ᠰᠠᠭᠠᠯᠢ ᠶᠢᠨ ᠦᠨᠢᠶ᠎ᠠ ᠶᠢᠨ ᠰᠦ ᠶᠢ ᠨᠡᠮᠡᠭᠳᠡᠭᠦᠯᠭᠦ ᠲᠤᠬᠠᠢ
ᠨᠡᠶᠢᠲᠡᠯᠡᠭᠰᠡᠨ ᠴᠠᠭ᠄
2019-12-25
    ᠤᠳᠤᠬᠠᠨ ᠳᠤ ᠰᠠᠭᠠᠯᠢ ᠶᠢᠨ ᠦᠨᠢᠶ᠎ᠠ ᠶᠢ ᠡᠵᠡᠩᠨᠡᠬᠦ ᠭᠡᠪᠴᠶ᠊ ᠡᠶ᠎ᠡ ᠨᠢ ᠪᠠᠭ᠎ᠠ᠂ ᠠᠷᠠᠴᠢᠯᠠᠨ ᠬᠠᠮᠢᠶᠠᠷᠬᠤ ᠲᠠᠯ᠎ᠠ ᠪᠠᠷ ᠪᠦᠳᠦᠭᠦᠯᠢᠭ ᠠᠴᠠ ᠰᠠᠭᠠᠯᠢ ᠶᠢᠨ ᠦᠨᠢᠶ᠎ᠠ ᠲᠡᠵᠢᠭᠡᠭᠴᠢᠳ ᠤᠨ ᠤᠯᠵᠠ ᠠᠰᠢᠭ ᠨᠢ ᠲᠤᠤᠷ᠎ᠠ᠂ ᠦᠪᠡᠷ ᠤᠨ ᠦᠷᠳᠡᠭ ᠨᠢ ᠦᠨᠳᠦᠷ ᠪᠠᠶᠢᠵᠦ᠂ ᠤᠷᠤᠯᠭ᠎ᠠ ᠶᠢ ᠨᠦᠯᠦᠭᠡᠯᠡᠵᠦ ᠪᠠᠶᠢᠨ᠎ᠠ᠃     ᠢᠩᠬᠢᠬᠦ ᠪᠠᠷ ᠰᠠᠭᠠᠯᠢ ᠶᠢᠨ ᠦᠨᠢᠶ᠎ᠠ ᠶᠢᠨ ᠰᠦ ᠶᠢᠨ ᠭᠠᠷᠤᠯᠳᠠ ᠶᠢ ᠨᠡᠮᠡᠭᠳᠡᠭᠦᠯᠦᠶ᠎ᠠ ᠭᠡᠪᠡᠯ ᠡᠷᠭᠡᠪᠰᠢ ᠰᠠᠭᠠᠯᠢ ᠶᠢᠨ ᠦᠨᠢᠶ᠎ᠠ ᠶᠢᠨ ᠠᠳᠠᠯᠢ ᠪᠤᠰᠤ ᠦᠰᠦᠯᠳᠡ ᠶᠢᠨ ᠬᠤᠭᠤᠴᠠᠭᠠᠨ ᠤ ᠠᠷᠠᠴᠢᠯᠠᠨ ᠬᠠᠮᠢᠶᠠᠷᠬᠤ ᠠᠵᠢᠯ ᠢ ᠰᠠᠶᠢᠳᠤᠷ ᠬᠢᠬᠦ ᠭᠡᠷᠡᠭᠳᠡᠢ᠃     ᠠᠳᠠᠯᠢ ᠪᠤᠰᠤ ᠬᠤᠭᠤᠴᠠᠭᠠᠨ ᠳᠠᠬᠢ ᠠᠷᠠᠴᠢᠯᠠᠨ ᠬᠠᠮᠢᠶᠠᠷᠤᠯᠳᠠ      ᠨᠢᠭᠡ᠂ ᠲᠤᠭᠤᠯ ᠢ ᠠᠷᠠᠴᠢᠯᠠᠨ ᠪᠤᠶᠢᠵᠢᠭᠤᠯᠬᠤ     ᠦᠨᠢᠶ᠎ᠠ ᠲᠤᠭᠤᠯᠯᠠᠭᠰᠠᠨ ᠤ ᠲᠠᠷᠠᠭ᠎ᠠ 30 — 60 ᠮᠢᠨᠦ᠋ᠲ ᠪᠤᠯᠪᠠᠯ ᠡᠬᠢᠨ ᠤ ᠤᠳᠠᠭ᠎ᠠ ᠬᠦᠬᠦᠬᠦᠯᠵᠦ᠂ ᠤᠭᠤᠷᠠᠭ ᠤᠨ ᠭᠡᠮᠵᠢᠶ᠎ᠠ ᠶᠢ ᠲᠤᠭᠤᠯ ᠤᠨ ᠪᠡᠶ᠎ᠠ ᠶᠢᠨ ᠬᠦᠨᠳᠦ ᠶᠢᠨ 3% ᠳᠤ ᠬᠦᠷᠭᠡᠵᠦ᠂ ᠤᠭᠤᠷᠠᠭ ᠬᠦᠬᠦᠬᠦᠯᠭᠦ ᠬᠤᠭᠤᠴᠠᠭ᠎ᠠ ᠶᠢ 3 — 7 ᠡᠳᠦᠷ ᠪᠠᠶᠢᠯᠭᠠᠨ᠎ᠠ᠃    ᠲᠤᠭᠤᠯ ᠨᠢᠭᠡ ᠭᠠᠷᠠᠭ ᠪᠤᠯᠤᠭᠰᠠᠨ ᠤ ᠲᠠᠷᠠᠭ᠎ᠠ ᠶᠡᠷᠦ ᠶᠢᠨ ᠰᠦ ᠪᠠᠷ ᠲᠡᠵᠢᠭᠡᠨ᠎ᠠ᠃ ᠡᠭᠦᠨ ᠤ ᠬᠠᠮᠳᠤ ᠪᠠᠰᠠ ᠨᠠᠷᠢᠯᠢᠭ ᠪᠤᠷᠳᠤᠭ᠎ᠠ ᠢᠳᠡᠭᠦᠯᠵᠦ ᠰᠤᠷᠭᠠᠨ᠎ᠠ᠃ ᠬᠤᠶᠠᠷ ᠭᠠᠷᠠᠭ ᠪᠤᠯᠬᠤ ᠳᠤ ᠪᠦᠳᠦᠭᠦᠯᠢᠭ ᠪᠤᠷᠳᠤᠭ᠎ᠠ ᠢᠳᠡᠭᠦᠯᠵᠦ ᠰᠤᠷᠭᠠᠨ᠎ᠠ᠃ ᠲᠤᠭᠤᠯ ᠤᠨ ᠰᠦ ᠬᠦᠬᠦᠬᠦ ᠬᠤᠭᠤᠴᠠᠭ᠎ᠠ ᠨᠢ ᠶᠡᠷᠦ ᠶᠢᠨ ᠪᠠᠶᠢᠳᠠᠯ ᠲᠤᠤᠷ᠎ᠠ 100 — 150 ᠡᠳᠦᠷ ᠪᠠᠶᠢᠵᠦ᠂ ᠡᠨᠡ ᠬᠤᠭᠤᠴᠠᠭᠠᠨ ᠳᠤ ᠰᠦ ᠶᠢᠨ ᠶᠡᠷᠦᠩᠭᠡᠢ ᠭᠡᠮᠵᠢᠶ᠎ᠠ ᠨᠢ 300 — 400 ᠺᠢᠯᠦᠭᠷᠠᠮ ᠬᠦᠷᠴᠦ᠂ ᠲᠤᠭᠤᠯ ᠤᠨ ᠪᠡᠶ᠎ᠠ ᠶᠢᠨ ᠬᠦᠨᠳᠦ ᠶᠢᠨ 8% ᠬᠦᠷᠦᠨ᠎ᠠ᠃     ᠲᠤᠭᠤᠯ ᠢ ᠡᠷᠭᠡᠪᠰᠢ ᠴᠢᠨᠠᠷ ᠰᠠᠶᠢᠳᠠᠢ ᠬᠦᠭᠡ ᠡᠪᠡᠰᠦ᠂ ᠲᠤᠰᠬᠠᠢ ᠨᠠᠶᠢᠷᠠᠭᠤᠯᠤᠭᠰᠠᠨ ᠨᠠᠷᠢᠯᠢᠭ ᠪᠤᠷᠳᠤᠭ᠎ᠠ ᠪᠠᠷ ᠲᠡᠵᠢᠭᠡᠵᠦ᠂ ᠪᠤᠷᠳᠤᠭᠠᠨ ᠤ ᠤᠭᠤᠷᠠᠭ ᠤᠨ ᠭᠡᠮᠵᠢᠶ᠎ᠠ ᠶᠢ 20% ᠠᠴᠠ ᠲᠡᠭᠡᠭᠰᠢ ᠪᠠᠶᠢᠯᠭᠠᠬᠤ ᠭᠡᠷᠡᠭᠳᠡᠢ᠃ ᠲᠤᠭᠤᠯ ᠨᠢᠭᠡ ᠭᠠᠷᠠᠭ ᠪᠤᠯᠤᠭᠰᠠᠨ ᠤ ᠲᠠᠷᠠᠭ᠎ᠠ ᠶᠡᠭᠡ ᠬᠤᠷᠤᠭᠠᠨ ᠳᠤ ᠬᠤᠷᠢᠵᠦ᠂ ᠬᠦᠳᠡᠯᠭᠡᠭᠡᠨ ᠬᠢᠬᠦ ᠶᠢ ᠪᠠᠳᠤᠯᠠᠬᠤ ᠶᠢᠨ ᠬᠠᠮᠳᠤ ᠲᠤᠭᠤᠯ ᠤᠨ ᠭᠡᠪᠳᠡᠰᠢ ᠪᠤᠶᠤ ᠬᠤᠷᠤᠭ᠎ᠠ ᠶᠢᠨ ᠠᠷᠢᠭᠤᠨ ᠴᠡᠪᠡᠷ ᠢ ᠠᠩᠬᠠᠷᠴᠦ᠂ ᠭᠠᠷᠠᠭ ᠲᠤ ᠨᠢᠭᠡ ᠤᠳᠠᠭ᠎ᠠ ᠠᠷᠢᠭᠤᠳᠬᠠᠬᠤ ᠭᠡᠷᠡᠭᠳᠡᠢ᠃      ᠬᠤᠶᠠᠷ᠂ ᠭᠤᠨᠵᠢ ᠶᠢ ᠠᠷᠠᠴᠢᠯᠠᠨ ᠬᠠᠮᠢᠶᠠᠷᠬᠤ    ᠪᠦᠬᠦᠯᠢ ᠠᠷᠪᠠᠨ ᠬᠤᠶᠠᠷ ᠰᠠᠷ᠎ᠠ ᠪᠤᠯᠤᠭᠰᠠᠨ ᠭᠤᠨᠵᠢ ᠶᠢ ᠪᠤᠯ ᠡᠳᠦᠷ ᠲᠤ ᠬᠤᠶᠠᠷ ᠤᠳᠠᠭ᠎ᠠ ᠬᠦᠬᠦ ᠶᠢ ᠨᠢ ᠢᠯᠪᠢᠬᠦ ᠭᠡᠷᠡᠭᠳᠡᠢ᠃ ᠭᠡᠭᠡᠯ ᠲᠤᠭᠳᠠᠭᠰᠠᠨ ᠤ ᠲᠠᠷᠠᠭ᠎ᠠ ᠡᠳᠦᠷ ᠪᠦᠷᠢ ᠲᠡᠯᠡᠩ ᠢ ᠨᠢ ᠢᠯᠪᠢᠵᠦ ᠪᠤᠷᠳᠤᠭ᠎ᠠ ᠨᠦᠬᠦᠪᠤᠷᠢᠯᠡᠨ᠎ᠠ᠃ ᠠᠩᠬᠠᠷᠬᠤ ᠨᠢ᠂ ᠲᠠᠷᠭᠤ ᠬᠦᠴᠦ ᠨᠢ ᠭᠡᠳᠦᠷᠭᠡᠢ ᠨᠡᠮᠡᠭᠳᠡᠬᠦ ᠠᠴᠠ ᠬᠢᠴᠢᠶᠡᠬᠦ ᠭᠡᠷᠡᠭᠳᠡᠢ᠃ ᠪᠤᠷᠳᠤᠭᠠᠨ ᠤ ᠲᠠᠯ᠎ᠠ ᠪᠠᠷ ᠴᠢᠨᠠᠷ ᠰᠠᠶᠢᠳᠠᠢ ᠬᠦᠭᠡ ᠡᠪᠡᠰᠦ ᠪᠠᠷ ᠭᠤᠤᠯᠳᠠᠭᠤᠯᠵᠦ᠂ ᠡᠳᠦᠷ ᠪᠦᠷᠢ 3 ᠺᠢᠯᠦᠭᠷᠠᠮ ᠨᠠᠷᠢᠯᠢᠭ ᠪᠤᠷᠳᠤᠭ᠎ᠠ ᠨᠦᠬᠦᠪᠤᠷᠢᠯᠡᠵᠦ ᠦᠭᠭᠦᠨ᠎ᠠ᠃      ᠭᠤᠷᠪᠠ᠂ ᠦᠨᠢᠶ᠎ᠠ ᠶᠢ ᠠᠷᠠᠴᠢᠯᠠᠨ ᠬᠠᠮᠢᠶᠠᠷᠬᠤ    ᠪᠡᠶ᠎ᠠ ᠶᠢᠨ ᠬᠦᠨᠳᠦ ᠨᠢ 100 ᠺᠢᠯᠦᠭᠷᠠᠮ ᠪᠦᠷᠢ ᠳᠤ ᠲᠠᠷᠤᠰᠢᠭᠰᠠᠨ ᠪᠤᠷᠳᠤᠭ᠎ᠠ 3 — 4 ᠺᠢᠯᠦᠭᠷᠠᠮ ᠦᠭᠴᠦ᠂ ᠡᠭᠦᠨ ᠤ ᠬᠠᠮᠳᠤ ᠡᠷᠦᠳᠡᠰᠦᠨ ᠡᠯᠧᠮᠧᠨ᠋ᠲ ︵ᠵᠢᠱᠢᠶᠡᠯᠡᠪᠡᠯ ᠺᠠᠯᠢ᠂ ᠺᠠᠯᠼ ᠵᠡᠷᠭᠡ︶ ᠢ ᠴᠠᠭ ᠲᠤᠬᠠᠢ ᠳᠤᠨᠢ ᠨᠦᠬᠦᠪᠤᠷᠢᠯᠡᠨ᠂ ᠨᠠᠷᠢᠯᠢᠭ ᠪᠤᠷᠳᠤᠭ᠎ᠠ ᠡᠳᠦᠷ ᠪᠦᠷᠢ 5 — 6 ᠺᠢᠯᠦᠭᠷᠠᠮ ᠨᠦᠬᠦᠪᠤᠷᠢᠯᠡᠨ᠎ᠠ᠃    ᠦᠨᠢᠶ᠎ᠠ ᠲᠤᠭᠤᠯᠯᠠᠭᠰᠠᠨ ᠤ ᠲᠠᠷᠠᠭ᠎ᠠ ᠲᠠᠪᠤᠰᠤ ᠲᠠᠢ ᠪᠦᠯᠢᠶᠡᠨ ᠤᠰᠤᠨ ᠳᠤ ᠵᠢᠭᠤᠷᠠᠭᠰᠠᠨ ᠪᠤᠭᠤᠳᠠᠢ ᠶᠢᠨ ᠠᠭᠠᠭ ᠢ ᠤᠤᠭᠤᠯᠭᠠᠬᠤ ᠶᠢᠨ ᠬᠠᠮᠳᠤ ᠦᠨᠢᠶ᠎ᠠ ᠶᠢᠨ ᠭᠡᠪᠳᠡᠰᠢ ᠳᠤ ᠵᠦᠭᠡᠯᠡᠨ ᠡᠪᠡᠰᠦ ᠲᠡᠪᠢᠰᠴᠦ ᠦᠭᠭᠦᠨ᠎ᠠ᠃ ᠲᠤᠭᠤᠯᠯᠠᠭᠰᠠᠨ ᠤ ᠲᠠᠷᠠᠭ᠎ᠠ ᠨᠢ ᠲᠦᠷᠪᠡᠨ ᠤ ᠨᠢᠭᠡ ᠶᠢᠨ ᠭᠡᠮᠵᠢᠶ᠎ᠠ ᠶᠢᠨ ᠰᠦ ᠶᠢ ᠨᠢ ᠰᠠᠭᠠᠵᠦ ᠠᠪᠤᠨ᠎ᠠ᠃     ᠦᠨᠢᠶ᠎ᠠ ᠰᠠᠭᠠᠬᠤ ᠳᠠᠭᠠᠨ 40 — 45 ᠭᠷᠠᠳᠦ᠋ᠰ ᠤᠨ ᠪᠦᠯᠢᠶᠡᠨ ᠤᠰᠤ ᠪᠠᠷ ᠲᠡᠯᠡᠩ ᠢ ᠨᠢ ᠤᠬᠢᠶᠠᠨ᠎ᠠ᠃ ᠰᠠᠭᠠᠬᠤ ᠳᠠᠭᠠᠨ ᠡᠬᠢᠯᠡᠭᠡᠳ ᠤᠳᠠᠭᠠᠨ ᠰᠢᠬ ᠰᠠᠭᠠᠵᠦ᠂ ᠢᠳᠡᠭ ᠢᠳᠡᠭ ᠢᠶᠠᠷ ᠬᠤᠷᠳᠤᠯᠠᠨ᠎ᠠ᠃ ᠦᠨᠢᠶ᠎ᠠ ᠶᠢᠨ ᠰᠦ ᠶᠢᠨ ᠭᠠᠷᠤᠯᠳᠠ ᠶᠢ ᠦᠨᠳᠦᠰᠦᠯᠡᠵᠦ ᠭᠡᠳᠦ ᠤᠳᠠᠭ᠎ᠠ ᠰᠠᠭᠠᠬᠤ ᠪᠠᠨ ᠲᠤᠭᠳᠠᠭᠠᠨ᠎ᠠ᠃ ᠶᠡᠷᠦ ᠶᠢᠨ ᠪᠠᠶᠢᠳᠠᠯ ᠲᠤᠤᠷ᠎ᠠ ᠨᠢᠭᠡ ᠦᠨᠢᠶ᠎ᠠ ᠡᠳᠦᠷ ᠲᠤ 15 ᠺᠢᠯᠦᠭᠷᠠᠮ ᠰᠦ ᠭᠠᠷᠬᠤ ᠪᠠᠷ ᠪᠤᠳᠤᠪᠠᠯ ᠡᠳᠦᠷ ᠲᠤ ᠬᠤᠶᠠᠷ ᠤᠳᠠᠭ᠎ᠠ ᠰᠠᠭᠠᠪᠠᠯ ᠲᠤᠬᠢᠷᠠᠮᠵᠢᠳᠠᠢ᠃    ᠲᠦᠷᠪᠡ᠂ ᠰᠦ ᠰᠢᠷᠬᠢᠭᠡᠬᠦ ᠦᠶ᠎ᠠ ᠶᠢᠨ ᠠᠷᠠᠴᠢᠯᠠᠨ ᠬᠠᠮᠢᠶᠠᠷᠤᠯᠳᠠ    ᠦᠨᠢᠶ᠎ᠠ ᠶᠢᠨ ᠰᠦ ᠶᠢ ᠰᠢᠷᠬᠢᠭᠡᠬᠦ ᠬᠤᠭᠤᠴᠠᠭ᠎ᠠ ᠨᠢ ᠶᠡᠷᠦ ᠳᠡᠭᠡᠨ 60 ᠡᠳᠦᠷ ᠪᠠᠶᠢᠳᠠᠭ᠂ ᠰᠦ ᠶᠡᠭᠡᠳᠡᠢ ᠦᠨᠢᠶ᠎ᠠ ᠪᠤᠯ 70 — 75 ᠡᠳᠦᠷ ᠭᠡᠷᠡᠭᠰᠡᠨ᠎ᠠ᠃ ᠡᠨᠡ ᠦᠶᠡᠰ ᠡᠷᠭᠡᠪᠰᠢ ᠴᠢᠨᠠᠷ ᠰᠠᠶᠢᠳᠠᠢ ᠪᠦᠳᠦᠭᠦᠯᠢᠭ ᠪᠤᠷᠳᠤᠭ᠎ᠠ ᠪᠠᠷ ᠲᠡᠵᠢᠭᠡᠨ᠎ᠠ᠃    ᠪᠦᠬᠦ ᠵᠢᠯ ᠤᠨ ᠡᠯ᠎ᠠ ᠤᠯᠠᠷᠢᠯ ᠳᠠᠬᠢ ᠠᠷᠠᠴᠢᠯᠠᠯᠳᠠ ᠬᠠᠮᠢᠶᠠᠷᠤᠯᠳᠠ    3 — 4 ᠰᠠᠷ᠎ᠠ ᠶᠢᠨ ᠦᠶ᠎ᠠ ᠪᠠᠷ ᠬᠠᠪᠤᠷ ᠤᠨ ᠡᠪᠡᠳᠴᠢᠨ ᠭᠡᠮ ᠠᠴᠠ ᠤᠨᠴᠠ ᠰᠡᠷᠭᠡᠶᠢᠯᠡᠬᠦ ᠪᠦᠭᠡᠳ ᠬᠢᠵᠢᠭ ᠰᠡᠷᠭᠡᠶᠢᠯᠡᠬᠦ ᠡᠮ ᠢ ᠴᠠᠭ ᠲᠤᠬᠠᠢ ᠳᠤᠨᠢ ᠬᠠᠳᠬᠤᠵᠦ᠂ ᠬᠤᠷᠤᠭ᠎ᠠ ᠬᠠᠰᠢᠶ᠎ᠠ ᠪᠠᠨ ᠴᠠᠭ ᠲᠤᠬᠠᠢ ᠳᠤᠨᠢ ᠠᠷᠢᠭᠤᠳᠬᠠᠬᠤ ᠭᠡᠷᠡᠭᠳᠡᠢ᠃ ᠠᠭᠤᠷ ᠠᠮᠢᠰᠬᠤᠯ ᠲᠤᠯᠭᠠᠨ ᠪᠤᠯᠬᠤ ᠪᠠᠷ ᠬᠦᠭᠡ ᠲᠠᠷᠤᠰᠢ ᠪᠠ ᠤᠰᠤᠯᠢᠭ ᠪᠤᠷᠳᠤᠭ᠎ᠠ ᠶᠢ ᠬᠦᠢᠴᠡᠳ ᠪᠡᠯᠡᠳᠭᠡᠬᠦ ᠭᠡᠷᠡᠭᠳᠡᠢ᠃        6 ᠰᠠᠷ᠎ᠠ ᠶᠢᠨ ᠦᠶ᠎ᠠ ᠪᠠᠷ ᠠᠭᠤᠷ ᠠᠮᠢᠰᠬᠤᠯ ᠬᠠᠯᠠᠭᠤᠨ ᠪᠤᠯᠬᠤ ᠳᠤ ᠦᠨᠢᠶ᠎ᠠ ᠶᠢᠨ ᠬᠠᠯᠠᠭᠤᠨ ᠠᠴᠠ ᠰᠡᠷᠭᠡᠶᠢᠯᠡᠬᠦ ᠠᠵᠢᠯ ᠢ ᠰᠠᠶᠢᠳᠤᠷ ᠬᠢᠵᠦ᠂ ᠵᠤᠨ ᠤ ᠬᠠᠮᠤᠭ ᠬᠠᠯᠠᠭᠤᠨ ᠴᠠᠭ ᠪᠤᠯᠬᠤ ᠳᠤ ᠡᠳᠦᠷ ᠪᠦᠷᠢ ᠤᠰᠤᠯᠠᠬᠤ ᠶᠢ ᠪᠠᠳᠤᠯᠠᠵᠦ᠂ ᠪᠤᠷᠳᠤᠭᠠᠨ ᠤ ᠭᠡᠮᠵᠢᠶ᠎ᠠ ᠶᠢ ᠢᠳᠡᠭ ᠢᠳᠡᠭ ᠢᠶᠠᠷ ᠪᠠᠭᠠᠰᠬᠠᠨ᠎ᠠ᠃ ᠵᠤᠨ ᠤ ᠤᠯᠠᠷᠢᠯ ᠳᠤ ᠬᠤᠷ᠎ᠠ ᠪᠤᠷᠤᠭᠠᠨ ᠡᠯᠪᠡᠭ ᠪᠤᠯᠬᠤᠷ ᠦᠨᠢᠶ᠎ᠠ ᠶᠢᠨ ᠬᠤᠷᠤᠭ᠎ᠠ ᠬᠠᠰᠢᠶ᠎ᠠ ᠶᠢ ᠬᠠᠭᠤᠷᠠᠢ ᠪᠠᠶᠢᠯᠭᠠᠬᠤ ᠶᠢ ᠪᠠᠳᠤᠯᠠᠵᠦ ᠠᠷᠢᠭᠤᠨ ᠴᠡᠪᠡᠷ ᠢ ᠠᠩᠬᠠᠷᠤᠨ᠎ᠠ᠃    9 ᠰᠠᠷ᠎ᠠ ᠶᠢᠨ ᠦᠶ᠎ᠠ ᠳᠤ ᠬᠦᠭᠡ ᠲᠠᠷᠤᠰᠢ ᠪᠠᠨ ᠡᠬᠢᠯᠡᠨ ᠪᠡᠯᠡᠳᠭᠡᠵᠦ᠂ ᠨᠠᠮᠤᠷ ᠤᠨ ᠰᠡᠷᠭᠡᠶᠢᠯᠡᠬᠦ ᠲᠠᠷᠢᠯᠭ᠎ᠠ ᠶᠢ ᠴᠠᠭ ᠲᠤᠬᠠᠢ ᠳᠤᠨᠢ ᠲᠠᠷᠢᠨ᠎ᠠ᠃ ᠨᠠᠮᠤᠷ ᠤᠨ ᠰᠡᠭᠦᠯᠴᠢ ᠪᠤᠯᠬᠤ ᠳᠤ ᠦᠨᠢᠶᠡᠨ ᠤ ᠡᠰᠢᠯᠢᠭ ᠪᠤᠷᠳᠤᠭ᠎ᠠ ᠲᠠᠷᠤᠰᠢᠭᠤᠯᠬᠤ ᠠᠵᠢᠯ ᠢ ᠬᠦᠢᠴᠡᠳ ᠬᠢᠬᠦ ᠭᠡᠷᠡᠭᠳᠡᠢ᠃    ᠡᠪᠤᠯ ᠤᠨ ᠠᠭᠤᠷ ᠤᠷᠤᠬᠤ ᠳᠤ ᠬᠦᠢᠳᠡᠨ ᠢ ᠰᠡᠷᠭᠡᠶᠢᠯᠡᠵᠦ᠂ ᠦᠨᠢᠶ᠎ᠠ ᠶᠢᠨ ᠬᠤᠷᠤᠭ᠎ᠠ ᠬᠠᠰᠢᠶ᠎ᠠ ᠶᠢᠨ ᠰᠠᠷᠠᠪᠴᠢ ᠴᠤᠩᠬᠤ ᠶᠢ ᠪᠦᠭᠯᠡᠵᠦ ᠪᠠᠬᠢᠯᠡᠨ ᠲᠤᠯᠠᠭᠠᠨ ᠢ ᠬᠠᠮᠠᠭᠠᠯᠠᠬᠤ ᠠᠵᠢᠯ ᠢ ᠰᠠᠶᠢᠳᠤᠷ ᠬᠢᠵᠦ᠂ ᠡᠳᠦᠷ ᠤᠨ ᠪᠤᠷᠳᠤᠭᠠᠨ ᠳᠠᠬᠢ ᠨᠠᠷᠢᠯᠢᠭ ᠪᠤᠷᠳᠤᠭᠠᠨ ᠤ ᠭᠡᠮᠵᠢᠶ᠎ᠠ ᠶᠢ ᠨᠡᠮᠡᠭᠳᠡᠭᠦᠯᠵᠦ᠂ ᠲᠠᠷᠭᠤ ᠶᠢ ᠬᠠᠮᠠᠭᠠᠯᠠᠨ ᠦᠨᠢᠶ᠎ᠠ ᠶᠢᠨ ᠭᠡᠭᠡᠯ ᠬᠠᠶᠠᠬᠤ ᠠᠴᠠ ᠤᠨᠴᠠ ᠬᠢᠴᠢᠶᠡᠬᠦ ᠡᠷᠡᠭᠳᠡᠢ᠃                           ︵︽ᠤᠯᠠᠭᠠᠨᠬᠠᠳᠠ ᠶᠢᠨ ᠡᠳᠦᠷ ᠤᠨ ᠰᠤᠨᠢᠨ︾ ᠠᠴᠠ ᠰᠢᠯᠵᠢᠭᠦᠯᠪᠡ︶
 
ᠢᠷᠡᠯᠲᠡ᠄ ᠬᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号