ᠮᠢᠨᠤ ᠨᠢᠭᠡᠨ ᠰᠠᠶᠢᠨ ᠨᠠᠶᠢᠵᠠ ᠪᠠᠶᠢᠳᠠᠭ᠂ ᠲᠠᠷᠠ ᠪᠤᠯ ᠪᠠᠭᠠᠳᠤᠷ ᠭᠡᠳᠡᠭ᠃ ᠲᠡᠬᠦᠨ ᠤ ᠰᠤᠷᠤᠯᠭ᠎ᠠ ᠶᠢᠨ ᠬᠢᠷᠢ | ᠪᠦᠳᠤᠮᠵᠢ ᠨᠢ ᠤᠯᠠᠩᠬᠢ ᠳᠤ ᠪᠠᠨ ᠭᠡᠳᠤᠨ ᠠᠩᠬᠢ ᠳᠤ ᠪᠠᠨ ᠲᠠᠷᠢᠬᠦᠨ ᠨᠠᠷᠠᠰ ᠲᠤ ᠤᠷᠤᠳᠠᠭ ᠶᠤᠮ᠃ ᠤᠴᠢᠷ ᠨᠢ᠂ | ᠲᠠᠬᠦᠨ ᠳᠤ ᠬᠤᠶᠠᠷ ᠰᠠᠶᠢᠨ ᠲᠠᠳᠬᠠᠯ ᠪᠠᠶᠢᠳᠠᠭ᠂ ᠨᠢᠭᠡ ᠲᠠᠳᠬᠠᠯ ᠨᠢ ᠰᠤᠷᠤᠭᠰᠠᠨ ᠢᠶᠠᠨ ᠲᠠᠬᠢᠨ ᠲᠠᠪᠳᠠᠨ | ᠪᠠᠳᠤᠳᠬᠠᠵᠤ᠂ ᠰᠤᠷᠤᠭᠰᠠᠨ ᠦᠭᠡᠢ ᠬᠢᠴᠢᠶᠠᠯ ᠢᠶᠠᠨ ᠴᠤ ᠤᠷᠢᠳᠴᠢᠯᠠᠨ ᠲᠠᠪᠳᠠᠬᠤ ᠶᠤᠮ᠃ ᠨᠦᠬᠦᠭᠡ ᠲᠠᠳᠬᠠᠯ ᠨᠢ | ᠨᠤᠮ ᠤᠩᠰᠢᠬᠤ ᠲᠤᠷᠠᠳᠠᠢ ᠪᠠᠶᠢᠳᠠᠭ᠃ | ᠨᠢᠭᠡ ᠤᠳᠠᠭ᠎ᠠ ᠪᠢ ᠴᠤᠭᠳᠤ᠂ ᠪᠠᠭᠠᠳᠤᠷ ᠲᠠᠢ ᠨᠢᠭᠡ ᠲᠤᠭᠯᠠᠭᠠᠮ ᠨᠠᠭᠠᠳᠪᠠ᠃ ᠱᠠᠭᠠᠷᠳᠠᠯᠭ᠎ᠠ ᠨᠢ ᠨᠢᠭᠡ | ᠬᠦᠮᠦᠨ ᠨᠢᠭᠡ ᠵᠦᠢᠷ ᠰᠠᠴᠠᠨ ᠦᠭᠡ ᠪᠤᠶᠤ ᠤᠷᠠᠨ ᠰᠠᠶᠢᠬᠠᠨ ᠭᠡᠯᠡᠯᠭᠡ ᠭᠡᠯᠡᠵᠤ᠂ ᠲᠠᠪᠬᠤᠴᠠᠵᠤ ᠪᠤᠯᠬᠤ ᠦᠭᠡᠢ | ᠭᠡᠪᠡ᠃ ᠪᠢᠳᠠ ᠡᠬᠢᠯᠠᠵᠤ ᠨᠠᠭᠠᠳᠤᠯ᠎ᠠ᠂ ᠪᠢ ᠴᠤᠭᠳᠤ ᠲᠠᠢ ᠬᠤᠶᠠᠭᠤᠯᠠ ᠪᠠᠨ ᠨᠠᠶᠢᠯᠠᠭᠡᠳ ᠪᠠᠰᠠ ᠪᠠᠭᠠᠳᠤᠷ ᠤᠨ ᠬᠢᠷᠢ | ᠭᠡᠯᠡᠵᠤ ᠲᠠᠶᠢᠯᠦᠭᠰᠡᠨ ᠦᠭᠡᠢ᠂ ᠪᠠᠭᠠᠳᠤᠷ ᠭᠠᠭᠴᠠ ᠪᠠᠷ ᠢᠶᠠᠨ ︽ᠠᠩᠭᠠᠬᠠᠢ ᠰᠢᠬ ᠠᠩᠭᠠᠯᠵᠠᠵᠤ᠂ ᠲᠡᠭᠳᠡᠭᠡᠭᠡᠢ ᠰᠢᠭ | ᠲᠡᠷᠪᠡᠯᠵᠠᠵᠤ︾᠂ ︽ᠬᠠᠨ ᠠᠭᠤᠯᠠ ᠶᠢ ᠴᠠᠰᠤ ᠲᠠᠷᠤᠵᠤ᠂ ᠬᠠᠶᠢᠷᠠᠨ ᠪᠠᠶ᠎ᠠ ᠶᠢ ᠨᠠᠰᠤ ᠲᠠᠷᠤᠳᠠᠭ︾᠂ ︽ᠠᠭᠰᠤᠮ | ᠮᠤᠷᠢᠨ ᠳᠤ ᠤᠷᠭ᠎ᠠ ᠪᠤᠤ ᠠᠯᠳᠠ᠂ ᠠᠯᠢᠪᠠ ᠬᠦᠮᠦᠨ ᠳᠤ ᠦᠭᠡ ᠪᠤᠤ ᠠᠯᠳᠠ︾᠂ ︽ᠲᠠᠮᠠᠭᠡᠨ ᠤ ᠪᠦᠬᠦ ᠶᠢ | ᠬᠤᠯᠪᠤᠭᠰᠠᠨ ᠶᠤᠮ ᠰᠢᠬ ᠲᠤᠭᠤᠷᠢᠨ ᠬᠦᠷᠢᠶᠡᠯᠡᠭᠰᠡᠨ ᠠᠭᠤᠯᠠᠰ ᠤᠨ ᠬᠤᠷᠮᠤᠢ᠂ ᠲᠤᠯᠢ ᠰᠢᠬ ᠬᠢᠯᠠᠯᠵᠠᠭᠰᠠᠨ | ᠲᠤᠩᠭᠠᠯᠠᠭ ᠭᠤᠤᠯ ᠤᠨ ᠲᠠᠨᠵᠢᠨ︾ ᠁ ᠭᠡᠬᠦ ᠮᠡᠳᠤ ᠶᠢᠨ ᠰᠠᠶᠢᠨ ᠰᠠᠶᠢᠬᠠᠨ ᠭᠡᠯᠡᠯᠭᠡ ᠶᠢ ᠲᠦᠴᠢ ᠲᠠᠪᠢ ᠭᠡᠯᠡᠬᠦ | ᠰᠢᠬᠠᠯ᠎ᠠ᠃ ᠡᠨᠡ ᠨᠢ ᠲᠠᠬᠦᠨ ᠤ ᠨᠤᠮ ᠤᠩᠰᠢᠭᠠᠳ ᠤᠯᠵᠤ ᠬᠤᠷᠠᠮᠳᠤᠭᠤᠯᠤᠭᠰᠠᠨ ᠮᠡᠳᠡᠯᠭᠡ ᠪᠤᠯᠬᠤ ᠶᠤᠮ᠃ ᠪᠠᠰᠠ | ᠨᠢᠭᠡ ᠤᠳᠠᠭ᠎ᠠ ᠪᠠᠭᠠᠳᠤᠷ ᠲᠠᠢ ᠬᠠᠮᠳᠤ ᠨᠠᠭᠠᠳᠤᠶ᠎ᠠ ᠭᠡᠬᠦ ᠳᠤ᠄ ︽ᠪᠢ ᠨᠠᠭᠠᠳᠴᠤ ᠲᠠᠶᠢᠯᠬᠦ ᠦᠭᠡᠢ᠂ ᠤᠳᠤ ᠬᠤᠶᠠᠷ | ᠭᠠᠷᠠᠭ ᠢ ᠦᠩᠭᠡᠷᠡᠪᠡᠯ ᠬᠤᠭᠤᠴᠠᠭᠠᠨ ᠰᠠᠬᠦᠯᠴᠢ ᠶᠢᠨ ᠰᠢᠯᠭᠠᠯᠳᠠ ᠪᠤᠯᠤᠨ᠎ᠠ᠂ ᠬᠤᠷᠳᠤᠬᠠᠨ ᠲᠠᠪᠳᠠᠵᠤ ᠰᠠᠶᠢᠨ ᠬᠢᠷᠢ | ᠪᠦᠳᠤᠮᠵᠢ ᠤᠯᠬᠤ ᠭᠡᠷᠡᠭᠳᠠᠢ︾ ᠭᠡᠵᠤ ᠭᠡᠯᠡᠪᠡ᠃ ᠪᠢᠳᠠ᠄ ︽ᠴᠢ ᠬᠤᠭᠤᠴᠠᠭ᠎ᠠ ᠪᠦᠷᠢ ᠲᠠᠷᠢᠬᠦᠯᠠᠵᠤ ᠪᠠᠶᠢᠬᠤ ᠶᠤᠮ | ᠴᠢᠨᠢ ᠨᠢᠭᠡ ᠴᠠᠭ ᠨᠠᠭᠠᠳᠬᠤ ᠳᠤ ᠶᠠᠮᠠᠷ ᠬᠠᠮᠢᠶ᠎ᠠ ᠪᠠᠶᠢᠨ᠎ᠠ ᠳ᠋ᠠ︕︾ ᠭᠡᠬᠦ ᠳᠤ᠂ ᠪᠠᠭᠠᠳᠤᠷ᠄ ︽ᠪᠤᠯᠬᠤ ᠦᠭᠡᠢ᠂ | ᠪᠠᠭ᠎ᠠ ᠯᠠ ᠴᠢᠷᠮᠠᠶᠢᠬᠤ ᠦᠭᠡᠢ ᠪᠤᠯ ᠪᠤᠰᠤᠳ ᠠᠴᠠ ᠬᠤᠵᠢᠭᠳᠠᠬᠤ ᠶᠤᠮ︾ ᠭᠡᠪᠡ᠃ ᠲᠠᠮᠠᠢ ᠭᠡᠳᠤᠨ ᠬᠤᠨᠤᠭ | ᠪᠤᠯᠤᠭᠰᠠᠨ ᠦᠭᠡᠢ ᠬᠤᠭᠤᠴᠠᠭᠠᠨ ᠡᠴᠤᠰ ᠤᠨ ᠬᠤᠪᠢ ᠭᠠᠷᠴᠤ ᠢᠷᠡᠯ᠎ᠠ᠂ ᠪᠠᠭᠠᠳᠤᠷ ᠪᠠᠰᠠ ᠭᠡᠳᠤᠨ ᠠᠩᠬᠢ ᠳᠤ | ᠲᠠᠷᠢᠬᠦᠯᠠᠯ᠎ᠠ᠃ | ᠪᠢ ᠪᠠᠭᠠᠳᠤᠷ ᠤᠨ ᠪᠠᠶ᠎ᠠ ᠲᠡᠭᠡᠷ᠎ᠠ ᠠᠴᠠ ︽ᠨᠤᠮ ᠪᠢᠴᠢᠭ ᠪᠤᠯ ᠶᠢᠷᠳᠢᠨᠴᠤ ᠶᠢ ᠬᠠᠷᠠᠬᠤ ᠴᠤᠩᠬᠤ ᠮᠦᠨ︾᠂ ︽ | ᠴᠢᠷᠮᠠᠶᠢᠯᠳᠠ ᠪᠤᠯ ᠬᠦᠮᠦᠨ ᠢ ᠭᠤᠮᠤᠳᠠᠭᠠᠳᠠᠭ ᠦᠭᠡᠢ︾ ᠭᠡᠳᠡᠭ ᠢ ᠨᠡᠩ ᠤᠢᠢᠯᠠᠭᠠᠵᠤ ᠮᠠᠳᠡᠯᠠ᠃ ᠡᠨᠡ ᠪᠤᠯ ᠮᠢᠨᠤ | ᠬᠠᠮᠤᠭ ᠠᠴᠠ ᠲᠤᠭᠤᠳᠠᠭ ᠰᠠᠶᠢᠨ ᠲᠠᠳᠬᠠᠯ ᠮᠦᠨ᠃ | ᠵᠤᠬᠢᠶᠠᠭᠴᠢ᠄ ᠱᠦᠨ ᠯᠢ ︵ᠵᠠᠯᠠᠶᠢᠳ ᠬᠤᠰᠢᠭᠤᠨ ᠤ ᠪᠠᠳᠠᠷᠠᠬᠤ ᠲᠤᠮᠳᠠᠳᠤ ᠰᠤᠷᠭᠠᠭᠤᠯᠢ︶ | ᠵᠢᠯᠤᠭᠤᠳᠤᠭᠰᠠᠨ ᠪᠠᠭᠰᠢ᠄ ᠸᠠᠩ ᠮᠸᠢ ᠬᠤᠸᠠ | |