| ᠨᠠᠮᠤᠭᠳᠤ ᠶᠢᠨ ᠲᠠᠯ᠎ᠠ ᠶᠢᠨ ᠨᠠᠮᠤᠭᠤᠬᠠᠨ ᠪᠤᠷᠤ ᠲᠤᠯᠤᠭᠠᠳ ᠤᠨ ᠡᠩᠭᠡᠷ ᠲᠤ ᠨᠠᠷᠠ ᠬᠠᠨᠳᠤᠨ ᠨᠠᠮᠠᠭ᠎ᠠ ᠰᠠᠯᠠᠭ᠎ᠠ | ᠪᠠᠭᠰᠠᠶᠢᠯᠭᠠᠨ ᠤᠷᠭᠤᠭᠰᠠᠨ ᠦᠨᠦᠴᠢᠨ ᠭᠠᠭᠴᠠ ᠪᠠᠳᠤᠴᠠᠭᠠᠨ ᠤ ᠲᠤᠣᠷ᠎ᠠ ᠡᠪᠦᠭᠡᠨ ᠠᠪᠤ ᠶᠢᠨ ᠢᠰᠡᠭᠡᠢ ᠮᠠᠯᠠᠭᠠᠢ | ᠰᠢᠦᠬᠠᠨ ᠡᠪᠠᠶᠢᠨ ᠲᠦᠩᠬᠦ᠋ᠢᠭᠰᠡᠨ ᠰᠢᠷᠤᠢ ᠶᠢᠨ ᠤᠪᠤᠭ᠎ᠠ ᠪᠠᠶᠢᠳᠠᠭ᠃ ᠡᠨᠡ ᠤᠪᠤᠭ᠎ᠠ ᠨᠢ ᠡᠩ ᠤᠨ ᠨᠢᠭᠡᠨ ᠦᠯᠢᠭᠡᠷ | ᠲᠤᠮᠤᠭ ᠲᠠᠢ ︽ᠲᠠᠶᠢᠭ᠎ᠠ ᠶᠢᠨ ᠤᠩᠭᠤᠨ︾ ᠪᠤᠯᠬᠤ ᠰᠠᠨ᠃ | ᠦᠯᠢᠭᠡᠷᠴᠢᠨ ᠠᠪᠤ ᠶᠢᠨ ᠬᠡᠯᠡᠬᠦ ᠪᠠᠷ ᠠᠪᠤ ᠶᠢᠨ ᠮᠢᠨᠢ ᠬᠤᠯᠠ ᠶᠢᠨ ᠲᠦᠷᠦᠯ ᠤᠨ ᠠᠪᠠᠭ᠎ᠠ ᠨᠢ ᠨᠠᠮᠴᠢ ᠭᠡᠳᠡᠭ | ᠪᠡᠶ᠎ᠡ ᠪᠢᠯᠳᠠᠷ ᠠᠨᠠᠢ᠂ ᠦᠩᠭᠡ ᠵᠢᠰᠦ ᠨᠢ ᠪᠡᠨ᠎ᠡ ᠪᠠᠨ ᠠᠯᠳᠠᠭᠰᠠᠨ ᠮᠠᠶᠢᠮᠠᠶᠢᠴᠢᠨ ᠤ ᠵᠢᠰᠤᠯᠡᠴᠢᠭᠡᠭᠰᠡᠨ᠂ ᠲᠦᠷᠦᠭᠰᠡᠨ | ᠪᠠᠶᠢᠳᠠᠯ ᠨᠢ ᠪᠠᠷᠭᠤ ᠬᠦᠮᠦᠨ ᠲᠠᠢ ᠪᠠᠷᠤᠭᠰᠢᠦ ᠮᠠᠶ᠋ᠢᠭ ᠤᠨ ᠬᠦᠮᠦᠨ ᠪᠠᠶᠢᠭᠰᠠᠨ ᠮᠦᠷᠳᠡᠭᠡᠨ ᠰᠢᠳᠤᠷᠭᠤ ᠶᠢᠨ | ᠪᠤᠶᠠᠨ ᠢᠶᠠᠷ ᠲᠠᠮᠪᠠ ᠪᠠᠶᠠᠨ ᠳᠤ ᠲᠤᠭᠤᠭᠳᠠᠵᠤ ᠬᠠᠶᠢᠷᠠᠳᠤ ᠦᠬᠢᠨ ᠨᠠᠩᠰᠠᠯᠮ᠎ᠠ ᠶᠢ ᠨᠢ ᠪᠠᠷᠢ ᠪᠤᠯᠭᠠᠨ ᠠᠪᠤᠭᠰᠠᠨ | ᠭᠡᠳᠡᠭ᠃ ᠲᠡᠭᠦᠨ ᠤ ᠡᠬᠡᠨᠡᠷ ᠨᠢ ᠨᠠᠩᠰᠠᠯᠮ᠎ᠠ ᠭᠡᠵᠦ ᠦᠩᠭᠡ ᠵᠢᠰᠦ ᠭᠤᠸ᠎ᠠ ᠦᠵᠡᠰᠭᠦᠯᠡᠩ᠂ ᠦᠭᠡ ᠶᠠᠷᠢᠶ᠎ᠠ | ᠤᠷᠤᠰᠤᠮ᠎ᠠ ᠲᠤᠳᠤ᠂ ᠪᠡᠶ᠎ᠡ ᠪᠢᠯᠳᠠᠷ ᠨᠠᠷᠢᠬᠠᠨ᠂ ᠬᠦᠯ ᠪᠤᠭᠤᠭᠰᠠᠨ ᠱᠦᠢᠱᠤᠭ ᠤᠴᠢᠷ ᠠᠯᠬᠤᠵᠤ ᠬᠢᠰᠭᠢᠬᠦ ᠨᠢ | ᠠᠶᠠᠰ ᠤᠨ ᠰᠠᠯᠬᠢᠨ ᠳᠤ ᠨᠠᠮᠢᠰ ᠨᠠᠮᠢᠰ ᠭᠡᠳ ᠨᠠᠮᠪᠠᠳᠠᠶᠢᠬᠠᠨ ᠶᠠᠪᠤᠵᠤ ᠰᠠᠭᠤᠬᠤ ᠪᠠᠷ ᠨᠢ ᠬᠦᠮᠦᠨ ᠪᠤᠯᠭᠠᠨ ᠤ | ᠬᠦᠰᠡᠯ ᠤᠨ ᠵᠢᠯᠤᠭᠤ ᠶᠢ ᠲᠠᠳᠠᠭᠠᠳ ᠪᠠᠶᠢᠳᠠᠭ᠃ | ᠨᠠᠮᠴᠢ ᠠᠪᠠᠭ᠎ᠠ ᠭᠡᠵᠦ ᠨᠠᠰᠤ ᠪᠠᠷ ᠢᠶᠠᠨ ᠨᠠᠷᠠ ᠰᠠᠯᠬᠢᠨ ᠳᠤ ᠬᠦᠳᠡᠭᠡ ᠭᠠᠳᠠᠭ᠎ᠠ ᠠᠳᠤᠭᠤ ᠬᠠᠷᠠᠵᠤ ᠠᠮᠢ | ᠭᠤᠣᠯ ᠢᠶᠠᠨ ᠵᠢᠭᠤᠵᠤ ᠠᠷᠠᠢ ᠴᠢᠮᠠᠢ ᠠᠵᠤ ᠠᠮᠢᠳᠤᠷᠠᠯ ᠢᠶᠠᠨ ᠰᠠᠯᠪᠢᠵᠤ ᠶᠠᠪᠤᠭ᠎ᠠ ᠨᠤᠮᠤᠬᠠᠨ ᠵᠠᠩ ᠢᠶᠠᠷ ᠢᠶᠠᠨ | ᠨᠤᠭᠳᠤᠯᠤᠭᠳᠠᠭᠰᠠᠨ ᠮᠤᠷᠢ ᠰᠢᠬ ᠶᠠᠪᠤᠳᠠᠭ᠃ ᠲᠡᠷᠡ ᠬᠡᠵᠢᠶᠡᠳᠡ ᠬᠦᠮᠦᠨ ᠠᠴᠠ ᠬᠤᠨᠵᠢᠶ᠎ᠠ ᠤᠯᠤᠶ᠎ᠠ ᠭᠡᠵᠦ | ᠪᠤᠳᠤᠳᠠᠭ ᠦᠭᠡᠢ ᠮᠦᠷᠳᠡᠭᠡᠨ ᠬᠦᠮᠦᠨ ᠳᠤ ᠴᠦ ᠢᠳᠡᠭᠳᠡᠳᠡᠭ ᠦᠭᠡᠢ ᠬᠤᠪᠢ ᠪᠠᠨ ᠬᠦᠭᠡᠭᠡᠭᠰᠡᠨ ᠬᠡᠷᠰᠡᠦ | ᠪᠤᠯᠭᠤᠮᠵᠢᠳᠠᠢ ᠨᠤᠮᠤᠬᠠᠨ ᠠᠴᠠ ᠨᠤᠮᠤᠬᠠᠨ᠂ ᠰᠢᠳᠤᠷᠭᠤ ᠠᠴᠠ ᠰᠢᠳᠤᠷᠭᠤ ᠬᠠᠮᠠᠷ ᠤᠨ ᠦᠵᠦᠭᠦᠷ ᠢᠶᠠᠨ ᠬᠠᠷᠠᠭᠰᠠᠨ | ᠬᠠᠷ᠎ᠠ ᠬᠦᠴᠦ ᠪᠠᠨ ᠲᠦᠰᠢᠭᠰᠡᠨ ᠬᠦᠮᠦᠨ ᠪᠢᠯᠡ᠃ | ᠨᠠᠮᠴᠢ ᠠᠪᠠᠭ᠎ᠠ ᠨᠤᠮᠤᠬᠠᠨ ᠨᠢ ᠨᠤᠮᠤᠬᠠᠨ ᠪᠤᠯᠪᠠᠴᠤ ᠮᠠᠯ ᠠᠳᠤᠭᠤᠰᠤᠨ ᠳᠤ ᠲᠦᠢᠯ ᠤᠨ ᠪᠠᠬ᠎ᠠ ᠲᠠᠢ ᠪᠠᠶᠢᠳᠠᠭ᠃ | ᠲᠡᠷᠡ ᠰᠠᠶᠢᠨ ᠨᠠᠶᠢᠵᠠ ᠲᠠᠮᠳᠢᠨ ᠤ ᠪᠠᠨ ᠬᠡᠬᠡᠷ᠎ᠡ ᠠᠪᠠᠴᠢᠵᠤ ᠭᠡᠭᠡᠬᠦ ᠭᠡᠰᠡᠨ ᠬᠡᠳᠦᠨ ᠬᠦᠯᠦᠭᠡ ᠶᠢᠨ ᠲᠤᠮᠳᠠ ᠠᠴᠠ | ᠬᠠᠮᠠᠷ ᠴᠠᠭᠠᠨ ᠬᠦᠯᠦᠭᠡ ᠶᠢ ᠨᠢ ᠦᠵᠡᠵᠦ ᠲᠤᠭᠤᠭᠠᠳ ᠬᠤᠵᠢᠮ ᠰᠠᠶᠢᠨ ᠠᠩ ᠤᠨ ᠨᠤᠬᠠᠢ ᠪᠤᠯᠬᠤ ᠶᠤᠮ ᠪᠠᠶᠢᠨ᠎ᠠ | ᠭᠡᠳ ᠭᠡᠷ ᠲᠡᠭᠡᠨ ᠠᠪᠴᠢᠷᠠᠵᠤ ᠢᠮᠠᠭᠠᠨ ᠰᠦ ᠪᠠᠷ ᠤᠭᠵᠢᠵᠤ ᠶᠠᠭᠤᠮ᠎ᠠ ᠪᠤᠯᠭᠠᠭᠰᠠᠨ ᠭᠡᠳᠡᠭ᠃ ᠲᠡᠭᠡᠭᠡᠳ | ᠠᠳᠤᠭᠤᠨ ᠳᠠᠭᠠᠨ ᠶᠠᠪᠤᠬᠤ ᠳᠤ᠂ ᠤᠳᠤᠷ ᠢᠶᠠᠷ ᠰᠢᠯᠵᠢᠬᠦ ᠳᠤ᠂ ᠬᠠᠪᠤᠷᠵᠢᠶ᠎ᠠ ᠳᠤ ᠶᠠᠪᠤᠬᠤ᠂ ᠵᠤᠰᠠᠯᠠᠩ ᠢᠶᠠᠷ ᠵᠤᠰᠠᠬᠤ | ᠂ ᠨᠠᠮᠤᠷᠵᠢᠶ᠎ᠠ ᠳᠤ ᠨᠡᠭᠦᠳᠡᠯᠯᠡᠬᠦ ᠳᠤ᠂ ᠡᠪᠦᠯᠵᠢᠶ᠎ᠡ ᠳᠤ ᠪᠤᠴᠬᠠᠤ ᠳᠤ ᠶᠡᠷᠦ ᠪᠠᠶ᠎ᠠ ᠠᠴᠠ ᠪᠠᠨ ᠰᠠᠯᠭᠠᠯ ᠦᠭᠡᠢ | ᠲᠠᠭᠠᠭᠤᠯᠵᠤ᠂ ᠨᠡᠩ ᠢᠯᠠᠩᠭᠤᠶ᠎ᠠ ᠠᠩ ᠬᠦᠷᠦᠭᠡ ᠳᠤ ᠲᠠᠭᠠᠭᠤᠯᠤᠨ ᠦᠨᠡᠭᠡ ᠲᠠᠦᠯᠠᠢ ᠠᠪᠠᠯᠠᠭᠰᠠᠭᠠᠷ ᠪᠠᠶᠢᠭᠠᠳ | ᠡᠵᠡᠨ ᠳᠤ ᠪᠠᠨ ᠰᠢᠳᠡᠷ ᠵᠠᠷᠤᠴᠠ ᠨᠢ ᠰᠢᠬ ᠠᠯᠠᠭ ᠦᠬᠡᠢ ᠵᠢᠳᠭᠦᠭᠰᠡᠭᠡᠷ ᠢᠷᠡᠭᠰᠡᠨ ᠲᠠᠶᠢᠭ᠎ᠠ ᠪᠤᠯᠤᠭᠰᠠᠨ ᠪᠠᠶᠢᠨ᠎ᠠ᠃ | ᠨᠢᠭᠡ ᠤᠳᠠᠭ᠎ᠠ ᠨᠠᠮᠴᠢ ᠠᠪᠠᠭ᠎ᠠ ᠬᠡᠬᠡᠷ᠎ᠡ ᠠᠳᠤᠭᠤ ᠪᠠᠨ ᠮᠠᠨᠠᠵᠤ ᠪᠠᠶᠢᠭᠠᠳ ᠵᠡᠭᠦᠷᠮᠡᠭᠯᠡᠭᠡᠳ ᠠᠪᠤᠪᠠ᠃ ᠭᠡᠨᠡᠳᠳᠡ | ᠲᠠᠶᠢᠭ᠎ᠠ ᠨᠢ ᠬᠦᠶᠦᠨ ᠢᠷᠡᠵᠦ ᠲᠡᠪᠡᠯ ᠢ ᠨᠢ ᠮᠠᠯᠳᠠᠵᠤ ᠬᠤᠴᠠᠵᠤ ᠪᠠᠶᠢᠯ᠎ᠠ᠂ ᠰᠤᠴᠢᠨ ᠰᠡᠷᠢᠭᠡᠳ ᠦᠵᠡᠭᠰᠡᠨ ᠴᠢᠨᠢ | ᠲᠠᠶᠢᠭ᠎ᠠ ᠰᠡᠭᠦᠯ ᠡᠷᠳᠡᠶᠢᠯᠭᠡᠨ ᠬᠦᠶᠦᠭᠡᠳ ᠶᠠᠪᠤᠪᠠ᠃ ᠨᠠᠮᠴᠢ ᠠᠪᠠᠭ᠎ᠠ ᠰᠠᠶᠢᠬᠠᠨ ᠨᠠᠷᠢᠪᠴᠢᠯᠠᠨ ᠦᠵᠡᠭᠰᠡᠨ ᠳᠤ | ᠲᠤᠪᠤ ᠶᠢᠨ ᠡᠩᠭᠡᠷ ᠲᠤ ᠬᠠᠯᠢᠭᠤᠨ ᠭᠡᠭᠦᠤ ᠤᠨᠠᠭᠠᠯᠠᠭᠰᠠᠨ ᠪᠦᠭᠡᠳ ᠨᠠᠭᠠᠭᠤᠷ ᠴᠠᠭᠠᠭᠤᠷ ᠨᠢ ᠬᠦᠬᠡ ᠮᠠᠷᠠᠯ ᠴᠢᠨ᠋ᠸ᠎ᠠ | ᠡᠷᠭᠢᠯᠳᠤᠵᠦ ᠬᠠᠯᠢᠭᠤᠨ ᠭᠡᠭᠦᠤ ᠤᠨᠠᠭ᠎ᠠ ᠪᠠᠨ ᠬᠠᠮᠠᠭᠠᠯᠠᠨ ᠦᠦᠷᠰᠡᠨ ᠦᠦᠷᠰᠡᠨ ᠢᠨᠴᠠᠭᠠᠵᠤ ᠭᠠᠵᠠᠷ ᠴᠠᠪᠴᠢᠯᠠᠨ | ᠪᠠᠶᠢᠪᠠ᠃ ᠲᠠᠶᠢᠭ᠎ᠠ ᠴᠦ ᠬᠦᠬᠡ ᠴᠢᠨ᠋ᠸ᠎ᠠ ᠶᠢᠨ ᠵᠠᠮ ᠢ ᠲᠤᠰᠴᠤ ᠬᠤᠴᠠᠵᠤ ᠪᠠᠶᠢᠭᠰᠠᠨ᠂ ᠨᠠᠮᠴᠢ ᠠᠪᠠᠭ᠎ᠠ | ᠮᠤᠷᠢᠨ ᠳᠤ ᠪᠠᠨ ᠮᠤᠷᠳᠠᠵᠤ ᠪᠢᠯᠠᠭᠤ ᠪᠠᠨ ᠰᠦᠢᠷᠠᠨ ᠢᠷᠡᠵᠦ ᠬᠦᠬᠡ ᠴᠢᠨ᠋ᠸ᠎ᠠ ᠶᠢ ᠬᠦᠭᠡᠭᠡᠨ ᠶᠠᠪᠤᠭᠤᠯᠪᠠ᠃ | ᠬᠦᠮᠦᠨ ᠠᠮᠢᠳᠠᠨ ᠭᠡᠰᠡᠨ ᠦᠬᠡᠢ ᠬᠠᠷᠢᠯᠴᠠᠨ ᠢᠵᠢᠯᠢᠰᠢᠨ ᠲᠠᠰᠤᠯᠴᠠᠭᠰᠠᠨ ᠤ ᠰᠡᠭᠦᠯᠡᠷ ᠰᠡᠳᠭᠢᠯᠭᠡ ᠲᠠᠢ ᠪᠤᠯᠵᠤ | ᠡᠳᠦᠷ ᠲᠤᠳᠤᠮ ᠤᠨ ᠠᠮᠢᠳᠤᠷᠠᠯ ᠲᠤᠮᠳᠠ ᠪᠠᠶᠠᠷ ᠪᠠᠶᠠᠰᠤᠯ ᠢ ᠬᠤᠪᠢᠶᠠᠯᠴᠠᠨ ᠠᠪᠴᠢᠷᠠᠵᠤ ᠦᠭᠳᠡᠭ ᠨᠢ ᠵᠦᠩᠳᠡᠭᠡᠨ | ᠪᠠᠶᠢᠳᠠᠭ ᠭᠡᠯᠳᠡᠢ᠃ | ᠨᠠᠮᠴᠢ ᠠᠪᠠᠭ᠎ᠠ ᠵᠢᠯ ᠳᠡᠭᠡᠨ ᠬᠡᠬᠡᠷ᠎ᠡ ᠭᠠᠳᠠᠭ᠎ᠠ ᠶᠠᠪᠤᠵᠤ ᠭᠡᠷ ᠤᠨ ᠪᠠᠷ᠎ᠠ ᠬᠠᠷᠠᠬᠤ ᠦᠭᠡᠢ ᠭᠡᠬᠦᠯᠡᠷ ᠭᠡᠷ ᠤᠨ | ᠮᠤᠬᠤᠷ ᠢᠶᠠᠨ ᠰᠠᠬᠢᠵᠤ ᠠᠷᠤ ᠭᠡᠷ ᠲᠡᠭᠡᠨ ᠠᠳᠠᠯ ᠠᠮᠢᠳᠤᠷᠠᠯ ᠢᠶᠠᠨ ᠲᠤᠳᠤᠮᠳᠠᠵᠤ ᠶᠠᠪᠤᠭ᠎ᠠ ᠨᠠᠩᠰᠠᠯᠮ᠎ᠠ ᠨᠢ ᠰᠤᠷ | ᠢᠳᠡᠭᠰᠡᠨ ᠨᠤᠬᠠᠢ ᠰᠤᠷ ᠢᠳᠡᠬᠦ ᠪᠠᠨ ᠪᠤᠯᠢᠬᠤ ᠦᠭᠡᠢ ᠭᠡᠳᠡᠭ ᠢᠶᠠᠷ ᠡᠨᠡ ᠲᠡᠷᠡ ᠠᠶᠢᠯ ᠤᠨ ᠤᠯᠢᠭ ᠲᠠᠢ᠂ ᠤᠯᠢᠭ | ᠦᠭᠡᠢ ᠰᠠᠳᠦᠷ ᠡᠷᠡᠴᠤᠳ ᠢ ᠴᠤᠭᠯᠠᠭᠤᠯᠤᠭᠰᠠᠭᠠᠷ ᠪᠠᠶᠢᠭᠠᠳ ᠡᠴᠤᠰ ᠲᠡᠭᠡᠨ ᠬᠢᠳᠠᠳ ᠬᠤᠳᠠᠯᠳᠤᠭᠠᠴᠢᠨ ᠹᠠᠩ | ᠲᠠᠷᠭᠤᠨ ᠢ ᠤᠯᠵᠤ ᠪᠡᠶ᠎ᠡ ᠠᠴᠠ ᠪᠠᠨ ᠰᠠᠯᠭᠠᠵᠤ ᠲᠡᠶᠢᠯᠬᠦ ᠦᠭᠡᠢ ᠪᠤᠯᠵᠤ ᠡᠳᠦᠷᠵᠢᠨ ᠬᠤᠶᠠᠷ ᠲᠠᠰᠤᠯᠭ᠎ᠠ | ᠪᠠᠶᠢᠰᠢᠩ ᠳᠤ ᠨᠢ ᠬᠤᠷᠭᠤᠳᠠᠬᠤ ᠪᠤᠯᠵᠤ ᠭᠡᠨ᠎ᠡ᠃ | ︽ᠰᠠᠶᠢᠨ ᠴᠢᠮᠡᠭᠡ ᠡᠭᠦᠳᠡ ᠶᠢ ᠭᠠᠷᠴᠤ ᠲᠡᠶᠢᠯᠬᠦ ᠦᠭᠡᠢ᠂ ᠮᠠᠭᠤ ᠴᠢᠮᠡᠭᠡ ᠮᠢᠩᠭᠠᠨ ᠭᠠᠵᠠᠷ ᠨᠡᠪᠳᠡ︾ ᠭᠡᠵᠦ | ᠵᠢᠪᠠᠷ ᠨᠡᠪᠳᠡᠷᠡᠬᠦ ᠦᠭᠡᠢ ᠬᠡᠷᠡᠮ ᠭᠡᠵᠦ ᠪᠠᠶᠢᠳᠠᠭ ᠦᠭᠡᠢ ᠶᠤᠮ ᠴᠢᠨᠢ᠂ ᠨᠠᠩᠰᠠᠯᠮ᠎ᠠ ᠡᠮ᠎ᠡ ᠶᠢᠨ ᠬᠢᠳᠡᠯ ᠶᠠᠪᠤᠳᠠᠯ ᠨᠢ | ᠨᠠᠮᠴᠢ ᠠᠪᠠᠭ᠎ᠠ ᠶᠢᠨ ᠴᠢᠬᠢᠨ ᠳᠤ ᠤᠷᠤᠵᠤ᠂ ᠰᠠᠷ᠎ᠠ ᠬᠠᠭᠠᠰ ᠢᠶᠠᠷ ᠨᠢᠭᠡ ᠤᠳᠠᠭ᠎ᠠ ᠭᠡᠷ ᠲᠡᠭᠡᠨ ᠪᠤᠴᠠᠵᠤ ᠢᠷᠡᠳᠡᠭ | ᠪᠠᠶᠢᠭᠰᠠᠨ ᠠᠴᠠ ᠪᠠᠨ ᠬᠡᠳᠦᠨ ᠡᠳᠦᠷ ᠲᠤ ᠪᠤᠶᠤ ᠵᠠᠷᠢᠮ ᠳᠤ ᠪᠠᠨ ᠰᠦᠨᠢ ᠪᠠᠷ ᠴᠦ ᠪᠤᠴᠠᠵᠤ ᠢᠷᠡᠳᠡᠭ ᠪᠤᠯᠤᠭᠰᠠᠨ | ᠭᠡᠨ᠎ᠡ᠃ | ᠹᠠᠩ ᠮᠠᠶᠢᠮᠠᠶᠢᠴᠢᠨ ᠭᠡᠵᠦ ᠵᠤᠭᠤᠰ ᠵᠤᠭ᠎ᠠ ᠡᠯᠳᠡᠩ᠂ ᠪᠡᠶ᠎ᠡ ᠪᠢᠯᠳᠠᠷ ᠴᠠᠬᠢᠷᠠᠭ᠂ ᠲᠡᠭᠡᠷᠡᠩᠭᠦᠢ ᠵᠠᠩ ᠲᠠᠢ ᠬᠦᠮᠦᠨ | ᠤᠴᠢᠷ ᠠᠴᠠ ᠪᠠᠷᠤᠭ ᠤᠨ ᠬᠦᠮᠦᠨ ᠢ ᠨᠢᠳᠦᠨ ᠳᠡᠭᠡᠨ ᠬᠠᠪᠴᠢᠬᠤ ᠦᠭᠡᠢ ᠪᠠᠶᠢᠳᠠᠭ ᠪᠤᠯᠬᠤᠷ ᠤᠳᠠᠭᠠᠨ ᠳᠤ ᠪᠠᠨ | ᠨᠠᠮᠴᠢ ᠠᠪᠠᠭ᠎ᠠ ᠶᠢ ᠬᠤᠣᠷᠯᠠᠬᠤ ᠪᠠᠷ ᠬᠤᠪᠢᠯᠳᠤᠪᠠ᠃ ᠨᠢᠭᠡ ᠡᠳᠦᠷ ᠮᠤᠷᠢᠨ ᠲᠤᠪᠳᠤᠯᠤᠭ᠎ᠠ ᠪᠠᠷ ᠨᠠᠩᠰᠠᠯᠮ᠎ᠠ ᠶᠢ | ᠠᠷᠤ ᠳᠤ ᠪᠠᠨ ᠰᠤᠨᠳᠠᠯᠠᠭᠤᠯᠵᠤ ᠬᠤᠶᠠᠭᠤᠯᠠ ᠪᠠᠨ ᠤᠳᠤᠷ ᠲᠤ ᠪᠠᠶᠢᠭ᠎ᠠ ᠨᠠᠮᠴᠢ ᠠᠪᠠᠭ᠎ᠠ ᠶᠢᠨ ᠲᠡᠷᠭᠡᠳᠡ ᠬᠦᠷᠴᠦ | ᠬᠤᠶᠠᠭᠤᠯᠠ ᠬᠡᠯᠡᠯᠴᠡᠵᠦ ᠪᠠᠶᠢᠭᠰᠠᠭᠠᠷ ᠬᠡᠷᠡᠭᠦᠯ ᠪᠤᠯᠵᠤ ᠭᠠᠷ ᠬᠦᠳᠡᠯᠦᠨ ᠠᠯᠠᠯᠳᠤᠭᠠᠨ ᠪᠤᠯᠪᠠ᠃ ᠨᠠᠩᠰᠠᠯᠮ᠎ᠠ ᠡᠮ᠎ᠡ | ᠵᠠᠮ ᠤᠨ ᠬᠠᠵᠠᠭᠤ ᠳᠤ ᠵᠦᠴᠦᠭᠡ ᠦᠵᠡᠭᠴᠢ ᠪᠤᠯᠵᠤ᠄ ︽ᠠᠷᠰᠯᠠᠨ ᠪᠠᠷᠰ ᠤᠨ ᠠᠯᠢ ᠨᠢ ᠲᠡᠶᠢᠯᠳᠡᠭ ᠪᠤᠯ︖ | ᠠᠯᠢ ᠨᠢ ᠲᠡᠶᠢᠯᠪᠡᠯ ᠪᠢ ᠠᠯᠢ ᠶᠢ ᠨᠢ ᠲᠠᠭᠠᠵᠤ ᠠᠮᠢ ᠵᠢᠭᠤᠨᠠ ᠡ︕︾ ᠭᠡᠵᠦ ᠶᠠᠩ ᠲᠠᠳᠠᠵᠤ ᠰᠠᠭᠤᠪᠠ᠃ | ᠹᠠᠩ ᠮᠠᠶᠢᠮᠠᠶᠢᠴᠢᠨ ᠪᠦᠳᠦᠭᠦᠨ ᠲᠠᠷᠭᠤᠨ ᠮᠦᠷᠳᠡᠭᠡᠨ ᠪᠢᠷ᠎ᠠ ᠴᠢᠳᠠᠯ ᠲᠠᠢ ᠬᠦᠮᠦᠨ ᠪᠤᠯᠬᠤᠷ ᠨᠢᠭᠡᠯᠡ | ᠭᠠᠷ ᠢᠶᠠᠷ ᠢᠶᠠᠨ ᠨᠠᠮᠴᠢ ᠠᠪᠠᠭ᠎ᠠ ᠶᠢ ᠰᠢᠭᠦᠷᠦᠨ ᠠᠪᠴᠤ ᠭᠠᠵᠠᠷ ᠰᠠᠪᠠᠨ ᠤᠨᠠᠭᠠᠵᠤ ᠪᠠᠭᠤᠯᠵᠠᠭᠤᠷ ᠬᠦᠵᠦᠭᠦᠤ ᠶᠢ ᠨᠢ | ᠪᠠᠵᠠᠭᠳᠠᠨ ᠰᠦᠢᠯᠬᠢᠯᠡᠵᠤ ᠪᠠᠶᠢᠬᠤ ᠳᠤ ᠤᠳᠤᠷ ᠤᠨ ᠰᠡᠭᠦᠳᠡᠷ ᠲᠤ ᠬᠡᠪᠳᠡᠵᠦ ᠪᠠᠶᠢᠭᠰᠠᠨ ᠲᠠᠶᠢᠭ᠎ᠠ ᠰᠤᠭᠤ | ᠦᠰᠦᠷᠦᠨ ᠬᠦᠶᠦᠨ ᠪᠤᠰᠴᠤ ᠰᠢᠭᠤᠳ ᠹᠠᠩ ᠲᠠᠷᠭᠤᠨ ᠤ ᠤᠪᠠᠶᠢᠨ ᠳᠤ ᠦᠭᠡᠢ ᠪᠦᠭᠴᠦ᠋ᠢᠨ ᠨᠢᠳᠤᠷᠭᠠᠳᠠᠵᠤ | ᠪᠠᠶᠢᠭᠰᠠᠨ ᠬᠦᠵᠦᠬᠦᠨ ᠠᠴᠠ ᠨᠢ ᠵᠠᠭᠤᠵᠤ ᠲᠠᠷᠤᠨ ᠤᠨᠠᠪᠠ᠂ ᠡᠨᠡ ᠦᠶᠡᠰ ᠨᠠᠮᠴᠢ ᠠᠪᠠᠭ᠎ᠠ ᠤᠷᠪᠠᠵᠤ ᠬᠦᠶᠦᠨ | ᠪᠤᠰᠤᠮᠠᠭᠴᠠ ᠠᠶᠠᠭᠠᠨ ᠴᠢᠨᠡᠭᠡ ᠴᠢᠯᠠᠭᠤ ᠪᠠᠷ ᠭᠠᠪᠠᠯᠠ ᠤᠷᠤᠭᠤ ᠨᠢ ᠠᠪᠤᠨ ᠴᠤᠬᠢᠬᠤ ᠳᠤ ᠹᠠᠩ ᠲᠠᠷᠭᠤᠨ ᠤ | ᠲᠠᠷᠢᠬᠢ ᠨᠢ ᠭᠠᠷᠴᠤ ᠠᠷᠤᠨᠰᠢ ᠪᠠᠨ ᠰᠠᠪᠠᠨ ᠤᠨᠠᠵᠤ ᠭᠤᠣᠯ ᠨᠢ ᠲᠠᠰᠤᠷᠠᠵᠤ ᠦᠬᠦᠪᠡ᠃ ᠭᠡᠳᠡᠯ᠎ᠡ ᠲᠠᠶᠢᠭ᠎ᠠ ᠮᠦᠨ | ᠯᠠ ᠬᠦᠵᠦᠭᠦᠨ ᠠᠴᠠ ᠨᠢ ᠵᠢᠭᠤᠷᠠᠭᠰᠠᠭᠠᠷ ᠪᠠᠶᠢᠯ᠎ᠠ᠂ ᠨᠠᠮᠴᠢ ᠠᠪᠠᠭ᠎ᠠ ᠠᠷᠠᠢ ᠴᠢᠮᠠᠢ ᠰᠠᠯᠭᠠᠵᠤ ᠤᠷᠬᠢᠭᠰᠠᠨ ᠪᠠᠶᠢᠯ᠎ᠠ᠃ | ᠨᠠᠮᠴᠢ ᠠᠪᠠᠭ᠎ᠠ ᠲᠠᠶᠢᠭ᠎ᠠ ᠳᠠᠭᠠᠨ ᠰᠡᠳᠭᠢᠯ ᠬᠦᠳᠡᠯᠵᠦ ᠬᠦᠵᠦᠬᠦᠤ ᠶᠢ ᠨᠢ ᠲᠡᠪᠡᠷᠢᠨ ᠲᠠᠭᠤ ᠲᠠᠯᠪᠢᠨ ᠤᠬᠢᠯᠠᠭᠰᠠᠨ | ᠭᠡᠨ᠎ᠡ᠃ ᠲᠡᠭᠡᠭᠡᠳ ᠵᠡᠳᠭᠡᠷ ᠡᠮ᠎ᠡ ᠪᠠᠨ ᠭᠡᠷ ᠠᠴᠠ ᠪᠠᠨ ᠬᠦᠭᠡᠭᠡᠨ ᠭᠠᠷᠭᠠᠵᠤ ᠲᠠᠶᠢᠭ᠎ᠠ ᠲᠠᠢ ᠪᠠᠨ ᠬᠤᠶᠠᠭᠤᠯᠠ ᠪᠠᠨ | ᠨᠢᠭᠡ ᠨᠠᠰᠤ ᠪᠠᠷ ᠢᠶᠠᠨ ᠬᠠᠮᠳᠤ ᠠᠮᠢᠳᠤᠷᠠᠭᠰᠠᠨ ᠭᠡᠨ᠎ᠡ᠃ | ᠬᠦᠮᠦᠨ ᠨᠢ ᠶᠠᠭᠤ ᠢᠳᠡᠪᠡᠯ ᠲᠠᠶᠢᠭ᠎ᠠ ᠪᠠᠨ ᠶᠠᠭᠤ ᠢᠳᠡᠭᠦᠯᠵᠦ ᠪᠠᠰᠠ ᠬᠠᠯᠠᠭᠤᠨ ᠬᠠᠨᠵᠤᠨ ᠲᠡᠭᠡᠷ᠎ᠡ ᠪᠠᠨ | ᠬᠠᠵᠠᠭᠤ ᠳᠠᠭᠠᠨ ᠬᠤᠨᠤᠭᠤᠯᠳᠠᠭ ᠪᠠᠶᠢᠭᠰᠠᠨ ᠪᠦᠭᠡᠳ ᠬᠤᠵᠢᠮ ᠨᠢ ᠨᠤᠬᠠᠢ ᠨᠢ ᠦᠳᠡᠯᠦᠭᠡᠳ ᠦᠬᠦᠬᠦ ᠳᠤ | ᠦᠵᠡᠭᠡᠴᠢ ᠪᠠᠷ ᠭᠠᠵᠠᠷ ᠦᠵᠡᠭᠦᠯᠵᠦ ᠨᠠᠮᠤᠭᠳᠤ ᠶᠢᠨ ᠲᠠᠯ᠎ᠠ ᠶᠢᠨ ᠨᠠᠮᠤᠭᠤᠬᠠᠨ ᠪᠤᠷᠤ ᠲᠤᠯᠤᠭᠠᠳ ᠤᠨ ᠡᠩᠭᠡᠷ ᠲᠤ | ᠠᠮᠢ ᠶᠢ ᠠᠪᠤᠷᠠᠭᠰᠠᠨ ᠠᠴᠢᠳᠠᠨ ᠭᠡᠵᠦ ᠤᠩᠭᠤᠨ ᠪᠤᠰᠬᠠᠵᠤ ᠦᠭᠭᠦᠭᠰᠡᠨ ᠭᠡᠨ᠎ᠡ᠃ ᠲᠡᠭᠡᠭᠡᠳ ᠡᠨᠡ ᠪᠤᠯᠠᠰᠢ ᠪᠠᠨ ︽ | ᠲᠠᠶᠢᠭ᠎ᠠ ᠶᠢᠨ ᠤᠩᠭᠤᠨ︾ ᠭᠡᠵᠦ ᠨᠡᠷᠡᠯᠡᠭᠰᠡᠨ ᠭᠡᠨ᠎ᠡ᠃ | ᠠᠷᠠᠳ ᠤᠨ ᠲᠤᠮᠳᠠ ᠮᠠᠭᠤ ᠬᠦᠮᠦᠨ ᠢ ᠴᠢᠨᠢ ᠨᠤᠬᠠᠢ ᠶᠢ ᠴᠦ ᠬᠦᠷᠬᠦ ᠦᠭᠡᠢ ᠭᠡᠳᠡᠭ ᠦᠭᠡ ᠶᠠᠷᠢᠶ᠎ᠠ | ᠲᠡᠯᠭᠡᠷᠡᠭᠰᠡᠨ ᠨᠢ ᠶᠤᠰᠤᠳᠠᠢ ᠵᠦᠪ ᠡ︕ ᠭᠡᠭᠡᠬᠦ ᠭᠡᠰᠡᠨ ᠬᠦᠯᠦᠭᠡ ᠡᠵᠡᠨ ᠤ ᠪᠠᠨ ᠲᠡᠵᠢᠭᠡᠭᠰᠡᠨ ᠬᠠᠷᠢᠭᠤ ᠳᠤ ᠠᠮᠢ | ᠴᠦᠯᠡᠨ ᠲᠡᠮᠡᠴᠡᠵᠦ ᠡᠵᠡᠨ ᠢᠶᠠᠨ ᠲᠤᠰᠠᠯᠠᠵᠤ ᠠᠪᠤᠷᠠᠭᠰᠠᠨ ᠠᠴᠠ ᠡᠵᠡᠨ ᠤ ᠪᠠᠨ ᠢᠳᠡᠭᠡᠯ ᠢ ᠤᠯᠵᠤ ᠦᠬᠦᠨ | ᠦᠬᠦᠳᠡᠯ᠎ᠡ ᠬᠠᠨᠵᠤᠨ ᠲᠡᠭᠡᠷ᠎ᠡ ᠬᠡᠪᠳᠡᠵᠦ᠂ ᠦᠬᠦᠭᠰᠡᠨ ᠤ ᠰᠡᠭᠦᠯᠡᠷ ᠪᠠᠰᠠ ᠤᠩᠭᠤᠨ ᠪᠤᠰᠬᠠᠵᠤ ᠦᠭᠭᠦᠭᠰᠡᠨ ᠨᠢ | ᠪᠠᠰᠠ ᠪᠢᠰᠢᠷᠡᠭᠦᠰᠢᠳᠡᠢ᠃ ᠬᠦᠮᠦᠨ ᠭᠡᠵᠦ ᠲᠦᠷᠦᠪᠡᠯ ᠬᠠᠰᠢᠯᠠ ᠬᠦᠮᠦᠨ ᠮᠦᠰᠦ ᠲᠠᠢ ᠪᠠᠶᠢᠬᠤ ᠬᠡᠷᠡᠭᠳᠡᠢ᠃ ᠬᠦᠮᠦᠨ | ᠮᠦᠰᠦ ᠪᠠᠨ ᠠᠯᠳᠠᠪᠠᠯ ᠨᠤᠬᠠᠢ ᠶᠢ ᠴᠦ ᠬᠦᠷᠬᠦ ᠦᠭᠡᠢ ᠭᠡᠳᠡᠭ ᠨᠢ ᠦᠨᠡᠨ ᠵᠦᠪ ᠪᠢᠯᠡ︕ | ᠨᠠᠮᠤᠭᠳᠤ ᠶᠢᠨ ᠲᠠᠯ᠎ᠠ ᠶᠢᠨ ᠨᠠᠮᠤᠭᠤᠬᠠᠨ ᠪᠤᠷᠤ ᠲᠤᠯᠤᠭᠠᠳ ᠤᠨ ᠡᠩᠭᠡᠷ ᠲᠤ ᠡᠪᠦᠭᠡᠨ ᠠᠪᠤ ᠶᠢᠨ ᠢᠰᠡᠭᠡᠢ ᠮᠠᠯᠠᠭᠠᠢ | ᠰᠢᠬ ᠲᠦᠩᠬᠦ᠋ᠢᠭᠰᠡᠨ ︽ᠲᠠᠶᠢᠭ᠎ᠠ ᠶᠢᠨ ᠤᠩᠭᠤᠨ︾ ᠨᠢ ᠦᠷᠭᠡᠨ ᠤᠯᠠᠨ ᠠᠷᠠᠳ ᠲᠦᠮᠡᠨ ᠤ ᠠᠩᠬᠠᠷᠤᠯ ᠳᠤ | ᠵᠤᠭᠤᠭ ᠪᠤᠯᠵᠤ ᠲᠡᠯᠭᠡᠭᠳᠡᠬᠦ ᠨᠢ ᠡ︕ | | ᠵᠤᠬᠢᠶᠠᠬᠴᠢ᠄ ᠰ᠊᠂ ᠬᠤᠷᠴᠢᠨᠬᠦᠤ | ᠵᠤᠬᠢᠶᠠᠬᠴᠢ ᠶᠢᠨ ᠬᠠᠶ᠋ᠢᠭ᠄ ᠲᠤᠮᠳᠠᠳᠤ ᠬᠤᠰᠢᠭᠤᠨ ᠤ ᠡᠮᠳᠦ ᠶᠢᠨ ᠭᠤᠣᠯ ᠰᠤᠮᠤ ᠶᠢᠨ ᠴᠠᠭᠠᠨ ᠪᠤᠬ᠎ᠠ ᠪᠠᠭ᠎ᠠ | ᠰᠤᠷᠭᠠᠭᠤᠯᠢ | |