ᠮᠣᠩᠭᠤᠯᠴᠣᠳ ᠪᠣᠯ ᠡᠷᠳᠡᠨ ᠤ ᠮᠣᠩᠭᠤᠯ ᠠᠶᠢᠮᠠᠭ ᠢᠶᠠᠷ ᠰᠠᠭᠤᠷᠢᠯᠠᠵᠣ᠂ ᠪᠠᠷᠤᠭ ᠨᠠᠶᠢᠳᠡ ᠶᠢᠨ ᠣᠨ | ᠲᠣᠭᠠᠯᠠᠯ ᠤᠨ 8 ᠳ᠋ᠣᠭᠠᠷ ᠵᠠᠭᠤᠨ ᠤ ᠲᠣᠮᠳᠠᠴᠢ ᠪᠠᠷ ᠡᠷᠭᠦᠨ᠎ᠠ ᠭᠤᠣᠯ ᠤᠨ ᠰᠠᠪᠠ ᠭᠠᠵᠠᠷ ᠠᠴᠠ ᠮᠣᠩᠭᠤᠯ ᠤᠨ | ᠦᠨᠳᠦᠷᠯᠢᠭ ᠤᠨ ᠲᠦᠪ ᠣᠷᠣᠨ ᠵᠦᠭ ᠨᠡᠭᠦᠳᠡᠯᠯᠡᠵᠣ᠂ ᠮᠣᠩᠭᠤᠯ ᠤᠨ ᠦᠨᠳᠦᠷᠯᠢᠭ ᠤᠨ ᠦᠷᠭᠡᠨ ᠠᠭᠤᠳᠠᠮ | ᠨᠤᠳᠤᠭ ᠢᠶᠠᠷ ᠦᠶ᠎ᠠ ᠣᠯᠠᠷᠢᠨ ᠣᠷᠣᠰᠢᠨ ᠠᠮᠢᠳᠣᠷᠠᠭᠰᠠᠭᠠᠷ ᠢᠷᠡᠵᠡᠢ᠃ ᠪᠠᠶᠢᠭᠠᠯᠢ ᠠᠬᠤᠢ ᠪᠠᠨ ᠲᠦᠰᠢᠨ᠂ | ᠨᠠᠭᠦᠳᠡᠯᠯᠡᠨ ᠠᠮᠢᠳᠣᠷᠠᠬᠤ ᠪᠠᠷ ᠭᠤᠣᠯ ᠠᠷᠭ᠎ᠠ ᠪᠠᠷᠢᠯ ᠢᠶᠠᠨ ᠪᠣᠯᠭᠠᠭᠰᠠᠨ ᠮᠣᠩᠭᠤᠯᠴᠣᠳ ᠡᠷᠳᠡ ᠲᠡᠭᠡᠳᠦ ᠠᠴᠠ ᠪᠠᠨ | ᠪᠠᠶᠢᠭᠠᠯᠢ ᠶᠢᠷᠳᠢᠨᠴᠦ ᠯᠦᠭᠡ ᠡᠶ᠎ᠡ ᠨᠠᠶᠢᠷᠠᠮᠳᠠᠭᠤ ᠣᠷᠣᠰᠢᠵᠣ᠂ ᠪᠠᠶᠢᠭᠠᠯᠢ ᠶᠢᠨ ᠣᠷᠴᠢᠨ ᠲᠣᠭᠤᠷᠢᠨ ᠢᠶᠠᠨ | ᠬᠠᠮᠠᠭᠠᠯᠠᠵᠣ᠂ ᠠᠵᠣ ᠠᠮᠢᠳᠣᠷᠠᠯ ᠢᠶᠠᠨ ᠦᠭᠡᠳᠡᠯᠡᠭᠦᠯᠦᠭᠰᠡᠭᠡᠷ ᠢᠷᠡᠭᠰᠡᠨ ᠪᠠᠶᠢᠨ᠎ᠠ᠃ ᠶᠠᠭ ᠡᠶᠢᠮᠣ ᠠᠴᠠ ᠮᠣᠩᠭᠤᠯ ᠤᠨ | ᠡᠷᠳᠡᠨ ᠤ ᠬᠠᠥᠯᠢ ᠲᠦᠷᠢᠮ ᠳᠤ ᠪᠠᠶᠢᠭᠠᠯᠢ ᠶᠢᠨ ᠣᠷᠴᠢᠨ ᠲᠣᠭᠤᠷᠢᠨ ᠢᠶᠠᠨ ᠬᠠᠮᠠᠭᠠᠯᠠᠬᠤ᠂ ᠪᠠᠶᠢᠭᠠᠯᠢ ᠶᠢᠷᠳᠢᠨᠴᠣ | ᠯᠦᠭᠡ ᠡᠶ᠎ᠡ ᠨᠠᠶᠢᠷᠳᠠᠢ ᠣᠷᠣᠰᠢᠬᠤ ᠣᠬᠠᠮᠰᠠᠷ ᠨᠡᠶᠢᠳᠡᠮ ᠲᠣᠣᠱᠯᠠᠭᠤᠯᠤᠭᠳᠠᠵᠤ ᠪᠤᠢ᠃ | ᠮᠣᠩᠭᠤᠯ ᠤᠨ ᠡᠷᠳᠡᠨ ᠤ ᠬᠠᠥᠯᠢ ᠲᠦᠷᠢᠮ ᠤᠨ ᠣᠯᠠᠷᠢᠯ ᠬᠦᠭᠵᠢᠯ ᠤᠨ ᠠᠩᠬᠠᠨ ᠤ ᠱᠠᠳᠣ ᠦᠶ᠎ᠠ ᠪᠣᠯ | ᠨᠡᠶᠢᠳᠡ ᠶᠢᠨ ᠣᠨ ᠲᠣᠭᠠᠯᠠᠯ ᠤᠨ 8 ᠳ᠋ᠣᠭᠠᠷ ᠵᠠᠭᠤᠨ ᠤ ᠰᠡᠭᠦᠯᠴᠢ ᠠᠴᠠ 12 ᠳ᠋ᠣᠭᠠᠷ ᠵᠠᠭᠤᠨ ᠬᠦᠷᠳᠡᠯᠡᠬᠢ ︽ | ᠶᠣᠰᠣᠨ︾ ᠤ ᠴᠠᠭ ᠦᠶ᠎ᠠ ᠪᠣᠯᠣᠨ᠎ᠠ᠃ ᠶᠣᠰᠣᠨ ᠭᠡᠳᠡᠭ ᠨᠢ ᠮᠣᠩᠭᠤᠯᠴᠣᠳ ᠤᠨ ᠣᠷᠳᠣ ᠬᠤᠭᠤᠴᠠᠭᠠᠨ ᠤ ᠲᠣᠷᠰᠢ | ᠰᠠᠬᠢᠨ ᠵᠢᠷᠣᠮᠯᠠᠭᠰᠠᠭᠠᠷ ᠢᠷᠡᠭᠰᠡᠨ ᠬᠡᠪ ᠠᠵᠢᠯᠯᠠᠭᠠᠨ ᠤ ᠲᠦᠷᠢᠮᠵᠢᠯ ᠪᠣᠯᠬᠤ ᠵᠠᠩᠰᠢᠯ ᠤᠨ ᠴᠡᠭᠡᠷ ᠴᠠᠭᠠᠵᠠ ᠪᠣᠯᠣᠨ᠎ᠠ᠃ | 12 ᠳ᠋ᠣᠭᠠᠷ ᠵᠠᠭᠤᠨ ᠤ ᠡᠬᠢᠨ ᠳᠤ ᠬᠠᠪᠣᠯ ᠬᠠᠨ ᠬᠠᠮᠤᠭ ᠮᠣᠩᠭᠤᠯ ᠣᠯᠣᠰ ᠤᠨ ᠬᠠᠨ ᠣᠷᠣ ᠶᠢ ᠵᠠᠯᠭᠠᠮᠵᠢᠯᠠᠬᠤ | ᠦᠶ᠎ᠠ ᠳᠤ ᠡᠳᠡᠭᠡᠷ ᠲᠦᠷᠢᠮᠵᠢᠯ ᠨᠢ ᠨᠢᠭᠡᠨᠳᠡ ᠮᠣᠩᠭᠤᠯ ᠤᠨ ᠪᠣᠭᠤᠯ ᠤᠨ ᠡᠵᠡᠨ ᠠᠩᠬᠢ ᠶᠢᠨ ᠠᠰᠢᠭ ᠲᠣᠰᠠ ᠶᠢ | ᠲᠦᠯᠦᠭᠡᠯᠡᠭᠰᠡᠨ ᠵᠠᠩᠰᠢᠯ ᠤᠨ ᠬᠠᠥᠯᠢ ᠪᠣᠯᠣᠭᠰᠠᠨ ᠪᠠᠶᠢᠨ᠎ᠠ᠃ ︽ᠶᠣᠰᠣᠨ︾ ᠳᠤ ᠬᠡᠭᠡᠷ᠎ᠠ ᠶᠢᠨ ᠠᠮᠢᠳᠠᠨ | ᠣᠷᠭᠤᠮᠠᠯ ᠢ ᠬᠠᠮᠠᠭᠠᠯᠠᠵᠣ᠂ ᠲᠦᠯ ᠮᠠᠯ ᠢ ᠠᠯᠠᠳᠠᠭ ᠦᠭᠡᠢ᠂ ᠨᠣᠳᠤᠭ ᠪᠡᠯᠴᠢᠭᠡᠷ ᠢ ᠬᠠᠮᠠᠭᠠᠯᠠᠨ᠂ ᠭᠠᠯ ᠲᠦᠢᠮᠡᠷ | ᠲᠠᠯᠪᠢᠬᠤ ᠪᠣᠶᠣ ᠠᠳᠠᠷ ᠬᠠᠭᠠᠯᠪᠣᠷᠢᠯᠠᠬᠤ ᠶᠢ ᠴᠢᠩᠭ᠎ᠠ ᠴᠠᠭᠠᠵᠠᠯᠠᠳᠠᠭ᠃ ᠣᠰᠣᠨ ᠤ ᠰᠣᠷᠪᠣᠯᠵᠢ ᠶᠢ ᠬᠠᠮᠠᠭᠠᠯᠠᠵᠣ᠂ | ᠣᠰᠣ ᠪᠣᠬᠢᠷᠳᠣᠭᠤᠯᠬᠤ ᠶᠢ ᠡᠰᠡ ᠵᠦᠪᠰᠢᠶᠡᠷᠡᠵᠣ᠂ ᠠᠶᠢᠯ ᠬᠤᠳᠠ᠂ ᠬᠤᠷᠣᠭᠠᠨ ᠤ ᠪᠣᠬᠢᠷᠳᠣᠯ ᠢ ᠴᠠᠭᠠᠵᠠᠯᠠᠳᠠᠭ | ᠪᠠᠶᠢᠵᠠᠢ᠃ ︽ᠰᠣᠳᠣᠷ ᠤᠨ ᠴᠣᠭᠯᠠᠭᠠᠨ︾ ᠳᠤ ᠲᠡᠮᠳᠡᠭᠯᠡᠭᠰᠡᠨ ᠠᠴᠠ ᠦᠵᠡᠪᠡᠯ ᠨᠢᠭᠡ ᠪᠦᠯᠦᠭ ᠵᠠᠯᠠᠶᠢᠷᠴᠣᠳ | ᠠᠯᠳᠠᠨ ᠣᠯᠣᠰ ᠲᠠᠢ ᠪᠠᠶᠢᠯᠳᠣᠵᠦ ᠢᠯᠠᠭᠳᠠᠭᠠᠳ ᠦᠯᠦᠰᠴᠦ ᠦᠯᠪᠡᠷᠬᠦ ᠳᠡᠭᠡᠨ ᠴᠢᠩᠬᠢᠰ ᠬᠠᠭᠠᠨ ᠤ ᠲᠣᠯᠣᠳᠣᠭᠠᠷ | ᠦᠶ᠎ᠡ ᠶᠢᠨ ᠡᠪᠦᠭᠡ ᠮᠠᠨᠠᠨ ᠲᠣᠳᠣᠨ ᠤ ᠡᠬᠡᠨᠡᠷ ᠨᠡᠮᠣᠯᠣᠨ ᠬᠠᠳᠣᠨ ᠤ ᠨᠣᠳᠤᠭ ᠲᠤ ᠬᠦᠷᠴᠦ᠂ ᠪᠡᠯᠴᠢᠭᠡᠷ ᠤᠨ | ᠰᠦᠳᠦᠨ ᠤ ᠦᠨᠳᠦᠰᠦ ᠶᠢ ᠮᠠᠯᠳᠠᠵᠣ᠂ ᠮᠣᠷᠢ ᠲᠠᠪᠬᠢᠬᠤ ᠲᠠᠯᠠᠪᠠᠢ ᠶᠢ ᠡᠪᠳᠡᠭᠰᠡᠨ ᠠᠴᠠ ᠬᠤᠶᠠᠷ ᠲᠠᠯ᠎ᠠ ᠪᠠᠷ ᠢᠶᠠᠨ | ᠵᠦᠷᠢᠴᠡᠯ ᠡᠭᠦᠰᠴᠦ ᠠᠯᠠᠯᠳᠣᠭᠰᠠᠨ ᠲᠡᠮᠳᠡᠭᠯᠡᠯ ᠪᠣᠢ᠃ ᠲᠣᠰᠠᠯᠠᠬᠤ ᠦᠢᠯᠡᠳᠪᠦᠷᠢᠯᠡᠯ ᠪᠣᠯᠵᠣ ᠪᠠᠶᠢᠭᠰᠠᠨ ᠠᠩ | ᠠᠩᠨᠠᠬᠤ ᠲᠣᠬᠠᠢ ᠮᠣᠩᠭᠤᠯ ᠤᠨ ᠶᠣᠰᠣᠨ ᠳᠤ ︽ᠡᠪᠣᠯ ᠤᠨ ᠠᠩᠬ᠎ᠠ ᠶᠡᠭᠡ ᠴᠠᠰᠣᠨ ᠠᠴᠠ ᠡᠬᠢᠯᠡᠨ ᠲᠠᠷᠠᠭ᠎ᠠ | ᠬᠠᠪᠣᠷ ᠤᠨ ᠨᠣᠭᠤᠭ᠎ᠠ ᠰᠣᠶᠣᠭᠠᠯᠠᠳᠠᠯᠠ᠂ ᠶᠡᠭᠡ ᠠᠪᠠ ᠲᠠᠯᠪᠢᠵᠣ ᠪᠦᠬᠦᠭ᠂ ᠪᠣᠭᠤ᠂ ᠴᠢᠬᠢᠳᠡᠢ ᠵᠡᠷᠭᠡ ᠵᠡᠷᠯᠢᠭ | ᠠᠷᠢᠶᠠᠳᠠᠨ ᠢ ᠠᠪᠠᠯᠠᠵᠣ ᠪᠣᠯᠣᠨ᠎ᠠ︾ ᠭᠡᠵᠣ ᠲᠣᠭᠳᠠᠭᠠᠭᠰᠠᠨ ᠨᠢ ᠠᠮᠢᠳᠠᠨ ᠠᠷᠢᠶᠠᠳᠠᠨ ᠤ ᠦᠷᠡᠵᠢᠯ ᠲᠦᠯᠵᠢᠯ ᠤᠨ | ᠬᠤᠭᠤᠴᠠᠭ᠎ᠠ ᠠᠴᠠ ᠵᠠᠶᠢᠯᠠᠰᠭᠢᠵᠣ᠂ ᠣᠭ ᠦᠨᠳᠦᠰᠦ ᠶᠢ ᠲᠠᠰᠣᠯᠬᠤ ᠠᠴᠠ ᠬᠢᠴᠢᠶᠡᠭᠰᠡᠨ ᠶᠠᠪᠣᠳᠠᠯ ᠶᠣᠮ᠃ 12 | ᠳ᠋ᠣᠭᠠᠷ ᠵᠠᠭᠤᠨ ᠤ ᠰᠡᠭᠦᠯᠴᠢ᠂ 13 ᠳ᠋ᠣᠭᠠᠷ ᠵᠠᠭᠤᠨ ᠤ ᠡᠬᠢᠨ ᠢᠶᠠᠷ ᠮᠣᠩᠭᠤᠯᠴᠣᠳ ᠬᠦᠴᠣᠷᠭᠡᠭᠵᠢᠵᠣ᠂ ᠴᠢᠩᠬᠢᠰ | ᠬᠠᠭᠠᠨ ᠮᠣᠩᠭᠤᠯ ᠤᠨ ᠦᠨᠳᠦᠷᠯᠢᠭ ᠢ ᠨᠢᠭᠡᠳᠭᠡᠵᠣ᠂ ᠨᠠᠶᠢᠳᠡ ᠶᠢᠨ ᠣᠨ ᠲᠣᠭᠠᠯᠠᠯ ᠤᠨ 1206 ᠣᠨ ᠳᠤ ᠶᠡᠭᠡ | ᠮᠣᠩᠭᠤᠯ ᠣᠯᠣᠰ ᠢ ᠪᠠᠶᠢᠭᠤᠯᠣᠭᠰᠠᠨ ᠠᠴᠠ ᠮᠣᠩᠭᠤᠯ ᠦᠨᠳᠦᠰᠦᠳᠡᠨ ᠤ ᠬᠠᠣᠯᠢ ᠲᠦᠷᠢᠮ ᠤᠨ ᠲᠡᠥᠬᠡᠨ ᠳᠠᠬᠢ | ᠴᠢᠩᠬᠢᠰ ᠬᠠᠭᠠᠨ ᠤ ᠶᠡᠭᠡ ᠵᠠᠰᠠᠭ ᠤᠨ ᠦᠶ᠎ᠠ ᠡᠬᠢᠯᠡᠵᠣ᠂ 13 ᠳ᠋ᠣᠭᠠᠷ ᠵᠠᠭᠤᠨ ᠤ ᠲᠣᠮᠳᠠᠴᠢ ᠦᠶ᠎ᠠ ᠬᠦᠷᠳᠡᠯ᠎ᠠ | ᠲᠠᠪᠢᠭᠠᠳ ᠵᠢᠯ ᠦᠷᠭᠦᠯᠵᠢᠯᠡᠭᠰᠡᠨ ᠪᠠᠶᠢᠨ᠎ᠠ᠃ 1206 ᠣᠨ ᠳᠤ ᠴᠢᠩᠬᠢᠰ ᠬᠠᠭᠠᠨ ᠰᠢᠬᠢᠬᠤᠳᠤᠭ ᠢ ᠶᠡᠭᠡ ᠮᠣᠩᠭᠤᠯ | ᠣᠯᠣᠰ ᠤᠨ ᠶᠡᠭᠡ ᠵᠠᠷᠭᠤᠴᠢ ᠨᠣᠶᠠᠨ ᠤ ᠲᠣᠰᠢᠶᠠᠯ ᠳᠤ ᠲᠣᠮᠢᠯᠠᠵᠣ᠂ ᠬᠠᠥᠯᠢ ᠵᠦᠢᠯ ᠤᠨ ᠬᠡᠷᠡᠭ᠂ ᠡᠵᠡᠨ | ᠴᠢᠩᠬᠢᠰ ᠤᠨ ᠵᠦᠪᠰᠢᠶᠡᠷᠡᠭᠰᠡᠨ ᠡᠯ᠎ᠠ ᠵᠦᠢᠯ ᠤᠨ ᠲᠦᠷᠢᠮ ᠲᠣᠭᠳᠠᠭᠠᠯ ᠢ ︽ᠬᠦᠬᠡ ᠲᠡᠪᠳᠡᠷ︾ ᠲᠤ | ᠲᠡᠮᠳᠡᠭᠯᠡᠭᠦᠯᠦᠭᠰᠠᠨ ᠪᠠᠶᠢᠨ᠎ᠠ᠃ ︽ᠴᠢᠩᠬᠢᠰ ᠤᠨ ᠶᠡᠭᠡ ᠵᠠᠰᠠᠭ︾ ᠤᠨ ᠣᠭ ᠡᠬᠡ ᠨᠢ ᠨᠢᠭᠡᠨᠳᠡ ᠭᠡᠭᠡᠭᠳᠡᠭᠰᠡᠨ | ᠪᠣᠯᠪᠠᠴᠣ ᠵᠠᠷᠢᠮ ᠠᠭᠤᠯᠭ᠎ᠠ ᠨᠢ ︽ᠮᠣᠩᠭᠤᠯ ᠤᠨ ᠨᠢᠭᠤᠴᠠ ᠲᠣᠪᠴᠢᠶᠠᠨ︾ ᠢᠶᠠᠷ ᠲᠠᠮᠵᠢᠨ ᠣᠳᠣ ᠪᠣᠯᠳᠠᠯ᠎ᠠ | ᠣᠯᠠᠮᠵᠢᠯᠠᠭᠳᠠᠵᠣ ᠢᠷᠡᠵᠡᠢ᠃ | ︽ᠴᠢᠩᠬᠢᠰ ᠤᠨ ᠶᠡᠭᠡ ᠵᠠᠰᠠᠭ︾ ᠲᠤ ᠡᠷᠳᠡᠨ ᠤ ︽ᠶᠣᠰᠣᠨ︾ ᠤ ᠠᠭᠤᠯᠭ᠎ᠠ ᠶᠢ ᠶᠡᠬᠡᠪᠡᠷ ᠰᠢᠩᠭᠡᠭᠡᠨ᠂ ᠠᠮᠢ | ᠠᠬᠤᠢ ᠶᠢᠨ ᠲᠠᠩᠴᠠᠭᠦᠷᠢ ᠶᠢ ᠲᠦᠢᠯ ᠢᠶᠠᠷ ᠠᠩᠬᠠᠷᠣᠭᠰᠠᠨ ᠪᠠᠶᠢᠪᠠ᠃ ︽ᠴᠢᠩᠬᠢᠰ ᠤᠨ ᠶᠡᠭᠡ ᠵᠠᠰᠠᠭ︾ ᠲᠤ ︽ | ᠡᠪᠡᠰᠦ ᠨᠣᠭᠤᠭᠠᠷᠠᠭᠰᠠᠨ ᠬᠤᠶᠢᠨ᠎ᠠ ᠭᠠᠵᠠᠷ ᠨᠦᠬᠡᠯᠡᠭᠰᠡᠨ ᠪᠠ ᠭᠠᠯ ᠠᠯᠳᠠᠵᠣ ᠪᠡᠯᠴᠢᠭᠡᠷ ᠰᠢᠳᠠᠭᠠᠭᠰᠠᠳ ᠤᠨ ᠨᠢᠭᠡᠨ | ᠭᠡᠷ ᠢ ᠠᠯᠠᠮᠣᠢ︾ ᠭᠡᠵᠣ ᠲᠣᠭᠳᠠᠭᠠᠭᠰᠠᠨ ᠨᠢ ᠬᠠᠥᠯᠢ ᠪᠠᠷ ᠨᠣᠳᠤᠭ ᠪᠡᠯᠴᠢᠭᠡᠷ ᠢ ᠬᠠᠮᠠᠭᠠᠯᠠᠵᠣ᠂ ᠲᠦᠢᠮᠠᠷ ᠭᠠᠷᠬᠤ | ᠪᠠ ᠠᠳᠠᠷ ᠬᠠᠭᠠᠯᠪᠣᠷᠢᠯᠠᠬᠤ ᠶᠢ ᠴᠢᠩᠭ᠎ᠠ ᠴᠠᠭᠠᠵᠠᠯᠠᠭᠰᠠᠨ ᠶᠠᠪᠣᠳᠠᠯ ᠶᠣᠮ᠃ ᠠᠩ ᠠᠪᠠ ᠶᠢᠨ ᠲᠦᠷᠢᠮ ᠳᠤ ᠡᠷᠳᠡᠨ ᠤ | ᠶᠣᠰᠦᠨ ᠢ ᠴᠢᠩᠭ᠎ᠠ ᠵᠢᠷᠣᠮᠯᠠᠨ᠂ ᠬᠡᠭᠡᠷ᠎ᠠ ᠶᠢᠨ ᠠᠮᠢᠳᠠᠨ ᠢ ᠶᠡᠬᠡᠪᠡᠷ ᠬᠤᠷᠣᠭᠠᠬᠤ ᠶᠢ ᠴᠠᠭᠠᠵᠠᠯᠠᠭᠰᠠᠨ ᠪᠠᠶᠢᠨ᠎ᠠ᠃ | ᠡᠨᠡ ᠨᠢ ᠮᠣᠩᠭᠤᠯᠴᠣᠳ ᠤᠨ ᠨᠡᠭᠦᠳᠡᠯ ᠮᠠᠯᠵᠢᠯ ᠤᠨ ᠦᠢᠯᠡᠳᠪᠦᠷᠢᠯᠡᠯ ᠠᠮᠢᠳᠣᠷᠠᠯ ᠤᠨ ᠦᠢᠯᠡᠳᠦᠯᠭᠡ ᠪᠠᠷ ᠢᠶᠠᠨ | ᠨᠣᠳᠤᠭ ᠪᠡᠯᠴᠢᠭᠡᠷ᠂ ᠮᠠᠯ ᠰᠦᠷᠦᠭ ᠪᠣᠯᠣᠨ ᠬᠡᠭᠡᠷ᠎ᠠ ᠶᠢᠨ ᠠᠮᠢᠳᠠᠳ ᠤᠨ ᠬᠤᠭᠤᠷᠣᠨᠳᠣᠬᠢ ᠬᠠᠷᠢᠴᠠᠭ᠎ᠠ ᠶᠢ | ᠲᠣᠲᠣᠷᠬᠠᠢ ᠲᠠᠨᠢᠵᠣ᠂ ᠬᠠᠥᠯᠢ ᠪᠠᠷ ᠠᠮᠢ ᠠᠬᠤᠢ ᠶᠢᠨ ᠲᠡᠩᠴᠡᠭᠦᠷᠢ ᠶᠢ ᠬᠠᠮᠠᠭᠠᠯᠠᠬᠤ ᠣᠬᠠᠮᠰᠠᠷ ᠲᠠᠢ ᠪᠣᠯᠣᠭᠰᠠᠨ ᠢ | ᠬᠠᠷᠠᠭᠤᠯᠵᠣ ᠪᠣᠢ᠃ ᠮᠦᠨᠴᠣ ᠲᠡᠯᠡᠬᠡᠢ ᠶᠢᠨ ᠣᠯᠣᠰ ᠦᠨᠳᠦᠰᠦᠳᠡᠨ ᠤ ᠲᠣᠳᠣᠷ᠎ᠠ ᠠᠮᠢ ᠠᠬᠤᠢ ᠶᠢᠨ ᠲᠡᠩᠴᠡᠭᠦᠷᠢ ᠶᠢ | ᠪᠠᠳᠣᠯᠠᠬᠤ ᠶᠢ ᠶᠠᠭᠤᠨ ᠤ ᠣᠷᠢᠳ ᠬᠠᠥᠯᠢ ᠳᠤ ᠪᠢᠴᠢᠵᠣ ᠣᠷᠣᠭᠤᠯᠣᠭᠰᠠᠨ ᠶᠠᠪᠣᠳᠠᠯ ᠪᠣᠯᠬᠤ ᠶᠣᠮ᠃ | ᠶᠣᠸᠠᠨ ᠣᠯᠣᠰ ᠤᠨ ᠦᠶ᠎ᠡ ᠬᠦᠷᠦᠭᠡᠳ ᠮᠣᠩᠭᠤᠯ ᠣᠷᠣᠨ᠎ᠠ ︽ᠴᠢᠩᠬᠢᠰ ᠤᠨ ᠶᠡᠭᠡ ᠵᠠᠰᠠᠭ︾ ᠢ | ᠦᠷᠬᠦᠯᠵᠢᠯᠠᠨ ᠬᠡᠷᠡᠭᠵᠢᠭᠦᠯᠦᠭᠰᠡᠨ ᠤ ᠵᠡᠷᠭᠡᠪᠡᠷ ᠬᠡᠭᠡᠷ᠎ᠠ ᠶᠢᠨ ᠠᠮᠢᠳᠠᠨ ᠢ ᠬᠠᠮᠠᠭᠠᠯᠠᠵᠣ᠂ ᠬᠡᠭᠡᠯ ᠲᠠᠢ ᠭᠦᠷᠦᠭᠡᠰᠦ ᠶᠢ | ᠠᠯᠠᠬᠤ ᠶᠢ ᠴᠠᠭᠠᠵᠠᠯᠠᠬᠤ ᠮᠣᠩᠭᠤᠯ ᠦᠨᠳᠦᠰᠦᠳᠠᠨ ᠤ ᠣᠯᠠᠮᠵᠢᠯᠠᠯᠳᠤ ᠬᠠᠥᠯᠢ ᠲᠦᠷᠢᠮ ᠢ ᠪᠦᠬᠦ ᠣᠯᠣᠰ ᠤᠨ | ᠬᠡᠪᠴᠢᠶᠠᠨᠠ ᠲᠡᠯᠭᠡᠷᠡᠭᠦᠯᠦᠨ ᠭᠡᠷᠡᠭᠵᠢᠬᠦᠯᠦᠭᠰᠠᠨ ᠪᠠᠶᠢᠨ᠎ᠠ᠃ ᠲᠣᠮᠳᠠᠳᠣ ᠣᠷᠣᠨ ᠢ ᠨᠢᠭᠡᠳᠭᠡᠬᠦ ᠠᠴᠠ ᠡᠮᠦᠨ᠎ᠠ ᠮᠦᠩᠬᠡ | ᠬᠠᠭᠠᠨ᠄ ︽ᠴᠠᠭᠠᠨ ᠰᠠᠷ᠎ᠠ ᠠᠴᠠ ᠵᠢᠷᠭᠤᠭᠠᠨ ᠰᠠᠷ᠎ᠠ ᠬᠦᠷᠳᠡᠯ᠎ᠠ ᠬᠡᠬᠡᠯ ᠲᠠᠢ ᠠᠷᠢᠶᠠᠳᠠᠨ ᠢ ᠠᠯᠠᠵᠣ ᠪᠣᠯᠬᠤ ᠦᠭᠡᠢ︾ | ᠭᠡᠵᠣ ᠵᠠᠷᠯᠢᠭ ᠪᠠᠭᠤᠯᠭᠠᠵᠣ ᠦᠩᠭᠡᠷᠡᠪᠡ᠂ ᠬᠤᠪᠢᠯᠠᠢ ᠬᠠᠭᠠᠨ ᠠᠪᠠᠯᠠᠬᠤ ᠴᠠᠭ ᠣᠯᠠᠷᠢᠯ ᠢ ᠴᠢᠩᠭ᠎ᠠ ᠲᠣᠭᠳᠠᠭᠠᠵᠠᠢ᠃ | ︽ᠶᠣᠸᠠᠨ ᠣᠯᠣᠰ ᠤᠨ ᠲᠡᠥᠬᠡ᠂ ᠡᠷᠡᠭᠦᠥ ᠶᠢᠨ ᠬᠠᠥᠯᠢ ᠶᠢᠨ ᠲᠡᠮᠳᠡᠭᠯᠡᠯ︾ ᠳᠤ᠄ ︽ᠰᠠᠷ᠎ᠠ ᠪᠦᠷᠢ ᠶᠢᠨ ᠰᠢᠨ᠎ᠠ ᠶᠢᠨ | ᠨᠢᠭᠡᠨ᠂ ᠠᠷᠪᠠᠨ ᠲᠠᠪᠣᠨ ᠤ ᠡᠳᠦᠷ ᠠᠯᠢᠪᠠ ᠴᠠᠭ ᠠᠷᠢᠶᠠᠳᠠᠨ ᠠᠯᠠᠬᠤ ᠶᠢ ᠬᠤᠷᠢᠭᠯᠠᠮᠣᠢ᠃ ᠵᠢᠶᠦ᠋ᠨ ᠰᠢᠶᠠᠨ ᠪᠦᠷᠢ | ᠴᠠᠭᠠᠨ ᠰᠠᠷ᠎ᠠ ᠪᠣᠯᠭᠠᠨ ᠳᠤ ᠠᠷᠪᠠᠨ ᠡᠳᠣᠷ ᠠᠩᠨᠠᠬᠤ ᠶᠢ ᠴᠠᠭᠠᠵᠠᠯᠠᠨ᠎ᠠ︾ ᠭᠡᠵᠣ ᠲᠡᠮᠳᠡᠭᠯᠡᠵᠣ ᠪᠣᠢ᠃ ᠬᠤᠪᠢᠯᠠᠢ | ᠬᠠᠭᠠᠨ ᡁᠢ ᠶᠣᠸᠠᠨ ᠤ ᠬᠤᠷᠢᠨ ᠲᠦᠷᠪᠠᠨ ᠣᠨ ︵ᠨᠠᠶᠢᠳᠡ ᠶᠢᠨ ᠤᠨ ᠲᠤᠭᠠᠯᠠᠯ ᠤᠨ 1287︶ ᠤ ᠬᠤᠶᠠᠳᠣᠭᠠᠷ | ᠰᠠᠷ᠎ᠠ ᠳᠤ᠄ ︽ᠣᠢᠢᠭᠤᠷ ᠲᠤ ᠵᠢᠭᠦᠷᠳᠡᠨ ᠠᠷᠢᠶᠠᠳᠠᠨ ᠬᠡᠭᠡᠯᠳᠦᠵᠣ ᠦᠷᠡᠵᠢᠬᠦ ᠴᠠᠭ ᠲᠤ ᠠᠩᠨᠠᠬᠤ ᠶᠢ ᠬᠤᠷᠢᠭᠯᠠᠨ᠎ᠠ︾ | ᠬᠡᠵᠣ᠂ ᠲᠠᠷᠠᠭ᠎ᠠ ᠵᠢᠯ ᠨᠢ ︽ᠯᠢᠶᠣᠣᠨᠢᠩ ᠳᠤ ᠵᠢᠭᠠᠰᠣ ᠠᠩᠨᠠᠬᠤ ᠬᠤᠷᠢᠭ᠎ᠠ ᠶᠢ ᠲᠠᠶᠢᠯᠵᠣ᠂ ᠭᠠᠭᠴᠠ ᠬᠡᠭᠡᠯᠳᠣ | ᠠᠮᠢᠳᠠᠨ ᠢ ᠠᠩᠨᠠᠵᠣ ᠦᠯᠦ ᠪᠣᠯᠣᠮᠣᠢ︾ ᠭᠡᠵᠣ ᠵᠠᠷᠯᠢᠭ ᠪᠠᠭᠤᠯᠭᠠᠭᠰᠠᠨ ᠪᠠᠶᠢᠨ᠎ᠠ᠃ ︽ᠶᠣᠸᠠᠨ ᠣᠯᠣᠰ ᠤᠨ ᠬᠠᠥᠯᠢ | ᠲᠦᠷᠢᠮ︾ ᠳᠤ ᠳ᠋ᠨ ᠳ᠋ᠧ ᠶᠢᠨ ᠠᠷᠪᠠᠨ ᠣᠨ ᠳᠤ ᠦᠯᠵᠡᠶᠢᠳᠣ ᠬᠠᠭᠠᠨ ᠵᠠᠷᠯᠢᠭ ᠪᠠᠭᠤᠯᠭᠠᠵᠣ᠄ ︽᠁ ᠁ | ᠡᠳᠦᠭᠡ ᠠᠴᠠ ᠡᠬᠢᠯᠡᠨ ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠠᠴᠠ ᠲᠣᠯᠣᠭᠠᠨ ᠰᠠᠷ᠎ᠠ ᠶᠢᠨ ᠬᠤᠷᠢᠨ ᠤ ᠡᠳᠦᠷ | ᠬᠦᠷᠳᠡᠯ᠎ᠡ ᠬᠡᠨ ᠴᠦ ᠠᠳᠣᠭᠠᠢ ᠠᠩᠨᠠᠨ ᠠᠪᠠᠯᠠᠵᠣ ᠪᠣᠯᠬᠤ ᠦᠭᠡᠢ᠂ ᠠᠪᠠᠯᠠᠬᠤ ᠬᠦᠮᠦᠰ ᠢ ᠶᠠᠯᠠᠳᠤᠭᠠᠢ︾ ᠭᠡᠵᠦ | ᠵᠠᠷᠯᠢᠭ ᠪᠠᠭᠤᠯᠭᠠᠭᠰᠠᠨ ᠲᠡᠮᠳᠡᠭᠯᠡᠯ ᠪᠣᠢ᠃ ᠶᠣᠸᠠᠨ ᠣᠯᠣᠰ ᠤᠨ ᠦᠶ᠎ᠡ ᠳᠤ ᠬᠤᠪᠢᠯᠠᠢ ᠬᠠᠭᠠᠨ ᠠᠴᠠ ᠡᠬᠢᠯᠡᠨ ᠪᠦᠷ | ᠯᠡ ᠬᠡᠭᠡᠷ᠎ᠠ ᠶᠢᠨ ᠠᠮᠢᠳᠠᠨ ᠢ ᠬᠠᠮᠠᠭᠠᠯᠠᠬᠤ ᠵᠠᠷᠯᠢᠭ ᠪᠠᠭᠤᠯᠭᠠᠭᠰᠠᠨ ᠪᠦᠭᠡᠳ ᠠᠪᠠ ᠬᠤᠷᠢᠭᠠᠨ ᠤ ᠭᠠᠵᠠᠷ ᠣᠯᠠᠨ | ᠭᠠᠷᠭᠠᠵᠣ᠂ ᠬᠡᠭᠡᠷ᠎ᠠ ᠶᠢᠨ ᠭᠠᠭ᠋ᠠᠢ᠂ ᠬᠤᠯᠠᠨ ᠲᠠᠬᠢ᠂ ᠪᠣᠭᠤ᠂ ᠠᠷᠳᠣ᠂ ᠲᠠᠥᠯᠠᠢ᠂ ᠬᠤᠨ ᠭᠠᠯᠠᠭᠤ᠂ ᠨᠣᠭᠤᠰᠣ᠂ | ᠲᠣᠭᠤᠷᠣᠥ᠂ ᠪᠦᠷᠭᠦᠳ᠂ ᠬᠦᠰᠦᠨ ᠲᠠᠰ᠂ ᠣᠰᠣᠨ ᠲᠠᠰ᠂ ᠡᠮᠦᠨᠡᠴᠢ ᠰᠢᠪᠠᠭᠤ᠂ ᠪᠦᠳᠦᠨ᠎ᠠ ᠵᠡᠷᠭᠡ ᠠᠷᠢᠶᠠᠳᠡᠨ | ᠵᠢᠭᠦᠷᠳᠡᠨ ᠢ ᠬᠠᠮᠠᠭᠠᠯᠠᠵᠣ ᠪᠠᠶᠢᠪᠠ᠃ ᠲᠣᠮᠳᠠᠳᠣ ᠣᠯᠣᠰ ᠤᠨ ᠬᠠᠭᠠᠨᠳᠣ ᠲᠦᠷᠦ ᠶᠢᠨ ᠲᠡᠥᠬᠡᠨ ᠳᠤ ᠬᠡᠭᠡᠷ᠎ᠠ ᠶᠢᠨ | ᠠᠮᠢᠳᠠᠨ ᠠᠷᠢᠶᠠᠳᠠᠨ ᠢ ᠬᠠᠮᠠᠭᠠᠯᠠᠬᠤ ᠲᠠᠯ᠎ᠠ ᠪᠠᠷ ᠶᠣᠸᠠᠨ ᠣᠯᠣᠰ ᠬᠠᠮᠤᠭ ᠤᠨ ᠲᠣᠪᠤᠶᠢᠮ᠎ᠠ ᠵᠢᠳᠭᠦᠯ ᠭᠠᠷᠭᠠᠭᠰᠠᠨ ᠢ | ᠡᠨᠡᠬᠦ ᠬᠠᠥᠯᠢ ᠲᠦᠷᠢᠮ ᠤᠨ ᠲᠣᠭᠳᠠᠭᠠᠯ ᠬᠡᠷᠡᠴᠢᠯᠡᠵᠣ ᠪᠣᠢ᠃ ᠶᠤᠸᠠᠨ ᠤᠯᠤᠰ ᠤᠨ ᠳᠤᠮᠳᠠᠳᠤ ᠤᠷᠤᠨ ᠳᠠᠬᠢ | ᠨᠤᠶᠠᠷᠬᠠᠯ ᠳᠠᠭᠤᠰᠤᠬᠰᠠᠨ ᠤ ᠳᠠᠷᠠᠭ᠎ᠠ᠂ ᠮᠤᠩᠭᠤᠯᠴᠤᠳ ᠪᠤᠭᠤᠮᠳᠠ ᠶᠢᠨ ᠭᠠᠳᠠᠨ᠎ᠠ ᠤᠬᠤᠷᠢᠨ ᠭᠠᠷᠴᠥ᠂ ᠤᠮᠠᠷᠠᠳᠤ | ᠶᠤᠸᠠᠨ ᠤᠯᠤᠰ ᠤᠨ ᠳᠡᠤᠬᠡ ᠡᠬᠢᠯᠡᠭᠰᠡᠨ ᠶᠤᠮ᠃ ᠡᠨᠡᠬᠦ ᠱᠠᠳᠤᠨ ᠳᠤ ᠮᠤᠩᠭᠤᠯ ᠤᠨ ᠨᠠᠶᠢᠬᠡᠮ ᠤᠷᠳᠤ | ᠬᠤᠭᠤᠴᠠᠭ᠎ᠠ ᠪᠠᠷ ᠹᠸᠤᠳᠠᠯ ᠤᠨ ᠬᠡᠰᠡᠭᠯᠡᠨ ᠡᠵᠡᠮᠰᠢᠭᠰᠡᠨ ᠪᠠᠶᠢᠳᠠᠯ ᠳᠤ ᠤᠷᠤᠰᠢᠵᠥ᠂ ᠹᠸᠤᠳᠠᠯ ᠤᠨ ᠨᠤᠶᠠᠷᠬᠠᠬᠴᠢᠳ | ᠬᠡᠰᠡᠭᠯᠡᠨ ᠡᠵᠡᠮᠰᠢᠭᠰᠡᠨ ᠤᠷᠤᠨ ᠳᠠᠭᠠᠨ ᠦᠪᠡᠷ ᠦᠪᠡᠷ ᠤᠨ ᠬᠠᠤᠯᠢ ᠳᠦᠷᠢᠮ ᠳᠤᠬᠳᠠᠭᠠᠨ ᠬᠡᠷᠡᠭᠵᠢᠬᠦᠯᠵᠥ ᠪᠠᠶᠢᠪᠠ᠃ | ᠡᠬᠦᠨ ᠳᠤ ᠨᠡᠯᠢᠶᠡᠳ ᠲᠥᠯᠥᠬᠡᠯᠡᠬᠦ ᠴᠢᠨᠠᠷ ᠲᠠᠢ ᠨᠢ ︽ᠠᠯᠳᠠᠨ ᠬᠠᠭᠠᠨ ᠤ ᠴᠠᠭᠠᠵᠠ︾᠂ ︽ᠬᠠᠯᠬ᠎ᠠ ᠲᠤᠯᠤᠭᠠᠨ | ᠬᠤᠰᠢᠭᠤᠨ ᠤ ᠴᠠᠭᠠᠵᠠ︾᠂ ︽ᠮᠤᠩᠭᠤᠯ — ᠤᠢᠢᠷᠠᠳ ᠤᠨ ᠴᠠᠭᠠᠵᠠ ᠶᠢᠨ ᠪᠢᠴᠢᠭ︾ ᠪᠤᠯᠬᠤ ᠶᠤᠮ᠃ | ᠠᠮᠢᠳᠤᠷᠠᠯ ᠠᠬᠤᠢ ᠨᠢ ᠮᠠᠯ ᠠᠵᠦ ᠠᠬᠤᠢ ᠪᠠ ᠠᠩ ᠠᠩᠨᠠᠯ ᠤᠨ ᠤᠢᠢᠯᠡᠰ ᠢᠶᠠᠷ ᠭᠤᠤᠯᠯᠠᠵᠦ ᠪᠠᠶᠢᠭᠰᠠᠨ ᠢᠶᠠᠷ | ᠪᠠᠶᠢᠭᠠᠯᠢ ᠶᠢᠨ ᠤᠷᠴᠢᠨ ᠲᠤᠭᠤᠷᠢᠨ ᠢᠶᠠᠨ ᠬᠠᠮᠠᠭᠠᠯᠠᠨ᠂ ᠪᠠᠶᠢᠭᠠᠯᠢ ᠶᠢᠷᠳᠢᠨᠴᠤ ᠯᠦᠭᠡ ᠡᠶ᠎ᠡ ᠵᠤᠬᠢᠴᠠᠯ ᠲᠠᠢ | ᠲᠨᠩᠴᠡᠬᠦᠷᠢᠳᠤ ᠬᠠᠷᠢᠴᠠᠭ᠎ᠠ ᠶᠢ ᠪᠠᠳᠤᠯᠠᠬᠤ ᠪᠤᠯ ᠮᠤᠩᠭᠤᠯᠴᠤᠳ ᠤᠨ ᠤᠷᠤᠰᠢᠯ ᠲᠤᠭᠳᠠᠨᠢᠯ ᠳᠤ ᠬᠤᠯᠪᠤᠭᠳᠠᠬᠤ | ᠲᠤᠮᠤ ᠤᠴᠢᠷ ᠪᠤᠯᠵᠦ ᠪᠠᠶᠢᠵᠠᠢ᠃ ᠡᠨᠡ ᠨᠢ ᠤᠮᠠᠷᠠᠳᠤ ᠶᠤᠸᠠᠨ ᠤ ᠥᠶ᠎ᠠ ᠶᠢᠨ ᠬᠠᠤᠯᠢ ᠲᠥᠷᠢᠮ ᠳᠤ ᠲᠤᠳᠤᠬᠠᠨ | ᠢᠯᠡᠷᠡᠭᠰᠡᠨ ᠪᠠᠶᠢᠨ᠎ᠠ᠃ ︽ᠠᠯᠳᠠᠨ ᠬᠠᠭᠠᠨ ᠤ ᠴᠠᠭᠠᠵᠠ︾ ᠠᠴᠠ ᠥᠵᠡᠬᠦ ᠳᠤ ᠬᠡᠬᠡᠷ᠎ᠠ ᠶᠢᠨ ᠠᠮᠢᠳᠠᠨ ᠢ ᠬᠠᠮᠠᠭᠠᠯᠠᠬᠤ | ᠵᠦᠢᠯ ᠵᠤᠷᠪᠤᠰ ᠢ ᠤᠨᠴᠠᠭᠠᠢ ᠨᠠᠷᠢᠨ ᠲᠤᠳᠤᠷᠬᠠᠢ ᠲᠤᠭᠳᠠᠭᠠᠵᠦ᠂ ᠬᠤᠯᠠᠨ ᠲᠠᠬᠢ᠂ ᠵᠡᠭᠡᠷ᠎ᠠ᠂ ᠪᠤᠭᠤ᠂ ᠪᠤᠳᠤᠩ | ᠭᠠᠭ᠋ᠠᠢ᠂ ᠲᠠᠷᠪᠠᠭ᠎ᠠ᠂ ᠲᠠᠤᠯᠠᠢ ᠵᠡᠷᠬᠡ ᠠᠮᠢᠳᠠᠨ ᠢ ᠲᠤᠷᠠᠪᠡᠷ ᠠᠩᠨᠠᠬᠤ ᠶᠢ ᠴᠠᠭᠠᠵᠠᠯᠠᠵᠦ᠂ ᠡᠳᠡᠬᠡᠷ ᠠᠮᠢᠳᠠᠨ ᠢ ᠠᠯᠠᠪᠠᠯ | ᠲᠤᠷᠭᠠᠬᠤ ᠲᠥᠷᠢᠮ ᠲᠤᠭᠳᠠᠭᠠᠯ ᠢ ᠴᠤ ᠨᠠᠷᠢᠨ ᠲᠤᠳᠤᠷᠬᠠᠢ ᠲᠤᠭᠳᠠᠭᠠᠵᠦ᠂ ᠡᠯᠢᠶ᠎ᠠ᠂ ᠬᠡᠷᠢᠶ᠎ᠠ᠂ ᠱᠠᠭᠠᠵᠠᠭᠠᠢ᠂ | ᠵᠢᠭᠠᠰᠤ ᠵᠡᠷᠬᠡ ᠠᠮᠢᠳᠠᠨ ᠢ ᠯᠡ ᠠᠯᠠᠬᠤ ᠶᠢ ᠵᠥᠪᠰᠢᠶᠡᠷᠡᠭᠰᠡᠨ ᠪᠠᠶᠢᠨ᠎ᠠ᠃ ︽ᠬᠠᠯᠬ᠎ᠠ ᠶᠢᠨ ᠲᠤᠯᠤᠭᠠᠨ ᠬᠤᠰᠢᠭᠤᠨ ᠤ | ᠴᠠᠭᠠᠵᠠ︾ ᠳᠤ ᠲᠦᠢᠮᠡᠷ ᠠᠯᠳᠠᠵᠦ ᠨᠤᠳᠤᠭ ᠪᠡᠯᠴᠢᠭᠡᠷ ᠰᠢᠳᠠᠭᠠᠭᠰᠠᠳ ᠢ ᠨᠢᠬᠡ ᠲᠠᠪᠤ ︵ᠮᠠᠯ︶ ᠪᠠᠷ ᠲᠤᠷᠭᠠᠵᠦ᠂ | ᠬᠦᠮᠦᠨ ᠥᠬᠦᠬᠦᠯᠦᠭᠰᠡᠳ ᠢ ᠠᠮᠢᠨ ᠬᠡᠷᠡᠭ ᠢᠶᠠᠷ ᠰᠢᠢᠳᠪᠦᠷᠢᠯᠡᠨ᠎ᠠ᠃ ᠬᠤᠯᠠᠳᠠᠢ ︵ᠬᠤᠯᠠᠨ ᠲᠠᠬᠢ︶ ᠶᠢ ᠠᠯᠠᠪᠠᠰᠤ | ᠴᠠᠭᠠᠵᠠ ᠪᠠᠷ ᠰᠢᠳᠬᠡᠨ᠎ᠠ ᠬᠡᠵᠦ ᠲᠤᠭᠳᠠᠭᠠᠭᠰᠠᠨ ᠪᠠᠶᠢᠳᠠᠭ᠃ ︽ᠮᠤᠩᠭᠤᠯ — ᠤᠢᠢᠷᠠᠳ ᠤᠨ ᠴᠠᠭᠠᠵᠠ ᠶᠢᠨ | ᠪᠢᠴᠢᠭ︾ ᠤᠨ 60 ᠳ᠋ᠤᠭᠠᠷ ᠵᠤᠷᠪᠤᠰ ᠲᠤ᠄ ︽ᠨᠡᠬᠦᠭᠰᠡᠨ ᠤᠳᠤᠭ ᠠᠴᠠ ᠭᠠᠯ ᠤᠨᠳᠠᠷᠠᠭᠠᠬᠤᠯᠠ ᠬᠤᠨᠢ ᠠᠪ︾ | ᠬᠡᠵᠦ ᠲᠤᠭᠳᠠᠭᠠᠵᠦ᠂ 61 ᠳ᠋ᠤᠬᠡᠷ ᠵᠤᠷᠪᠤᠰ ᠲᠤ᠄ ︽ᠥᠰᠢᠵᠦ ᠲᠦᠢᠮᠡᠷ ᠲᠠᠯᠪᠢᠬᠤᠯ᠎ᠠ ᠶᠡᠭᠡ ᠪᠡᠷᠬᠡ ᠪᠠᠷ ᠪᠤᠯᠳᠤᠭᠠᠢ | ︾ ︵ᠪᠡᠷᠬᠡ — ᠮᠠᠯ ᠢᠶᠠᠷ ᠲᠤᠷᠭᠠᠬᠤ ᠲᠥᠷᠢᠮ︶ ᠬᠡᠵᠦ ᠲᠤᠭᠳᠠᠭᠠᠭᠰᠠᠨ ᠪᠠᠶᠢᠨ᠎ᠠ᠃ ᠮᠤᠩᠭᠤᠯᠴᠤᠳ ᠴᠢᠩ | ᠤᠯᠤᠰ ᠲᠤ ᠲᠠᠭᠠᠭᠰᠠᠨ ᠨᠠᠶᠢᠳᠡ ᠶᠢᠨ ᠤᠨ ᠲᠤᠭᠠᠯᠠᠯ ᠤᠨ 1709 ᠠᠴᠠ 1770 ᠤᠨ ᠤ ᠬᠤᠭᠤᠷᠤᠨᠳᠤ | ᠬᠠᠯᠬ᠎ᠠ ᠶᠢᠨ ᠭᠤᠷᠪᠠᠨ ᠬᠠᠨ ᠠᠶᠢᠮᠠᠭ ᠤᠨ ᠬᠠᠨ ᠨᠤᠶᠠᠳ ᠴᠢᠭᠤᠯᠭᠠᠨ ᠬᠤᠷᠠᠬᠤ ᠪᠠᠷ ᠲᠠᠮᠵᠢᠨ 18 ᠢᠵᠢ ᠬᠠᠤᠯᠢ | ᠲᠥᠷᠢᠮ ᠲᠤᠭᠳᠠᠭᠠᠭᠰᠠᠨ ᠢ ᠲᠡᠤᠬᠡᠨᠠ ᠬᠤᠷᠢᠶᠠᠩᠭᠤᠢᠢᠯᠠᠭᠠᠳ ︽ᠬᠠᠯᠬ᠎ᠠ ᠵᠢᠷᠤᠮ︾ ᠬᠡᠳᠡᠭ᠃ ︽ᠬᠠᠯᠬ᠎ᠠ ᠵᠢᠷᠤᠮ︾ | ᠳᠤ ᠬᠡᠬᠡᠷ᠎ᠠ ᠶᠢᠨ ᠠᠮᠢᠳᠠᠨ ᠢ ᠬᠠᠮᠠᠭᠠᠯᠠᠬᠤ ᠪᠠᠷ ᠥᠯᠥ ᠪᠠᠷᠠᠮ᠂ ᠤᠷᠢᠳᠦ ᠶᠢᠨ ᠬᠠᠤᠯᠢ ᠲᠥᠷᠢᠮ ᠳᠤ ᠶᠡᠷᠤ | ᠥᠵᠡᠭᠳᠡᠭᠡ ᠥᠬᠡᠢ ᠤᠢ ᠮᠤᠳᠤ ᠬᠠᠮᠠᠭᠠᠯᠠᠬᠤ ᠲᠥᠷᠢᠮ ᠢ ᠤᠯᠠᠨ ᠲᠤᠭᠳᠠᠭᠠᠭᠰᠠᠨ ᠪᠠᠶᠢᠨ᠎ᠠ᠃ ᠡᠨᠡ ᠲᠤᠬᠠᠢ ᠬᠡᠳᠤᠨ | ᠵᠦᠢᠯ ᠵᠤᠷᠪᠤᠰ ᠢ ᠰᠡᠶᠢᠷᠡᠭᠦᠯᠪᠡᠯ᠄ ︽ᠪᠠᠰᠠ ᠬᠦᠷᠢᠶ᠎ᠠ ᠵᠠᠰᠠᠭᠰᠠᠨ ᠭᠠᠵᠠᠷ᠎ᠠ᠃ ᠬᠦᠷᠢᠶᠡᠨ ᠠᠴᠠ ᠲᠤᠳᠤᠭᠰᠢ | ᠬᠠᠭᠤᠷᠠᠢ ᠨᠦᠢᠳᠠᠨ ᠠᠯᠢ ︵ᠴᠢᠬᠢ︶ ᠮᠤᠳᠤ ᠤᠭᠳᠤᠯᠬᠤ ᠥᠬᠡᠢ᠃ ᠬᠦᠷᠢᠶᠡᠨ ᠤ ᠵᠠᠬ᠎ᠠ ᠠᠴᠠ ᠭᠠᠳᠠᠭᠰᠢ ᠬᠠᠷᠠᠪᠠᠯ | ᠤᠨ ᠲᠤᠰᠴᠤ ᠬᠦᠷᠬᠦ ᠠᠴᠠ ᠢᠨᠠᠭᠰᠢ ᠨᠦᠢᠳᠠᠨ ᠮᠤᠳᠤ ᠤᠭᠳᠤᠯᠬᠤ ᠥᠬᠡᠢ᠃ ᠬᠡᠨ ᠬᠦᠮᠦᠨ ᠤᠭᠳᠤᠯᠤᠬᠤᠯᠠ | ᠪᠠᠭᠠᠵᠢ ᠶᠢ ᠲᠤᠨᠤᠭ ᠢ ᠢᠨᠤ ᠴᠥᠮ ᠠᠪᠬᠤ᠃ ᠲᠡᠷᠡ ᠲᠤᠨᠤᠭ ᠢ ᠬᠡᠨ ᠥᠵᠡᠭᠰᠡᠨ ᠬᠦᠮᠦᠨ ᠠᠪᠬᠤ ᠁ | ᠮᠥᠴᠢᠷ ᠤᠨ ᠲᠤᠰ ᠨᠦᠢᠳᠠᠨ ᠮᠥᠴᠢᠷ ᠨᠦᠢᠳᠠᠨ ᠮᠤᠳᠤᠨ ᠤ ᠶᠤᠰᠤᠭᠠᠷ᠃ ᠬᠠᠭᠤᠷᠠᠢ ᠮᠥᠴᠢᠷ ᠬᠠᠭᠤᠷᠠᠢ | ᠮᠤᠳᠤᠨ ᠤ ᠴᠠᠬᠠᠵᠠ ᠪᠠᠷ ᠪᠤᠯᠬᠤ ᠁ ᠬᠠᠭᠤᠷᠠᠢ ᠮᠤᠳᠤ ᠤᠭᠳᠤᠯᠤᠭᠰᠠᠨ᠂ ᠨᠦᠢᠳᠠᠨ ᠮᠤᠳᠤᠨ ᠢ ᠬᠤᠭᠤ | ᠲᠠᠬᠠᠷᠢᠬᠤᠯᠠ᠂ ᠰᠢᠯᠤᠷᠥᠭᠰᠡᠨ ᠢ ᠴᠠᠬᠠᠵᠠ ᠪᠠᠷ ᠰᠥᠬᠡᠨ ᠢ ᠠᠪ︾᠂ ︽ᠡᠮᠭᠡᠭ ᠥᠬᠡᠢ ᠮᠤᠷᠢ᠂ ᠬᠤᠩᠬᠤᠷ ᠬᠠᠯᠬᠤ᠂ | ᠮᠤᠭᠠᠢ᠂ ᠮᠡᠨᠡᠭᠡᠢ᠂ ᠠᠭᠬᠢᠷ᠂ ᠨᠢᠯᠬ᠎ᠠ ᠢᠨᠵᠠᠭ᠎ᠠ᠂ ᠪᠠᠯᠵᠤᠮᠤᠷ᠂ ᠨᠠᠬᠠᠢ ᠡᠳᠡᠨ ᠢ ᠪᠤᠤ ᠠᠯᠠ᠂ ᠠᠯᠠᠭᠰᠠᠨ ᠢ ᠬᠡᠨ | ᠬᠦᠮᠦᠨ ᠥᠵᠡᠪᠡᠰᠥ ᠮᠤᠷᠢ ᠠᠪ︾ ᠬᠡᠬᠦ ᠵᠡᠷᠬᠡ ᠪᠠᠷ ᠲᠤᠭᠳᠠᠭᠠᠭᠰᠠᠨ ᠪᠠᠶᠢᠨ᠎ᠠ᠃ ᠮᠤᠩᠭᠤᠯ ᠤᠨ ᠡᠷᠳᠡᠨ ᠤ ᠬᠠᠤᠯᠢ | ᠲᠥᠷᠢᠮ ᠤᠨ ᠬᠡᠬᠡᠷ᠎ᠠ ᠶᠢᠨ ᠠᠮᠢᠳᠠᠨ ᠢ ᠬᠠᠮᠠᠭᠠᠯᠠᠬᠤ ᠲᠡᠤᠭᠡᠨ ᠤᠯᠠᠮᠵᠢᠯᠠᠯ ᠤᠨ ᠠᠭᠤᠯᠭ᠎ᠠ ︽ᠬᠠᠯᠬ᠎ᠠ ᠵᠢᠷᠤᠮ︾ ᠳᠤ | ᠥᠷᠭᠡᠳᠴᠤ᠂ ᠪᠤᠯᠵᠤᠮᠤᠷ᠂ ᠨᠤᠬᠠᠢ ᠶᠢ ᠬᠦᠷᠳᠡᠯ᠎ᠠ ᠬᠠᠮᠠᠭᠠᠯᠠᠬᠤ ᠪᠤᠯᠤᠭᠰᠠᠨ ᠨᠢ ᠰᠢᠷ᠎ᠠ ᠶᠢᠨ ᠱᠠᠰᠢᠨ ᠤ ᠠᠮᠢᠨ ᠥᠯᠥ | ᠲᠠᠰᠤᠯᠬᠤ ᠴᠡᠭᠡᠷᠯᠡᠯ ᠤᠨ ᠨᠥᠯᠥᠬᠡ ᠠᠴᠠ ᠪᠤᠯᠤᠭᠰᠠᠨ ᠠᠪᠠᠴᠤ ᠬᠡᠬᠡᠷ᠎ᠠ ᠶᠢᠨ ᠠᠮᠢᠳᠠᠨ ᠢ ᠬᠠᠮᠠᠭᠠᠯᠠᠬᠤ ᠳᠤ | ᠢᠳᠡᠪᠬᠢᠳᠠᠢ ᠤᠢᠢᠯᠡᠳᠤᠯ ᠥᠵᠡᠬᠦᠯᠦᠭᠰᠡᠨ ᠪᠠᠶᠢᠨ᠎ᠠ᠃ ᠲᠤᠰ ᠬᠠᠤᠯᠢ ᠶᠢᠨ 185 ᠳ᠋ᠤᠭᠠᠷ ᠵᠤᠷᠪᠤᠰ ᠲᠤ ᠨᠤᠳᠤᠭ | ᠰᠤᠩᠭᠤᠨ ᠨᠡᠭᠦᠳᠡᠯᠯᠡᠵᠦ ᠪᠠᠭᠤᠬᠤ ᠳᠠᠭᠠᠨ ᠲᠦᠢᠮᠡᠷ ᠠᠯᠳᠠᠬᠤ ᠶᠢ ᠴᠢᠩᠭ᠎ᠠ ᠴᠠᠭᠠᠵᠡᠯᠠᠵᠦ᠂ ᠨᠡᠬᠦᠭᠰᠡᠨ ᠨᠤᠳᠤᠭ ᠲᠤ | ᠲᠦᠢᠮᠡᠷ ᠠᠯᠳᠠᠬᠤ ᠬᠠᠷᠢᠭᠤᠴᠠᠯᠭ᠎ᠠ ᠶᠢᠨ ᠲᠥᠷᠢᠮ ᠲᠤᠭᠳᠠᠭᠠᠯ ᠢ ᠲᠤᠭᠳᠠᠭᠠᠭᠰᠠᠨ ᠪᠠᠶᠢᠨ᠎ᠠ᠃ | ᠮᠤᠩᠭᠤᠯᠴᠤᠳ ᠤᠨ ᠠᠮᠢ ᠠᠬᠤᠢ ᠪᠠᠨ ᠬᠠᠮᠠᠭᠠᠯᠠᠬᠤ ᠤᠬᠠᠮᠰᠠᠷ ᠨᠢ ᠥᠨᠳᠤᠰᠤᠨ ᠳᠡᠭᠡᠨ ᠮᠤᠩᠭᠤᠯ | ᠥᠨᠳᠤᠰᠤᠳᠡᠨ ᠪᠦᠷᠢᠯᠳᠤᠬᠦ ᠯᠦᠭᠡ ᠵᠡᠷᠭᠡᠪᠡᠷ ᠪᠤᠢ ᠪᠤᠯᠵᠦ᠂ ᠠᠭᠠᠵᠢᠮ ᠳᠠᠭᠠᠨ ᠮᠤᠩᠭᠤᠯ ᠤᠨ ᠨᠡᠶᠢᠬᠡᠮ ᠤᠨ | ᠵᠠᠩᠰᠢᠯ ᠤᠨ ᠬᠠᠤᠯᠢ — ︽ᠶᠤᠰᠤᠨ︾ ᠪᠤᠯᠵᠦ ᠲᠥᠯᠥᠪᠰᠢᠷᠡᠨ᠂ ᠮᠤᠩᠭᠤᠯ ᠤᠨ ᠨᠡᠶᠢᠬᠡᠮ ᠠᠩᠬᠢᠳᠤ ᠨᠡᠶᠢᠭᠡᠮ ᠳᠤ | ᠰᠢᠯᠵᠢᠬᠦ ᠶᠢ ᠲᠠᠭᠠᠯᠳᠤᠨ ᠠᠯᠪᠠᠳᠡᠯᠭᠠ ᠶᠢᠨ ᠬᠦᠴᠦᠨ ᠪᠦᠬᠦᠢ ᠬᠠᠤᠯᠢ ᠴᠠᠭᠠᠵᠠ ᠬᠠᠤᠯᠢ ᠲᠥᠷᠢᠮ ᠪᠤᠯᠤᠭᠰᠠᠨ | ᠪᠠᠶᠢᠨ᠎ᠠ᠃ ᠮᠤᠩᠭᠤᠯ ᠤᠨ ᠡᠷᠳᠡᠨ ᠤ ᠬᠠᠤᠯᠢ ᠳᠤ ᠲᠤᠤᠱᠯᠠᠭᠳᠠᠭᠰᠠᠨ ᠡᠨᠡᠬᠦ ᠤᠬᠠᠮᠰᠠᠷ ᠨᠢ ᠤᠳᠤ ᠴᠤ ᠬᠡᠰᠡᠨ ᠵᠠᠩ | ᠤᠢᠢᠯᠡ᠂ ᠴᠡᠬᠡᠷ ᠶᠤᠰᠤᠨ ᠤ ᠬᠡᠯᠪᠡᠷᠢ ᠪᠠᠷ ᠮᠤᠩᠭᠤᠯᠴᠤᠳ ᠤᠨ ᠠᠮᠢᠳᠤᠷᠠᠯ ᠳᠤ ᠴᠢᠬᠤᠯᠠ ᠨᠥᠯᠥᠬᠡ ᠥᠵᠡᠬᠦᠯᠵᠦ | ᠪᠠᠶᠢᠭ᠎ᠠ ᠶᠤᠮ᠃ ᠮᠤᠩᠭᠤᠯᠴᠤᠳ ᠤᠨ ᠪᠠᠶᠢᠭᠠᠯᠢ ᠠᠬᠤᠢ ᠪᠠᠨ ᠬᠠᠮᠠᠭᠠᠯᠠᠬᠤ ᠤᠬᠠᠮᠰᠠᠷ ᠨᠢ ᠮᠤᠩᠭᠤᠯᠴᠤᠳ ᠤᠨ | ᠠᠮᠢᠳᠤᠷᠠᠨ ᠤᠷᠤᠰᠢᠵᠦ ᠪᠠᠶᠢᠭ᠎ᠠ ᠤᠷᠴᠢᠨ ᠲᠤᠭᠤᠷᠢᠨ᠂ ᠠᠵᠦ ᠲᠥᠷᠥᠵᠤ ᠪᠠᠶᠢᠭ᠎ᠠ ᠮᠠᠯᠵᠢᠯ᠂ ᠠᠩᠨᠠᠯ ᠤᠨ ᠠᠵᠦ | ᠠᠬᠤᠢ ᠯᠤᠭ᠎ᠠ ᠰᠠᠯᠵᠦ ᠪᠤᠯᠤᠰᠢ ᠥᠬᠡᠢ ᠬᠤᠯᠪᠤᠭ᠎ᠠ ᠲᠠᠢ ᠪᠢᠯᠡ᠃ ᠤᠷᠳᠤ ᠤᠳᠠᠭᠠᠨ ᠬᠤᠭᠤᠴᠠᠭ᠎ᠠ ᠪᠠᠷ | ᠮᠤᠩᠭᠤᠯ ᠤᠨ ᠥᠨᠳᠦᠷᠯᠢᠭ ᠲᠤ ᠮᠠᠯᠵᠢᠯ᠂ ᠠᠩᠨᠠᠯ ᠤᠨ ᠠᠵᠦ ᠠᠬᠤᠢ ᠡᠷᠬᠢᠯᠡᠭᠰᠡᠨ ᠨᠢ ᠮᠤᠩᠭᠤᠯᠴᠤᠳ ᠤᠨ | ᠪᠠᠶᠢᠭᠠᠯᠢ ᠪᠠᠨ ᠬᠠᠮᠠᠭᠠᠯᠠᠬᠤ ᠤᠬᠠᠮᠰᠠᠷ ᠢ ᠪᠤᠢ ᠪᠤᠯᠭᠠᠵᠦ᠂ ᠡᠨᠡ ᠨᠢ ᠮᠤᠩᠭᠤᠯ ᠤᠨ ᠥᠨᠳᠦᠷᠯᠢᠭ ᠤᠨ ᠪᠠᠶᠢᠭᠠᠯᠢ | ᠠᠬᠤᠢ ᠶᠢᠨ ᠤᠩᠭᠤᠨ ᠲᠥᠷᠬᠦ ᠤᠯᠠᠨ ᠵᠠᠭᠤᠨ ᠤ ᠲᠤᠷᠰᠢ ᠲᠡᠷᠡ ᠬᠡᠪ ᠢᠶᠠᠷ ᠢᠶᠠᠨ ᠬᠠᠳᠠᠭᠠᠯᠠᠭᠳᠠᠭᠰᠠᠭᠠᠷ ᠢᠷᠡᠬᠦ ᠳᠤ | ᠲᠦᠢᠯ ᠤᠨ ᠴᠢᠬᠤᠯᠠ ᠤᠢᠢᠯᠡᠳᠤᠯ ᠥᠵᠡᠬᠦᠯᠦᠭᠰᠡᠨ ᠬᠡᠵᠦ ᠬᠡᠯᠡᠵᠦ ᠪᠤᠯᠤᠨ᠎ᠠ᠃ | ︵︽ᠪᠠᠶᠠᠨᠨᠠᠭᠤᠷ ᠮᠤᠩᠭᠤᠯ ᠰᠦᠯᠵᠢᠶ᠎ᠠ︾ ᠠᠴᠠ ᠰᠢᠯᠵᠢᠬᠦᠯᠪᠡ︶ |