1᠂ ᠤᠯᠠᠨ ᠠᠶᠢᠮᠠᠭ᠂ ᠤᠮᠤᠭ ᠤᠨ ᠬᠦᠮᠦᠰ ᠴᠤᠬᠤᠮ ᠶᠠᠭᠤ ᠪᠤᠳᠤᠵᠦ ᠬᠦᠰᠡᠵᠦ ᠪᠠᠶᠢᠭ᠎ᠠ ᠶᠢ ᠤᠯᠵᠦ ᠮᠡᠳᠡᠬᠦ | ᠦᠭᠡᠢ ᠪᠠᠷ ᠲᠡᠳᠡᠨ ᠢ ᠲᠡᠷᠢᠭᠦᠯᠡᠨ ᠳᠠᠭᠠᠭᠤᠯᠤᠨ᠎ᠠ ᠭᠡᠵᠦ ᠦᠭᠡᠢ᠃ | 2᠂ ᠬᠠᠮᠢᠭ᠎ᠠ ᠬᠡᠵᠢᠶ᠎ᠡ ᠴᠤ ᠠᠯᠢᠪᠠ ᠤᠶᠢᠯᠡᠰ ᠲᠤ ᠵᠢᠳᠭᠦᠭᠰᠡᠨ ᠨᠢ ᠪᠦᠲᠦᠨ᠎ᠡ᠂ ᠠᠯᠠᠭᠤᠷᠯᠠᠭᠰᠠᠨ ᠨᠢ | ᠠᠯᠳᠠᠭᠳᠠᠨ᠎ᠠ᠃ | 3᠂ ᠠᠯᠢᠪᠠ ᠬᠦᠮᠦᠰ ᠤᠨ ᠪᠡᠶ᠎ᠡ ᠶᠢ ᠨᠢ ᠡᠵᠡᠯᠡᠬᠦ ᠭᠡᠵᠦ ᠪᠤᠤ ᠶᠠᠭᠠᠷᠠ᠂ ᠰᠡᠳᠭᠢᠯ ᠢ ᠨᠢ ᠡᠵᠡᠯᠡᠬᠦ ᠶᠢ ᠶᠠᠭᠠᠷᠠ᠂ | ᠰᠡᠳᠭᠢᠯ ᠢ ᠡᠵᠡᠯᠡᠪᠡᠰᠦ ᠪᠡᠶ᠎ᠡ ᠬᠠᠮᠢᠭᠠᠰᠢ ᠬᠤᠯᠠᠳᠬᠤ ᠠᠵᠠᠢ᠃ | 4᠂ ᠦᠨᠳᠦᠷ ᠠᠭᠤᠯᠠ ᠶᠢ ᠵᠤᠷᠢ᠂ ᠦᠷᠭᠡᠨ ᠳᠠᠯᠠᠢ ᠳᠤ ᠭᠠᠷ︕ ᠬᠤᠯᠠ ᠬᠡᠮᠡᠨ ᠪᠤᠤ ᠰᠢᠳᠠᠷ᠎ᠠ᠂ ᠶᠠᠪᠤᠪᠠᠰᠤ | ᠭᠦᠷᠦᠨ᠎ᠡ᠃ ᠶᠡᠭᠡ ᠬᠡᠮᠡᠨ ᠪᠤᠤ ᠰᠠᠨᠳᠤᠷ᠂ ᠤᠷᠤᠯᠳᠤᠪᠠᠰᠤ ᠭᠠᠳᠤᠯᠤᠨᠠ᠃ | 5᠂ ᠲᠦᠷᠦ ᠶᠢᠨ ᠬᠡᠷᠡᠭ ᠲᠤ ᠪᠡᠶ᠎ᠡ ᠪᠦᠬᠡ ᠪᠦᠬᠡᠰᠦ ᠭᠠᠭᠴᠠ ᠶᠢ ᠢᠯᠠᠨ᠎ᠠ᠃ ᠰᠡᠳᠭᠢᠯ ᠪᠦᠬᠡ ᠪᠦᠬᠡᠪᠡᠰᠦ | ᠪᠦᠭᠦᠳᠡ ᠶᠢ ᠢᠯᠠᠨ᠎ᠠ᠃ | 6᠂ ᠲᠦᠷᠦ ᠤᠯᠤᠰ ᠤᠨ ᠬᠠᠭᠠᠨ ᠭᠡᠳᠡᠭ ᠪᠤᠯ ᠶᠡᠷᠦ ᠶᠢᠨ ᠵᠡᠷᠭᠡ ᠬᠡᠷᠬᠡᠮ ᠲᠠᠢ ᠠᠳᠠᠯᠢ ᠦᠭᠡᠢ ᠲᠤᠯᠠ ᠡᠩ ᠤᠨ | ᠨᠢᠭᠡ ᠬᠡᠯᠡᠵᠦ᠂ ᠬᠡᠯᠡᠭᠳᠡᠵᠦ ᠶᠠᠭᠠᠬᠢᠨ ᠪᠤᠯᠤᠨ᠎ᠠ᠂ ᠤᠯᠠᠨ ᠤ ᠰᠡᠳᠭᠢᠯ ᠲᠡᠭᠦᠨ ᠢ ᠬᠠᠭᠠᠨ ᠮᠡᠲᠤ ᠦᠵᠡᠵᠦ ᠪᠠᠶᠢᠪᠠᠯ | ᠲᠡᠷᠡ ᠬᠠᠭᠠᠨ ᠮᠦᠨ᠃ | 7᠂ ᠬᠡᠷᠪᠡ ᠲᠡᠷᠢᠭᠦᠨ ᠪᠤᠯᠴᠢᠬᠠᠭᠠᠳ ᠬᠠᠭᠠᠨ ᠤ ᠶᠠᠪᠤᠳᠠᠯ ᠢᠶᠠᠷ ᠶᠠᠪᠤᠵᠦ ᠡᠰᠡ ᠬᠠᠭᠠᠨ ᠪᠤᠯᠵᠦ ᠶᠠᠭᠤ ᠭᠢᠨ᠎ᠡ᠂ | ᠲᠦᠮᠡᠨ ᠤ ᠰᠢᠪᠰᠢᠭ᠃ | 8᠂ ᠮᠡᠬᠦ᠋ᠢᠨ ᠪᠠᠶᠠᠰᠬᠤ ᠨᠢ ᠡᠨᠡ ᠳᠡᠯᠡᠬᠡᠢ ᠲᠠᠬᠢᠨ ᠨᠢᠭᠡᠨ ᠭᠡᠷ ᠪᠦᠯᠢ ︵ᠮᠡᠲᠤ︶ ᠪᠤᠯᠵᠦ᠂ ᠲᠦᠪ ᠲᠦᠪᠰᠢᠨ | ᠡᠩᠬᠡ ᠠᠮᠤᠭᠤᠯᠠᠩ ᠪᠤᠯᠪᠠᠰᠤ ᠰᠠᠶ᠋ᠢ ᠮᠢᠨᠤ ᠪᠠᠶᠠᠰᠤᠯ ᠢᠷᠡᠨ᠎ᠡ᠃ ᠡᠷᠭᠢᠨ ᠲᠤᠭᠤᠷᠢᠨ ᠶᠤᠰᠤ ᠪᠤᠰᠤ ᠤᠯᠠᠨ ᠬᠠᠭᠠᠳ | ᠪᠠᠶᠢᠨ᠎ᠠ᠂ ᠲᠡᠳᠡ ᠡᠷᠬᠡ ᠳᠤᠷ᠎ᠠ ᠪᠠᠷ ᠢᠶᠠᠨ ᠠᠭᠠᠰᠢᠯᠠᠨ᠂ ᠤᠯᠠᠨ ᠠᠮᠢᠳᠠᠨ ᠢ ᠶᠡᠭᠡ ᠵᠤᠪᠠᠭᠠᠵᠤᠮ᠃ ᠦᠷᠭᠦᠯᠵᠢ | ᠪᠠᠶᠢᠯᠳᠤᠭᠠᠨ ᠡᠭᠦᠰᠭᠡᠵᠦ᠂ ᠬᠦᠮᠦᠨ ᠤ ᠦᠬᠦᠬᠦ ᠶᠢ ᠡᠯᠡᠰᠦ ᠬᠡᠶᠢᠰᠭᠡᠬᠦ ᠲᠠᠢ ᠠᠳᠠᠯᠢ ᠪᠤᠯᠵᠠᠢ᠃ ᠡᠶᠢᠮᠦ ᠠᠴᠠ ᠪᠢ | ᠲᠡᠳᠡᠨ ᠢ ᠨᠤᠮᠤᠬᠠᠷᠠᠭᠤᠯᠵᠦ ᠳᠡᠯᠡᠭᠡᠢ ᠨᠡᠶᠢᠲᠡ ᠪᠠᠷ ᠡᠩᠬᠡ ᠲᠦᠪᠰᠢᠨ ᠪᠤᠯᠭᠠᠬᠤ ᠪᠤᠳᠤᠯ ᠲᠠᠢ ᠪᠠᠶᠢᠨ᠎ᠠ᠃ ᠡᠭᠦᠨ ᠢ | ᠭᠢᠵᠦ ᠴᠢᠳᠠᠪᠠᠯ ᠳᠡᠭᠡᠳᠦ ᠲᠡᠭᠷᠢ ᠳᠤ ᠭᠠᠪᠢᠶ᠎ᠠ ᠲᠠᠢ᠂ ᠲᠤᠤᠷᠠᠳᠤ ᠬᠦᠮᠦᠨ ᠳᠤ ᠦᠷᠦᠰᠢᠶᠡᠯ ᠪᠤᠯᠬᠤ ᠪᠢᠯᠡ᠃ | 9᠂ ᠬᠤᠤᠷᠳᠡᠨ ᠮᠠᠭᠤ ᠶᠢ ᠰᠠᠶᠢᠳᠤᠷ ᠵᠠᠰᠠᠵᠦ᠂ ᠬᠤᠳᠠᠯᠠ ᠤᠯᠤᠰ ᠢ ᠢᠮᠠᠭᠳᠠ ᠬᠠᠮᠠᠭᠠᠯᠠᠭᠳᠤᠨ᠃ | 10᠂ ᠴᠢᠬᠢᠷᠠᠭ ᠡᠵᠡᠨ᠂ ᠴᠢᠳᠠᠪᠤᠷᠢᠲᠠᠢ ᠰᠠᠶᠢᠳ ᠪᠤᠯ ᠤᠯᠤᠰ ᠢ ᠪᠠᠶᠢᠭᠤᠯᠬᠤ ᠡᠷᠳᠡᠨᠢ᠂ ᠴᠢᠩᠭ᠎ᠠ ᠴᠢᠩᠳᠠ | ᠴᠢᠷᠢᠭ᠂ ᠴᠢᠭᠴᠢ ᠴᠢᠳᠠᠯ ᠲᠠᠢ ᠵᠠᠩᠵᠤᠨ ᠴᠢᠨᠠᠳᠤ ᠶᠢ ᠳᠡᠶᠢᠯᠬᠦ ᠶᠢᠨ ᠦᠨᠳᠦᠰᠦ᠃ | 11᠂ ᠠᠤᠭ᠎ᠠ ᠬᠦᠴᠦ ᠪᠠᠨ ᠶᠡᠭᠡᠳᠭᠡᠶᠡ ᠭᠡᠪᠡᠯ ᠠᠷᠠᠳ ᠴᠢᠷᠢᠭ ᠢᠶᠠᠨ ᠠᠪᠤᠷᠠ᠂ ᠠᠮᠤᠷ ᠵᠢᠮ ᠵᠢᠷᠭᠠᠶ᠎ᠠ ᠭᠡᠪᠡᠯ | ᠡᠪ ᠡᠶ᠎ᠡ ᠪᠠᠨ ᠬᠢᠴᠢᠶᠡ᠃ | 12᠂ ᠬᠠᠷᠢ ᠶᠢᠨ ᠭᠠᠵᠠᠷ ᠠᠷᠭ᠎ᠠ ᠴᠢᠳᠠᠯ ᠢᠶᠠᠨ ᠪᠠᠬᠢᠯᠡᠵᠦ᠂ ᠬᠠᠯᠠᠭᠤᠨ ᠵᠠᠭᠤᠷ᠎ᠠ ᠪᠠᠨ ᠡᠶ᠎ᠡ ᠨᠠᠶᠢᠷ ᠢ | ᠬᠢᠴᠢᠶᠡᠵᠦ ᠶᠠᠪᠤ᠃ ᠡᠪ ᠨᠠᠶᠢᠷᠠᠮᠳᠠᠯ ᠠᠴᠠ ᠢᠯᠡᠭᠦᠤ ᠶᠡᠭᠡ ᠬᠦᠴᠦ ᠡᠨᠡ ᠳᠡᠯᠡᠬᠡᠢ ᠳᠤ ᠦᠭᠡᠢ᠃ | 13᠂ ᠠᠯᠳᠠᠨ ᠪᠡᠶ᠎ᠡ ᠠᠮᠤᠰᠬᠢᠪᠠᠰᠤ ᠠᠬᠤᠢ ᠲᠦᠷᠦ ᠮᠢᠨᠢ ᠠᠯᠳᠠᠷᠠᠭᠤᠵᠠᠢ᠃ ᠪᠦᠳᠤᠨ ᠪᠡᠶ᠎ᠡ ᠠᠮᠤᠰᠬᠢᠪᠠᠰᠤ | ᠪᠦᠷᠢᠨ ᠤᠯᠤᠰ ᠮᠢᠨᠢ ᠰᠠᠨᠳᠠᠷᠠᠭᠤᠵᠠᠢ᠃ ᠠᠯᠳᠠᠨ ᠪᠡᠶ᠎ᠡ ᠠᠯᠵᠢᠶᠠᠪᠠᠯ ᠠᠯᠵᠢᠶᠠᠳᠤᠭᠠᠢ᠂ ᠠᠬᠤᠢ ᠲᠦᠷᠦ ᠮᠢᠨᠢ ᠪᠤᠤ | ᠠᠯᠳᠠᠷᠠᠳᠤᠭᠠᠢ᠃ ᠪᠦᠳᠤᠨ ᠪᠡᠶ᠎ᠡ ᠮᠢᠨᠢ ᠵᠤᠪᠠᠪᠠᠰᠤ ᠵᠤᠪᠠᠳᠤᠭᠠᠢ᠂ ᠪᠦᠷᠢᠨ ᠤᠯᠤᠰ ᠮᠢᠨᠢ ᠪᠤᠤ ᠰᠠᠨᠳᠤᠷᠳᠤᠭᠠᠢ᠃ | 14᠂ ᠪᠡᠶ᠎ᠡ ᠪᠠᠭᠠᠳᠤᠷ ᠪᠤᠯᠪᠠᠰᠤ ᠨᠢᠭᠡᠨ ᠦᠶ᠎ᠡ ᠶᠢᠨ ᠪᠠᠭᠠᠳᠤᠷ ᠪᠤᠶᠤ᠃ ᠪᠢᠯᠢᠭ ᠪᠠᠭᠠᠳᠤᠷ ᠪᠤᠯᠪᠠᠰᠤ ᠲᠦᠮᠡᠨ | ᠦᠶ᠎ᠡ ᠶᠢᠨ ᠪᠠᠭᠠᠳᠤᠷ ᠪᠤᠶᠤ᠃ | 15᠂ ᠡᠮᠡᠭᠡᠯ ᠶᠡᠭᠡᠳᠪᠡᠯ ᠲᠤᠬᠤᠭᠤᠭᠰᠡᠨ ᠮᠤᠷᠢᠨ ᠳᠤ ᠵᠤᠪᠠᠯᠠᠩ ᠪᠤᠯᠤᠨ᠎ᠠ᠃ ᠶᠠᠩᠵᠦ ᠶᠡᠭᠡᠳᠪᠡᠯ ᠤᠯᠤᠰ ᠤᠨ | ᠳᠤᠲᠤᠷ᠎ᠠ ᠵᠦᠳᠡᠭᠦᠷᠢ ᠪᠤᠯᠤᠨ᠎ᠠ᠃ ᠡᠷᠬᠢᠮ ᠶᠡᠭᠡᠳᠪᠡᠯ ᠬᠦᠮᠦᠨ ᠤ ᠰᠡᠳᠭᠢᠯ ᠤᠰᠤᠯᠳᠠᠬᠤ ᠪᠤᠯᠤᠨ᠎ᠠ᠃ ᠡᠶᠢᠮᠤ ᠠᠴᠠ | ᠬᠤᠭᠤᠰᠤᠨ ᠰᠦᠷ᠂ ᠢᠯᠡᠭᠦᠤ ᠶᠠᠩᠵᠦ ᠮᠠᠶᠠᠭ ᠶᠤᠰᠤᠯᠠᠯ ᠤᠨ ᠬᠡᠷᠡᠭ ᠭᠡᠵᠦ ᠦᠭᠡᠢ᠃ | 16᠂ ᠬᠡᠳᠦᠷᠬᠡᠢ ᠶᠡᠭᠡ ᠶᠤᠰᠤᠯᠠᠯ ᠡᠬᠡᠯ ᠠᠷᠠᠳ ᠲᠤ ᠴᠢᠷᠦᠭᠳᠡᠯ ᠤᠴᠠᠷᠠᠭᠤᠯᠵᠦ᠂ ᠳᠡᠪᠡᠯ ᠭᠤᠶᠤᠯᠡᠯ ᠶᠡᠭᠡᠳᠪᠡᠯ | ᠡᠮᠦᠰᠦᠭᠰᠡᠨ ᠬᠦᠮᠦᠨ ᠳᠤ ᠢᠯᠡᠭᠦᠤ ᠠᠴᠢᠶ᠎ᠠ ᠪᠤᠯᠬᠤ ᠲᠠᠢ ᠠᠳᠠᠯᠢ ᠪᠤᠰᠤ ᠶᠤ᠋᠃ | 17᠂ ᠲᠦᠷᠦ ᠶᠢᠨ ᠬᠡᠷᠡᠭ ᠲᠤ ᠬᠤᠭᠤᠰᠤᠨ ᠬᠤᠳᠠᠯ ᠶᠤᠰᠤ ᠳᠦᠷᠢᠮ ᠬᠡᠳᠦᠷᠡᠭᠰᠡᠨ ᠠᠴᠠ ᠠᠷᠠᠳ ᠢᠷᠭᠡᠳ ᠨᠢ | ᠡᠵᠡᠨ ᠳᠡᠭᠡᠳᠤᠰ ᠯᠦᠭᠡ ᠨᠡᠪᠳᠡᠷᠡᠵᠦ ᠴᠢᠳᠠᠬᠤ ᠦᠭᠡᠢ ᠪᠤᠯᠵᠦ ᠵᠠᠯᠢᠬᠠᠢ ᠰᠠᠶᠢᠳ ᠲᠦᠰᠢᠮᠡᠳ ᠨᠠᠷ ᠵᠠᠪᠰᠠᠷ ᠲᠤᠨᠢ | ᠵᠠᠪᠰᠢᠵᠦ᠂ ᠲᠦᠷᠦ ᠤᠯᠤᠰ ᠢ ᠪᠤᠰᠠᠨᠢᠭᠤᠯᠤᠨ᠎ᠠ᠃ | 18᠂ ᠵᠢᠳᠭᠦᠯ ᠲᠡᠮᠡᠴᠡᠯ ᠢ ᠦᠨᠡᠯᠡᠵᠦ ᠮᠡᠳᠡᠬᠦ ᠦᠭᠡᠢ ᠬᠠᠷᠠᠩᠭᠤᠢ ᠡᠵᠡᠨ ᠤ ᠡᠮᠦᠨ᠎ᠡ ᠪᠦᠬᠦ᠋ᠢᠬᠦ ᠬᠡᠷᠡᠭ ᠦᠭᠡᠢ᠃ | | 19᠂ ᠵᠦᠪ ᠢ ᠪᠠᠷᠢᠮᠳᠠᠯᠠᠵᠦ᠂ ᠦᠨᠡᠨ ᠢ ᠳᠡᠮᠵᠢᠨ᠂ ᠲᠦᠷᠦ ᠤᠯᠤᠰ ᠢ ᠵᠠᠰᠠᠬᠤ ᠶᠢᠨ ᠲᠦᠯᠦᠭᠡ ᠲᠡᠮᠡᠴᠡᠭᠴᠢ | ᠰᠠᠶᠢᠨ ᠬᠦᠮᠦᠨ ᠬᠠᠷᠠᠩᠭᠤᠢ ᠮᠠᠭᠤ ᠡᠵᠡᠨ ᠲᠠᠢ ᠪᠤᠯ ᠳᠠᠩᠴᠤ ᠬᠠᠶᠢᠷᠠᠨ ᠪᠤᠯᠤᠨ᠎ᠠ᠃ | 20᠂ ᠬᠡᠷᠪᠡ ᠨᠢᠭᠤᠷ ᠳᠡᠭᠡᠷ᠎ᠡ ᠳᠠᠭᠠᠭᠰᠠᠨ ᠳᠦᠷᠢ ᠦᠵᠡᠭᠦᠯᠵᠦ ᠳᠤᠲᠤᠷ᠎ᠠ ᠪᠠᠨ ᠡᠰᠡᠷᠭᠦᠴᠡᠳᠡᠭ ᠬᠦᠮᠦᠨ᠂ | ᠤᠰᠤᠨ ᠳᠤ ᠬᠠᠶᠠᠭᠰᠠᠨ ᠴᠢᠯᠠᠭᠤ᠂ ᠡᠪᠡᠰᠤᠨ ᠳᠤ ᠲᠤᠰᠤᠭᠰᠠᠨ ᠰᠤᠮᠤᠨ ᠤ ᠠᠳᠠᠯᠢ ᠲᠤᠯᠠ ᠲᠡᠶᠢᠮᠦ ᠬᠦᠮᠦᠨ ᠢᠶᠠᠷ | ᠵᠠᠭᠢᠷᠤᠭᠴᠢ ᠲᠠᠯᠪᠢᠵᠦ᠂ ᠤᠯᠠᠨ ᠤ ᠳᠡᠭᠡᠷ᠎ᠡ ᠭᠠᠷᠭᠠᠵᠦ ᠪᠤᠯᠬᠤ ᠦᠭᠡᠢ᠃ | 21᠂ ᠭᠡᠷ ᠢᠶᠠᠨ ᠵᠠᠰᠠᠵᠦ ᠴᠢᠳᠠᠭᠰᠡᠳ ᠤᠯᠤᠰ ᠢᠶᠠᠨ ᠵᠠᠰᠠᠵᠦ ᠴᠢᠳᠠᠨ᠎ᠠ᠂ ᠦᠪᠡᠷ ᠢ ᠪᠠᠨ ᠵᠠᠬᠢᠷᠴᠦ ᠴᠢᠳᠠᠳᠠᠭ | ᠦᠭᠡᠢ ᠬᠦᠮᠦᠨ ᠪᠤᠰᠤᠳ ᠢ ᠵᠠᠭᠢᠷᠴᠦ ᠴᠢᠳᠠᠬᠤ ᠦᠭᠡᠢ᠃ | 22᠂ ᠰᠠᠷᠠᠭᠤᠯ ᠤᠬᠠᠭᠠᠨ ᠠᠴᠠ ᠢᠯᠡᠭᠦᠤ ᠰᠠᠶᠢᠨ ᠨᠦᠬᠦᠷ ᠪᠠᠶᠢᠳᠠᠭ ᠦᠭᠡᠢ᠂ ᠮᠤᠩᠬᠠᠭ ᠬᠢᠯᠢᠩ ᠠᠴᠠ | ᠢᠯᠡᠬᠦᠤ ᠮᠠᠭᠤ ᠳᠠᠶᠢᠰᠤᠨ ᠪᠠᠶᠢᠳᠠᠭ ᠦᠭᠡᠢ᠃ | 23᠂ ᠬᠠᠶᠢᠷᠠᠯᠠᠬᠤ ᠶᠠᠭᠤᠮ᠎ᠠ ᠤᠯᠠᠨ ᠪᠤᠯᠪᠠᠴᠦ ᠬᠠᠯᠠᠭᠤᠨ ᠠᠮᠢ ᠶᠢ ᠬᠮᠤᠭ ᠠᠴᠠ ᠢᠯᠡᠭᠦᠤ ᠬᠠᠶᠢᠷᠠᠯᠠ᠃ | 24᠂ ᠬᠠᠲᠠᠭᠤᠵᠢᠵᠦ ᠶᠠᠪᠤᠪᠠᠯ ᠬᠠᠮᠤᠭ ᠠᠴᠠ ᠲᠤᠰᠠᠳᠠᠢ᠂ ᠠᠷᠢᠭᠤᠨ ᠶᠠᠪᠤᠪᠠᠯ ᠠᠰᠢᠳᠠ ᠲᠤᠰᠠᠳᠠᠢ᠃ | 25᠂ ᠶᠠᠳᠠᠷᠠᠵᠦ ᠶᠠᠪᠤᠬᠤ ᠳᠤ ᠠᠰᠠᠷᠠᠵᠦ ᠳᠡᠳᠭᠦᠭᠰᠡᠨ᠂ ᠠᠪᠤᠷᠠᠵᠦ ᠦᠰᠭᠡᠭᠰᠡᠨ ᠬᠦᠮᠦᠨ ᠠᠴᠠ ᠶᠠᠭᠤ | ᠪᠦᠬᠦᠨ ᠢᠶᠠᠨ ᠴᠤ ᠪᠢᠳᠡᠭᠡᠢ ᠬᠠᠷᠠᠮᠯᠠ᠂ ᠪᠢᠳᠡᠭᠡᠢ ᠬᠠᠶᠢᠷᠠᠯᠠ᠃ | 26᠂ ᠰᠢᠯᠤᠭᠤᠨ ᠰᠢᠳᠤᠷᠭᠤ᠂ ᠰᠡᠴᠡᠨ ᠤᠬᠠᠭᠠᠨ ᠲᠠᠢ᠂ ᠴᠢᠳᠠᠯ ᠡᠷᠳᠡᠮ ᠲᠠᠢ ᠶᠢ ᠭᠦᠨᠳᠦᠯᠡᠵᠦ ᠪᠠᠢ᠃ | |