ ᠮᠡᠳᠡᠭᠦᠯᠦᠯᠳᠡ ᠳᠤ᠂ | ᠡᠮᠡᠭᠳᠡᠶᠢᠴᠤᠳ ᠤᠨ 20% ᠶᠢᠨ ᠦᠮᠡᠨ ᠢᠶᠠᠷ ᠦᠭᠦᠭᠰᠡᠨ ᠡᠪᠡᠳᠴᠢᠨ ᠤ ᠵᠢᠱᠢᠶ᠎ᠠ ᠨᠢ ᠪᠡᠶ᠎ᠡ ᠶᠢᠨ ᠬᠦᠨᠳᠦ ᠨᠢ | ᠭᠡᠳᠦᠷᠡᠭᠰᠡᠨ ᠪᠤᠶᠤ ᠮᠠᠷᠢᠶᠠᠯᠠᠭᠰᠠᠨ ᠲᠠᠢ ᠬᠤᠯᠪᠤᠭ᠎ᠠ ᠲᠠᠢ᠂ ᠡᠷᠡᠭᠳᠡᠶᠢᠴᠤᠳ ᠤᠨ ᠡᠨᠡᠬᠦ ᠬᠠᠷᠢᠴᠠᠯ ᠨᠢ 14% | ᠬᠦᠷᠴᠦ ᠪᠠᠶᠢᠨ᠎ᠠ ᠭᠡᠵᠡᠢ᠃ ᠬᠡᠳᠦᠷᠡᠭᠰᠡᠨ ᠪᠡᠶ᠎ᠡ ᠶᠢᠨ ᠬᠦᠨᠳᠦ ᠪᠠᠨ ᠪᠠᠭᠤᠷᠠᠭᠤᠯᠪᠠᠯ ᠬᠦᠮᠦᠨ ᠤ ᠪᠡᠶ᠎ᠡ ᠳᠤ ᠡᠭᠦᠰᠬᠦ | ᠡᠮ᠎ᠡ ᠪᠡᠯᠭᠡ ᠶᠢᠨ ᠬᠤᠷᠮᠤᠨ ᠢ ᠪᠠᠭᠠᠰᠬᠠᠵᠤ᠂ ᠬᠦᠬᠦᠨ ᠤ ᠦᠮᠡᠨ᠂ ᠰᠠᠪᠠᠨ ᠤ ᠳᠤᠳᠤᠭᠠᠳᠤ ᠪᠦᠷᠭᠦᠪᠴᠢ ᠶᠢᠨ ᠦᠮᠡᠨ | ᠪᠠ ᠰᠠᠪᠠᠨ ᠤ ᠬᠦᠵᠦᠭᠦᠪᠴᠢ ᠶᠢᠨ ᠦᠮᠡᠨ ᠢ ᠰᠡᠷᠭᠡᠶᠢᠯᠡᠬᠦ ᠦᠢᠯᠡᠳᠦᠯ ᠲᠠᠢ᠃ ᠪᠡᠶ᠎ᠡ ᠶᠢᠨ ᠬᠦᠨᠳᠦ ᠨᠢ | ᠪᠠᠷᠢᠮᠵᠢᠶ᠎ᠠ ᠠᠴᠠ ᠭᠡᠳᠦᠷᠡᠭᠰᠡᠨ ᠦᠭᠡᠢ ᠪᠤᠯᠪᠠᠴᠤ᠂ ᠬᠦᠮᠦᠨ 30 ᠨᠠᠰᠤ ᠭᠠᠷᠤᠭᠠᠳ ᠪᠡᠶ᠎ᠠ ᠶᠢᠨ ᠬᠦᠨᠳᠦ ᠨᠢ 9 ᠵᠢᠩ | ᠨᠡᠮᠡᠭᠳᠡᠭᠰᠡᠨ ᠪᠠᠶᠢᠪᠠᠯ᠂ ᠭᠦᠭᠦᠨ ᠤ ᠦᠮᠡᠨ᠂ ᠨᠦᠢᠷ ᠤᠨ ᠪᠤᠯᠴᠢᠷᠬᠠᠢ ᠶᠢᠨ ᠦᠮᠡᠨ ᠪᠠ ᠰᠠᠪᠠᠨ ᠤ | ᠬᠦᠵᠦᠭᠦᠪᠴᠢ ᠶᠢᠨ ᠦᠮᠡᠨ ᠳᠤ ᠨᠡᠷᠪᠡᠭᠳᠡᠬᠦ ᠠᠶᠤᠯ ᠨᠢ ᠨᠡᠮᠡᠭᠳᠡᠳᠡᠭ᠃ | 3. 30 ᠮᠢᠨᠦ᠋ᠲ ᠤᠨ ᠳᠠᠮᠢᠷ᠃ ᠡᠳᠦᠷ ᠲᠤ 30 ᠮᠢᠨᠦ᠋ᠲ᠂ ᠭᠠᠷᠠᠭ ᠲᠤ 5 ᠤᠳᠠᠭ᠎ᠠ ᠳᠠᠮᠢᠷ ᠤᠨ | ᠬᠦᠳᠡᠯᠭᠡᠭᠡᠨ ᠬᠢᠬᠦ ᠪᠤᠯ ᠦᠮᠡᠨ ᠢ ᠰᠡᠷᠭᠡᠶᠢᠯᠡᠬᠦ ᠬᠠᠮᠤᠭ ᠤᠨ ᠰᠠᠶᠢᠨ ᠠᠷᠭ᠎ᠠ ᠪᠤᠯᠤᠨ᠎ᠠ᠃ ᠶᠠᠮᠠᠷᠪᠠ ᠳᠠᠮᠢᠷ ᠤᠨ | ᠬᠦᠳᠡᠯᠭᠡᠭᠡᠨ ᠨᠢ ᠪᠦᠷ ᠪᠡᠯᠭᠡ ᠶᠢᠨ ᠬᠤᠷᠮᠤᠨ ᠢ ᠳᠡᠩᠴᠡᠭᠦᠷᠢᠰᠢᠭᠦᠯᠬᠦ ᠦᠢᠯᠡᠳᠦᠯ ᠲᠠᠢ ᠪᠠᠶᠢᠵᠤ᠂ ᠡᠮᠡᠭᠳᠡᠶᠢᠴᠤᠳ ᠢ | ᠡᠮ᠎ᠠ ᠪᠡᠯᠭᠡ ᠶᠢᠨ ᠬᠤᠷᠮᠤᠨ ᠤ ᠨᠦᠯᠦᠭᠡᠯᠡᠯ ᠠᠴᠠ ᠪᠤᠯᠬᠤ ᠦᠮᠡᠨ ᠠᠴᠠ ᠬᠤᠯᠠ ᠪᠠᠶᠢᠯᠭᠠᠬᠤ ᠳᠤ ᠳᠤᠰᠠ ᠲᠠᠢ᠃ | ᠵᠢᠱᠢᠶᠡᠯᠡᠪᠡᠯ ᠦᠨᠳᠡᠭᠡᠪᠴᠢ ᠶᠢᠨ ᠦᠮᠡᠨ᠂ ᠰᠠᠪᠠᠨ ᠤ ᠳᠤᠳᠤᠭᠠᠳᠤ ᠪᠦᠷᠭᠦᠪᠴᠢ ᠶᠢᠨ ᠦᠮᠡᠨ ᠪᠠ ᠵᠠᠷᠢᠮ | ᠬᠡᠯᠪᠡᠷᠢ ᠶᠢᠨ ᠭᠦᠭᠦᠨ ᠤ ᠦᠮᠡᠨ ᠢ ᠰᠡᠷᠭᠡᠶᠢᠯᠡᠬᠦ ᠦᠢᠯᠡᠳᠦᠯ ᠦᠵᠡᠭᠦᠯᠳᠡᠭ᠃ ᠺᠠᠨᠠᠳᠠ ᠶᠢᠨ ᠬᠢᠨ ᠤ ᠬᠢᠭᠰᠡᠨ | ᠰᠤᠳᠤᠯᠭᠠᠨ ᠠᠴᠠ ᠦᠵᠡᠪᠡᠯ᠂ ᠳᠠᠮᠢᠷ ᠤᠨ ᠬᠦᠳᠡᠯᠭᠡᠭᠡᠨ ᠬᠢᠬᠦ ᠶᠢ ᠪᠠᠷᠢᠮᠳᠠᠯᠠᠬᠤ ᠨᠢ ᠦᠨᠳᠡᠭᠡᠪᠴᠢ ᠶᠢᠨ ᠦᠮᠡᠨ ᠤ | ᠠᠶᠤᠯ ᠢ 30% ᠪᠠᠷ ᠪᠠᠭᠤᠷᠠᠭᠤᠯᠳᠠᠭ ᠠᠵᠢ᠃ ᠳᠠᠮᠢᠷ ᠤᠨ ᠬᠦᠳᠡᠯᠭᠡᠭᠡᠨ ᠨᠢ ᠪᠠᠰᠠ ᠭᠡᠳᠡᠰᠦᠨ ᠤ ᠬᠦᠷᠪᠡᠯᠵᠡᠬᠦ ᠶᠢ | ᠰᠠᠶᠢᠵᠢᠷᠠᠭᠤᠯᠤᠨ᠂ ᠢᠯᠭᠠᠳᠠᠰᠤ ᠶᠢᠨ ᠭᠠᠳᠠᠭᠰᠢᠯᠠᠭᠤᠯᠤᠯᠳᠠ ᠶᠢ ᠠᠬᠢᠭᠤᠯᠤᠨ᠂ ᠬᠤᠳᠤᠷᠢᠩᠬᠠᠢ ᠭᠡᠳᠡᠰᠦᠨ ᠤ | ᠦᠮᠡᠨ ᠢ ᠰᠡᠷᠭᠡᠶᠢᠯᠡᠬᠦ ᠳᠤ ᠳᠤᠰᠠ ᠲᠠᠢ᠃ | 4. ᠳᠠᠮᠠᠬᠢ ᠳᠠᠳᠠᠬᠤ ᠪᠠᠨ ᠳᠠᠰᠤ ᠵᠤᠬᠰᠤᠨ᠎ᠠ᠃ ᠠᠭᠤᠰᠬᠢᠨ ᠤ ᠦᠮᠡᠨ ᠪᠤᠯ ᠳᠠᠮᠠᠬᠢ ᠳᠠᠳᠠᠬᠤ ᠠᠴᠠ ᠪᠤᠯᠳᠠᠭ | ᠭᠤᠤᠯ ᠠᠶᠤᠯ ᠪᠤᠯᠤᠨ᠎ᠠ᠃ ᠨᠠᠪᠴᠢᠨ ᠳᠠᠮᠠᠬᠢᠨ ᠤ ᠤᠳᠤᠭ᠎ᠠ ᠠᠭᠤᠰᠬᠢᠨ ᠳᠤ ᠬᠦᠷᠳᠡᠯ᠎ᠠ ᠪᠠᠨ ᠦᠩᠭᠡᠷᠡᠨ ᠭᠠᠷᠤᠭᠰᠠᠨ | ᠪᠦᠬᠦ ᠡᠷᠭᠡᠳᠡᠨ᠂ ᠳᠠᠷᠤᠢ ᠠᠮᠠᠨ ᠬᠦᠨᠳᠡᠢ᠂ ᠬᠤᠭᠤᠯᠠᠢ ᠪᠠᠭᠠᠯᠵᠠᠭᠤᠷ᠂ ᠤᠯᠠᠭᠠᠨ ᠬᠤᠭᠤᠯᠠᠢ ᠵᠡᠷᠭᠡ ᠳᠤ ᠪᠦᠷ ᠦᠮᠡᠨ | ᠡᠭᠦᠰᠭᠡᠬᠦ ᠠᠶᠤᠯ ᠲᠠᠢ᠃ ᠳᠠᠮᠠᠬᠢ ᠳᠠᠳᠠᠬᠤ ᠪᠠᠨ ᠵᠤᠬᠰᠤᠭᠰᠠᠨ ᠤ ᠳᠠᠷᠠᠭᠠᠬᠢ 15 ᠵᠢᠯ ᠳᠤ ᠠᠭᠤᠰᠬᠢᠨ ᠤ | ᠦᠮᠡᠨ ᠳᠤ ᠨᠡᠷᠪᠡᠭᠳᠡᠬᠦ ᠠᠶᠤᠯ ᠪᠠᠭᠤᠷᠠᠭᠠᠳ᠂ ᠳᠠᠮᠠᠬᠢ ᠳᠠᠳᠠᠵᠤ ᠡᠬᠢᠯᠡᠬᠦ ᠠᠴᠠ ᠡᠮᠦᠨᠡᠬᠢ ᠳᠦᠪᠰᠢᠨ ᠳᠤ ᠬᠦᠷᠳᠡᠭ᠃ | ᠦᠪᠡᠷ ᠢᠶᠠᠨ ᠳᠠᠮᠠᠬᠢ ᠳᠠᠳᠠᠬᠤ ᠪᠠᠨ ᠵᠤᠬᠰᠤᠬᠤ ᠪᠠᠷ ᠪᠠᠷᠠᠬᠤ ᠦᠭᠡᠢ᠂ ᠬᠠᠵᠠᠭᠤᠳᠠᠬᠢ ᠳᠠᠮᠠᠬᠢ ᠳᠠᠳᠠᠳᠠᠭ ᠬᠦᠮᠦᠰ ᠢ | ᠴᠤ ᠳᠠᠮᠠᠬᠢ ᠳᠠᠳᠠᠬᠤ ᠪᠠᠨ ᠵᠤᠬᠰᠤᠬᠤ ᠵᠠᠮ ᠢᠶᠠᠷ ᠳᠠᠭᠠᠭᠤᠯᠪᠠᠯ ᠵᠤᠬᠢᠨ᠎ᠠ᠃ ᠤᠴᠢᠷ ᠨᠢ ᠳᠠᠮᠠᠬᠢᠨ ᠤ ᠤᠳᠤᠭ᠎ᠠ | ᠠᠭᠤᠰᠬᠢᠨ ᠤ ᠦᠮᠡᠨ ᠢ ᠡᠭᠦᠰᠭᠡᠳᠡᠭ ᠲᠡᠳᠦᠢ ᠦᠭᠡᠢ᠂ ᠰᠠᠪᠠᠨ ᠬᠦᠵᠦᠭᠦᠪᠴᠢ ᠶᠢᠨ ᠦᠮᠡᠨ ᠤ ᠠᠶᠤᠯ ᠢ ᠴᠤ | 40% ᠪᠠᠷ ᠨᠡᠮᠡᠭᠳᠡᠭᠦᠯᠳᠡᠭ᠃ | 5. ᠨᠢᠭᠤᠴᠠ ᠦᠭᠡᠢ ᠨᠠᠶᠢᠵᠠ᠃ ᠠᠷᠠᠰᠤᠨ ᠤ ᠦᠮᠡᠨ᠂ ᠬᠦᠬᠦᠨ ᠤ ᠦᠮᠡᠨ ᠵᠡᠷᠭᠡ ᠦᠮᠡᠨ ᠳᠤ ᠪᠦᠷ | ᠠᠷᠠᠰᠤᠨ ᠤ ᠦᠩᠭᠡᠨ ᠳᠠᠯ᠎ᠠ ᠶᠢᠨ ᠬᠤᠪᠢᠷᠠᠯᠳᠠ ᠢᠯᠡᠷᠡᠳᠡᠭ᠃ ᠬᠠᠷ᠎ᠠ ᠦᠩᠭᠡ ᠶᠢᠨ ᠡᠳ᠋ ᠤᠨ ᠬᠠᠪᠤᠳᠠᠷ ᠢᠶᠠᠷ | ᠵᠢᠱᠢᠶᠡᠯᠡᠪᠡᠯ᠂ ᠡᠮᠡᠭᠳᠡᠶᠢᠴᠤᠳ ᠤᠨ ᠭᠤᠶ᠎ᠠ᠂ ᠡᠷᠡᠭᠳᠡᠶᠢᠴᠤᠳ ᠤᠨ ᠳᠡᠭᠡᠷ᠎ᠡ ᠪᠡᠶ᠎ᠡ᠂ ᠳᠤᠯᠤᠭᠠᠢ᠂ ᠬᠦᠵᠦᠭᠦᠨ ᠤ | ᠭᠡᠰᠡᠭ ᠲᠤ ᠢᠯᠡᠷᠡᠳᠡᠭ᠃ ᠬᠡᠷᠪᠡ ᠬᠠᠷᠢᠯᠴᠠᠨ ᠪᠡᠶ᠎ᠡ ᠪᠠᠨ ᠬᠠᠷᠠᠵᠤ ᠠᠵᠢᠬᠯᠠᠵᠤ ᠦᠭᠳᠡᠭ ᠨᠠᠶᠢᠵᠠ ᠲᠠᠢ ᠪᠠᠶᠢᠵᠤ᠂ | ᠠᠷᠠᠰᠤ ᠬᠦᠷᠦᠰᠦ ᠶᠢ ᠨᠢ ᠪᠠᠶᠢᠴᠠᠭᠠᠨ ᠦᠭᠴᠦ᠂ ᠤᠨᠴᠠᠭᠠᠢᠢᠯᠠᠨ ᠨᠢᠷᠤᠭᠤ᠂ ᠳᠤᠯᠤᠭᠠᠢ ᠮᠡᠳᠦ ᠶᠢᠨ ᠦᠪᠡᠷ ᠢᠶᠠᠨ | ᠤᠯᠵᠤ ᠦᠵᠡᠳᠡᠭ ᠦᠭᠡᠢ ᠭᠠᠵᠠᠷ ᠤᠨ ᠮᠡᠩᠭᠡ᠂ ᠰᠡᠪᠬᠡ ᠵᠡᠷᠭᠡ ᠶᠢᠨ ᠶᠡᠭᠡ ᠪᠠᠭ᠎ᠠ ᠪᠠ ᠦᠩᠭᠡ ᠶᠢᠨ ᠬᠤᠪᠢᠷᠠᠯᠳᠠ ᠶᠢ | ᠳᠤᠭᠳᠠᠭᠰᠠᠨ ᠴᠠᠭ ᠲᠠᠢ ᠠᠵᠢᠬᠯᠠᠵᠤ ᠠᠩᠬᠠᠷᠴᠤ ᠪᠠᠶᠢᠪᠠᠯ ᠦᠮᠡᠨ ᠤ ᠬᠤᠪᠢᠷᠠᠯᠳᠠ ᠶᠢ ᠡᠷᠳᠡ ᠠᠴᠠ ᠮᠡᠳᠡᠵᠦ | ᠪᠤᠯᠤᠨ᠎ᠠ᠃ ᠦᠪᠡᠷ ᠢᠶᠠᠨ ᠴᠤ ᠬᠦᠯ ᠭᠠᠷ ᠤᠨ ᠬᠢᠮᠦᠰᠦ ᠪᠠᠨ ᠦᠷᠭᠦᠯᠵᠢ ᠠᠵᠢᠬᠯᠠᠵᠤ ᠠᠩᠬᠠᠷᠴᠤ ᠪᠠᠶᠢᠬᠤ ᠭᠡᠷᠡᠭᠳᠡᠢ᠃ | | 6. ᠭᠡᠷ ᠤᠨ ᠠᠵᠢᠯ᠃ ᠴᠠᠭᠠᠨ ᠵᠠᠭᠠᠮᠠᠳᠠᠨ ᠪᠤᠶᠤ ᠭᠡᠷ ᠢᠶᠠᠨ ᠰᠠᠬᠢᠭᠰᠠᠨ ᠡᠵᠡᠭᠳᠡᠢ ᠨᠠᠷ ᠳᠠᠮᠢᠷ ᠤᠨ | ᠪᠤᠯᠪᠠᠰᠤᠷᠠᠯ ᠬᠢᠬᠦ ᠵᠠᠪ ᠮᠠᠭᠤᠳᠠᠢ ᠪᠠᠶᠢᠳᠠᠭ᠂ ᠡᠭᠦᠨ ᠳᠡᠭᠡᠨ ᠴᠤ ᠭᠤᠮᠤᠷᠬᠠᠯ ᠢᠯᠡᠷᠭᠡᠶᠢᠯᠡᠵᠦ ᠪᠠᠶᠢᠳᠠᠭ᠃ | ᠺᠠᠨᠠᠳᠠ ᠶᠢᠨ ᠬᠢᠨ ᠤ ᠬᠢᠭᠰᠡᠨ ᠨᠢᠭᠡ ᠲᠦᠷᠦᠯ ᠤᠨ ᠰᠤᠳᠤᠯᠭᠠᠨ ᠳᠤ᠂ ᠡᠮᠡᠭᠳᠡᠶᠢᠴᠤᠳ ᠶᠡᠬᠡᠩᠬᠢ ᠳᠠᠮᠢᠷ ᠤᠨ | ᠬᠦᠳᠡᠯᠭᠡᠭᠡᠨ ᠤ ᠡᠭᠦᠷᠭᠡ ᠪᠠᠨ ᠭᠡᠷ ᠪᠦᠯᠢ ᠶᠢᠨ ᠬᠦᠳᠡᠯᠮᠦᠷᠢ ᠪᠠᠷ ᠤᠴᠢᠵᠤ ᠪᠡᠶᠡᠯᠡᠭᠦᠯᠳᠡᠭ᠂ ᠡᠨᠡ ᠨᠢ ᠰᠠᠷ᠎ᠠ ᠶᠢᠨ | ᠭᠭᠢᠷ ᠵᠤᠬᠰᠤᠭᠰᠠᠨ ᠤ ᠳᠠᠷᠠᠭᠠᠬᠢ ᠡᠮᠡᠭᠳᠡᠶᠢᠴᠤᠳ ᠤᠨ ᠬᠦᠬᠦᠨ ᠤ ᠦᠮᠡᠨ ᠳᠤ ᠨᠡᠷᠪᠡᠭᠳᠡᠬᠦ ᠠᠶᠤᠯ ᠢ 30% ᠪᠠᠷ | ᠪᠠᠭᠤᠷᠠᠭᠤᠯᠳᠠᠭ ᠭᠡᠰᠡᠨ ᠪᠠᠶᠢᠨ᠎ᠠ᠃ ᠡᠮᠡᠭᠳᠡᠶᠢᠴᠤᠳ ᠢᠯᠡᠭᠦᠭᠡᠨ ᠭᠡᠷ ᠤᠨ ᠠᠵᠢᠯ ᠬᠢᠵᠦ ᠪᠤᠯᠤᠨ᠎ᠠ᠂ ᠡᠷᠡᠭᠳᠡᠶᠢᠴᠤᠳ | ᠴᠤ ᠨᠦᠬᠦᠷ ᠢᠶᠠᠨ ᠬᠠᠪᠰᠤᠷᠤᠨ ᠭᠡᠷ ᠤᠨ ᠠᠵᠢᠯ ᠬᠢᠵᠦ ᠪᠤᠯᠤᠨ᠎ᠠ᠃ | 7. ᠭᠡᠷ ᠳᠤᠳᠤᠷᠠᠬᠢ ᠷᠠᠳᠤᠨ ᠬᠡᠢ ᠶᠢᠨ ᠦᠳᠭᠡᠴᠡ ᠶᠢ ᠰᠢᠯᠭᠠᠨ᠎ᠠ᠃ ᠠᠭᠠᠷ ᠲᠠᠬᠢ ᠦᠩᠭᠡ ᠦᠭᠡᠢ᠂ | ᠰᠠᠴᠤᠷᠠᠭ ᠢᠳᠡᠪᠬᠢ ᠴᠢᠨᠠᠷᠳᠠᠢ ᠷᠠᠳᠤᠨ ᠬᠡᠢ ᠪᠤᠯ ᠠᠮᠧᠷᠢᠺᠠᠴᠤᠳ ᠤᠨ ᠠᠭᠤᠰᠬᠢᠨ ᠦᠮᠡᠨ ᠳᠤ ᠨᠡᠷᠪᠡᠭᠳᠡᠵᠦ ᠪᠠᠶᠢᠭ᠎ᠠ | ᠬᠤᠶᠠᠳᠤᠭᠠᠷ ᠶᠡᠭᠡ ᠠᠶᠤᠯ ᠪᠤᠯᠤᠨ᠎ᠠ ᠭᠡᠵᠦ ᠠᠮᠧᠷᠢᠺᠠ ᠶᠢᠨ ᠤᠷᠴᠢᠨ ᠳᠤᠭᠤᠷᠢᠨ ᠤ ᠬᠠᠮᠠᠭᠠᠯᠠᠯᠳᠠ ᠶᠢᠨ ᠵᠤᠷᠭᠠᠨ | ᠢᠯᠡᠷᠭᠡᠶᠢᠯᠡᠭᠰᠡᠨ ᠪᠠᠶᠢᠨ᠎ᠠ᠃ ᠷᠠᠳᠤᠨ ᠤ ᠪᠤᠬᠢᠷᠳᠤᠯ ᠤᠨ ᠭᠤᠤᠯ ᠢᠷᠡᠯᠳᠡ ᠨᠢ ᠭᠠᠵᠠᠷ ᠳᠤᠤᠷᠠᠬᠢ ᠴᠢᠯᠠᠭᠤᠯᠢᠬ ᠪᠠ | ᠬᠦᠷᠦᠰᠦ ᠰᠢᠷᠦᠢ᠂ ᠪᠠᠷᠢᠯᠭ᠎ᠠ ᠵᠢᠴᠢ ᠵᠠᠰᠠᠯ ᠴᠢᠮᠡᠭᠯᠡᠯ ᠤᠨ ᠮᠠᠲ᠋ᠧᠷᠢᠶᠠᠯ ᠪᠠᠶᠢᠵᠤ᠂ ᠳᠤᠤᠷ᠎ᠠ ᠳᠠᠪᠬᠤᠷ ᠤᠨ ᠠᠰᠠᠷ ᠤᠨ | ᠷᠠᠳᠤᠨ ᠤ ᠪᠤᠬᠢᠷᠳᠤᠯ ᠨᠢ ᠢᠯᠡᠭᠦᠦ ᠪᠠᠶᠢᠳᠠᠭ᠃ ᠦᠷᠭᠦᠯᠵᠢ ᠭᠡᠷ ᠳᠤᠳᠤᠷᠠᠬᠢ ᠷᠠᠳᠤᠨ ᠤ ᠦᠳᠭᠡᠴᠡ ᠶᠢᠨ | ᠰᠢᠯᠭᠠᠯᠳᠠ ᠬᠢᠯᠭᠡᠵᠦ ᠪᠠᠶᠢᠬᠤ᠂ ᠭᠡᠷ ᠢᠶᠠᠨ ᠵᠠᠰᠠᠵᠤ ᠴᠢᠮᠡᠬᠦ ᠳᠡᠭᠡᠨ ᠰᠠᠴᠤᠷᠠᠭ ᠢᠳᠡᠪᠬᠢ ᠴᠢᠨᠠᠷ ᠢᠶᠠᠷ ᠪᠠᠭ᠎ᠠ | ᠮᠠᠲ᠋ᠧᠷᠢᠶᠠᠯ ᠭᠡᠷᠡᠭᠯᠡᠵᠦ᠂ ᠭᠠᠨᠳᠢᠬ ᠴᠢᠯᠠᠭᠤ᠂ ᠪᠤᠷᠵᠢᠨ ᠴᠢᠯᠠᠭᠤ ᠵᠡᠷᠭᠡ ᠶᠢ ᠬᠡᠮᠵᠢᠶ᠎ᠠ ᠲᠠᠢ ᠭᠡᠷᠡᠭᠯᠡᠬᠦ ᠪᠤᠶᠤ ᠭᠡᠷᠡᠭᠯᠡᠬᠦ | ᠦᠭᠡᠢ ᠪᠠᠶᠢᠬᠤ ᠶᠢ ᠰᠠᠨᠠᠭᠤᠯᠤᠶ᠎ᠠ᠃ ᠭᠠᠵᠠᠷ ᠳᠤᠤᠷᠠᠬᠢ ᠭᠡᠷ ᠪᠠ ᠳᠤᠤᠷ᠎ᠠ ᠳᠠᠪᠬᠤᠷ ᠤᠨ ᠤᠷᠤᠨ ᠰᠠᠭᠤᠴᠠ ᠶᠢᠨ | ᠡᠭᠦᠳᠡ ᠴᠤᠩᠬᠤ ᠶᠢ ᠨᠡᠭᠡᠭᠡᠵᠦ ᠦᠷᠭᠦᠯᠵᠢ ᠰᠠᠯᠬᠢ ᠨᠡᠪᠳᠡᠷᠡᠭᠦᠯᠵᠦ ᠪᠠᠶᠢᠬᠤ ᠶᠢ ᠠᠩᠬᠠᠷᠪᠠᠯ ᠵᠤᠬᠢᠨ᠎ᠠ᠃ | 8. ᠡᠷᠡᠭᠦᠯ ᠤᠨ ᠪᠠᠶᠢᠴᠠᠭᠠᠯᠳᠠ᠃ ᠳᠤᠭᠳᠠᠭᠰᠠᠨ ᠬᠤᠭᠤᠴᠠᠭ᠎ᠠ ᠲᠠᠢ ᠱᠦᠭᠦᠷᠳᠡᠨ ᠪᠠᠶᠢᠴᠠᠭᠠᠯᠳᠠ ᠬᠢᠨ᠎ᠠ᠃ | ᠬᠤᠤᠷᠠᠳᠤ ᠬᠠᠪᠤᠳᠠᠷ ᠲᠤ ᠠᠪᠴᠤ ᠬᠡᠯᠡᠪᠡᠯ᠂ ᠰᠡᠷᠭᠡᠶᠢᠯᠡᠬᠦ ᠨᠢ ᠡᠮᠨᠡᠨ ᠵᠠᠰᠠᠬᠤ ᠠᠴᠠ ᠴᠢᠬᠤᠯᠠ᠃ ᠤᠯᠠᠨ | ᠳᠦᠷᠦᠯ ᠤᠨ ᠦᠮᠡᠨ ᠤ ᠡᠭᠦᠰᠦᠯᠳᠡ ᠶᠢᠨ ᠦᠶ᠎ᠠ ᠶᠢᠨ ᠱᠦᠭᠦᠷᠳᠡᠨ ᠪᠠᠶᠢᠴᠠᠭᠠᠯᠳᠠ ᠨᠢ ᠪᠦᠷ ᠦᠬᠦᠯ ᠤᠨ ᠨᠤᠷᠮ᠎ᠠ ᠶᠢ | ᠪᠠᠭᠤᠷᠠᠭᠤᠯᠵᠤ ᠳᠡᠶᠢᠯᠳᠡᠭ᠃ ᠵᠢᠱᠢᠶᠡᠯᠡᠪᠠᠯ᠂ ᠠᠭᠤᠰᠬᠢᠨ ᠦᠮᠡᠨ ᠪᠤᠯ ᠡᠪᠡᠳᠴᠢᠨ ᠡᠭᠦᠰᠬᠦ ᠪᠠ ᠦᠬᠦᠯ ᠤᠨ | ᠨᠤᠷᠮ᠎ᠠ ᠪᠠᠷ ᠢᠶᠠᠨ ᠪᠦᠷ ᠨᠢᠭᠡᠳᠦᠭᠡᠷ ᠲᠤ ᠤᠷᠤᠳᠠᠭ ᠦᠮᠡᠨ ᠪᠤᠯᠤᠨ᠎ᠠ᠃ ᠵᠢᠯ ᠪᠤᠯᠭᠠᠨ ᠨᠢᠭᠡ ᠤᠳᠠᠭ᠎ᠠ CT ᠶᠢᠨ | ᠪᠠᠶᠢᠴᠠᠭᠠᠯᠳᠠ ᠬᠢᠪᠡᠯ ᠠᠭᠤᠰᠬᠢᠨ ᠤ ᠦᠮᠡᠨ ᠢ ᠡᠷᠳᠡ ᠢᠯᠡᠷᠡᠭᠦᠯᠵᠦ ᠦᠭᠦᠯ ᠤᠨ ᠠᠶᠤᠯ ᠢ ᠪᠠᠭᠠᠰᠬᠠᠵᠤ ᠪᠤᠯᠤᠨ᠎ᠠ᠃ | ᠳᠠᠮᠠᠬᠢ ᠶᠡᠭᠡ ᠳᠠᠳᠠᠳᠠᠭ᠂ 55 ᠨᠠᠰᠤ ᠶᠢ ᠳᠠᠪᠠᠭᠰᠠᠨ᠂ ᠬᠠᠪᠤᠳᠠᠷ ᠤᠨ ᠭᠡᠷ ᠪᠦᠯᠢ ᠶᠢᠨ ᠳᠡᠦᠬᠡ ᠲᠠᠢ᠂ ᠤᠵᠢᠬ | ᠠᠭᠤᠰᠬᠢᠨ ᠡᠪᠡᠳᠴᠢᠨ ᠤ ᠳᠡᠦᠬᠡ ᠲᠠᠢ᠂ ᠰᠠᠴᠤᠷᠠᠭ ᠭᠡᠷᠡᠯ ᠲᠠᠢ ᠤᠢᠢᠷᠠᠳᠤᠵᠤ ᠦᠩᠭᠡᠷᠡᠭᠰᠡᠨ ᠳᠡᠦᠬᠡ ᠲᠠᠢ ᠬᠦᠮᠦᠰ | ᠠᠭᠤᠰᠬᠢᠨ ᠦᠮᠡᠨ ᠤ ᠱᠦᠭᠦᠷᠳᠡᠨ ᠪᠠᠶᠢᠴᠠᠭᠠᠯᠳᠠ ᠬᠢᠯᠬᠡᠵᠦ ᠪᠠᠶᠢᠬᠤ ᠴᠢᠬᠤᠯᠠ ᠲᠠᠢ᠃ ᠳᠠᠬᠢᠭᠠᠳ ᠨᠢᠭᠡ ᠵᠢᠱᠢᠶ᠎ᠠ | ᠦᠵᠡᠪᠡᠯ᠂ ᠪᠦᠲᠦᠭᠦᠨ ᠭᠡᠳᠡᠰᠦᠨ ᠤ ᠦᠮᠡᠨ ᠤ ᠡᠭᠦᠰᠬᠦ ᠨᠤᠷᠮ᠎ᠠ ᠵᠢᠯ ᠠᠴᠠ ᠵᠢᠯ ᠨᠡᠮᠡᠭᠳᠡᠬᠦ ᠬᠠᠨᠳᠤᠰᠢ ᠲᠠᠢ ᠪᠠᠶᠢᠨ᠎ᠠ᠃ | ᠬᠤᠷᠭᠤᠰᠤᠨ ᠳᠤ ᠴᠢᠰᠦ ᠳᠠᠭᠠᠯᠳᠤᠵᠤ ᠪᠠᠶᠢᠬᠤ ᠡᠰᠡᠬᠦ ᠶᠢ ᠰᠢᠯᠭᠠᠬᠤ ᠪᠤᠯ ᠪᠦᠲᠦᠭᠦᠨ ᠭᠡᠳᠡᠰᠦᠨ ᠤ ᠦᠮᠡᠨ ᠢ | ᠪᠠᠶᠢᠴᠠᠭᠠᠬᠤ ᠨᠢᠭᠡ ᠠᠷᠭ᠎ᠠ ᠪᠤᠯᠤᠨ᠎ᠠ᠂ ᠭᠡᠳᠡᠯ᠎ᠠ ᠵᠠᠷᠢᠮ ᠰᠤᠳᠤᠯᠭᠠᠨ ᠠᠴᠠ ᠦᠵᠡᠪᠡᠯ ᠳᠡᠷᠡ ᠨᠢ 95% ᠶᠢᠨ | ᠡᠪᠡᠳᠴᠢᠨ ᠤ ᠵᠢᠱᠢᠶ᠎ᠠ ᠶᠢ ᠢᠯᠡᠷᠡᠭᠦᠯᠵᠦ ᠳᠡᠶᠢᠯᠳᠡᠭ ᠦᠭᠡᠢ ᠪᠠᠶᠢᠨ᠎ᠠ᠃ ᠡᠶᠢᠮᠦ ᠠᠴᠠ ᠳᠤᠭᠳᠠᠭᠰᠠᠨ | ᠬᠤᠭᠤᠴᠠᠭ᠎ᠠ ᠲᠠᠢ ᠭᠡᠳᠡᠰᠦᠨ ᠤ ᠳᠤᠷᠠᠨ ᠤ ᠪᠠᠶᠢᠴᠠᠭᠠᠯᠳᠠ ᠬᠢᠪᠡᠯ ᠭᠡᠳᠡᠰᠦᠨ ᠤ ᠦᠮᠡᠨ ᠢ ᠡᠷᠳᠡ ᠢᠯᠡᠷᠡᠭᠦᠯᠬᠦ ᠳᠤ | ᠳᠤᠰᠠ ᠲᠠᠢ᠃ ᠬᠡᠷᠪᠡ ᠭᠡᠳᠡᠰᠦᠨ ᠤ ᠦᠮᠡᠨ ᠤ ᠭᠡᠷ ᠪᠦᠯᠢ ᠶᠢᠨ ᠳᠡᠦᠬᠡ ᠲᠠᠢ ᠪᠤᠯ 50 ᠨᠠᠰᠤ ᠬᠦᠷᠬᠦ ᠠᠴᠠ ᠪᠠᠨ | ᠡᠮᠦᠨ᠎ᠠ ᠨᠢᠭᠡ ᠤᠳᠠᠭ᠎ᠠ ᠭᠡᠳᠡᠰᠦᠨ ᠤ ᠳᠤᠷᠠᠨ ᠤ ᠪᠠᠶᠢᠴᠠᠭᠠᠯᠳᠠ ᠬᠢᠯᠭᠡᠪᠡᠯ ᠰᠠᠶᠢᠨ᠃ 9. ᠤᠵᠢᠬ ᠴᠢᠨᠠᠷᠳᠠᠢ ︽ | ᠡᠪᠡᠳᠬᠦ︾ ᠶᠢ ᠤᠮᠳᠤᠭᠠᠢᠢᠯᠠᠵᠤ ᠪᠤᠯᠬᠤ ᠦᠭᠡᠢ᠃ ᠡᠮᠡᠭᠳᠡᠶᠢᠴᠤᠳ ᠲᠤ ᠬᠡᠷᠪᠡ ᠤᠷᠳᠤ ᠬᠤᠭᠤᠴᠠᠭ᠎ᠠ ᠪᠠᠷ᠂ ᠪᠠᠶᠢᠨ | ᠳᠠᠬᠢᠨ ᠠᠭᠠᠷᠴᠠᠭ ᠤᠨ ᠬᠦᠨᠳᠡᠢ ᠪᠠᠷ ᠬᠦᠨᠳᠡᠭᠦᠷᠯᠡᠬᠦ᠂ ᠭᠡᠳᠡᠰᠦ ᠬᠦᠭᠡᠭᠡᠬᠦ᠂ ᠳᠤᠯᠭᠠᠮ᠎ᠠ ᠰᠢᠭᠡᠰᠦ ᠬᠦᠷᠬᠦ ᠵᠡᠷᠭᠡ | ᠪᠠᠶᠢᠳᠠᠯ ᠢᠯᠡᠷᠡᠪᠡᠯ᠂ ᠳᠠᠷᠦ᠋ᠢᠬᠠᠨ ᠡᠮᠴᠢ ᠳᠤ ᠤᠴᠢᠬᠤ ᠶᠢ ᠪᠤᠳᠤᠭᠠᠷᠠᠢ᠂ ᠦᠨᠳᠡᠭᠡᠪᠴᠢ ᠶᠢᠨ ᠦᠮᠡᠨ ᠤ ᠳᠤᠬᠢᠶ᠎ᠠ | ᠪᠠᠶᠢᠵᠤ ᠮᠡᠳᠡᠨ᠎ᠠ᠃ ᠬᠡᠷᠪᠡ ᠦᠮᠡᠨ ᠤ ᠡᠰ ᠨᠢ ᠪᠤᠰᠤᠳ ᠡᠷᠭᠡᠳᠡᠨ ᠳᠤ ᠰᠢᠯᠵᠢᠬᠦ ᠠᠴᠠ ᠡᠮᠦᠨ᠎ᠠ᠂ ᠴᠠᠭ | ᠳᠤᠬᠠᠢ ᠳᠤᠨᠢ ᠡᠮᠴᠢᠯᠡᠭᠰᠡᠨ ᠪᠤᠯ ᠦᠨᠳᠡᠭᠡᠪᠴᠢ ᠶᠢᠨ ᠦᠮᠡᠨ ᠤ 5 ᠵᠢᠯ ᠠᠮᠢᠳᠤᠷᠠᠬᠤ ᠨᠤᠷᠮ᠎ᠠ ᠨᠢ 90% — | 95% ᠬᠦᠷᠴᠦ ᠪᠠᠶᠢᠨ᠎ᠠ᠃ | ︵︽ᠳᠤᠮᠳᠠᠳᠥ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ︾ ᠠᠴᠠ ᠰᠢᠯᠵᠢᠬᠦᠯᠪᠡ︶ | |