ᠲᠦᠮᠡᠨ ᠦᠶ᠎ᠠ ᠶᠢᠨ ᠤᠬᠠᠭᠠᠨ ᠰᠤᠷᠢᠭᠰᠠᠨ ᠡᠷᠡᠬᠡᠢ ᠮᠡᠷᠭᠡᠨ ᠱᠠᠭ᠎ᠠ ᠮᠢᠩᠭᠠᠨ ᠬᠦᠮᠤᠨ ᠤ ᠤᠩᠭᠤᠨ ᠨᠡᠭᠡᠭᠡᠭᠰᠡᠨ | ᠡᠷᠳᠡᠨᠢ ᠴᠠᠭᠠᠨ ᠰᠦᠯᠳᠠ ᠵᠠᠭᠤᠨ ᠵᠠᠭᠤᠨ ᠢᠶᠠᠷ ᠬᠢᠯᠠᠯᠵᠠᠭᠰᠠᠨ ᠲᠡᠯᠭᠡᠷᠡᠬᠦ ᠡᠷᠬᠢᠮ ᠨᠠᠨᠳᠢᠨ ᠤᠷᠠᠯᠢᠭ ᠵᠠᠯᠭᠠᠮᠵᠢ | ᠦᠷᠡᠰ ᠢ ᠰᠤᠶᠤᠨ ᠭᠡᠶᠢᠬᠦᠯᠬᠦ ᠡᠪᠦᠭᠡ ᠲᠡᠭᠡᠳᠤᠰ ᠤᠨ ᠪᠤᠶᠠᠨ ᠁ | ᠱᠠᠭ᠎ᠠ ᠪᠤᠯ ᠮᠠᠯᠵᠢᠬᠤ ᠦᠨᠳᠤᠰᠤᠳᠡᠨ ᠤ ᠶᠠᠰᠤᠨ ᠰᠤᠶᠤᠯ ᠤᠨ ᠭᠤᠥᠯ ᠪᠤᠯᠬᠤ ᠦᠵᠡᠭᠳᠡᠯ ᠤᠨ ᠬᠡᠯᠪᠡᠷᠢ᠂ ᠱᠠᠭ᠎ᠠ | ᠨᠠᠭᠠᠳᠤᠮ ᠨᠢ ᠠᠩ ᠠᠩᠨᠠᠯ ᠤᠳᠤᠷ ᠮᠠᠯᠵᠢᠯ ᠤᠨ ᠠᠮᠢᠳᠤᠷᠠᠯ ᠤᠨ ᠶᠠᠪᠤᠴᠠ ᠳᠤ ᠪᠤᠢ ᠪᠤᠯᠵᠤ᠂ ᠠᠷᠠᠳ ᠤᠨ ᠤᠷᠠᠨ | ᠤᠬᠠᠭᠠᠨ᠂ ᠪᠦᠳᠤᠭᠡᠯᠴᠢ ᠬᠦᠳᠡᠯᠮᠤᠷᠢ᠂ ᠠᠮᠢ ᠶᠢᠨ ᠰᠢᠳᠤᠯᠭᠡ᠂ ᠬᠠᠶᠢᠷ᠎ᠠ ᠶᠢᠨ ᠤᠬᠠᠮᠵᠢ ᠵᠡᠷᠭᠡ ᠤᠯᠠᠨ ᠵᠦᠢᠯ ᠢ | ᠠᠭᠤᠯᠤᠭᠰᠠᠨ ᠲᠦᠪᠯᠡᠷᠡᠯ ᠤᠨ ᠴᠡᠭ ᠮᠦᠨ᠃ ᠮᠤᠩᠭᠤᠯᠴᠤᠳ ᠪᠤᠯ ᠦᠪᠠᠷᠮᠢᠴᠠ ᠱᠠᠭ᠎ᠠ ᠶᠢᠨ ᠰᠤᠶᠤᠯ ᠲᠠᠢ | ᠦᠨᠳᠤᠰᠤᠳᠡᠨ᠃ | ᠤᠯᠠᠮᠵᠢᠯᠠᠯᠳᠤ ᠱᠠᠭ᠎ᠠ ᠶᠢᠨ ᠰᠤᠶᠤᠯ | ᠠᠮᠢᠳᠠᠨ ᠤ ᠱᠠᠭᠠᠳᠤ ᠶᠠᠰᠤᠨ ᠤ ᠨᠠᠷᠢᠨ ᠦᠵᠤᠬᠦᠷ ᠲᠤ ᠤᠷᠤᠰᠢᠬᠤ ᠵᠢᠵᠢᠭ ᠶᠠᠰᠤ ᠶᠢ ᠮᠤᠩᠭᠤᠯᠴᠤᠳ ᠱᠠᠭ᠎ᠠ | ᠭᠡᠵᠤ ᠨᠡᠷᠡᠯᠡᠨ ᠲᠠᠭᠤᠳᠠᠳᠠᠭ᠃ ᠱᠠᠭ᠎ᠠ ᠨᠠᠭᠠᠳᠤᠮ ᠡᠷᠳᠡᠨ ᠤ ᠠᠩ ᠬᠦᠷᠤᠭᠡ ᠬᠢᠭᠡᠳ ᠮᠠᠯ ᠮᠠᠯᠵᠢᠯ ᠠᠴᠠ ᠡᠬᠢ | ᠡᠬᠦᠰᠪᠤᠷᠢ ᠲᠠᠢ ᠪᠠᠶᠢᠵᠤ᠂ ᠮᠠᠯᠴᠢᠨ ᠬᠦᠮᠤᠨ ᠤ ᠠᠮᠢᠳᠤᠷᠠᠯ ᠦᠢᠯᠡᠳᠪᠤᠷᠢᠯᠡᠯ ᠤᠨ ᠦᠢᠯᠠ ᠶᠠᠪᠤᠳᠠᠯ᠂ ᠬᠦᠳᠡᠯᠤᠯ | ᠪᠠᠷᠢᠯ ᠬᠢᠭᠡᠳ ᠶᠤᠰᠤ ᠵᠠᠩᠰᠢᠯ ᠢ ᠲᠤᠰᠬᠠᠨ ᠬᠠᠷᠠᠭᠤᠯᠤᠭᠰᠠᠨ ᠰᠤᠶᠤᠯ ᠤᠨ ᠦᠪ ᠪᠤᠯᠤᠨ᠎ᠠ᠃ | ︽ᠱᠠᠭ᠎ᠠ︾ ᠭᠡᠳᠡᠭ ᠨᠢ ᠠᠯᠳᠠᠢ ᠢᠵᠠᠭᠤᠷ ᠬᠡᠯᠡᠡ ᠳᠠᠬᠢ ︽ᠴᠠᠭᠠᠨ︾ ᠭᠡᠬᠦ ᠦᠭᠡᠨ ᠠᠴᠠ ᠢᠷᠡᠯᠳᠠᠳᠠᠢ᠃ | ᠱᠠᠭ᠎ᠠ ᠲᠤᠭᠯᠠᠭᠠᠮ ᠪᠤᠯ ᠠᠷᠠᠳ ᠤᠨ ᠤᠶᠤᠨ ᠤᠬᠠᠭᠠᠨ ᠬᠢᠭᠡᠳ ᠪᠦᠳᠤᠭᠡᠯᠴᠢ ᠬᠦᠳᠡᠯᠮᠤᠷᠢ ᠶᠢᠨ ᠰᠤᠳᠤᠨ | ᠪᠦᠳᠤᠭᠡᠭᠳᠡᠬᠦᠨ ᠪᠠᠶᠢᠵᠤ᠂ ᠲᠦᠷᠤᠯ ᠵᠦᠢᠯ ᠨᠢ ᠤᠯᠠᠨ᠂ ᠤᠳᠬ᠎ᠠ ᠠᠭᠤᠯᠭ᠎ᠠ ᠨᠢ ᠬᠦᠨ᠂ ᠬᠦᠮᠤᠨ ᠤ ᠤᠶᠤᠨ ᠢ | ᠲᠡᠯᠡᠵᠤ ᠪᠢᠯᠢᠭ ᠢ ᠨᠡᠭᠡᠭᠡᠭᠳᠡᠬᠦᠯᠤᠨ᠂ ᠤᠷᠢ ᠴᠢᠳᠠᠪᠤᠷᠢ ᠶᠢ ᠨᠢ ᠲᠡᠭᠡᠭᠰᠢᠯᠡᠬᠦᠯᠳᠡᠭ᠃ ᠱᠠᠭ᠎ᠠ ᠲᠤᠭᠯᠠᠭᠠᠮ | ᠲᠡᠥᠬᠡᠨ ᠳᠠᠬᠢ ᠤᠮᠠᠷᠠᠳᠤ ᠶᠢᠨ ᠲᠠᠯ᠎ᠠ ᠨᠤᠳᠤᠭ ᠤᠨ ᠴᠦᠬᠡᠨ ᠲᠤᠭᠠᠳᠤ ᠦᠨᠳᠤᠰᠤᠳᠡᠨ ᠤ ᠦᠢᠯᠡᠳᠪᠤᠷᠢᠯᠡᠯ | ᠠᠮᠢᠳᠤᠷᠠᠯ᠂ ᠪᠠᠶᠢᠭᠠᠯᠢ ᠶᠢᠨ ᠤᠷᠴᠢᠨ ᠲᠤᠭᠤᠷᠢᠨ᠂ ᠠᠮᠢᠳᠤᠷᠠᠯ ᠤᠨ ᠵᠠᠩ ᠠᠷᠠᠠᠰᠢᠨ ᠤ ᠨᠦᠯᠤᠭᠡᠯᠡᠯ ᠢᠶᠠᠷ ᠡᠬᠦᠰᠤᠨ | ᠬᠦᠭᠵᠢᠭᠰᠡᠨ ᠪᠦᠭᠡᠳ ᠮᠤᠩᠭᠤᠯ ᠦᠨᠳᠤᠰᠤᠳᠡᠨ ᠤ ᠦᠶ ᠠ ᠶᠢᠨ ᠦᠶ᠎ᠠ ᠦᠪᠯᠡᠨ ᠵᠠᠯᠭᠠᠮᠵᠢᠯᠠᠭᠰᠠᠨ ᠤ ᠳ᠋ᠦᠩ ᠳᠤ᠂ | ᠤᠷ᠎ᠠ ᠮᠡᠷᠭᠡᠵᠢᠯ ᠬᠢᠭᠡᠳ ᠤᠢ ᠤᠬᠠᠭᠠᠨ ᠢ ᠬᠤᠥᠰᠯᠠᠭᠤᠯᠤᠭᠰᠠᠨ ᠲᠠᠯ᠎ᠠ ᠨᠤᠳᠤᠭ ᠤᠨ ᠨᠡᠬᠦᠳᠠᠯ ᠮᠠᠯᠵᠢᠯ ᠤᠨ | ᠤᠨᠴᠠᠯᠢᠭᠳᠤ ᠤᠶᠤᠨ ᠤ ᠰᠤᠶᠤᠯ ᠤᠨ ᠬᠡᠪ ᠪᠤᠯᠵᠤ ᠪᠦᠷᠢᠯᠳᠥᠭᠰᠡᠨ ᠪᠠᠶᠢᠨ᠎ᠠ᠃ | ᠱᠠᠭ᠎ᠠ ᠶᠢᠨ ᠰᠤᠶᠤᠯ ᠤᠨ ᠲᠡᠥᠬᠡᠨ ᠬᠦᠭᠵᠢᠯᠳᠠ ᠬᠢᠭᠡᠳ ᠰᠢᠨᠵᠢᠯᠡᠭᠡᠨ ᠤ ᠠᠴᠢ ᠬᠤᠯᠪᠤᠭᠳᠠᠯ | ᠱᠠᠭ᠎ᠠ ᠶᠢᠨ ᠰᠤᠶᠤᠯ ᠤᠨ ᠡᠬᠢ ᠡᠬᠦᠰᠤᠯ ᠨᠢ ᠲᠡᠥᠬᠡᠨ ᠳᠠᠬᠢ ᠤᠮᠠᠷᠠᠳᠤ ᠶᠢᠨ ᠲᠠᠯ᠎ᠠ ᠨᠤᠳᠤᠭ ᠲᠤ ᠦᠷᠨᠢᠨ | ᠬᠦᠭᠵᠢᠵᠤ ᠶᠠᠪᠤᠭᠰᠠᠨ ᠡᡁᠦ᠋ᠩᠨᠥ᠂ ᠳ᠋ᠦᠩᠬᠤ᠂ ᠰᠢᠶᠠᠨᠪᠢ᠂ ᠲᠦᠷᠺ᠂ ᠬᠢᠳᠠᠨ᠂ ᠮᠤᠩᠭᠤᠯ ᠵᠡᠷᠭᠡ ᠦᠨᠳᠤᠰᠤᠳᠡᠨ | ᠤᠭᠰᠠᠭᠠᠳᠠᠨ ᠯᠤᠭ᠎ᠠ ᠨᠢᠭᠳᠠ ᠬᠠᠷᠢᠴᠠᠭ᠎ᠠ ᠲᠠᠢ ᠪᠠᠶᠢᠳᠠᠭ᠃ ᠪᠢᠳᠠ ᠤᠮᠠᠷᠠᠳᠤ ᠶᠢᠨ ᠲᠠᠯ᠎ᠠ ᠨᠤᠳᠤᠭ ᠤᠨ ᠴᠦᠬᠡᠨ | ᠲᠤᠭᠠᠳᠤ ᠦᠨᠳᠤᠰᠤᠳᠡᠨ ᠤ ᠠᠩ ᠠᠩᠨᠠᠯ᠂ ᠨᠡᠬᠦᠳᠠᠯ ᠮᠠᠯᠵᠢᠯ ᠤᠨ ᠦᠢᠯᠡᠳᠪᠤᠷᠢᠯᠠᠯ ᠠᠮᠢᠳᠤᠷᠠᠯ ᠤᠨ ᠲᠡᠥᠬᠡᠨ | ᠤᠯᠪᠠᠭ᠎ᠠ ᠠᠴᠠ ᠤᠯᠠᠮᠵᠢᠯᠠᠯᠳᠤ ᠱᠠᠭ᠎ᠠ ᠶᠢᠨ ᠰᠤᠶᠤᠯ ᠤᠨ ᠡᠬᠢ ᠡᠬᠦᠰᠤᠯ ᠬᠢᠭᠡᠳ ᠲᠡᠥᠬᠡᠨ ᠬᠦᠭᠵᠢᠯᠳᠠ ᠶᠢᠨ | ᠤᠨᠴᠠᠯᠢᠭ ᠢ ᠮᠦᠷᠳᠡᠵᠤ᠂ ᠲᠡᠥᠬᠡᠨ ᠳᠠᠬᠢ ᠤᠮᠠᠷᠠᠳᠤ ᠶᠢᠨ ᠲᠠᠯ ᠠ ᠨᠤᠳᠤᠭ ᠤᠨ ᠴᠦᠬᠡᠨ ᠲᠤᠭᠠᠳᠤ | ᠦᠨᠳᠤᠰᠤᠳᠡᠨ ᠤ ᠦᠢᠯᠡᠳᠪᠤᠷᠢᠯᠠᠯ ᠠᠮᠢᠳᠤᠷᠠᠯ᠂ ᠪᠠᠶᠢᠭᠠᠯᠢ ᠶᠢᠨ ᠤᠷᠴᠢᠨ ᠲᠤᠭᠤᠷᠢᠨ᠂ ᠠᠮᠢᠳᠤᠷᠠᠯ ᠤᠨ ᠵᠠᠩ | ᠵᠠᠩᠰᠢᠯ ᠤᠨ ᠨᠡᠶᠢᠳᠡᠯᠢᠭ ᠤᠨᠴᠠᠯᠢᠭ ᠢ ᠮᠦᠷᠳᠡᠵᠤ ᠪᠤᠯᠬᠤ ᠶᠤᠮ᠃ | 1206 ᠤᠨ ᠳᠤ ᠴᠢᠩᠬᠢᠰ ᠬᠠᠭᠠᠨ ᠤᠮᠠᠷᠠᠳᠤ ᠶᠢᠨ ᠲᠠᠯ᠎ᠠ ᠨᠤᠳᠤᠭ ᠢ ᠨᠢᠭᠡᠳᠭᠡᠵᠤ᠂ ᠬᠦᠴᠤᠷᠬᠡᠭ ᠶᠡᠭᠡ | ᠮᠤᠩᠭᠤᠯ ᠬᠠᠭᠠᠨᠳᠤ ᠤᠯᠤᠰ ᠢ ᠪᠠᠶᠢᠭᠤᠯᠤᠭᠰᠠᠨ ᠠᠴᠠ ᠤᠮᠠᠷᠠᠳᠤ ᠶᠢᠨ ᠲᠠᠯ᠎ᠠ ᠨᠤᠳᠤᠭ ᠤᠨ ᠨᠡᠶᠢᠭᠡᠮ ᠠᠵᠤ ᠠᠬᠤᠢ | ᠢᠯᠡᠳᠳᠠ ᠬᠦᠭᠵᠢᠯᠳᠠ ᠪᠠᠨ ᠤᠯᠵᠤ᠂ ᠮᠠᠯ ᠠᠵᠤ ᠠᠬᠤᠢ ᠨᠢ ᠤᠷᠢᠳᠤ ᠡᠮᠤᠨ᠎ᠠ ᠭᠠᠷᠤᠭ᠎ᠠ ᠦᠭᠡᠢ ᠲᠦᠷᠭᠡᠨ | ᠬᠦᠭᠵᠢᠵᠠᠢ᠃ ︽ᠶᠤᠸᠠᠨ ᠤ ᠲᠡᠥᠬᠡ · ᠴᠡᠷᠢᠭ ᠮᠤᠷᠢᠳ ᠤᠨ ᠲᠤᠪᠴᠢ︾ ᠳᠤ᠄ ︽ᠶᠤᠸᠠᠨ · ᠤᠮᠠᠷᠠᠳᠤ ᠶᠢᠨ ᠲᠠᠯ᠎ᠠ | ᠨᠤᠳᠤᠭ ᠲᠤ ᠰᠠᠭᠤᠷᠢᠯᠠᠵᠤ᠂ ᠨᠡᠬᠦᠳᠠᠯ ᠮᠠᠯᠵᠢᠯ ᠠᠮᠢᠳᠤᠷᠠᠯ ᠲᠠᠢ᠂ ᠲᠠᠪᠤᠨ ᠬᠤᠰᠢᠭᠤ ᠮᠠᠯ ᠮᠤᠩ ᠦᠭᠡᠢ᠂ ᠴᠠᠭ | ᠦᠶ᠎ᠠ ᠶᠢᠨ ᠬᠦᠭᠵᠢᠨ ᠴᠡᠴᠡᠭᠯᠡᠯᠳᠠ ᠲᠠᠢ︾ ᠭᠡᠵᠤ ᠲᠡᠮᠳᠡᠭᠯᠡᠭᠰᠡᠨ ᠢᠶᠠᠷ᠂ ᠨᠡᠶᠢᠭᠡᠮ ᠠᠵᠤ ᠠᠬᠤᠢ ᠶᠢᠨ ᠴᠡᠴᠡᠭᠯᠡᠯᠳᠠ᠂ | ᠠᠮᠤᠷ ᠲᠤᠭᠳᠠᠭᠤᠨ ᠨᠡᠶᠢᠭᠡᠮ ᠤᠨ ᠠᠮᠢᠳᠤᠷᠠᠯ ᠤᠨ ᠪᠤᠳᠠᠳᠤ ᠤᠷᠴᠢᠨ ᠳᠤ ᠱᠠᠭ᠎ᠠ ᠲᠤᠭᠯᠠᠭᠠᠮ ᠰᠤᠶᠤᠯᠵᠢᠨ᠂ ᠦᠨᠢᠷ | ᠬᠦᠭᠵᠢᠯᠳᠠ ᠶᠢᠨ ᠴᠠᠭ ᠦᠶ᠎ᠠ ᠳᠡᠭᠡᠨ ᠤᠷᠤᠵᠤ ᠡᠬᠢᠯᠡᠭᠰᠡᠨ ᠢ ᠮᠡᠳᠡᠵᠤ ᠪᠤᠯᠤᠨ᠎ᠠ᠃ 2000 ᠤᠨ ᠠᠴᠠ ᠤᠳᠤ | ᠪᠤᠯᠳᠠᠯ᠎ᠠ᠂ ᠦᠪᠤᠷ ᠮᠤᠩᠭᠤᠯ ᠤᠷᠤᠨ ᠤ ᠬᠦᠯᠤᠨ ᠪᠤᠶᠢᠷ᠂ ᠲᠦᠩᠯᠢᠶᠤᠥ᠂ ᠤᠯᠠᠭᠠᠨᠴᠡᠪ᠂ ᠰᠢᠯᠢ ᠶᠢᠨ ᠭᠤᠥᠯ ᠵᠡᠷᠭᠡ | ᠠᠶᠢᠮᠠᠭ ᠬᠤᠳᠠ ᠠᠴᠠ ᠤᠯᠠᠨ ᠠᠮᠢᠳᠠᠨ ᠤ ᠱᠠᠭ᠎ᠠ ᠶᠠᠰᠤ ᠶᠢ ᠢᠯᠡᠷᠡᠬᠦᠯᠥᠭᠰᠡᠨ ᠪᠠᠶᠢᠳᠠᠭ᠃ ᠠᠳᠤᠭᠤ᠂ ᠦᠬᠡᠷ᠂ | ᠲᠡᠮᠡᠭᠡ᠂ ᠴᠢᠨ᠋᠊ ᠥ᠎ᠠ᠂ ᠵᠡᠭᠡᠷ᠎ᠠ᠂ ᠪᠤᠭᠤ ᠰᠤᠭᠤ ᠵᠡᠷᠭᠡ ᠠᠮᠢᠳᠠᠨ ᠤ ᠱᠠᠭ᠎ᠠ᠂ ᠵᠡᠰ᠂ ᠮᠦᠩᠬᠦ᠂ ᠲᠤᠭᠤᠯᠭ᠎ᠠ ᠶᠢᠨ | ᠬᠢᠴᠠ ᠲᠠᠢ ᠱᠠᠭ᠎ᠠ ᠴᠤ ᠤᠯᠠᠨ ᠢᠯᠡᠷᠡᠵᠤ ᠪᠢᠯᠠ᠃ | ᠲᠡᠥᠬᠡᠨ ᠰᠤᠷᠪᠤᠯᠵᠢ ᠪᠢᠴᠢᠭ ᠲᠤ᠂ ᠱᠠᠭ᠎ᠠ ᠲᠤᠭᠯᠠᠭᠠᠮ ᠤᠨ ᠲᠦᠷᠤᠯ ᠵᠦᠢᠯ ᠨᠢ ᠵᠦᠭᠡᠭᠡᠬᠦ ᠲᠡᠬᠦᠬᠦ᠂ ᠨᠢᠰᠠᠯᠬᠤ | ᠰᠢᠳᠡᠬᠦ ᠬᠤᠶᠠᠷ ᠶᠡᠭᠡ ᠲᠦᠷᠤᠯ ᠪᠤᠯᠵᠤ ᠬᠦᠭᠵᠢᠵᠠᠢ ᠭᠡᠰᠡᠨ ᠪᠠᠶᠢᠳᠠᠭ᠃ ︽ᠮᠤᠩᠭᠤᠯ ᠤᠨ ᠨᠢᠭᠤᠴᠠ ᠲᠤᠪᠴᠢᠶᠠᠨ︾ | ᠳᠤ᠄ ︽ᠲᠡᠮᠤᠵᠢᠨ ᠢ ᠠᠷᠪᠡᠨ ᠨᠢᠭᠡ ᠲᠠᠢ ᠳᠤ᠂ ᠤᠨᠤᠨ ᠤ ᠮᠦᠰᠤᠨ ᠲᠡᠭᠡᠷ᠎ᠠ ᠱᠠᠭ᠎ᠠ ᠨᠠᠭᠠᠳᠤᠮ ᠲᠤᠭᠯᠠᠵᠤ | ᠪᠠᠶᠢᠬᠤ ᠳᠤ᠂ ᠵᠠᠮᠤᠬ᠎ᠠ ᠨᠢᠭᠡᠨ ᠭᠤᠷᠠᠯᠳᠤᠭ ᠱᠠᠭ᠎ᠠ ᠶᠢ ᠲᠡᠮᠤᠵᠢᠨ ᠳᠤ ᠪᠡᠯᠡᠭᠯᠡᠵᠤ᠂ ᠲᠡᠮᠤᠵᠢᠨ ᠠᠴᠠ ᠪᠡᠯᠡᠭ ᠤᠨ | ᠬᠠᠷᠢᠭᠤ ᠴᠢᠩᠬᠦᠯᠳᠤᠳᠤ ᠱᠠᠭ᠎ᠠ ᠶᠢ ᠵᠠᠮᠤᠬ᠎ᠠ ᠳᠤ ᠲᠤᠷᠠᠰᠬᠠᠯ ᠪᠠᠷᠢᠵᠤ᠂ ᠠᠨᠳᠠ ᠨᠦᠬᠦᠷ ᠪᠤᠯᠤᠯᠴᠠᠪᠠ︾ ᠭᠡᠰᠡᠨ | ᠮᠦᠷ ᠪᠠᠳᠠᠭ ᠠᠴᠠ 13 ᠳ᠋ᠤᠭᠠᠷ ᠵᠠᠭᠤᠨ ᠠᠴᠠ ᠡᠮᠤᠨ᠎ᠠ ᠤᠮᠠᠷᠠᠳᠤ ᠶᠢᠨ ᠲᠠᠯ᠎ᠠ ᠨᠤᠳᠤᠭ ᠲᠤ ᠱᠠᠭ᠎ᠠ ᠨᠠᠭᠠᠳᠤᠮ ᠪᠤᠢ | ᠪᠤᠯᠤᠭᠰᠠᠨ ᠢ ᠮᠡᠳᠡᠵᠤ ᠪᠤᠯᠤᠨ᠎ᠠ᠃ | ︽ᠨᠠᠶᠢᠷ ᠤᠨ ᠰᠠᠶᠢᠬᠠᠨ ᠲᠠᠭᠤᠥ ᠬᠤᠭᠤᠷ ᠬᠤᠶᠠᠷ᠂ ᠨᠠᠭᠠᠳᠤᠮ ᠤᠨ ᠰᠠᠶᠢᠬᠠᠨ ᠰᠢᠳᠠᠷ᠎ᠠ ᠱᠠᠭ᠎ᠠ ᠬᠤᠶᠠᠷ︾ | ᠭᠡᠳᠡᠭ᠃ ᠭᠡᠬᠦ ᠳᠡᠭᠡᠨ ᠡᠨᠡ ᠬᠦ ᠮᠤᠩᠭᠤᠯᠴᠤᠳ ᠤᠨ ᠢᠵᠠᠭᠤᠷ ᠰᠤᠶᠤᠯ ᠤᠨ ᠨᠢᠭᠡᠨ ᠦᠪᠠᠷᠮᠢᠴᠠ ᠰᠤᠳᠤᠨ ᠦᠪ | ᠪᠤᠯᠬᠤ ᠱᠠᠭ᠎ᠠ ᠲᠤᠭᠯᠠᠭᠠᠮ ᠨᠢ ᠮᠤᠩᠭᠤᠯ ᠨᠤᠳᠤᠭ ᠲᠤ ᠶᠡᠭᠡ ᠪᠠᠷ ᠭᠡᠭᠡᠭᠳᠡᠨ ᠮᠠᠷᠳᠠᠭᠳᠠᠭᠰᠠᠨ ᠪᠠᠶᠢᠨ᠎ᠠ᠃ ᠭᠠᠭᠴᠠ | ᠠᠯᠠᠱᠠ ᠠᠶᠢᠮᠠᠭ ᠤᠨ ᠠᠯᠠᠱᠠ ᠪᠠᠷᠠᠭᠤᠨ ᠬᠤᠰᠢᠭᠤ ᠳᠠᠬᠢ ᠪᠠᠶᠢᠴᠠᠭᠠᠯᠳᠠ ᠶᠢ ᠦᠨᠳᠤᠰᠤᠯᠡᠪᠡᠯ᠂ ᠠᠯᠠᠱᠠ ᠪᠠᠷᠠᠭᠤᠨ | ᠬᠤᠰᠢᠭᠤ ᠶᠢᠨ ᠪᠠᠭ᠎ᠠ ᠲᠤᠮᠳᠠᠳᠤ ᠰᠤᠷᠭᠠᠭᠤᠯᠢ ᠶᠢᠨ ᠬᠡᠥᠬᠡᠳ ᠤᠳ ᠤᠨ 85% ᠨᠢ ᠱᠠᠭ᠎ᠠ ᠲᠤᠭᠯᠠᠭᠠᠮ ᠢ ᠮᠡᠳᠡᠬᠦ | ᠦᠭᠡᠢ ᠪᠠᠶᠢᠯ᠎ᠠ᠃ 2016 ᠤᠨ ᠳᠤ ᠲᠤᠰ ᠬᠤᠰᠢᠭᠤᠨ ᠤ ᠱᠠᠭᠠᠭᠴᠢᠳ ᠤᠨ ᠰᠢᠷᠭᠠᠭᠤ ᠬᠦᠳᠡᠯᠮᠤᠷᠢ ᠪᠠᠷ᠂ ᠱᠠᠭ᠎ᠠ | ᠰᠤᠶᠤᠯ ᠤᠨ ᠠᠵᠢᠯᠯᠠᠭ᠎ᠠ ᠨᠢ ᠤᠳᠤ ᠨᠢᠭᠡᠨᠳᠠ ᠲᠤᠰ ᠬᠤᠰᠢᠭᠤᠨ ᠤ ᠰᠤᠶᠤᠯ ᠤᠨ ᠨᠡᠷᠡᠳᠤ ᠲᠡᠮᠳᠡᠭ ᠪᠤᠯᠵᠤ᠂ ᠠᠯᠠᠱᠠ | ᠪᠠᠷᠠᠭᠤᠨ ᠬᠤᠰᠢᠭᠤ ᠨᠢ ᠱᠠᠭ᠎ᠠ ᠶᠢᠨ ᠰᠤᠶᠤᠯ ᠤᠨ ᠤᠷᠠᠯᠢᠭ ᠤᠨ ᠨᠤᠳᠤᠭ᠂ ᠱᠠᠭ᠎ᠠ ᠶᠢᠨ ᠰᠤᠶᠤᠯ ᠢ ᠤᠯᠠᠮᠵᠢᠯᠠᠨ | ᠬᠦᠭᠵᠢᠬᠦᠯᠬᠦ ᠰᠠᠭᠤᠷᠢᠨ ᠵᠡᠷᠭᠡ ᠴᠤᠯᠠ ᠡᠷᠬᠦᠮᠵᠢᠯᠠᠯ ᠤᠳ ᠢ ᠬᠦᠷᠳᠡᠨ ᠱᠠᠭ᠎ᠠ ᠶᠢᠨ ᠰᠤᠶᠤᠯ ᠤᠨ ᠭᠡᠭᠡᠨ ᠤᠬᠠᠭᠠᠨ ᠤ | ᠠᠮᠢᠯᠠᠯ ᠤᠨ ᠬᠦᠴᠤᠨ ᠢ ᠰᠡᠷᠭᠦᠭᠡᠨ ᠬᠦᠭᠵᠢᠬᠦᠯᠥᠭᠰᠡᠨ ᠪᠠᠶᠢᠨ᠎ᠠ᠃ | ᠱᠠᠭ᠎ᠠ ᠲᠤᠭᠯᠠᠭᠠᠮ ᠨᠢ ᠭᠤ ᠥ᠎ᠠ ᠰᠠᠶᠢᠬᠠᠨ ᠤ ᠦᠷᠳᠡᠭ ᠤᠨ ᠦᠵᠡᠯᠳᠠ ᠶᠢ ᠪᠤᠢ ᠪᠤᠯᠭᠠᠵᠤ᠂ ᠬᠦᠮᠤᠨ ᠤ | ᠪᠡᠶ᠎ᠠ ᠰᠡᠳᠬᠢᠯ ᠢ ᠪᠤᠯᠪᠠᠰᠤᠷᠠᠭᠤᠯᠤᠨ ᠬᠦᠭᠵᠢᠬᠦᠯᠬᠦ ᠮᠤᠩᠭᠤᠯ ᠤᠬᠠᠭᠠᠨ ᠤ ᠠᠷᠭ᠎ᠠ ᠵᠦᠢ ᠶᠢᠨ ᠨᠢᠭᠡᠨ ᠴᠢᠬᠤᠯᠠ | ᠬᠡᠯᠪᠡᠷᠢ ᠮᠦᠨ᠃ ᠮᠤᠩᠭᠤᠯᠴᠤᠳ ᠤᠨ ᠤᠯᠠᠨ ᠮᠢᠩᠭᠠᠨ ᠵᠢᠯ ᠤᠨ ᠲᠡᠥᠬᠡᠨ ᠤᠯᠠᠮᠵᠢᠯᠠᠯ ᠲᠠᠢ ᠢᠵᠠᠭᠤᠷ ᠰᠤᠶᠤᠯ | ᠪᠤᠯᠬᠤ ᠱᠠᠭ᠎ᠠ ᠶᠢᠨ ᠰᠤᠶᠤᠯ ᠨᠢ ᠤᠶᠤᠨ ᠤ᠂ ᠲᠠᠷᠢᠬᠢᠨ ᠤ᠂ ᠭᠠᠷ ᠲᠡᠮ ᠤᠨ ᠪᠤᠯᠪᠠᠰᠤᠷᠠᠯ ᠢ ᠠᠬᠢᠭᠤᠯᠳᠠᠭ ᠢᠶᠠᠷ | ᠠᠩᠬᠠᠨ ᠤ ᠰᠤᠷᠭᠠᠨ ᠬᠦᠮᠤᠵᠢᠯ ᠳᠤ ᠴᠢᠬᠤᠯᠠ ᠠᠴᠢ ᠬᠤᠯᠪᠤᠭᠳᠠᠯ ᠲᠠᠢ ᠠᠵᠢ᠃ | ᠱᠠᠭ᠎ᠠ ᠶᠢᠨ ᠰᠤᠶᠤᠯ ᠤᠨ ᠤᠨᠤᠯ ᠤᠨ ᠰᠤᠳᠤᠯᠭᠠᠨ | ᠤᠢᠢᠷ᠎ᠠ ᠶᠢᠨ ᠵᠢᠯ ᠤᠳ ᠲᠤ᠂ ᠦᠪᠤᠷ ᠮᠤᠩᠭᠤᠯ ᠤᠨ ᠬᠡᠪᠴᠢᠶᠡᠨᠠ ᠱᠠᠭ᠎ᠠ ᠶᠢᠨ ᠰᠤᠶᠤᠯ ᠤᠨ ᠬᠠᠮᠢᠶ᠎ᠠ ᠪᠦᠬᠦᠢ | ᠰᠤᠳᠤᠯᠭᠠᠨ ᠤ ᠠᠵᠢᠯ ᠡᠷᠴᠢᠮ ᠲᠠᠢ ᠶᠠᠪᠤᠭᠳᠠᠵᠤ᠂ 2016 ᠤᠨ ᠤ 9 ᠰᠠᠷ᠎ᠠ᠂ 2018 ᠤᠨ ᠤ 7 ᠰᠠᠷ᠎ᠠ ᠳᠤ | ᠠᠯᠠᠱᠠ ᠪᠠᠷᠠᠭᠤᠨ ᠬᠤᠰᠢᠭᠤᠨ ᠤ ᠱᠠᠭ᠎ᠠ ᠨᠠᠭᠠᠳᠤᠮ᠂ ᠱᠠᠭ᠎ᠠ ᠶᠢᠨ ᠰᠤᠶᠤᠯ ᠤᠨ ᠡᠷᠳᠡᠮ ᠰᠢᠨᠵᠢᠯᠡᠭᠡᠨ ᠤ | ᠰᠤᠳᠤᠯᠭᠠᠨ ᠤ ᠬᠤᠷᠠᠯ ᠬᠤᠶᠠᠷ ᠤᠳᠠᠭ᠎ᠠ ᠶᠠᠪᠤᠭᠳᠠᠵᠤ᠂ ᠱᠠᠭ᠎ᠠ ᠶᠢᠨ ᠰᠤᠶᠤᠯ ᠤᠨ ᠰᠤᠳᠤᠯᠭᠠᠨ ᠢ ᠲᠡᠯᠭᠡᠷᠡᠬᠦᠯᠤᠨ | ᠬᠦᠨᠵᠡᠭᠡᠶᠢᠷᠡᠬᠦᠯᠵᠤ ᠪᠠᠶᠢᠨ᠎ᠠ᠃ ᠰᠤᠳᠤᠯᠭᠠᠨ ᠤ ᠠᠭᠤᠯᠭ᠎ᠠ ᠶᠢᠨ ᠬᠤᠪᠢ ᠳᠤ᠂ ︽ᠱᠠᠭ᠎ᠠ ᠭᠡᠬᠦ ᠦᠭᠡ ᠶᠢᠨ ᠢᠷᠡᠯ | ᠭᠠᠷᠤᠯ᠂ ᠱᠠᠭ᠎ᠠ ᠶᠢᠨ ᠰᠤᠶᠤᠯ ᠤᠨ ᠨᠤᠳᠤᠭ ᠤᠰᠤᠨ ᠤ ᠰᠤᠳᠤᠯᠤᠯ ᠦᠷᠭᠡᠨ ᠬᠡᠪᠴᠢᠶ᠎ᠠ ᠪᠠᠷ ᠶᠠᠪᠤᠭᠳᠠᠵᠤ᠂ | ᠰᠢᠨᠵᠢᠶᠠᠩ᠂ ᠬᠦᠬᠡᠨᠡᠭᠤᠷ ᠠᠴᠠ ᠦᠪᠤᠷ ᠮᠤᠩᠭᠤᠯ ᠤᠷᠤᠨ ᠤ ᠠᠶᠢᠮᠠᠭ ᠬᠤᠰᠢᠭᠤ ᠰᠢᠶᠠᠨ ᠪᠦᠬᠦᠨ ᠢ ᠬᠠᠮᠤᠷᠴᠤ᠂ | ᠱᠠᠭ᠎ᠠ ᠶᠢᠨ ᠰᠤᠶᠤᠯ ᠤᠨ ᠤᠨᠴᠠᠯᠢᠭ᠂ ᠬᠤᠪᠢᠰᠤᠯ᠂ ᠤᠳᠤᠬᠢ ᠬᠡᠷᠡᠭᠯᠡᠯᠳᠠ᠂ ᠱᠠᠭ᠎ᠠ ᠨᠠᠭᠠᠳᠤᠮ ᠤᠨ ᠲᠦᠷᠢᠮ | ᠭᠤᠷᠢᠮ ᠵᠡᠷᠭᠡ ᠶᠢ ᠨᠠᠷᠢᠨ ᠰᠢᠨᠵᠢᠯᠡᠵᠤ ᠪᠠᠶᠢᠨ᠎ᠠ᠃ ᠰᠤᠶᠤᠯ ᠵᠠᠩ ᠦᠢᠯᠠ ᠶᠢᠨ ᠰᠤᠳᠤᠯᠭᠠᠨ ᠤ ᠬᠠᠷᠠᠭᠠᠰᠤ ᠠᠴᠠ | ᠰᠢᠳᠤᠯᠭᠡ ᠪᠢᠰᠢᠷᠠᠯ᠂ ᠪᠡᠯᠭᠡᠳᠡᠯ ᠵᠦᠩᠨᠡᠯ᠂ ᠰᠠᠴᠤᠯᠢ ᠲᠠᠬᠢᠯᠭ᠎ᠠ ᠳᠤ ᠬᠤᠯᠪᠤᠭᠳᠠᠬᠤ ᠶᠤᠰᠤᠨ ᠢ ᠰᠡᠷᠬᠦᠭᠡᠨ | ᠨᠤᠳᠠᠯᠠᠵᠤ ᠪᠠᠶᠢᠨ᠎ᠠ᠃ ᠪᠠᠰᠠ ᠱᠠᠭ᠎ᠠ ᠶᠢᠨ ᠰᠡᠳᠤᠪᠳᠤ ᠵᠤᠭ᠎ᠠ ᠴᠡᠩᠭᠡᠯ᠂ ᠨᠠᠶᠢᠷ ᠨᠠᠭᠠᠳᠤᠮ ᠤᠨ ᠲᠦᠷᠤᠯ ᠢ ᠨᠡᠭᠡᠭᠡᠨ᠂ | ᠤᠯᠠᠮᠵᠢᠯᠠᠯᠳᠤ ᠱᠠᠭ᠎ᠠ ᠶᠢᠨ ᠰᠤᠶᠤᠯ ᠢ ᠬᠦᠭᠵᠢᠬᠦᠯᠬᠦ ᠵᠡᠷᠭᠡ ᠪᠠᠷ ᠱᠠᠭ᠎ᠠ ᠶᠢᠨ ᠰᠤᠶᠤᠯ ᠢ ᠰᠢᠰᠲᠧᠮ ᠲᠠᠢ ᠰᠤᠳᠤᠯᠵᠤ | ᠡᠬᠢᠯᠡᠭᠰᠡᠨ ᠪᠠᠶᠢᠨ᠎ᠠ᠃ | ᠱᠠᠭ᠎ᠠ ᠶᠢᠨ ᠰᠤᠶᠤᠯ ᠤᠨ ᠤᠳᠤᠬᠢ ᠬᠡᠷᠡᠭᠯᠡᠯᠳᠠ | ᠱᠠᠭ᠎ᠠ ᠲᠤᠭᠯᠠᠭᠠᠮ ᠠᠴᠠ ᠮᠤᠩᠭᠤᠯᠴᠤᠳ ᠤᠨ ᠠᠵᠤ ᠠᠮᠢᠳᠤᠷᠠᠯ᠂ ᠠᠵᠢᠯ ᠦᠢᠯᠡᠳᠪᠤᠷᠢᠯᠡᠯ᠂ ᠤᠢ ᠪᠢᠯᠢᠭ᠂ | ᠰᠤᠶᠤᠯ ᠵᠠᠩᠰᠢᠯ ᠢ ᠤᠯᠵᠤ ᠬᠠᠷᠠᠳᠠᠭ ᠪᠤᠯ ᠱᠠᠭ᠎ᠠ ᠶᠢᠨ ᠰᠤᠶᠤᠯ ᠤᠨ ᠤᠳᠤᠬᠢ ᠬᠡᠷᠡᠭᠯᠡᠯᠳᠠ ᠠᠴᠠ ᠤᠯᠠᠮᠵᠢᠯᠠᠯ | ᠬᠦᠭᠵᠢᠯ ᠤᠨ ᠰᠢᠨ᠎ᠠ ᠵᠢᠷᠤᠭ ᠲᠦᠷᠰᠤ ᠵᠢᠷᠤᠭᠯᠠᠭᠳᠠᠨ᠎ᠠ᠃ ᠱᠠᠭ᠎ᠠ ᠶᠢᠨ ᠰᠤᠶᠤᠯ ᠨᠢ ᠤᠳᠤᠬᠠᠨ ᠳᠤ ᠮᠠᠨ ᠤ | ᠤᠷᠤᠨ ᠤ ᠤᠯᠠᠩᠬᠢ ᠮᠤᠩᠭᠤᠯ ᠬᠡᠥᠬᠡᠳ ᠤᠨ ᠴᠡᠴᠡᠷᠯᠢᠭ ᠬᠢᠭᠡᠳ ᠪᠠᠭ᠎ᠠ ᠰᠤᠷᠭᠠᠭᠤᠯᠢ ᠶᠢᠨ ᠬᠢᠴᠢᠶᠡᠯ ᠬᠦᠮᠤᠵᠢᠯ ᠳᠤ | ᠤᠷᠤᠵᠤ᠂ ᠪᠠᠰᠠ ᠲᠠᠬᠢᠯᠭ᠎ᠠ ᠲᠠᠶᠢᠯᠭ᠎ᠠ᠂ ᠬᠤᠷᠢᠮ ᠨᠠᠭᠠᠳᠤᠮ᠂ ᠰᠤᠶᠤᠯ ᠲᠠᠮᠢᠷ ᠤᠨ ᠬᠦᠳᠡᠯᠭᠡᠭᠡᠨ ᠵᠡᠷᠭᠡ | ᠨᠡᠶᠢᠭᠡᠮ ᠤᠨ ᠠᠵᠢᠯᠯᠠᠭᠠᠨ ᠳᠤ ᠴᠤ ᠦᠷᠭᠡᠨ ᠬᠠᠷᠠᠭᠳᠠᠬᠤ ᠪᠤᠯᠵᠠᠢ᠃ | ᠮᠤᠩᠭᠤᠯ ᠠᠷᠠᠳ ᠤᠨ ᠱᠠᠭ᠎ᠠ ᠶᠢᠨ ᠲᠤᠭᠯᠠᠭᠠᠮ ᠪᠤᠯ ᠬᠦᠮᠤᠨ ᠤ ᠪᠡᠶ᠎ᠠ ᠴᠤᠭᠴᠠ᠂ ᠲᠠᠷᠢᠬᠢ ᠤᠶᠤᠨ᠂ ᠵᠢᠷᠤᠬᠡ | ᠰᠡᠳᠬᠢᠯ ᠵᠡᠷᠭᠡ ᠪᠠᠷ ᠲᠠᠶᠢᠴᠢᠯᠡᠨ ᠵᠤᠭ᠎ᠠ ᠴᠡᠩᠭᠡᠯ᠂ ᠬᠦᠮᠤᠵᠢᠯ ᠪᠤᠯᠪᠠᠰᠤᠷᠠᠯ᠂ ᠪᠡᠶ᠎ᠠ ᠰᠤᠪᠢᠯᠠᠯᠳᠠ ᠭᠤᠷᠪᠠ ᠶᠢ | ᠤᠶᠠᠯᠳᠤᠭᠤᠯᠤᠭᠰᠠᠨ ᠤᠶᠤᠨ ᠤ ᠲᠤᠭᠯᠠᠭᠠᠮ ᠮᠦᠨ᠃ ᠲᠡᠷᠠ ᠨᠢ ᠦᠨᠳᠤᠰᠤᠳᠡᠨ ᠤ ᠰᠤᠶᠤᠯ ᠤᠨ ᠢᠮ ᠲᠠᠮᠠᠭ᠎ᠠ | ᠵᠤᠵᠠᠭᠠᠨ ᠪᠦᠭᠡᠳ ᠬᠦᠨ ᠬᠦᠨᠵᠡᠭᠡᠢ ᠤᠳᠬ᠎ᠠ ᠠᠭᠤᠯᠭ᠎ᠠ ᠪᠠᠷ ᠢᠶᠠᠨ ᠰᠢᠨ᠎ᠠ ᠴᠠᠭ ᠦᠶ᠎ᠠ ᠳᠤ ᠰᠢᠨ᠎ᠠ | ᠬᠦᠭᠵᠢᠯᠳᠠ ᠶᠢᠨ ᠤᠷᠤᠨ ᠵᠠᠢ ᠪᠤᠯᠵᠤ᠂ ᠱᠠᠭ᠎ᠠ ᠶᠢᠨ ᠰᠤᠶᠤᠯ ᠤᠨ ᠰᠢᠨᠵᠢᠯᠡᠭᠡᠨ ᠤ ᠰᠢᠨ᠎ᠠ ᠰᠡᠳᠤᠪ ᠪᠤᠯᠵᠤ | ᠲᠤᠳᠤᠷᠠᠭᠤᠨ ᠬᠦᠭᠵᠢᠵᠤ ᠪᠠᠶᠢᠨ᠎ᠠ᠃ | ᠬᠦᠮᠤᠨ ᠪᠤᠯ ᠰᠤᠶᠤᠯ ᠰᠡᠳᠬᠢᠬᠦᠢ ᠠᠮᠢᠳᠤᠷᠠᠯ ᠠᠬᠤᠢ ᠳᠤ ᠰᠠᠭᠤᠷᠢᠯᠠᠵᠤ᠂ ᠠᠮᠢᠳᠤᠷᠠᠯ ᠤᠨ ᠵᠠᠩ ᠵᠠᠩᠰᠢᠯ᠂ | ᠰᠡᠳᠬᠢᠴᠠ ᠶᠢᠨ ᠤᠨᠴᠠᠯᠢᠭ ᠢ ᠪᠦᠷᠢᠯᠳᠥᠬᠦᠯᠳᠡᠭ᠃ ᠱᠠᠭ᠎ᠠ ᠶᠢᠨ ᠰᠤᠶᠤᠯ ᠨᠢ ᠮᠤᠩᠭᠤᠯᠴᠤᠳ ᠤᠨ ᠲᠤᠳᠤᠭᠠᠳᠤ | ᠮᠡᠳᠡᠷᠡᠮᠵᠢ᠂ ᠲᠠᠨᠢᠯᠳᠠ ᠶᠢᠨ ᠤᠬᠠᠮᠰᠠᠷ ᠤᠨ ᠨᠢᠭᠡᠨ ᠢᠯᠡᠷᠡᠯ ᠪᠠᠶᠢᠵᠤ᠂ ᠦᠨᠳᠤᠰᠤᠳᠡᠨ ᠤ ᠦᠪᠠᠷᠮᠢᠴᠠ ᠤᠨᠴᠠᠯᠢᠭ ᠢ | ᠪᠦᠷᠢᠳᠥᠬᠦᠯᠥᠭᠰᠡᠨ ᠪᠠᠶᠢᠨ᠎ᠠ᠃ | ︵︽ᠦᠪᠤᠷ ᠮᠤᠩᠭᠤᠯ ᠤᠨ ᠡᠳᠤᠷ ᠤᠨ ᠰᠤᠨᠢᠨ︾ ᠠᠴᠠ ᠰᠢᠯᠵᠢᠬᠦᠯᠪᠡ︶ |