ᠵᠠᠰᠠᠭᠳᠣ ᠴᠠᠭᠠᠨ ᠠᠳᠣᠭᠤᠳ
ᠨᠡᠶᠢᠲᠡᠯᠡᠭᠰᠡᠨ ᠴᠠᠭ᠄
2019-12-20
ᠡᠵᠡᠨ ᠴᠢᠩᠬᠢᠰ ᠤᠨ ᠲᠣᠷᠭᠠᠨ ᠴᠡᠷᠢᠭ ᠤᠨ ᠢᠪᠡᠨ ᠴᠠᠶᠢᠯᠵᠠᠭᠰᠠᠨ ᠲᠣᠭᠰᠢᠨ ᠦᠶᠡᠷ ᠶᠢᠰᠦᠩᠬᠡ ᠮᠡᠷᠬᠡᠨ ᠤ ᠬᠠᠷᠪᠣᠭᠰᠠᠨ ᠰᠣᠮᠣ ᠰᠢᠬ ᠶᠢᠷᠳᠢᠨᠴᠦ ᠶᠢ ᠲᠣᠷᠬᠢᠭᠤᠯᠣᠭᠰᠠᠨ ᠴᠠᠭᠠᠨ ᠠᠳᠣᠭᠤᠳ ᠬᠤᠰᠢᠭᠤᠴᠢ ᠪᠠᠭᠠᠳᠣᠷ ᠤᠨ ᠰᠦᠯᠳᠡ ᠶᠢᠨ ᠲᠣᠣᠷ᠎ᠠ ᠬᠤᠷᠸ᠎ᠠ ᠶᠢ ᠲᠡᠯᠡᠭᠰᠡᠨ ᠲᠣᠭᠰᠢᠨ ᠠᠶᠢᠮᠠᠭ ᠤᠨ ᠬᠠᠨᠢ ᠨᠠᠶᠢᠵᠠ ᠬᠦᠯᠦᠭ ᠠᠨᠳᠠ ᠪᠣᠯᠣᠭᠰᠠᠨ ᠬᠠᠩᠭᠠᠢ ᠨᠣᠳᠤᠭ ᠤᠨ ᠡᠷᠳᠡᠨᠢ ᠰᠦᠷᠦᠭ ᠲᠠᠯ᠎ᠠ ᠬᠦᠨᠳᠡᠢ ᠶᠢᠨ ᠣᠩᠭᠤᠨ ᠪᠡᠯᠴᠢᠭᠡᠷ ᠲᠤ ᠲᠠᠪᠠᠳᠠᠢ ᠪᠡᠯᠴᠢᠭᠰᠡᠨ ᠴᠠᠭᠠᠨ ᠠᠳᠣᠭᠤᠳ ᠡᠷᠡᠮᠡᠭ ᠬᠡᠬᠦᠦ ᠶᠢᠨ ᠡᠷᠳᠡᠨᠢ ᠬᠡᠪᠡᠯᠢ ᠠᠴᠠ ᠣᠰᠣᠳᠠᠵᠣ ᠲᠦᠷᠦᠭᠰᠡᠨ ᠰᠣᠳᠣᠨ ᠣᠨᠠᠭ᠎ᠠ ᠲᠡᠯ ᠢᠶᠠᠷ ᠨᠠᠭᠠᠳᠣᠨ ᠰᠡᠬᠦᠯ ᠲᠣᠭᠯᠠᠭᠰᠠᠨ ᠲᠡᠭᠵᠢᠨ ᠠᠷᠠᠨᠰᠢᠨ ᠲᠠᠢ ᠴᠣᠪᠣᠭᠤ ᠲᠠᠭ᠎ᠠ ᠲᠠᠰᠢᠶᠠᠨ ᠲᠡᠭᠡᠷ᠎ᠡ ᠪᠠᠨ ᠡᠷᠬᠢᠬᠦᠯᠬᠡ ᠲᠠᠢ ᠲᠡᠮᠳᠡᠭ ᠪᠡᠯᠬᠡ ᠶᠢᠨ ᠰᠠᠶᠢᠨ ᠠᠭᠳᠠ ᠮᠠᠩᠨᠠᠢ ᠲᠡᠭᠡᠷ᠎ᠡ ᠪᠠᠨ ᠱᠠᠩᠬᠤ ᠲᠠᠢ ᠮᠠᠭᠠᠳ ᠰᠠᠶᠢᠨ ᠠᠵᠢᠨᠠᠢ ᠬᠦᠯᠦᠭ ᠠᠵᠢᠷᠭ᠎ᠠ ᠠᠵᠢᠷᠭ᠎ᠠ ᠪᠠᠷ ᠰᠦᠢᠯᠠᠭᠰᠠᠨ ᠠᠳᠠᠷ ᠬᠠᠩᠭᠠᠢ ᠶᠢᠨ ᠬᠤᠯᠠᠨ ᠴᠢᠬᠢᠳᠡᠢ ᠭᠠᠩ ᠲᠣᠭᠤᠷᠠᠢ ᠣᠴᠢ ᠶᠢᠨ ᠬᠢᠯᠪᠠᠭ᠎ᠠ ᠲᠠᠢ ᠭᠠᠶᠢᠬᠠᠮᠰᠢᠭ ᠲᠣᠭᠰᠢᠨ ᠣᠩᠭᠤᠨ ᠰᠦᠷᠦᠭ ᠬᠦᠪᠴᠢᠨ ᠬᠠᠩᠭᠠᠢ ᠨᠣᠳᠤᠭ ᠤᠨ ᠮᠢᠨᠢ ᠬᠦᠬᠡ ᠴᠡᠴᠡᠭᠡᠢ ᠲᠠᠢ ᠴᠠᠭᠠᠨ ᠠᠳᠣᠭᠤᠳ ᠮᠦᠩᠬᠦᠨ ᠬᠢᠷᠠᠭᠤ ᠠᠭᠤᠯᠠᠰ ᠲᠣᠯᠣᠭᠠᠶᠢᠳᠠᠬᠤ ᠪᠠᠷ ᠮᠦᠴᠡᠷᠭᠡᠵᠦ ᠲᠣᠪᠳᠣᠯᠣᠭᠰᠠᠨ ᠴᠠᠭᠠᠨ ᠰᠢᠭᠤᠷᠭ᠎ᠠ ᠠᠭᠯᠠᠭ ᠬᠠᠩᠭᠠᠢ ᠠᠭᠤᠯᠠᠰ ᠤᠨ ᠮᠢᠨᠢ ᠠᠷᠣ ᠶᠢ ᠬᠤᠴᠢᠭᠰᠠᠨ ᠡᠪᠦᠯ ᠤᠨ ᠴᠠᠰᠣ ᠠᠳᠠᠭ᠎ᠠ ᠲᠡᠭᠷᠢ ᠶᠢᠨ ᠡᠯᠴᠢᠨ ᠰᠠᠬᠢᠭᠤᠰᠣ ᠠᠶᠣᠩᠭ᠎ᠠ ᠲᠣᠭᠰᠢᠨ ᠬᠤᠷᠮᠣᠰᠳᠠ ᠶᠢᠨ ᠬᠦᠯᠦᠭ ᠡ ᠮᠣᠷᠢᠳᠦ ᠴᠡᠷᠢᠭ ᠤᠨ ᠲᠠᠶᠢᠴᠢᠳ ᠤᠨ ᠮᠢᠨᠢ ᠮᠦᠩᠬᠡ ᠶᠢᠨ ᠠᠯᠳᠠᠷ ᠢ ᠲᠠᠭᠤᠷᠢᠰᠣᠭᠤᠯᠣᠭᠰᠠᠨ ᠮᠣᠩᠭᠤᠯ ᠣᠷᠣᠨ ᠤ ᠴᠢᠯᠦᠭᠡᠯᠡᠯᠳᠡ ᠶᠢᠨ ᠦᠢᠯᠡᠰ ᠲᠤ ᠮᠣᠬᠤᠰᠢ ᠦᠬᠡᠢ ᠵᠣᠷᠢᠭ ᠢ ᠨᠢ ᠬᠦᠪᠴᠢᠯᠡᠭᠰᠡᠨ ᠲᠡᠯᠪᠡᠷᠡᠬᠦ ᠲᠠᠭᠤᠨ ᠠᠴᠠ ᠴᠣᠴᠠᠳᠠᠭ ᠦᠬᠡᠢ ᠲᠡᠩᠳᠡᠬᠦᠦ ᠭᠠᠶᠢᠬᠠᠮᠰᠢᠭ ᠡᠷᠳᠡᠨᠢ ᠶᠢᠨ ᠬᠦᠯᠦᠭ ᠲᠡᠭᠡᠳᠦᠰ ᠤᠨ ᠨᠣᠳᠤᠭ ᠲᠤ ᠲᠠᠪᠢᠯᠠᠩ ᠲᠠᠢ ᠲᠡᠭᠡᠳᠦ ᠲᠡᠭᠷᠢ ᠠᠴᠠ ᠰᠣᠶᠣᠷᠬᠠᠭᠰᠠᠨ ᠬᠠᠨᠢ ᠡ ᠴᠢᠨ᠋ᠸ᠎ᠠ ᠶᠢᠨ ᠬᠤᠶᠠᠷ ᠴᠢᠬᠢᠨ ᠤ ᠰᠣᠨᠣᠷ ᠢᠶᠠᠷ ᠴᠢᠮᠡᠭᠡ ᠠᠨᠢᠷᠯᠠᠵᠣ ᠬᠠᠮᠠᠷ ᠲᠣᠷᠬᠢᠭᠠᠳ ᠴᠣᠯᠮᠣᠨ ᠬᠤᠶᠠᠷ ᠪᠢᠯᠢᠭ ᠤᠨ ᠨᠢᠳᠦᠨ ᠢᠶᠠᠷ ᠴᠢᠪ ᠤᠨ ᠬᠠᠷᠠᠩᠭᠤᠢ ᠳᠤ ᠬᠠᠷᠠᠭᠠᠯᠠᠵᠣ ᠪᠠᠶᠢᠭᠰᠠᠨ ᠲᠠᠶᠢᠨ ᠤ ᠰᠣᠮᠣᠨ ᠳᠤ ᠬᠠᠯᠢᠷᠠᠬᠤ ᠶᠢ ᠮᠡᠳᠡᠬᠦ ᠦᠬᠡᠢ ᠲᠠᠪᠬᠢᠬᠤ ᠬᠤᠷᠳᠣ ᠪᠠᠷ ᠲᠠᠭᠠᠷᠢᠳᠠᠭ ᠪᠠᠶᠢᠭᠰᠠᠨ ᠲᠠᠶᠢᠴᠢᠨ ᠡᠵᠡᠨ ᠤ ᠪᠠᠨ ᠬᠡᠬᠦᠷ ᠢ ᠰᠠᠬᠢᠵᠦ ᠵᠣᠭᠰᠤᠭ᠎ᠠ ᠪᠠᠷ ᠴᠢᠯᠡᠷᠬᠡᠵᠦ ᠡᠮᠵᠡᠭᠯᠡᠳᠡᠭ ᠪᠠᠶᠢᠭᠰᠠᠨ ᠭᠠᠵᠠᠷ ᠤᠨ ᠬᠤᠯᠠ ᠠᠴᠠ ᠨᠣᠳᠤᠭ ᠬᠡᠮᠡᠨ ᠭᠠᠩᠰᠠᠷᠠᠬᠤ ᠰᠡᠳᠬᠢᠯᠬᠡ ᠪᠠᠷ ᠦᠣᠷᠰᠡᠳᠡᠭ ᠪᠠᠶᠢᠭᠰᠠᠨ ᠲᠡᠮᠦᠷ ᠴᠢᠳᠦᠷ ᠤᠨ ᠭᠤᠷᠮᠣᠰᠣᠨ ᠠᠯᠠᠭ᠎ᠠ ᠠᠴᠠ ᠲᠡᠩᠬᠡᠬᠡ ᠴᠢᠳᠠᠯ ᠢᠶᠠᠷ ᠴᠣᠪᠬᠤᠴᠠᠳᠠᠭ ᠪᠠᠶᠢᠭᠰᠠᠨ ᠠᠪᠤ ᠰᠢᠳᠦᠬᠡᠨ ᠪᠠᠶᠠᠨᠵᠢᠷᠦᠬᠡ ᠠᠭᠤᠯᠠᠨ ᠳᠠᠭᠠᠨ ᠠᠭᠳᠠ ᠶᠢᠨ ᠰᠢᠯᠢᠳᠡᠭ ᠮᠢᠩᠭᠠᠨ ᠴᠠᠭᠠᠨ ᠠᠳᠤᠭᠤᠳ ᠢᠨᠴᠠᠭᠠᠭᠰᠠᠨ ᠰᠧᠮᠫᠡᠯ ᠤᠨ ᠠᠳᠣᠭᠤ ᠬᠤᠳᠣᠭᠤᠷ ᠢᠶᠠᠷ ᠬᠡᠮᠵᠢᠨ ᠰᠠᠶ᠎ᠠ ᠪᠣᠮᠠᠨ ᠮᠠᠩᠯᠠᠢ ᠪᠠᠶᠠᠨ ᠪᠣᠯᠣᠭᠰᠠᠨ ᠷᠢᠨᠴᠢᠨ ᠵᠠᠯᠠᠨ ᠤ ᠨᠣᠭᠤᠭᠠᠨ ᠲᠡᠯᠳᠦ ᠣᠨᠠᠭ᠎ᠠ ᠠᠴᠠ ᠷᠡᠮ ᠢᠶᠠᠷ ᠡᠬᠢᠯᠡᠭᠰᠡᠨ ᠲᠦᠮᠡᠨ ᠤ ᠢᠷᠦᠬᠡᠯ ᠣᠶᠠᠩᠭᠠᠷᠠᠭᠰᠠᠨ ᠲᠣᠳᠪᠣᠣ ᠪᠠᠶᠠᠨ ᠬᠦᠳᠡᠯᠮᠦᠷᠢ ᠶᠢᠨ ᠵᠢᠱᠢᠶᠡᠴᠢ ᠪᠠᠷ ᠲᠣᠮᠤᠭ ᠲᠠᠭᠤᠷᠢᠰᠣᠭᠤᠯᠵᠣ ᠬᠦᠬᠡᠬᠤᠳᠠ ᠵᠣᠷᠢᠭᠰᠠᠨ ᠲᠣᠭᠰᠢᠨ ᠠᠭᠳᠠ ᠰᠠᠯᠬᠢᠨ ᠬᠦᠯᠦᠭ ᠨᠢ ᠴᠤ ᠲᠠᠭᠤᠷᠢᠰᠬᠤ ᠨᠡᠷ᠎ᠡ ᠪᠠᠷ ᠲᠠᠶᠠᠭᠠᠷ ᠠᠯᠳᠠᠷᠰᠢᠭᠰᠠᠨ ᠮᠣᠷᠢᠳᠦ ᠴᠡᠷᠢᠭ ᠤᠨ ᠣᠲ᠋ᠧᠷᠢᠶᠡᠲ ᠤᠨ ᠮᠠᠨᠳᠣᠭᠤᠯᠵᠣ ᠬᠢᠯᠠᠷᠠᠭᠤᠯᠣᠭᠰᠠᠨ ᠲᠡᠣᠬᠡᠨ ᠬᠠᠭᠤᠳᠠᠰᠣ ᠮᠦᠽᠧᠢ ᠣᠷᠳᠣᠨ ᠲᠠᠢ ᠣᠷᠣᠨ ᠤ ᠲᠦᠪ ᠲᠤ ᠮᠦᠩᠬᠡ ᠶᠢᠨ ᠴᠣᠭᠴᠠᠰ ᠨᠢ ᠦᠨᠢᠳᠡ ᠱᠣᠭᠤᠭᠳᠠᠭᠰᠠᠨ ᠡ︕    ᠵᠣᠬᠢᠶᠠᠭᠴᠢ᠄ ● ᠪᠣᠷᠵᠢᠬᠢᠨ ᠨᠠᠷᠠᠨᠴᠣᠭᠳᠣ    ᠵᠣᠬᠢᠶᠠᠭᠴᠢ ᠶᠢᠨ ᠬᠠᠶ᠋ᠢᠭ᠄ ᠡᠮᠦᠨᠡᠳᠦ ᠬᠤᠰᠢᠭᠤᠨ ᠤ ᠲᠡᠪᠰᠡᠭ ᠰᠣᠷᠭᠠᠭᠤᠯᠢ
 
ᠢᠷᠡᠯᠲᠡ᠄ ᠬᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号