ᠵᠤᠨ ᠤ ᠮᠦᠷᠦᠭᠡᠳᠦᠯ
ᠨᠡᠶᠢᠲᠡᠯᠡᠭᠰᠡᠨ ᠴᠠᠭ᠄
2019-12-20
 ᠰᠦᠨ ᠳᠤᠶᠠᠭ᠎ᠠ ᠰᠠᠷᠠᠨ ᠠᠴᠠ ᠰᠦᠵᠢᠷᠡᠨ ᠰᠡᠳᠬᠢᠯ ᠤᠨ ᠬᠡᠬᠡ ᠵᠡᠬᠦᠳᠦᠨ ᠳᠤ ᠬᠡᠷᠡᠯᠳᠦᠬᠦᠢ ᠳᠤ ᠰᠠᠪᠠ ᠶᠢᠷᠳᠢᠨᠴᠤ ᠨᠦᠢᠷ ᠲᠤ ᠪᠠᠨ ᠲᠦᠭᠵᠢᠷᠠᠨ᠎ᠠ ᠰᠦᠨ ᠦᠨᠦᠷ ᠢᠶᠠᠷ ᠰᠠᠯᠬᠢ ᠡᠷᠬᠢᠯᠳᠦᠨ ᠰᠦᠷᠦᠭ ᠬᠤᠨᠢᠳ ᠬᠤᠳᠠᠯᠠᠬᠤᠢ ᠳᠤ ᠰᠠᠶᠢᠬᠠᠨ ᠪᠦᠰᠡᠬᠦᠢ ᠰᠠᠨᠠᠭ᠎ᠠ ᠳᠤᠬᠳᠤᠯᠤᠨ᠎ᠠ ᠠᠨᠢᠷ ᠴᠢᠩᠨᠠᠨ ᠨᠠᠮᠤᠷ ᠤᠨ ᠰᠡᠷᠢᠬᠦᠤ ᠦᠨᠦᠰᠦᠨ ᠠᠭᠤᠯᠠᠰ ᠨᠢ ᠤᠳᠤᠳ ᠵᠢᠷᠬᠢᠬᠦᠯᠵᠤ ᠬᠦᠯᠦᠷᠡᠬᠦᠢ ᠳᠤ ᠠᠶᠢᠯ ᠬᠤᠳᠠ ᠶᠢᠨ ᠦᠳᠡᠰᠢ ᠠᠮᠤᠭᠤᠯᠠᠩ ᠤᠬᠠᠭᠠᠷᠠᠬᠤ ᠶᠢᠨ ᠡᠷᠭᠡᠨ ᠳᠤ ᠬᠦᠳᠦᠯᠦᠭᠳᠡᠨ ᠤᠩᠭᠤᠨ ᠮᠦᠷᠦᠭᠡᠳᠦᠯ ᠰᠡᠳᠬᠢᠯ ᠵᠢᠩᠳᠡᠬᠦᠯᠬᠦᠢ ᠳᠤ ᠤᠬᠢᠯᠠᠵᠤ ᠳᠡᠶᠢᠴᠢᠭᠰᠡᠨ ᠨᠤᠳᠤᠬ ᠮᠢᠨᠢ ᠳᠠᠶᠢᠪᠤᠩᠬᠠᠨ ᠴᠢᠯᠠᠭᠤᠳ ᠢᠶᠠᠨ ᠳᠡᠪᠳᠤᠳᠡᠯ᠎ᠠ ᠴᠢᠳᠬᠤᠯᠠᠬᠰᠠᠨ ᠴᠠᠬ ᠤᠨ ᠬᠤᠷ᠎ᠠ ᠪᠤᠭᠤᠷᠤᠯᠳᠤᠳᠠᠯ᠎ᠠ ᠳᠦᠰᠦᠷᠬᠦᠢ ᠳᠤ ᠴᠤᠬᠤᠷ ᠡᠨᠡᠬᠦ ᠶᠢᠷᠳᠢᠨᠴᠤ ᠴᠠᠩᠭᠠᠭ᠎ᠠ ᠳᠠᠶᠢᠯᠤᠬᠳᠠᠵᠤ ᠳᠠᠶᠢᠪᠤᠰᠢᠷᠠᠨ᠎ᠠ ᠴᠠᠬ ᠤᠯᠠᠷᠢᠯ ᠤᠨ ᠵᠢᠷᠦᠭᠠᠰᠤ ᠴᠡᠴᠡᠭ ᠤᠨ ᠨᠠᠪᠴᠢᠰ ᠲᠤ ᠪᠤᠭᠤᠷᠦᠯᠳᠤᠨ ᠴᠢᠮ᠎ᠠ ᠲᠠᠢ ᠪᠠᠨ ᠵᠠᠪᠳᠤᠵᠤ ᠪᠤᠯᠵᠤᠮᠠᠷᠬᠠᠨ ᠡᠷᠬᠡᠯᠡᠬᠦᠢ ᠳᠤ ᠴᠡᠭᠡᠵᠢᠨ ᠤ ᠭᠤᠨᠢᠬ ᠡᠬᠦᠯᠡᠰ ᠤᠨ ᠨᠡᠬᠦᠳᠡᠯ ᠳᠤ ᠡᠪᠬᠡᠭᠳᠡᠨ᠎ᠠ ᠵᠤᠯᠠᠷᠠᠵᠤ ᠪᠤᠴᠠᠬᠤ ᠵᠤᠨ ᠤ ᠦᠵᠡᠰᠬᠦᠯᠡᠩ ᠵᠡᠬᠦᠳᠤᠨ ᠳᠤᠮᠳᠠᠬᠢ ᠴᠡᠴᠡᠭᠡᠰ ᠲᠤ ᠬᠤᠷᠭᠤᠳᠠᠬᠤᠢ ᠳᠤ ᠵᠢᠬᠦᠷ ᠨᠢ ᠳᠡᠪᠳᠦᠭᠰᠡᠨ ᠬᠠᠷᠢᠶᠠᠴᠠᠢ ᠨᠢᠰᠦᠨ ᠪᠠᠭᠤᠨ ᠠᠯᠳᠠᠨ᠎ᠠ ᠨᠠᠷᠠᠨ ᠬᠦᠷᠳᠡᠯ᠎ᠠ ᠢᠯᠴᠢ ᠪᠠᠨ ᠡᠷᠬᠢᠬᠦᠯᠦᠨ ᠨᠠᠮᠤᠷ ᠤᠨ ᠨᠠᠪᠴᠢᠰ ᠭᠤᠨᠢᠬ ᠢᠶᠠᠨ ᠳᠠᠰᠤᠳᠡᠨ ᠡᠮᠵᠡᠭᠯᠡᠬᠦᠢ ᠳᠤ ᠨᠠᠮᠤᠬᠠᠨ ᠬᠠᠩᠭᠠᠢ ᠵᠤᠨ ᠤ ᠮᠦᠷᠦᠭᠡᠳᠦᠯ ᠳᠤ ᠳᠡᠭᠡᠭᠡᠭᠳᠡᠨ᠎ᠠ    ᠵᠣᠬᠢᠶᠠᠭᠴᠢ᠄ ᠳᠠᠯᠠᠢ    ᠵᠤᠬᠢᠶᠠᠬᠴᠢ ᠶᠢᠨ ᠬᠠᠶ᠋ᠢᠬ᠄ ᠳᠤᠮᠳᠠᠳᠤ ᠬᠤᠰᠢᠭᠤᠨ ᠤ ᠵᠢᠷᠭᠤᠳᠤᠭᠠᠷ ᠳᠤᠮᠳᠠᠳᠤ ᠰᠤᠷᠭᠠᠭᠤᠯᠢ
 
ᠢᠷᠡᠯᠲᠡ᠄ ᠬᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号