ᠦᠬᠡᠷ ᠤᠨ ᠸᠠᠯᠠᠭᠰᠠᠨ ᠪᠤᠷᠳᠤᠭᠠᠨ ᠳᠤ ᠬᠤᠤᠷᠳᠠᠬᠳᠠᠬᠤ ᠶᠢ ᠡᠮᠨᠡᠨ ᠵᠠᠰᠠᠬᠤ ᠮᠡᠷᠭᠡᠵᠢᠯ
ᠨᠡᠶᠢᠲᠡᠯᠡᠭᠰᠡᠨ ᠴᠠᠭ᠄
2019-12-25
  ᠪᠤᠷᠳᠤᠭ᠎ᠠ ᠪᠠᠨ ᠬᠠᠳᠠᠭᠠᠯᠠᠵᠤ ᠬᠠᠮᠢᠶᠠᠷᠤᠭᠰᠠᠨ ᠨᠢ ᠵᠤᠬᠢᠰ ᠦᠭᠡᠢ ᠪᠤᠶᠤ ᠪᠤᠳᠠᠭ᠎ᠠ ᠳᠠᠷᠢᠶ᠎ᠠ ᠬᠤᠷᠢᠶᠠᠬᠤ ᠦᠶᠡᠰ ᠤᠷᠳᠤ ᠬᠤᠭᠤᠴᠠᠭ᠎ᠠ ᠪᠠᠷ ᠪᠤᠷᠤᠭ᠎ᠠ ᠤᠷᠤᠭᠰᠠᠨ ᠠᠴᠠ ᠠᠮᠤ ᠪᠤᠳᠠᠭ᠎ᠠ ᠨᠢ ᠴᠢᠨᠠᠷ ᠬᠤᠪᠢᠷᠠᠵᠤ ᠴᠢᠨᠠᠭᠰᠢᠯᠠᠪᠠᠯ ᠸᠠᠯᠠᠭᠠᠳ ᠬᠤᠤᠷᠳᠠᠰᠤ ᠡᠭᠦᠰᠦᠨ᠎ᠡ᠃ ᠡᠶᠢᠮᠦᠷᠬᠦ ᠸᠠᠯᠠᠭᠰᠠᠨ ᠪᠤᠷᠳᠤᠭ᠎ᠠ ᠪᠠᠷ ᠳᠡᠵᠢᠭᠡᠪᠡᠯ ᠮᠠᠯ ᠨᠢ ᠠᠮᠠᠷᠬᠠᠨ ᠬᠤᠤᠷᠳᠠᠬᠳᠠᠨ᠎ᠠ᠃    ᠳᠠᠷᠢᠶᠠᠨ ᠤ ᠪᠤᠯᠪᠠᠰᠤᠷᠠᠵᠤ ᠬᠤᠷᠢᠶᠠᠬᠤ ᠤᠯᠠᠷᠢᠯ ᠳᠤ ᠬᠡᠷᠪᠡ ᠪᠤᠷᠤᠭᠠᠨ ᠶᠡᠭᠡ ᠪᠤᠶᠤ ᠬᠤᠷᠢᠶᠠᠭᠰᠠᠨ ᠪᠤᠳᠠᠭ᠎ᠠ ᠳᠠᠷᠢᠶ᠎ᠠ ᠪᠠ ᠪᠤᠷᠳᠤᠭ᠎ᠠ ᠪᠠᠨ ᠵᠤᠬᠢᠰ ᠦᠭᠡᠢ ᠬᠠᠳᠠᠭᠠᠯᠠᠪᠠᠯ ᠨᠢᠭᠡ ᠪᠦᠯᠦᠭ ᠬᠤᠤᠷᠳᠤ ᠬᠦᠬᠡᠴᠤ ᠠᠮᠠᠷᠬᠠᠨ ᠦᠰᠴᠤ ᠦᠷᠡᠵᠢᠳᠡᠭ᠃ ᠡᠳᠡᠭᠡᠷ ᠬᠦᠬᠡᠴᠤ ᠶᠢᠨ ᠳᠤᠳᠤᠷ᠎ᠠ ᠰᠢᠷ᠎ᠡ ᠬᠦᠷᠦᠩᠭᠡ ᠶᠢᠨ ᠬᠦᠬᠡᠴᠤ᠂ ᠬᠦᠬᠡ ᠬᠦᠬᠡᠴᠤ᠂ ᠴᠠᠭᠠᠨ ᠬᠦᠬᠡᠴᠤ ᠭᠡᠵᠤ ᠪᠠᠶᠢᠳᠠᠭ᠃ ᠴᠦᠮ ᠪᠤᠷᠳᠤᠭ᠎ᠠ ᠶᠢ ᠢᠯᠵᠢᠷᠡᠭᠦᠯᠬᠦ ᠬᠦᠬᠡᠴᠤ ᠪᠤᠯᠤᠨ᠎ᠠ᠃ ᠮᠠᠯ ᠨᠢ ᠡᠶᠢᠮᠦᠷᠬᠦ ᠪᠤᠷᠳᠤᠭ᠎ᠠ ᠶᠢ ᠨᠡᠯᠢᠶᠡᠳ ᠠᠷᠪᠢᠨ ᠢᠳᠡᠪᠡᠯ ᠳᠠᠷᠤᠢ ᠬᠤᠤᠷᠳᠠᠯᠭ᠎ᠠ ᠡᠭᠦᠰᠦᠨ᠎ᠡ᠃ ᠡᠭᠦᠨ ᠤ ᠳᠤᠳᠤᠷ᠎ᠠ ᠰᠢᠷ᠎ᠡ ᠬᠦᠷᠦᠩᠭᠡ ᠶᠢᠨ ᠬᠦᠬᠡᠴᠤ ᠪᠠ ᠬᠠᠳᠤᠭᠤᠷ ᠮᠦᠬᠦ ᠨᠢ ᠬᠤᠤᠷᠳᠤ ᠴᠢᠨᠠᠷ ᠢᠶᠠᠷ ᠨᠡᠯᠢᠶᠡᠳ ᠶᠡᠭᠡ ᠳᠤᠯᠠ ᠢᠳᠡᠪᠡᠯ ᠨᠡᠩ ᠠᠮᠠᠷᠬᠠᠨ ᠬᠤᠤᠷᠳᠠᠬᠳᠠᠨ᠎ᠠ᠃ ᠲᠤ ᠮᠸᠢ ᠰᠤ᠋ ᠶᠢᠨ ᠰᠢᠭᠠᠷᠤᠭ ᠵᠢᠴᠢ ᠪᠤᠯᠪᠠᠰᠤᠷᠠᠭᠤᠯᠤᠭᠰᠠᠨ ᠤ ᠳᠠᠷᠠᠭᠠᠬᠢ ᠪᠤᠳᠠᠭ᠎ᠠ ᠳᠠᠷᠢᠶ᠎ᠠ ᠨᠢ ᠴᠢᠬᠢᠭᠳᠦᠪᠡᠯ ᠬᠦᠬᠡ ᠬᠦᠬᠡᠴᠤ ᠤᠷᠭᠤᠳᠠᠭ ᠳᠤᠯᠠ ᠦᠬᠡᠷ ᠢᠳᠡᠪᠡᠯ ᠮᠦᠨ ᠬᠤᠤᠷᠳᠠᠬᠳᠠᠬᠤ ᠶᠤᠮ᠃      ᠨᠢᠭᠡ᠂ ᠤᠨᠤᠰᠢᠯᠠᠬᠤ ᠭᠤᠤᠯᠳᠠᠯᠭ᠎ᠠ    ᠬᠡᠮᠳᠡᠢ ᠦᠬᠡᠷ ᠨᠢ ᠴᠤᠭ ᠰᠦᠯᠳᠡ ᠦᠭᠡᠢ᠂ ᠬᠠᠷᠢᠭᠤ ᠤᠷᠪᠠᠯ ᠨᠢ ᠠᠨᠠᠢ᠂ ᠵᠠᠷᠢᠮ ᠳᠠᠭᠠᠨ ᠳᠤᠯᠤᠭᠠᠢ ᠪᠠᠨ ᠤᠨᠵᠠᠶᠢᠯᠭᠠᠨ ᠬᠦᠯᠢᠷᠡᠵᠤ ᠶᠠᠭ ᠯᠡ ᠮᠠᠩᠰᠢᠭᠤᠷᠠᠨ ᠤᠨᠳᠠᠵᠤ ᠪᠠᠶᠢᠭ᠎ᠠ ᠰᠢᠭ᠋᠃ ᠪᠡᠶ᠎ᠡ ᠶᠢᠨ ᠬᠢᠨᠢ ᠠᠯᠢ ᠨᠢᠭᠡᠨ ᠬᠡᠰᠡᠭ ᠲᠤ ᠭᠠᠷ ᠬᠦᠷᠦᠭᠰᠡᠨ ᠴᠤ ᠳᠦᠢᠯ ᠤᠨ ᠰᠤᠷᠭᠤᠭ ᠪᠠᠶᠢᠳᠠᠭ᠃ ᠬᠦᠳᠡᠯᠬᠦ ᠳᠤᠷ᠎ᠠ ᠦᠭᠡᠢ᠂ ᠠᠯᠪᠠᠳᠠᠵᠤ ᠶᠠᠪᠤᠭᠤᠯᠪᠠᠯ ᠪᠡᠶ᠎ᠡ ᠨᠢ ᠳᠠᠶᠢᠪᠠᠯᠵᠠᠬᠤ᠂ ᠵᠠᠷᠢᠮ ᠳᠠᠭᠠᠨ ᠬᠦᠬᠡᠷᠴᠤ ᠳᠤᠭᠳᠠᠪᠤᠷᠢ ᠦᠭᠡᠢ ᠪᠤᠯᠵᠤ ᠨᠢᠳᠤ ᠨᠢ ᠭᠡᠷᠡᠯ ᠠᠴᠠ ᠠᠶᠤᠬᠤ ᠪᠦᠭᠡᠳ ᠨᠢᠯᠪᠤᠰᠤ ᠭᠤᠭᠤᠵᠢᠵᠤ ᠢᠳᠡᠭ ᠢᠳᠡᠭ ᠢᠶᠠᠷ ᠬᠠᠷᠠᠴᠠ ᠨᠢ ᠮᠠᠭᠤᠳᠠᠨ᠎ᠠ᠃ ᠬᠡᠪᠢᠯᠳᠠ ᠪᠠ ᠬᠤᠳᠤᠭᠤᠳᠤᠨ ᠤ ᠬᠦᠷᠪᠡᠯᠵᠡᠬᠦ ᠬᠦᠳᠡᠯᠭᠡᠭᠡᠨ ᠨᠢ ᠮᠠᠭᠤᠳᠠᠵᠤ᠂ ᠤᠷᠢᠳᠠᠯ ᠬᠤᠳᠤᠭᠤᠳᠤ ᠶᠢᠨ ᠰᠤᠯᠠᠷᠠᠯ ᠤᠨ ᠢᠯᠡᠷᠡᠯ ᠭᠠᠷᠴᠤ ᠵᠠᠪᠰᠠᠷᠯᠠᠭ᠎ᠠ ᠶᠢᠨ ᠴᠢᠨᠠᠷ ᠲᠠᠢ ᠪᠠᠭᠠᠰᠤ ᠠᠯᠳᠠᠵᠤ᠂ ᠪᠠᠭᠠᠰᠤᠨ ᠳᠤᠨᠢ ᠴᠢᠰᠤ ᠲᠠᠢ ᠰᠠᠯᠢᠰᠤᠯᠢᠭ ᠰᠢᠩᠭᠡᠨ ᠬᠤᠯᠢᠯᠳᠤᠨ᠎ᠠ᠃ ᠵᠠᠷᠢᠮ ᠳᠠᠭᠠᠨ ᠬᠡᠪᠡᠯᠢ ᠳᠤᠨᠢ ᠤᠰᠤ ᠬᠤᠷᠠᠵᠤ ᠬᠦᠨᠳᠤ ᠨᠢᠭᠡ ᠨᠢ ᠰᠦᠷᠡᠬᠡᠢ ᠤᠰᠤ ᠠᠯᠳᠠᠵᠤ᠂ ᠪᠦᠷᠭᠦᠭᠦᠯ ᠦᠰᠦ ᠨᠢ ᠰᠢᠷᠦᠭᠦᠨ ᠪᠤᠯᠬᠤ ᠮᠦᠷᠳᠡᠭᠡᠨ ᠰᠢᠷᠢᠯᠳᠦᠨ ᠮᠠᠰᠢ ᠳᠦᠷᠭᠡᠨ ᠬᠦᠯ ᠳᠤᠨᠢ ᠤᠰᠤᠨ ᠬᠠᠪᠤᠩ ᠡᠭᠦᠰᠦᠨ᠎ᠡ᠃ ᠰᠠᠭᠠᠯᠢ ᠶᠢᠨ ᠦᠨᠢᠶᠡᠨ ᠤ ᠰᠦ ᠱᠦᠭᠦᠷᠡᠭᠦᠯᠬᠦ ᠨᠢ ᠠᠭᠠᠵᠢᠮ ᠢᠶᠠᠷ ᠪᠠᠭᠤᠷᠠᠵᠤ ᠭᠡᠮ ᠨᠢ ᠬᠦᠨᠳᠤ ᠦᠶᠡᠰ ᠰᠦ ᠨᠢ ᠵᠤᠭᠰᠤᠨ᠎ᠠ᠃ ᠬᠡᠭᠡᠯᠳᠡᠢ ᠦᠨᠢᠶ᠎ᠡ ᠨᠢ ᠭᠡᠭᠡᠯ ᠬᠠᠶᠠᠬᠤ ᠪᠤᠶᠤ ᠭᠡᠭᠡᠯ ᠤᠨ ᠠᠮᠢᠳᠤᠷᠠᠬᠤ ᠴᠢᠳᠠᠮᠵᠢ ᠨᠢ ᠳᠤᠷᠤᠭᠰᠢᠯᠠᠨ᠎ᠠ᠃      ᠬᠤᠶᠠᠷ᠂ ᠡᠮᠨᠡᠬᠦ ᠪᠠ ᠰᠡᠷᠭᠡᠶᠢᠯᠡᠬᠦ    ᠬᠡᠷᠪᠡ ᠸᠠᠯᠠᠭᠰᠠᠨ ᠪᠤᠷᠳᠤᠭᠠᠨ ᠳᠤ ᠬᠤᠤᠷᠳᠠᠭᠳᠠᠪᠠᠯ ᠳᠠᠷᠤᠢ ᠳᠤᠨᠢ ᠸᠠᠯᠠᠭᠰᠠᠨ ᠪᠤᠷᠳᠤᠭ᠎ᠠ ᠪᠠᠷ ᠳᠡᠵᠢᠭᠡᠬᠦ ᠪᠠᠨ ᠵᠤᠭᠰᠤᠨ᠎ᠠ᠃    ᠬᠤᠤᠷᠳᠠᠭᠳᠠᠬᠰᠠᠨ ᠦᠬᠡᠷ ᠢ ᠡᠮᠴᠢᠯᠡᠬᠦ ᠳᠡᠭᠡᠨ ᠬᠤᠤᠷ ᠢ ᠨᠢ ᠳᠠᠶᠢᠯᠵᠤ᠂ ᠭᠠᠳᠠᠭᠰᠢᠯᠠᠭᠤᠯᠬᠤ ᠵᠠᠷᠴᠢᠮ ᠢ ᠪᠠᠷᠢᠮᠳᠠᠯᠠᠨ᠎ᠠ᠃ ᠬᠤᠭᠤᠯᠠᠨ ᠳᠠᠪᠤᠰᠤ 200 — 300 ᠭᠷᠡᠮ ᠢ ᠤᠰᠤᠨ ᠳᠤ ᠠᠭᠤᠰᠬᠠᠭᠠᠳ ᠴᠢᠳᠬᠤᠨ᠎ᠠ᠃ ᠡᠰᠡᠭᠦᠯ᠎ᠡ ᠬᠦᠬᠦᠷ ᠬᠦᠴᠢᠯ ᠤᠨ ᠮᠠᠬᠨᠢ ᠶᠢᠨ 50% ᠶᠢᠨ ᠦᠵᠦᠮ ᠤᠨ ᠰᠢᠬᠢᠷ ᠤᠨ ᠠᠭᠤᠰᠤᠮᠠᠯ 500 — 1000 ᠮᠢᠯᠢᠯᠢᠲᠷ᠂ ᠬᠤᠯᠢᠮᠠᠭ ᠨᠠᠶᠢᠷᠠᠯᠭᠠᠳᠤ ᠾᠧᠯᠤᠷᠳᠤ ᠨᠠᠲᠷᠢ ᠶᠢᠨ ᠠᠭᠤᠰᠤᠮᠠᠯ 1000 — 2000 ᠮᠢᠯᠢᠯᠢᠳ᠋ᠷ ᠤᠨ ᠳᠡᠭᠡᠷ᠎ᠡ Vc 0.5 — 1 ᠭᠷᠡᠮ ᠢ ᠬᠤᠯᠢᠵᠤ ᠸᠧᠨ᠎ᠡ ᠳᠤᠨᠢ ᠵᠡᠭᠦᠳᠡᠨ᠎ᠡ᠃ ᠵᠢᠷᠦᠬᠡ ᠰᠠᠶᠢᠵᠢᠷᠠᠭᠤᠯᠬᠤ ᠡᠮ ᠪᠤᠯᠬᠤ 25% ᠶᠢᠨ ᠨᠢ ᠺᠧ ᠱᠠ ᠮᠢ 20 — 30 ᠮᠢᠯᠢᠯᠢᠳ᠋ᠷ ᠢ ᠪᠤᠯᠴᠢᠩ ᠳᠤᠨᠢ ᠵᠡᠭᠦᠳᠡᠨ᠎ᠡ᠃ ᠡᠰᠡᠭᠦᠯ᠎ᠡ 10% ᠶᠢᠨ ᠭᠠᠪᠦ᠋ᠷ ᠤᠨ ᠰᠦᠯᠫᠤᠨ ᠬᠦᠴᠢᠯ ᠤᠨ ᠨᠠᠲᠷᠢ ᠶᠢᠨ ᠵᠡᠭᠦᠳᠡᠬᠦ ᠰᠢᠩᠭᠡᠨ 30 ᠮᠢᠯᠢᠯᠢᠳ᠋ᠷ ᠢ ᠪᠤᠯᠴᠢᠩ ᠳᠤᠨᠢ ᠵᠡᠭᠦᠳᠡᠨ᠎ᠡ᠃ ᠳᠠᠶᠢᠪᠤᠰᠢᠷᠠᠭᠤᠯᠬᠤ ᠪᠠᠷ ᠳᠠᠪᠤᠰᠤᠨ ᠬᠦᠴᠢᠯ ᠤᠨ ᠾᠧᠯᠤᠷᠳᠤ ᠫᠷᠤᠫᠢᠯᠽᠢᠨ 250 — 500 ᠮᠢᠯᠢᠭᠷᠡᠮ ᠢ ᠪᠤᠯᠴᠢᠩ ᠳᠤᠨᠢ ᠵᠡᠭᠦᠳᠡᠬᠦ ᠪᠤᠶᠤ 10% ᠶᠢᠨ ᠹᠷᠤᠮᠳᠤ ᠺᠠᠯᠼ 200 — 300 ᠮᠢᠯᠢᠯᠢᠳ᠋ᠷ ᠢ ᠸᠧᠨ᠎ᠠ ᠳᠤᠨᠢ ᠵᠡᠭᠦᠳᠡᠨ᠎ᠡ᠃ ᠪᠤᠷᠳᠤᠭ᠎ᠠ ᠪᠠᠨ ᠬᠤᠷᠢᠶᠠᠵᠤ ᠵᠦᠭᠡᠭᠡᠨ ᠳᠡᠭᠡᠭᠡᠪᠦᠷᠢᠯᠡᠬᠦ᠂ ᠪᠤᠯᠪᠠᠰᠤᠷᠠᠭᠤᠯᠬᠤ᠂ ᠬᠠᠳᠠᠭᠠᠯᠠᠬᠤ ᠶᠠᠪᠤᠴᠠ ᠳᠤ ᠸᠠᠯᠠᠵᠤ ᠡᠪᠳᠡᠷᠡᠬᠦ ᠪᠠ ᠴᠢᠬᠢᠭᠳᠦᠬᠦ ᠠᠴᠠ ᠰᠡᠷᠭᠡᠶᠢᠯᠡᠵᠤ ᠬᠡᠷᠪᠡ ᠸᠠᠯᠠᠵᠤ ᠢᠯᠵᠢᠷᠡᠭᠰᠡᠨ ᠪᠠᠶᠢᠪᠠᠯ ᠳᠠᠷᠤᠢ ᠳᠤᠨᠢ ᠳᠡᠯᠭᠡᠨ ᠬᠠᠳᠠᠭᠠᠵᠤ᠂ ᠰᠦᠷᠡᠬᠡᠢ ᠸᠠᠯᠠᠭᠰᠠᠨ ᠪᠤᠷᠳᠤᠭ᠎ᠠ ᠪᠠᠨ ᠬᠠᠶᠠᠬᠤ ᠬᠡᠷᠡᠭᠳᠡᠢ᠃ ᠪᠤᠷᠳᠤᠭ᠎ᠠ ᠪᠠᠨ ᠳᠦᠯᠦᠪᠯᠡᠭᠡ ᠲᠠᠢ ᠬᠤᠳᠠᠯᠳᠤᠨ ᠠᠪᠴᠤ᠂ ᠤᠷᠳᠤ ᠬᠤᠭᠤᠴᠠᠭ᠎ᠠ ᠪᠠᠷ ᠤᠪᠤᠭᠠᠯᠠᠵᠤ ᠬᠠᠳᠠᠭᠠᠯᠠᠬᠤ ᠠᠴᠠ ᠵᠠᠶᠢᠯᠠᠰᠬᠢᠨ᠎ᠡ᠃  ︵ᠰᠢᠨᠵᠢᠯᠡᠬᠦ︶
 
ᠢᠷᠡᠯᠲᠡ᠄ ᠬᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号