ᠶᠢᠰᠣᠨ ᠵᠦᠢᠯ ᠤᠨ ᠠᠷᠭ᠎ᠠ ᠬᠡᠮᠵᠢᠶ᠎ᠡ ᠪᠠᠷ ᠰᠦ ᠶᠢᠨ ᠦᠢᠯᠡᠰ ᠤᠨ ᠴᠢᠨᠠᠷ ᠰᠠᠶᠢᠳᠠᠢ ᠬᠦᠭᠵᠢᠯᠳᠡ ᠶᠢ ᠠᠬᠢᠭᠤᠯᠤᠨ᠎ᠠ
ᠨᠡᠶᠢᠲᠡᠯᠡᠭᠰᠡᠨ ᠴᠠᠭ᠄
2025/5/14
        ᠦᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠤᠶᠢᠷ᠎ᠠ ᠳᠤ ︽ᠰᠦ ᠶᠢᠨ ᠦᠢᠯᠡᠰ ᠤᠨ ᠴᠢᠨᠠᠷ ᠰᠠᠶᠢᠳᠠᠢ ᠬᠦᠭᠵᠢᠯᠳᠡ ᠶᠢ ᠤᠯᠠᠮ ᠨᠢᠬᠡ ᠠᠯᠬᠤᠮ ᠲᠡᠮᠵᠢᠬᠦ ᠲᠤᠬᠠᠢ ᠮᠡᠳᠡᠭᠳᠡᠯ︾ ᠢ ᠲᠠᠷᠦᠮᠠᠯᠯᠠᠨ ᠲᠠᠷᠬᠠᠭᠠᠪᠠ᠃ ᠬᠠᠮᠢᠶ᠎ᠠ ᠪᠦᠬᠦᠢ ᠲᠦᠷᠦ ᠶᠢᠨ ᠪᠤᠳᠤᠯᠭ᠎ᠠ ᠶᠢ ᠮᠡᠳᠡᠭᠳᠡᠯ ᠢ ᠲᠠᠷᠦᠮᠠᠯᠯᠠᠨ ᠲᠠᠷᠬᠠᠭᠠᠬᠰᠠᠨ ᠡᠳᠦᠷ ᠠᠴᠠ ᠡᠬᠢᠯᠡᠨ ᠬᠡᠷᠡᠭᠵᠢᠬᠦᠯᠵᠦ᠂ ᠬᠡᠷᠡᠭᠵᠢᠬᠦᠯᠬᠦ ᠬᠤᠭᠤᠴᠠᠭ᠎ᠠ ᠶᠢ 2025 ᠤᠨ ᠤ 12 ᠰᠠᠷ᠎ᠠ ᠶᠢᠨ 31 ᠤ ᠡᠳᠦᠷ ᠬᠦᠷᠳᠡᠯ᠎ᠡ ᠬᠢᠵᠠᠭᠠᠷᠯᠠᠨ᠎ᠠ᠃        ︽ᠰᠦ ᠶᠢᠨ ᠦᠢᠯᠡᠰ ᠤᠨ ᠴᠢᠨᠠᠷ ᠰᠠᠶᠢᠳᠠᠢ ᠬᠦᠭᠵᠢᠯᠳᠡ ᠶᠢ ᠤᠯᠠᠮ ᠨᠢᠬᠡ ᠠᠯᠬᠤᠮ ᠲᠡᠮᠵᠢᠬᠦ ᠲᠤᠬᠠᠢ ᠮᠡᠳᠡᠭᠳᠡᠯ︾ ᠳᠤ ᠤᠳᠤᠬᠠᠨ ᠤ ᠰᠦ ᠶᠢᠨ ᠦᠢᠯᠡᠰ ᠤᠨ ᠬᠦᠭᠵᠢᠯᠳᠡ ᠳᠤ ᠲᠤᠯᠭᠠᠷᠠᠵᠦ ᠪᠠᠶᠢᠭ᠎ᠠ ᠦᠷᠢᠰᠦᠯᠳᠦᠬᠡᠨ ᠳᠤ ᠴᠢᠭᠯᠡᠬᠦᠯᠦᠨ᠂ 9 ᠵᠦᠢᠯ ᠤᠨ ᠪᠤᠳᠠᠳᠠᠢ ᠠᠷᠭ᠎ᠠ ᠬᠡᠮᠵᠢᠶ᠎ᠡ ᠲᠤᠷᠠᠳᠴᠦ᠂ ᠰᠦ ᠶᠢᠨ ᠦᠢᠯᠡᠰ ᠤᠨ ᠴᠢᠨᠠᠷ ᠰᠠᠶᠢᠳᠠᠢ ᠬᠦᠭᠵᠢᠯᠳᠡ ᠶᠢ ᠦᠷᠬᠦᠯᠵᠢᠯᠡᠨ ᠠᠬᠢᠭᠤᠯᠬᠤ ᠬᠡᠷᠡᠭᠳᠡᠢ ᠭᠡᠵᠡᠢ᠃ ᠲᠡᠮᠵᠢᠬᠦ ᠭᠤᠤᠯ ᠴᠤᠬᠴᠠ ᠶᠢᠨ ᠲᠠᠯ᠎ᠠ ᠪᠠᠷ᠂ ᠲᠡᠵᠢᠬᠡᠨ ᠦᠷᠡᠵᠢᠬᠦᠯᠬᠦ ᠲᠠᠯᠠᠪᠠᠢ ᠶᠢᠨ ᠲᠡᠵᠢᠬᠡᠯ ᠡᠪᠡᠰᠦ ᠪᠤᠷᠳᠤᠭᠠᠨ ᠤ ᠵᠢᠬᠡᠯᠡᠯᠬᠡ᠂ ᠲᠤᠮᠳᠡ ᠵᠢᠵᠢᠭ ᠲᠡᠵᠢᠬᠡᠨ ᠦᠷᠡᠵᠢᠬᠦᠯᠬᠦ ᠲᠠᠯᠠᠪᠠᠢ ᠶᠢᠨ ᠲᠡᠵᠢᠬᠡᠬᠦ ᠡᠳ᠋ᠰᠢᠬᠦᠯᠬᠦ ᠶᠢ ᠨᠢᠬᠡ ᠴᠤᠬᠴᠠᠵᠢᠭᠤᠯᠬᠤ ᠵᠡᠷᠭᠡ ᠳᠤ ᠨᠦᠬᠦᠪᠦᠷᠢ ᠦᠭᠴᠦ᠂ ᠲᠦᠬᠦᠭᠡᠢ ᠰᠢᠨ᠎ᠠ ᠰᠦ ᠶᠢᠨ ᠦᠨ᠎ᠡ ᠬᠠᠨᠭ᠍ᠰᠢ ᠶᠢᠨ ᠵᠢᠭᠠᠯᠳᠠ ᠲᠤᠭ᠎ᠠ ᠶᠢᠨ ᠲᠠᠭᠠᠳᠬᠠᠯ ᠳᠤ ᠰᠢᠨ᠎ᠠ ᠶᠢ ᠡᠬᠦᠳᠦᠨ᠂ ᠲᠦᠬᠦᠭᠡᠢ ᠰᠢᠨ᠎ᠠ ᠰᠦ ᠶᠢᠨ ᠨᠤᠨᠳᠠᠭ ᠰᠦᠷᠴᠢᠬᠦ ᠨᠦᠬᠦᠪᠦᠷᠢ ᠶᠢ 3 ᠰᠠᠷ᠎ᠠ ᠠᠴᠠ 6 ᠰᠠᠷ᠎ᠠ ᠪᠤᠯᠭᠠᠨ ᠤᠷᠳᠤᠳᠬᠠᠵᠦ ᠂ ᠰᠦ ᠶᠢᠨ ᠠᠵᠦ ᠠᠬᠤᠶᠢᠯᠠᠯ ᠤᠨ ᠢᠯᠡᠬᠦᠦ ᠰᠦ ᠬᠤᠷᠢᠶᠠᠬᠤ ᠶᠢ ᠵᠤᠷᠢᠬᠵᠢᠭᠤᠯᠤᠨ᠎ᠠ᠃ ᠰᠢᠨ᠎ᠠ ᠶᠢ ᠡᠬᠦᠳᠬᠦ ᠬᠦᠭᠵᠢᠯᠳᠡ ᠶᠢᠨ ᠲᠠᠯ᠎ᠠ ᠪᠠᠷ᠂ ᠤᠯᠤᠰ ᠤᠨ ᠴᠠᠭᠠᠨ ᠢᠳᠡᠬᠡᠨ ᠤ ᠦᠢᠯᠡᠰ᠂ ᠡᠪᠡᠰᠦᠨ ᠤ ᠦᠢᠯᠡᠰ ᠤᠨ ᠮᠡᠷᠬᠡᠵᠢᠯ ᠤᠨ ᠰᠢᠨ᠎ᠠ ᠶᠢ ᠡᠬᠦᠳᠬᠦ ᠲᠦᠪ ᠤᠨ ᠪᠦᠳᠦᠬᠡᠨ ᠪᠠᠶᠢᠭᠤᠯᠤᠯᠳᠠ ᠶᠢ ᠦᠷᠬᠦᠯᠵᠢᠯᠡᠨ ᠲᠠᠮᠵᠢᠵᠦ᠂ ᠪᠢᠰᠢᠯᠠᠭ᠂ ᠰᠡᠯᠡᠬᠦᠴᠡᠯ ᠤᠨ ᠢᠳᠡᠬᠡᠨ ᠵᠡᠷᠭᠡ ᠤᠨᠴᠠᠯᠢᠬᠳᠤ ᠴᠠᠭᠠᠨ ᠢᠳᠡᠬᠡᠨ ᠢ ᠲᠦᠷᠬᠡᠨ ᠭᠠᠷᠭᠠᠵᠦ᠂ ᠵᠦᠷᠢᠶᠡᠴᠢᠯᠡᠭᠰᠡᠨ ᠵᠠᠬ᠎ᠠ ᠲᠡᠯᠬᠡᠬᠦᠷ ᠤᠨ ᠬᠡᠷᠡᠭᠴᠡᠭᠡ ᠱᠠᠭᠠᠷᠳᠠᠯᠭ᠎ᠠ ᠶᠢ ᠬᠠᠨᠭ᠍ᠭᠠᠨ᠎ᠠ᠃ ᠬᠡᠷᠡᠭᠯᠡᠭᠡ ᠶᠢ ᠠᠬᠢᠭᠤᠯᠬᠤ ᠲᠠᠯ᠎ᠠ ᠪᠠᠷ᠂ ︽ᠰᠦ ᠶᠢᠨ ᠠᠵᠦ ᠠᠬᠤᠶᠢᠯᠠᠯ ᠤᠨ ᠤᠷᠤᠯᠳᠤᠭᠠᠨ ᠶᠠᠪᠤᠭᠤᠯᠬᠤ︾ ᠵᠡᠷᠭᠡ ᠲᠤᠰᠬᠠᠢ ᠰᠡᠳᠤᠪᠳᠤ ᠤᠬᠠᠭᠤᠯᠤᠨ ᠲᠠᠨᠢᠯᠴᠠᠭᠤᠯᠬᠤ ᠠᠵᠢᠯᠯᠠᠭ᠎ᠠ ᠦᠷᠨᠢᠬᠦᠯᠵᠦ᠂ ᠡᠯ᠎ᠡ ᠱᠠᠳᠦᠨ ᠤ ᠠᠵᠢᠯᠴᠢᠨ ᠤ ᠡᠪᠯᠡᠯ ᠤᠨ ᠴᠠᠭᠠᠨ ᠢᠳᠡᠬᠡᠨ ᠢ ᠬᠤᠳᠠᠯᠳᠤᠨ ᠠᠪᠴᠦ ᠲᠠᠷᠬᠠᠭᠠᠬᠤ ᠡᠷᠴᠢᠮ ᠢᠶᠠᠨ ᠴᠢᠩᠭᠠᠷᠠᠭᠤᠯᠬᠤ ᠶᠢ ᠵᠤᠷᠢᠬᠵᠢᠭᠤᠯᠤᠨ᠂ ᠴᠠᠭᠠᠨ ᠢᠳᠡᠬᠡᠨ ᠢ ᠨᠠᠰᠦᠳᠠᠨ ᠢ ᠠᠰᠠᠷᠠᠬᠤ ᠬᠦᠷᠢᠶᠡᠯᠡᠩ᠂ ᠠᠰᠠᠷᠠᠮᠵᠢ ᠶᠢᠨ ᠬᠦᠷᠢᠶᠡᠯᠡᠩ ᠵᠡᠷᠭᠡ ᠪᠠᠶᠢᠭᠤᠯᠤᠮᠵᠢ ᠳᠤ ᠤᠷᠤᠭᠤᠯᠬᠤ ᠶᠢ ᠠᠬᠢᠭᠤᠯᠵᠦ᠂ ︽ᠰᠤᠷᠤᠬᠴᠢᠳ ᠤᠨ ᠤᠤᠭᠤᠬᠤ ᠰᠦ ᠶᠢᠨ ᠲᠦᠯᠦᠪᠯᠡᠭᠡ︾ ᠶᠢᠨ ᠬᠠᠮᠦᠷᠬᠤ ᠬᠡᠪᠴᠢᠶ᠎ᠡ ᠶᠢ ᠲᠤᠬᠳᠠᠭᠤᠨ ᠢᠶᠠᠷ ᠦᠷᠭᠡᠳᠬᠡᠨ᠂ ᠪᠦᠬᠦ ᠠᠷᠠᠳ ᠢᠶᠠᠷ ᠢᠶᠠᠨ ᠰᠦ ᠤᠤᠭᠤᠬᠤ ᠲᠠᠳᠬᠠᠯ ᠲᠠᠢ ᠪᠤᠯᠬᠤ ᠳᠤ ᠬᠦᠴᠦᠨ ᠨᠡᠮᠡᠷᠢᠯᠡᠨ᠎ᠡ᠃ ᠪᠡᠯᠡ ᠮᠦᠡᠭᠬᠦ ᠦᠭᠬᠦ ᠲᠠᠯ᠎ᠠ ᠪᠠᠷ᠂ ᠲᠡᠰ ᠲᠠᠷᠠᠭᠠᠯᠠᠯ ᠢ ᠰᠢᠯᠢᠳᠡᠭᠵᠢᠬᠦᠯᠬᠦ᠂ ᠲᠡᠰ ᠲᠠᠷᠠᠭᠠᠯᠠᠯ ᠢ ᠬᠦᠳᠡᠯᠦᠩᠬᠦᠢ ᠪᠠᠷ ᠲᠡᠭᠡᠭᠰᠢᠯᠡᠬᠦᠯᠬᠦ᠂ ᠠᠵᠦ ᠠᠬᠤᠶᠢᠯᠠᠯ ᠳᠤ ᠠᠰᠢᠭ ᠬᠦᠷᠳᠡᠭᠡᠵᠦ ᠰᠢᠭᠤᠳ ᠬᠦᠷᠭᠡᠬᠦ ᠵᠡᠷᠭᠡ ᠠᠷᠭ᠎ᠠ ᠬᠡᠮᠵᠢᠶ᠎ᠡ ᠪᠠᠷ ᠲᠠᠮᠵᠢᠭᠤᠯᠤᠨ᠂ ᠲᠦᠷᠦ ᠶᠢᠨ ᠪᠤᠳᠤᠯᠭ᠎ᠠ ᠶᠢᠨ ᠪᠡᠯᠡ ᠮᠦᠡᠭᠬᠦ ᠦᠭᠬᠦ ᠬᠦᠴᠦᠨ ᠲᠠᠢ ᠬᠤᠭᠤᠴᠠᠭ᠎ᠠ ᠶᠢ ᠲᠡᠭᠡᠭᠰᠢᠯᠡᠬᠦᠯᠦᠨ᠎ᠡ᠃        ᠤᠶᠢᠯᠠᠭᠠᠬᠰᠠᠨ ᠢᠶᠠᠷ᠂ 2023 ᠤᠨ ᠳᠤ ᠦᠪᠡᠷᠳᠡᠬᠡᠨ ᠵᠠᠰᠠᠬᠤ ᠤᠷᠤᠨ ︽ᠰᠦ ᠶᠢᠨ ᠦᠢᠯᠡᠰ ᠤᠨ ᠴᠢᠨᠠᠷ ᠰᠠᠶᠢᠳᠠᠢ ᠬᠦᠭᠵᠢᠯᠳᠡ ᠶᠢ ᠠᠬᠢᠭᠤᠯᠬᠤ ᠲᠦᠷᠦ ᠶᠢᠨ ᠪᠤᠳᠤᠯᠭ᠎ᠠ ᠶᠢᠨ ᠠᠷᠭ᠎ᠠ ᠬᠡᠮᠵᠢᠶ᠎ᠡ ᠨᠦᠭᠦᠳ︾ ᠢ ᠨᠡᠶᠢᠳᠡᠯᠡᠵᠦ᠂ ᠲᠡᠵᠢᠬᠡᠨ ᠦᠷᠡᠵᠢᠬᠦᠯᠬᠦ ᠲᠠᠯᠠᠪᠠᠢ ᠶᠢᠨ ᠡᠷᠦᠬᠡ ᠪᠠ ᠠᠵᠦ ᠠᠬᠤᠶᠢᠯᠠᠯ ᠢ ᠴᠠᠭ ᠲᠤᠬᠠᠢ ᠳᠤᠨᠢ ᠬᠠᠪᠰᠦᠷᠦᠨ ᠬᠦᠴᠢᠷᠳᠡᠯ ᠢ ᠨᠢ ᠰᠶᠢᠳᠪᠦᠷᠢᠯᠡᠵᠦ᠂ ᠰᠦ ᠶᠢᠨ ᠦᠢᠯᠡᠰ ᠲᠤ ᠲᠤᠯᠭᠠᠷᠠᠵᠦ ᠪᠠᠶᠢᠭ᠎ᠠ ᠬᠦᠨᠳᠤ ᠬᠡᠴᠡᠬᠦᠦ ᠪᠠᠶᠢᠳᠠᠯ ᠢ ᠪᠦᠳᠦᠮᠵᠢᠳᠡᠢ ᠠᠷᠭᠠᠴᠠᠭᠠᠬᠰᠠᠨ ᠪᠠᠶᠢᠨ᠎ᠠ᠃ ᠡᠨᠡ ᠤᠳᠠᠭᠠᠨ ᠤ ︽ᠲᠡᠰ ᠲᠡᠪᠰᠢᠭᠰᠡᠨ︾ ᠰᠦ ᠶᠢᠨ ᠦᠢᠯᠡᠰ ᠢ ᠬᠦᠭᠵᠢᠬᠦᠯᠬᠦ ᠲᠦᠷᠦ ᠶᠢᠨ ᠪᠤᠳᠤᠯᠭ᠎ᠠ ᠨᠢ ᠰᠦ ᠶᠢᠨ ᠦᠢᠯᠡᠰ ᠤᠨ ᠬᠡᠯᠪᠡᠷᠢ ᠪᠠᠨ ᠬᠤᠪᠢᠷᠠᠭᠤᠯᠤᠨ ᠲᠡᠰ ᠲᠡᠪᠰᠢᠬᠦᠯᠬᠦ ᠶᠢ ᠤᠯᠠᠮ ᠨᠢᠬᠡ ᠠᠯᠬᠤᠮ ᠲᠦᠷᠭᠡᠳᠬᠡᠬᠦ ᠪᠤᠯᠤᠨ᠎ᠠ᠃ ︵︽ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ︾ ᠠᠴᠠ ᠰᠢᠯᠵᠢᠬᠦᠯᠪᠡ︶
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号