| ᠭᠠᠳᠠ ᠮᠠᠶᠢᠷᠠᠨ ᠤ ᠪᠠᠭ᠎ᠠ ᠶᠢᠨ ᠨᠡᠷ᠎ᠠ ᠨᠢ ᠨᠠᠳᠮᠢᠳ᠂ ᠬᠢᠳᠠᠳ ᠨᠡᠷ᠎ᠠ ᠨᠢ ᠮᠧᠩ ᠴᠢᠩ ᠱᠠᠨ ᠭᠡᠳᠡᠭ᠃ | 1892 ᠤᠨ ᠳᠤ ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤᠨ ᠤ ᠦᠨᠳᠤᠷ ᠸᠠᠩ ᠤᠨ ᠬᠠᠷᠢᠶᠠᠨ ᠳᠠᠬᠢ | ᠴᠠᠶᠢᠬᠠ ᠶᠢᠨ ᠲᠠᠯ᠎ᠠ ᠶᠢᠨ ᠵᠠᠮ ᠤᠨ ᠲᠤᠬᠠᠢ ᠭᠡᠳᠡᠭ ᠭᠠᠵᠠᠷ ᠮᠦᠯᠳᠡᠬᠦᠳ ᠤᠪᠤᠭᠳᠠᠨ ᠢᠳᠡᠷᠠᠠᠷᠰᠯᠠᠨ ᠤ ᠤᠳᠬᠤᠨ | ᠬᠦᠪᠡᠬᠦᠨ ᠪᠤᠯᠵᠤ ᠵᠠᠶᠠᠭᠠᠵᠠᠢ᠃ | 1929 ᠤᠨ ᠳᠤ ᠲᠤᠬᠠᠢ ᠶᠢᠨ ᠵᠠᠰᠠᠭ ᠤᠨ ᠲᠠᠷᠬᠠᠨ ᠸᠠᠩ ᠵᠡᠬᠦᠨ ᠬᠤᠶᠢᠳᠤ ᠶᠢᠨ ᠴᠡᠷᠢᠭ ᠤᠨ | ᠡᠷᠬᠡᠳᠡᠨ ᠲᠠᠢ ᠰᠦᠯᠪᠡᠭᠡᠯᠡᠨ ᠭᠠᠵᠠᠷ ᠰᠢᠷᠤᠢ ᠪᠠᠨ ᠲᠤᠷ᠎ᠠ ᠪᠠᠷ ᠬᠤᠳᠠᠯᠳᠤᠨ᠂ ᠶᠡᠭᠡ ᠬᠡᠮᠵᠢᠶ᠎ᠠ ᠪᠠᠷ ᠠᠳᠠᠷ | ᠬᠠᠭᠠᠯᠪᠤᠷᠢᠯᠠᠭᠰᠠᠨ ᠳᠤ ᠭᠠᠳᠠ ᠮᠠᠶᠢᠷᠠᠨ ᠦᠷᠭᠡᠨ ᠤᠯᠠᠨ ᠠᠷᠠᠳ ᠲᠦᠮᠡᠨ ᠤ ᠪᠠᠨ ᠠᠰᠢᠭ ᠲᠤᠰᠠ ᠶᠢ ᠲᠦᠯᠤᠭᠡᠯᠡᠨ᠂ | ᠮᠦᠭᠳᠡᠨ ᠬᠤᠳᠠ ᠳᠤ ᠬᠦᠷᠴᠤ ᠵᠠᠷᠭᠤ ᠵᠠᠭᠠᠯᠳᠤᠯᠭ᠎ᠠ ᠬᠢᠭᠡᠳ ᠡᠴᠤᠰ ᠲᠡᠭᠡᠨ ᠬᠢᠯᠢᠰ ᠢᠶᠠᠷ ᠪᠠᠷᠢᠭᠳᠠᠨ ᠬᠤᠷᠢᠭᠳᠠᠵᠠᠢ᠃ | ᠲᠡᠭᠡᠭᠡᠳ ᠲᠤᠬᠠᠢ ᠶᠢᠨ ᠵᠢᠯ ᠳᠡᠭᠡᠨ ᠬᠢᠨᠳᠠᠨ ᠢ ᠡᠪᠳᠡᠨ ᠭᠠᠷᠴᠤ ︽ᠠᠳᠠᠷ ᠬᠠᠭᠠᠯᠪᠤᠷᠢᠯᠠᠬᠤ ᠶᠢ ᠡᠰᠡᠷᠬᠦᠴᠡᠬᠦ ᠠᠴᠠ | ᠪᠢᠰᠢ᠂ ᠠᠷᠠᠳ ᠤᠨ ᠠᠰᠢᠭ ᠢ ᠬᠤᠬᠢᠷᠠᠭᠤᠯᠬᠤ ᠦᠭᠡᠢ︾ ᠭᠡᠰᠡᠨ ᠤᠷᠢᠶᠠᠯᠠᠭ᠎ᠠ ᠲᠤᠷᠠᠳᠤᠨ ᠪᠤᠰᠤᠯᠭ᠎ᠠ ᠭᠠᠷᠭᠠᠵᠠᠢ᠃ | ᠡ᠊ᠨᠠ ᠨᠢ ᠤᠯᠠᠨ ᠲᠦᠮᠡᠨ ᠤ ᠲᠡᠮᠵᠢᠯᠭᠡ ᠶᠢ ᠤᠯᠵᠤ᠂ ᠪᠤᠰᠤᠯᠭ᠎ᠠ ᠶᠢᠨ ᠡᠩᠨᠡᠭᠡ ᠨᠢ ᠦᠳᠳᠡᠷ ᠦᠷᠭᠡᠵᠢᠨ ᠮᠢᠩᠭ᠎ᠠ | ᠰᠢᠬᠠᠮ ᠬᠦᠮᠤᠨ ᠪᠤᠯᠵᠤ ᠦᠷᠭᠡᠵᠢᠭᠡᠳ ᠵᠢᠷᠢᠮ᠂ ᠵᠤᠤ ᠤᠳᠠ ᠶᠢᠨ ᠴᠢᠭᠤᠯᠭᠠᠨ ᠢᠶᠠᠷ ᠭᠤᠥᠯᠯᠠᠨ ᠪᠠᠶᠢᠯᠳᠤᠵᠤ | ᠶᠠᠪᠤᠵᠠᠢ᠃ 1931 ᠤᠨ ᠤ ᠬᠠᠪᠤᠷ᠂ ᠪᠤᠰᠤᠯᠭ᠎ᠠ ᠶᠢᠨ ᠴᠡᠷᠢᠭ ᠦᠯᠵᠡᠶᠢᠮᠦ᠋ᠷᠡᠨ ᠢ ᠡᠮᠤᠨᠡᠰᠢ ᠭᠠᠳᠤᠯᠬᠤ ᠦᠶᠡᠰ᠂ | ᠬᠤᠩᠭᠤᠷ ᠤᠪᠤᠭ᠎ᠠ ᠶᠢᠨ ᠬᠠᠷᠢᠶᠠᠴᠠᠢ ᠶᠢᠨ ᠴᠡᠭᠡᠯ ᠳᠤ ᠭᠠᠳᠠ ᠮᠠᠶᠢᠷᠠᠨ ᠲᠠᠶᠢᠰᠤᠨ ᠤ ᠰᠤᠮᠤᠨ ᠳᠤ ᠬᠠᠷᠪᠤᠭᠳᠠᠨ ᠪᠡᠶ᠎ᠠ | ᠦᠷᠡᠭᠳᠡᠵᠠᠢ᠃ | ᠦᠨᠳᠤᠰᠤᠳᠡᠨ ᠤ ᠪᠠᠭᠠᠳᠤᠷ ᠭᠠᠳᠠ ᠮᠠᠶᠢᠷᠠᠨ ᠤ ᠠᠴᠢ ᠭᠠᠪᠢᠶ᠎ᠠ ᠶᠢ ᠲᠡᠮᠳᠡᠭᠯᠡᠬᠦ ᠶᠢᠨ ᠲᠤᠯᠠᠳᠠ ᠬᠤᠷᠴᠢᠨ | ᠵᠡᠬᠦᠨ ᠭᠠᠷᠤᠨ ᠲᠤᠮᠳᠠᠳᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠠᠴᠠ 2003 ᠤᠨ ᠤ 8 ᠰᠠᠷ᠎ᠠ ᠶᠢᠨ | 15 ᠤ ᠡᠳᠤᠷ ᠲᠤᠰ ᠱᠤᠭᠤᠮᠠᠯ ᠢ ᠪᠤᠰᠬᠠᠭᠰᠠᠨ ᠪᠠᠶᠢᠨ᠎ᠠ᠃ | ︵︽ᠦᠪᠤᠷ ᠮᠤᠩᠭᠤᠯ ᠤᠨ ᠠᠮᠢᠳᠤᠷᠠᠯ ᠭᠠᠷᠠᠭ ᠤᠨ ᠰᠤᠨᠢᠨ︾ ᠠᠴᠠ ᠰᠢᠯᠵᠢᠬᠦᠯᠪᠡ︶ |