| ᠰᠦ ᠶᠢᠨ ᠲᠦᠷᠤᠯ ᠪᠤᠯ ᠰᠢᠮ᠎ᠠ ᠲᠡᠵᠢᠬᠡᠯ ᠤᠨ ᠪᠦᠷᠢᠯᠳᠤᠬᠦᠨ ᠪᠦᠷᠢᠨ᠂ ᠪᠦᠷᠢᠯᠳᠤᠬᠦᠨ ᠤ ᠬᠠᠷᠢᠴᠠᠯ | ᠵᠤᠬᠢᠰᠳᠡᠢ᠂ ᠰᠢᠩᠬᠡᠬᠡᠬᠦ ᠳᠤ ᠠᠮᠠᠷᠬᠠᠨ᠂ ᠰᠢᠮ᠎ᠠ ᠲᠡᠵᠢᠬᠡᠯ ᠤᠨ ᠦᠷᠳᠡᠭ ᠢᠶᠠᠷ ᠦᠨᠳᠤᠷ ᠢᠳᠡᠬᠡᠨ ᠪᠤᠯᠤᠨ᠎ᠠ᠃ | ᠴᠢᠨᠠᠷᠯᠢᠬ ᠤᠭᠤᠷᠠᠭ᠂ ᠸᠢᠲ᠋ᠠᠮᠢᠨ A᠂ ᠸᠢᠲ᠋ᠠᠮᠢᠨ B ᠢ ᠬᠠᠩᠭᠠᠵᠤ᠂ ᠺᠠᠯᠼ᠂ ᠹᠤᠰᠹᠤᠷ᠂ ᠺᠠᠯᠢ ᠵᠡᠷᠬᠡ ᠡᠷᠤᠳᠡᠰᠤᠨ | ᠪᠤᠳᠠᠰ ᠢ ᠡᠯᠪᠡᠭ ᠠᠭᠤᠯᠵᠤ᠂ ᠬᠦᠮᠤᠨ ᠤ ᠪᠠᠶ᠎ᠠ ᠳᠤ ᠠᠮᠠᠷᠬᠠᠨ ᠰᠢᠩᠬᠡᠬᠡᠭᠳᠡᠬᠦ ᠳᠤᠯᠠ ᠺᠠᠯᠼᠯᠢᠬ ᠢᠳᠡᠬᠡᠨ ᠤ | ᠬᠠᠮᠤᠭ ᠤᠨ ᠰᠠᠶᠢᠨ ᠢᠷᠠᠯᠳᠠ ᠪᠤᠯᠤᠨ᠎ᠠ᠃ | ᠬᠡᠤᠬᠡᠳ ᠪᠠᠭᠠᠴᠤᠳ ᠦᠷᠬᠦᠯᠵᠢ ᠰᠦ ᠤᠤᠭᠤᠬᠤ ᠨᠢ ᠦᠰᠦᠯᠳᠠ ᠪᠤᠯᠤᠨ ᠶᠠᠰᠤᠨ ᠤ ᠡᠷᠡᠬᠦᠯ | ᠮᠠᠨᠳᠤ ᠳᠤᠨᠢ ᠠᠰᠢᠬᠳᠠᠢ᠃ ᠰᠦ ᠤᠤᠭᠤᠬᠤ ᠨᠢ ᠺᠠᠯᠼ ᠤᠨ ᠬᠡᠮᠵᠢᠶ᠎ᠠ ᠶᠢ ᠨᠡᠮᠡᠭᠳᠡᠬᠦᠯᠤᠨ᠂ ᠶᠠᠰᠤᠨ ᠤ ᠦᠰᠤᠯᠳᠠ ᠶᠢ | ᠠᠬᠢᠭᠤᠯᠵᠤ᠂ ᠬᠡᠳᠡᠰᠤᠨ ᠳᠤᠳᠤᠷᠠᠬᠢ ᠰᠦᠨ ᠬᠦᠴᠢᠯ ᠤᠨ ᠪᠠᠺᠲ᠋ᠧᠷᠢ ᠶᠢ ᠨᠡᠮᠡᠭᠳᠡᠬᠦᠯᠵᠤ᠂ ᠬᠦᠮᠤᠨ ᠤ ᠪᠠᠶ᠎ᠠ ᠶᠢᠨ | ᠺᠠᠯᠼ ᠪᠠ ᠪᠤᠰᠤᠳ ᠡᠷᠤᠳᠡᠰᠤᠨ ᠪᠤᠳᠠᠰ ᠤᠨ ᠰᠢᠩᠬᠡᠬᠡᠯᠳᠡ ᠳᠤ ᠠᠰᠢᠬᠳᠠᠢ᠃ ᠶᠠᠰᠤ ᠪᠤᠯᠤᠨ ᠰᠢᠳᠤᠨ ᠤ ᠦᠰᠤᠨ | ᠪᠤᠶᠢᠵᠢᠬᠤ ᠳᠤ ᠢᠳᠡᠪᠬᠢᠳᠡᠢ ᠤᠶᠢᠯᠠᠳᠤᠯ ᠲᠠᠢ ᠪᠦᠬᠡᠳ ᠡᠪᠡᠳᠴᠢᠨ ᠢ ᠰᠡᠷᠬᠡᠶᠢᠯᠡᠬᠦ ᠪᠠ ᠡᠪᠡᠳᠴᠢᠨ ᠢ ᠡᠰᠡᠷᠬᠦᠴᠠᠬᠦ | ᠴᠢᠳᠠᠪᠤᠷᠢ ᠶᠢ ᠨᠡᠮᠡᠭᠳᠡᠬᠦᠯᠤᠨ᠎ᠠ᠃ ᠢᠳᠡᠷ ᠦᠳᠡᠯᠦᠬᠡ ᠨᠠᠰᠤᠨ ᠤ ᠬᠦᠮᠤᠰ ᠰᠦ ᠤᠤᠭᠤᠪᠠᠯ ᠶᠠᠰᠤᠨ ᠡᠳ᠋ ᠤᠨ | ᠬᠤᠷᠤᠭᠳᠠᠯ ᠢ ᠪᠠᠭᠠᠰᠬᠠᠨ ᠶᠠᠰᠤᠨ ᠤ ᠡᠷᠡᠬᠦᠯ ᠮᠠᠨᠳᠤ ᠳᠤ ᠠᠰᠢᠬᠳᠠᠢ᠃ | ᠢᠳᠡᠰᠢ ᠤᠤᠭᠤᠰᠢ ᠶᠢᠨ ᠲᠠᠳᠬᠠᠯ᠂ ᠰᠦ ᠶᠢᠨ ᠲᠦᠷᠤᠯ ᠤᠨ ᠤᠶᠢᠯᠠᠳᠪᠤᠷᠢᠯᠠᠯ ᠪᠤᠯᠤᠨ ᠬᠠᠩᠭᠠᠯᠳᠠ | ᠵᠡᠷᠬᠡ ᠡᠯᠧᠮᠧᠨ᠋ᠲ ᠤᠨ ᠨᠦᠯᠦᠬᠡ ᠪᠠᠷ᠂ ᠤᠳᠤᠬᠠᠨ ᠳᠤ ᠮᠠᠨ ᠤ ᠤᠯᠤᠰ ᠤᠨ ᠰᠠᠭᠤᠭᠠᠯᠢ ᠠᠷᠠᠳ ᠤᠨ ᠰᠦ ᠶᠢᠨ | ᠲᠦᠷᠤᠯ ᠤᠨ ᠬᠡᠷᠡᠭᠯᠡᠭᠡ ᠨᠢ ᠬᠦᠭᠵᠢᠭᠰᠡᠡ ᠤᠯᠤᠰ ᠤᠨ ᠬᠢ ᠲᠠᠢ ᠬᠠᠷᠢᠴᠠᠭᠤᠯᠪᠠᠯ ᠨᠠᠯᠢᠶᠠᠳ ᠶᠡᠭᠡ ᠵᠦᠷᠢᠶ᠎ᠠ ᠲᠠᠢ᠃ | ᠲᠡᠯᠡᠬᠡᠢ ᠶᠢᠨ ᠬᠦᠮᠤᠨ ᠪᠦᠷᠢ ᠶᠢᠨ ᠲᠡᠭᠰᠢᠳᠬᠡᠭᠰᠡᠡ ᠵᠢᠯ ᠪᠦᠷᠢ ᠶᠢᠨ ᠰᠦ ᠬᠡᠷᠡᠭᠯᠡᠬᠦ ᠬᠡᠮᠵᠢᠶ᠎ᠠ ᠨᠢ 103 ᠺᠢᠯᠦᠭᠷᠡᠮ᠂ | ᠬᠦᠭᠵᠢᠭᠰᠡᠡ ᠤᠯᠤᠰ ᠤᠨ ᠬᠦᠮᠤᠨ ᠪᠦᠷᠢ 312 ᠺᠢᠯᠦᠭᠷᠡᠮ ᠪᠠᠶᠢᠵᠤ᠂ ᠮᠠᠨ ᠤ ᠤᠯᠤᠰ ᠤᠨ ᠰᠠᠭᠤᠭᠠᠯᠢ | ᠠᠷᠠᠳ ᠤᠨ ᠬᠢ ᠵᠦᠪᠬᠡᠨ 13 ᠊᠊᠊ 14 ᠺᠢᠯᠦᠭᠷᠡᠮ ᠪᠠᠶᠢᠵᠤ ᠬᠦᠭᠵᠢᠭᠰᠡᠡ ᠤᠯᠤᠰ ᠤᠨ 5% ᠳᠤ ᠪᠠᠰᠠ ᠬᠦᠷᠬᠦ | ᠦᠬᠡᠢ᠃ ᠮᠠᠨ ᠤ ᠤᠯᠤᠰ ᠤᠨ ᠬᠦᠮᠤᠨ ᠪᠦᠷᠢ ᠶᠢᠨ ᠲᠡᠭᠰᠢᠳᠬᠡᠭᠰᠡᠡ ᠵᠢᠯ ᠪᠦᠷᠢ ᠶᠢᠨ ᠰᠦ ᠶᠢᠨ ᠬᠡᠷᠡᠭᠯᠡᠬᠡᠨ ᠤ | ᠬᠡᠮᠵᠢᠶ᠎ᠠ ᠳᠤ ᠬᠤᠳᠠ ᠬᠦᠳᠡᠭᠡ ᠶᠢᠨ ᠵᠦᠷᠢᠶ᠎ᠠ ᠢᠯᠡᠷᠬᠡᠢ ᠤᠷᠤᠰᠢᠵᠤ ᠪᠠᠶᠢᠨ᠎ᠠ᠄ ᠮᠠᠨ ᠤ ᠤᠯᠤᠰ ᠤᠨ ᠬᠤᠳᠠ ᠶᠢᠨ | ᠰᠠᠭᠤᠭᠠᠯᠢ ᠠᠷᠠᠳ ᠤᠨ ᠬᠦᠮᠤᠨ ᠪᠦᠷᠢ ᠶᠢᠨ ᠲᠡᠭᠰᠢᠳᠬᠡᠭᠰᠡᠡ ᠡᠳᠤᠷ ᠤᠨ ᠰᠦ ᠶᠢᠨ ᠲᠦᠷᠤᠯ ᠤᠨ ᠬᠡᠷᠡᠭᠯᠡᠬᠡᠨ 66 | ᠭᠷᠡᠮ᠂ ᠬᠦᠳᠡᠭᠡ ᠶᠢᠨ ᠬᠢᠨ ᠵᠦᠪᠬᠡᠨ 11 ᠭᠷᠡᠮ ᠪᠠᠶᠢᠵᠤ᠂ ᠬᠤᠳᠠ ᠬᠦᠳᠡᠭᠡ ᠶᠢᠨ ᠵᠦᠷᠢᠶ᠎ᠠ 6 ᠲᠡᠬᠢᠨ ᠪᠠᠶᠢᠨ᠎ᠠ᠃ | ᠮᠠᠨ ᠤ ᠤᠯᠤᠰ ᠤᠨ ᠰᠠᠭᠤᠭᠠᠯᠢ ᠠᠷᠠᠳ ᠤᠨ ᠦᠷᠬᠦᠯᠵᠢ ᠬᠡᠷᠡᠭᠯᠡᠳᠡᠭ ᠰᠦ ᠶᠢᠨ ᠲᠦᠷᠤᠯ ᠳᠤ ᠦᠨᠢᠶᠠᠨ ᠰᠦ᠂ | ᠬᠤᠨᠢᠨ ᠰᠦ ᠪᠠ ᠬᠡᠬᠦᠤ ᠶᠢᠨ ᠰᠦ ᠪᠠᠶᠢᠵᠤ᠂ ᠡᠬᠦᠨ ᠤ ᠳᠤᠳᠤᠷ᠎ᠠ ᠦᠨᠢᠶᠠᠨ ᠰᠦ ᠶᠢᠨ ᠬᠡᠷᠡᠭᠯᠡᠭᠡ ᠬᠠᠮᠤᠭ ᠤᠨ ᠶᠡᠭᠡ | ᠃ ᠪᠠᠰᠠ ᠰᠦᠨ ᠲᠠᠯᠬ᠎ᠠ᠂ ᠡᠬᠡᠳᠡᠭᠰᠡᠡ ᠰᠦ ᠵᠡᠷᠬᠡ ᠪᠦᠳᠤᠬᠡᠭᠳᠡᠬᠦᠨ ᠪᠠᠶᠢᠨ᠎ᠠ᠃ | ᠤᠳᠤᠬᠠᠨ ᠳᠤ ᠮᠠᠨ ᠤ ᠤᠯᠤᠰ ᠤᠨ ᠰᠠᠭᠤᠭᠠᠯᠢ ᠠᠷᠠᠳ ᠤᠨ ᠬᠦᠮᠤᠨ ᠪᠦᠷᠢ ᠶᠢᠨ ᠡᠳᠤᠷ ᠤᠨ ᠺᠠᠯᠼ ᠤᠨ | ᠤᠷᠤᠭᠤᠯᠤᠯᠳᠠ ᠶᠢᠨ ᠬᠡᠮᠵᠢᠶ᠎ᠠ 400 ᠮᠢᠯᠢᠭᠷᠡᠮ ᠳᠤ ᠬᠦᠷᠬᠦ ᠦᠬᠡᠢ᠂ ᠡᠨᠡ ᠨᠢ ᠵᠤᠬᠢᠰᠳᠠᠢ ᠤᠷᠤᠭᠤᠯᠤᠯᠳᠠ ᠶᠢᠨ | ᠬᠡᠮᠵᠢᠶᠠᠨ ᠤ ᠬᠠᠭᠠᠰ ᠲᠤ ᠯᠠ ᠬᠦᠷᠤᠨ᠎ᠠ᠃ ᠢᠳᠡᠰᠢᠨ ᠨᠤᠭᠤᠭ᠎ᠠ᠂ ᠠᠮᠤ ᠪᠤᠳᠠᠭ᠎ᠠ᠂ ᠲᠦᠮᠤᠰᠤᠨ ᠤ ᠲᠦᠷᠤᠯ ᠤᠨ | ᠢᠳᠡᠬᠡᠨ ᠪᠤᠯ ᠢᠳᠡᠰᠢ ᠶᠢᠨ ᠺᠠᠯᠼ ᠤᠨ ᠭᠤᠤᠯ ᠢᠷᠠᠯᠳᠠ ᠪᠠᠶᠢᠵᠤ᠂ ᠰᠦ ᠶᠢᠨ ᠲᠦᠷᠤᠯ ᠪᠤᠯᠤᠨ ᠰᠦ ᠶᠢᠨ | ᠪᠦᠳᠤᠬᠡᠭᠳᠡᠬᠦᠨ ᠤ ᠺᠠᠯᠼ ᠤᠨ ᠬᠠᠩᠭᠠᠯᠳᠠ 7% ᠳᠤ ᠬᠦᠷᠬᠦ ᠦᠬᠡᠢ᠃ ᠮᠠᠨ ᠤ ᠤᠯᠤᠰ ᠤᠨ ᠰᠠᠭᠤᠭᠠᠯᠢ | ᠠᠷᠠᠳ ᠤᠨ ᠢᠳᠡᠰᠢ ᠶᠢᠨ ᠺᠠᠯᠼ ᠤᠨ ᠤᠷᠤᠭᠤᠯᠤᠯᠳᠠ ᠶᠢᠨ ᠬᠡᠮᠵᠢᠶ᠎ᠠ ᠲᠠᠨᠢᠯᠴᠠᠭᠤᠯᠤᠭᠰᠠᠠ ᠤᠷᠤᠭᠤᠯᠤᠯᠳᠠ ᠶᠢᠨ | ᠬᠡᠮᠵᠢᠶ᠎ᠠ ᠠᠴᠠ ᠬᠤᠯᠠ ᠳᠤᠤᠷ᠎ᠠ ᠮᠦᠷᠳᠡᠬᠡᠨ ᠬᠦᠳᠡᠭᠡ ᠳᠤᠰᠬᠤᠨ ᠤ ᠬᠡᠤᠬᠡᠳ ᠪᠠᠭᠠᠴᠤᠳ ᠤᠨ ᠴᠢᠨᠠᠷᠯᠢᠬ | ᠤᠭᠤᠷᠠᠭ ᠤᠨ ᠤᠷᠤᠭᠤᠯᠤᠯᠳᠠ ᠶᠢᠨ ᠬᠠᠷᠢᠴᠠᠯ ᠴᠤ ᠬᠠᠷᠢᠴᠠᠩᠭᠤᠢ ᠳᠤᠤᠷ᠎ᠠ ᠪᠠᠶᠢᠳᠠᠭ᠃ ᠢᠩᠬᠢᠵᠤ ᠰᠦ | ᠤᠤᠭᠤᠬᠤ ᠶᠢ ᠴᠢᠬᠤᠯᠠᠴᠢᠯᠠᠬᠤ ᠪᠤᠯ ᠮᠠᠨ ᠤ ᠰᠠᠭᠤᠭᠠᠯᠢ ᠠᠷᠠᠳ ᠤᠨ ᠺᠠᠯᠼ ᠤᠨ ᠤᠷᠤᠭᠤᠯᠤᠯᠳᠠ ᠬᠦᠢᠴᠡᠳ | ᠦᠬᠡᠢ ᠶᠢ ᠰᠠᠶᠢᠵᠢᠷᠠᠭᠤᠯᠬᠤ ᠳᠤ ᠲᠦᠬᠦᠮ᠂ ᠠᠷᠪᠢᠳᠠᠢ᠂ ᠪᠦᠳᠤᠮᠵᠢᠳᠡᠢ ᠠᠷᠭ᠎ᠠ ᠪᠤᠯᠤᠨ᠎ᠠ᠃ ᠬᠦᠮᠤᠨ ᠪᠦᠷᠢ ᠡᠳᠤᠷ | ᠪᠦᠷᠢ 300 ᠭᠷᠡᠮ ᠤᠨ ᠰᠦ ᠤᠤᠭᠤᠬᠤ ᠶᠢᠨ ᠬᠠᠮᠳᠤ ᠪᠠᠰᠠ ᠪᠤᠰᠤᠳ ᠰᠦ ᠶᠢᠨ ᠲᠦᠷᠤᠯ ᠤᠨ ᠪᠦᠳᠤᠬᠡᠭᠳᠡᠬᠦᠨ ᠢ | ᠵᠤᠬᠢᠬᠤ ᠬᠡᠮᠵᠢᠶ᠎ᠠ ᠪᠠᠷ ᠢᠳᠡᠪᠡᠯ ᠰᠠᠶᠢᠨ᠃ ᠢᠩᠬᠢᠪᠡᠯ 300 ᠮᠢᠯᠢᠭᠷᠡᠮ ᠤᠨ ᠺᠠᠯᠼ ᠬᠦᠷᠳᠡᠬᠦ ᠶᠢᠨ ᠬᠠᠮᠳᠤ᠂ ᠲᠡᠬᠢᠨ | ᠢᠳᠡᠰᠢ ᠶᠢᠨ ᠳᠤᠳᠤᠷ᠎ᠠ ᠠᠴᠠ ᠬᠦᠷᠳᠡᠬᠦ ᠺᠠᠯᠼ ᠲᠠᠢ ᠨᠠᠶᠢᠯᠡᠬᠡᠳ ᠬᠦᠮᠤᠨ ᠤ ᠪᠠᠶ᠎ᠠ ᠶᠢᠨ ᠬᠡᠷᠡᠭᠰᠡᠬᠦ ᠺᠠᠯᠼ ᠢ | ᠦᠨᠳᠤᠰᠤᠨ ᠳᠡᠭᠡᠨ ᠬᠠᠩᠭᠠᠵᠤ ᠲᠠᠶᠢᠯᠤᠨ᠎ᠠ᠃ ᠰᠦ ᠪᠤᠯᠤᠨ ᠰᠦ ᠶᠢᠨ ᠪᠦᠳᠤᠬᠡᠭᠳᠡᠬᠦᠨ ᠨᠢ ᠪᠠᠰᠠ ᠤᠭᠤᠷᠠᠭ᠂ | ᠪᠤᠰᠤᠳ ᠡᠷᠤᠳᠡᠰᠤᠨ ᠪᠤᠳᠠᠰ ᠪᠠ ᠸᠢᠲ᠋ᠠᠮᠢᠨ ᠵᠡᠷᠬᠡ ᠰᠢᠮ᠎ᠠ ᠲᠠᠵᠢᠬᠡᠯᠳᠤ ᠪᠤᠳᠠᠰ ᠢ ᠬᠠᠩᠭᠠᠵᠤ ᠲᠠᠶᠢᠯᠤᠨ᠎ᠠ᠃ | ᠵᠠᠷᠢᠮ ᠬᠦᠮᠤᠨ ᠤ ᠰᠢᠩᠬᠡᠬᠡᠯᠳᠡ ᠶᠢᠨ ᠵᠠᠮ ᠳᠤ ᠰᠦᠨ ᠰᠢᠬᠢᠷ ᠤᠨ ᠢᠰᠬᠡᠬᠦᠷ ᠳᠤᠳᠠᠭᠳᠠᠠ᠂ ᠦᠨᠢᠶᠠᠨ | ᠰᠦ ᠶᠢᠨ ᠳᠤᠳᠤᠷᠡᠬᠢ ᠰᠦᠨ ᠰᠢᠬᠢᠷ ᠢ ᠪᠦᠷᠢᠮᠤᠰᠤᠨ ᠵᠠᠳᠠᠷᠠᠭᠤᠯᠵᠤ ᠨᠠᠷᠢᠨ ᠬᠡᠳᠡᠰᠤᠨ ᠳᠡᠭᠡᠨ ᠰᠢᠩᠬᠡᠬᠡᠵᠤ ᠲᠡᠶᠢᠯᠬᠦ | ᠦᠬᠡᠢ ᠳᠤᠯᠠ ᠦᠯᠡᠳᠡᠭᠳᠡᠯ ᠰᠦᠨ ᠰᠢᠬᠢᠷ ᠨᠢ ᠬᠤᠳᠤᠷᠢᠩᠬᠠᠢ ᠬᠡᠳᠡᠰᠤᠨ ᠳᠤ ᠤᠷᠤᠭᠰᠠᠠ ᠴᠤ ᠢᠰᠴᠤ ᠲᠡᠶᠢᠯᠬᠦ | ᠦᠬᠡᠢ ᠳᠤᠯᠠ ᠦᠨᠢᠶᠠᠨ ᠰᠦ ᠤᠤᠭᠤᠭᠰᠠᠠ ᠤ ᠬᠤᠶᠢᠨ᠎ᠠ ᠬᠡᠳᠡᠰᠤ ᠬᠦᠬᠡᠬᠡᠬᠦ᠂ ᠬᠡᠳᠡᠰᠤ ᠡᠪᠡᠳᠬᠦ᠂ ᠰᠠᠭᠤᠯᠭᠠᠬᠤ | ᠵᠡᠷᠬᠡ ᠢᠯᠡᠷᠡᠯ ︵ᠰᠦᠨ ᠰᠢᠬᠢᠷ ᠤᠨ ᠲᠡᠰᠪᠤᠷᠢᠳᠤ ᠪᠤᠰᠤ ᠬᠡᠳᠡᠭ︶ ᠭᠠᠷᠳᠠᠭ᠃ ᠡᠳᠡᠬᠡᠷ ᠬᠦᠮᠤᠰ ᠤᠯᠠᠨ ᠤᠳᠠᠭ᠎ᠠ | ᠪᠠᠭ᠎ᠠ ᠬᠡᠮᠵᠢᠶ᠎ᠠ ᠪᠠᠷ ᠤᠤᠭᠤᠬᠤ ᠪᠤᠶᠤ ᠡᠬᠡᠳᠡᠭᠰᠡᠡ ᠰᠦ᠂ ᠰᠦᠨ ᠰᠢᠬᠢᠷ ᠤᠨ ᠢᠰᠬᠡᠬᠦᠷ ᠨᠡᠮᠡᠬᠦ ᠵᠡᠷᠬᠡ ᠠᠷᠭ᠎ᠠ ᠪᠠᠷ | ᠰᠦᠨ ᠰᠢᠬᠢᠷ ᠤᠨ ᠲᠡᠰᠪᠤᠷᠢᠳᠤ ᠪᠤᠰᠤ ᠴᠢᠨᠠᠷ ᠤᠨ ᠢᠯᠡᠷᠡᠯ ᠢ ᠬᠦᠩᠬᠡᠷᠡᠬᠦᠯᠵᠤ ᠪᠤᠯᠤᠨ᠎ᠠ᠃ | ᠢᠳᠡᠷ ᠦᠳᠡᠯᠦᠬᠡ ᠨᠠᠰᠤᠨ ᠤ ᠬᠦᠮᠤᠰ ᠳᠤᠰᠤ ᠪᠠᠭᠠᠳᠠᠢ ᠪᠤᠶᠤ ᠳᠤᠰᠤ ᠶᠢ ᠨᠢ ᠰᠠᠯᠭᠠᠭᠰᠠᠠ ᠰᠦ ᠶᠢᠨ | ᠪᠦᠳᠤᠬᠡᠭᠳᠡᠬᠦᠨ ᠢ ᠰᠤᠩᠭᠤᠬᠤ ᠪᠦᠬᠡᠳ ᠴᠠᠳᠳᠠᠯ᠎ᠠ ᠢᠳᠡᠬᠦ ᠪᠠ ᠦᠬᠡᠬᠦᠨ ᠬᠦᠴᠢᠯ ᠤᠨ ᠬᠡᠳᠤ ᠢᠯᠡᠬᠦᠤ | ᠤᠷᠤᠭᠤᠯᠤᠯᠳᠠ ᠠᠴᠠ ᠵᠠᠶᠢᠯᠠᠬᠤ ᠬᠡᠷᠡᠭᠳᠡᠢ᠃ ᠰᠦ ᠤᠤᠭᠤᠬᠤ ᠬᠡᠮᠵᠢᠶ᠎ᠠ ᠨᠡᠯᠢᠶᠠᠳ ᠶᠡᠭᠡ ᠪᠤᠶᠤ ᠴᠢᠰᠤᠨ ᠤ ᠦᠬᠡᠬᠦ | ᠦᠨᠳᠤᠷ᠂ ᠬᠡᠳᠤ ᠮᠠᠷᠢᠶᠠᠳᠠᠢ ᠬᠦᠮᠤᠰ ᠳᠤᠰᠤ ᠶᠢ ᠨᠢ ᠪᠠᠭᠠᠰᠬᠠᠭᠰᠠᠠ᠂ ᠳᠤᠰᠤ ᠪᠠᠭᠠᠳᠠᠢ ᠪᠤᠶᠤ ᠳᠤᠰᠤ ᠶᠢ ᠨᠢ | ᠰᠠᠯᠭᠠᠭᠰᠠᠠ ᠰᠦ ᠵᠢᠴᠢ ᠲᠡᠬᠦᠨ ᠤ ᠪᠦᠳᠤᠬᠡᠭᠳᠡᠬᠦᠨ ᠢ ᠰᠤᠩᠭᠤᠨ ᠬᠡᠷᠡᠭᠯᠡᠪᠡᠯ ᠵᠤᠬᠢᠨ᠎ᠠ᠃ | ᠰᠢᠷ᠎ᠠ ᠪᠤᠷᠴᠠᠭ ᠵᠢᠴᠢ ᠲᠡᠬᠦᠨ ᠤ ᠪᠦᠳᠦᠬᠡᠭᠳᠡᠬᠦᠨ ᠳᠤ ᠴᠢᠨᠠᠷᠯᠢᠬ ᠤᠭᠤᠷᠠᠭ᠂ ᠬᠡᠷᠡᠭᠴᠡᠬᠡᠳᠤ ᠦᠬᠡᠬᠦᠨ | ᠬᠦᠴᠢᠯ᠂ B ᠲᠦᠷᠤᠯ ᠤᠨ ᠸᠢᠲ᠋ᠠᠮᠢᠨ᠂ ᠸᠢᠲ᠋ᠠᠮᠢᠨ E ᠪᠤᠯᠤᠨ ᠢᠳᠡᠰᠢ ᠰᠢᠬᠢᠷᠯᠢᠭ ᠵᠡᠷᠬᠡ ᠰᠢᠮ᠎ᠠ ᠲᠡᠵᠢᠬᠡᠯᠳᠤ ᠡᠳ᠋ | ᠪᠠᠶᠢᠬᠤ ᠠᠴᠠ ᠭᠠᠳᠠᠨ᠎ᠠ ᠪᠠᠰᠠ ᠹᠤᠰᠹᠤᠷᠳᠤ ᠦᠬᠡᠬᠦ᠂ ᠳᠢ ᠵᠢᠤᠢ ᠲᠠᠩ ᠵᠢᠴᠢ ᠢ ᠬᠤᠸᠠᠩ ᠲᠦᠩ᠂ ᠤᠷᠭᠤᠮᠠᠯ ᠤᠨ | ᠭᠤᠨᠠᠨ ᠠᠯᠺᠤᠤᠯ ᠵᠡᠷᠬᠡ ᠤᠯᠠᠨ ᠵᠦᠢᠯ ᠤᠨ ᠤᠷᠭᠤᠮᠠᠯ ᠤᠨ ᠬᠢᠮᠢ ᠶᠢᠨ ᠪᠤᠳᠠᠰ ᠠᠭᠤᠯᠤᠭᠳᠠᠵᠤ ᠪᠠᠶᠢᠳᠠᠭ᠃ ᠰᠢᠷ᠎ᠠ | ᠪᠤᠷᠴᠠᠭ ᠵᠢᠴᠢ ᠲᠡᠬᠦᠨ ᠤ ᠪᠦᠳᠤᠬᠡᠭᠳᠡᠬᠦᠨ ᠤ ᠰᠢᠮ᠎ᠠ ᠲᠡᠵᠢᠬᠡᠯ ᠡᠯᠪᠡᠭ᠂ ᠴᠢᠬᠢᠷᠠᠭᠵᠢᠭᠤᠯᠬᠤ ᠤᠶᠢᠯᠠᠳᠤᠯ ᠲᠠᠢ | ᠳᠤᠯᠠ ᠨᠠᠰᠤᠳᠠᠶᠢᠴᠤᠳ ᠪᠤᠯᠤᠨ ᠵᠢᠷᠤᠬᠡ ᠴᠢᠰᠤᠨ ᠰᠤᠳᠠᠯ ᠤᠨ ᠡᠪᠡᠳᠴᠢᠳᠠᠨ ᠳᠤ ᠳᠤᠬᠢᠷᠠᠬᠤ ᠢᠳᠡᠬᠡᠨ ᠪᠤᠯᠤᠨ᠎ᠠ᠃ | ᠬᠦᠳᠡᠭᠡ ᠳᠤᠰᠬᠤᠨ ᠤ ᠰᠠᠭᠤᠭᠠᠯᠢ ᠠᠷᠠᠳ ᠵᠤᠬᠢᠬᠤ ᠬᠡᠮᠵᠢᠶᠠᠨ ᠤ ᠰᠢᠷ᠎ᠠ ᠪᠤᠷᠴᠠᠭ ᠪᠤᠯᠤᠨ ᠲᠡᠬᠦᠨ ᠤ | ᠪᠦᠳᠤᠬᠡᠭᠳᠡᠬᠦᠨ ᠢ ᠢᠳᠡᠪᠡᠯ ᠴᠢᠨᠠᠷᠯᠢᠬ ᠤᠭᠤᠷᠠᠭ ᠤᠨ ᠤᠷᠤᠭᠤᠯᠤᠯᠳᠠ ᠶᠢ ᠨᠡᠮᠡᠭᠳᠡᠬᠦᠯᠵᠤ᠂ ᠪᠠᠰᠠ ᠬᠤᠳᠠ ᠶᠢᠨ | ᠰᠠᠭᠤᠭᠠᠯᠢ ᠠᠷᠠᠳ ᠵᠤᠬᠢᠬᠤ ᠬᠡᠮᠵᠢᠶᠠᠨ ᠤ ᠰᠢᠷ᠎ᠠ ᠪᠤᠷᠴᠠᠭ ᠪᠤᠯᠤᠨ ᠲᠡᠬᠦᠨ ᠤ ᠪᠦᠳᠤᠬᠡᠭᠳᠡᠬᠦᠨ ᠢ ᠢᠳᠡᠪᠡᠯ ᠴᠢᠨᠠᠷᠯᠢᠬ | ᠤᠭᠤᠷᠠᠭ ᠤᠨ ᠤᠷᠤᠭᠤᠯᠤᠯᠳᠠ ᠶᠢ ᠨᠡᠮᠡᠭᠳᠡᠬᠦᠯᠵᠤ᠂ ᠪᠠᠰᠠ ᠬᠤᠳᠠ ᠶᠢᠨ ᠰᠠᠭᠤᠭᠠᠯᠢ ᠠᠷᠠᠳ ᠤᠨ ᠮᠢᠬᠠᠨ ᠤ | ᠲᠦᠷᠤᠯ ᠢ ᠢᠯᠡᠬᠦᠤ ᠢᠳᠡᠭᠰᠡᠡ ᠠᠴᠠ ᠪᠤᠯᠤᠭᠰᠠᠠ ᠠᠰᠢᠬ ᠦᠬᠡᠢ ᠨᠦᠯᠦᠬᠡ ᠶᠢ ᠰᠡᠷᠬᠡᠶᠢᠯᠡᠵᠤ ᠴᠢᠳᠠᠨ᠎ᠠ᠃ | ᠬᠦᠮᠤᠨ ᠪᠦᠷᠢ ᠡᠳᠤᠷ ᠲᠤ 30 ᠊᠊᠊ 50 ᠭᠷᠡᠮ ᠤᠨ ᠰᠢᠷ᠎ᠠ ᠪᠤᠷᠴᠠᠭ ᠪᠤᠯᠤᠨ ᠵᠤᠬᠢᠬᠤ ᠬᠡᠮᠵᠢᠶᠠᠨ ᠤ | ᠪᠤᠷᠴᠠᠭ ᠤᠨ ᠢᠳᠡᠬᠡᠨ ᠢᠳᠡᠪᠡᠯ ᠵᠤᠬᠢᠨ᠎ᠠ︔ ᠬᠦᠮᠤᠨ ᠪᠦᠷᠢ ᠡᠳᠤᠷ ᠲᠤ 40 ᠭᠷᠡᠮ ᠤᠨ ᠰᠢᠷ᠎ᠠ ᠪᠤᠷᠴᠠᠭ ᠪᠤᠯᠤᠨ | ᠲᠡᠬᠦᠨ ᠤ ᠪᠦᠳᠤᠬᠡᠭᠳᠡᠬᠦᠨ ᠢᠳᠡᠪᠡᠯ ᠵᠤᠬᠢᠨ᠎ᠠ᠃ ᠬᠠᠩᠭᠠᠬᠤ ᠤᠭᠤᠷᠠᠭ ᠤᠨ ᠬᠡᠮᠵᠢᠶ᠎ᠠ ᠪᠠᠷ ᠪᠤᠳᠤᠪᠠᠯ᠂ 40 ᠭᠷᠡᠮ | ᠰᠢᠷ᠎ᠠ ᠪᠤᠷᠴᠠᠭ ᠨᠢ ᠪᠠᠷᠤᠭ 200 ᠭᠷᠡᠮ ᠳ᠋ᠸᠤᠹᠦ᠋᠂ 100 ᠭᠷᠡᠮ ᠬᠠᠳᠠᠭᠠᠮᠠᠯ ᠳ᠋ᠸᠤᠹᠦ᠋᠂ 30 ᠭᠷᠡᠮ ᠪᠤᠷᠴᠠᠭ ᠤᠨ | ᠦᠷᠤᠮ᠎ᠠ᠂ 700 ᠭᠷᠡᠮ ᠳ᠋ᠸᠤᠹᠦ᠋ ᠶᠢᠨ ᠡᠬᠡᠳᠡᠩ᠂ 800 ᠭᠷᠡᠮ ᠪᠤᠷᠴᠠᠭ ᠤᠨ ᠤᠭᠤᠷᠠᠭ ᠲᠠᠢ ᠳᠤᠰ ᠳᠤᠰ | ᠲᠠᠩᠴᠠᠨ᠎ᠠ᠃ ︵︽ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ︾ ᠠᠴᠠ | ᠰᠢᠯᠵᠢᠬᠦᠯᠪᠡ︶ | | |