● ᠬᠠᠨᠲᠠ | | ︽ᠡᠮᠡᠭᠲᠡᠢ ᠶᠢᠨ ᠸᠠᠩᠲᠣ ᠣᠯᠣᠰ︾ ᠭᠡᠮᠡᠨ ᠠᠯᠳᠠᠷᠰᠢᠯ ᠲᠠᠢ ᠰᠤᠷᠭᠠᠭᠤᠯᠢ ᠳᠤ ᠠᠵᠢᠯᠯᠠᠵᠣ ᠪᠠᠶᠢᠭ᠎ᠠ | ᠴᠣᠷᠢ ᠶᠢᠨ ᠭᠠᠭᠴᠠ ᠡᠷᠡᠭᠲᠡᠢ ᠪᠠᠭᠰᠢ ᠶᠢ ᠥᠭᠡᠷᠴᠢᠨ ᠭᠡᠲᠡᠭ᠃ ᠲᠠᠷᠠ ᠰᠣᠷᠣᠭᠴᠢᠳ ᠲᠤ ᠪᠠᠨ ᠬᠢᠴᠢᠶᠡᠯ | ᠣᠷᠣᠬᠤ ᠠᠴᠠ ᠭᠠᠲᠠᠨ᠎ᠠ ᠰᠣᠷᠭᠠᠭᠤᠯᠢ ᠶᠢᠨ ᠬᠤᠩᠬᠤᠨ ᠤ ᠰᠠᠬᠢᠭᠤᠯᠴᠢᠨ᠃ ᠲᠡᠭᠦᠨ ᠰᠢᠭ ᠬᠤᠩᠬᠤ ᠴᠣᠬᠢᠬᠤ | ᠲᠣᠷᠠᠲᠠᠢ ᠬᠥᠮᠥᠨ ᠬᠤᠪᠣᠷ ᠡ᠂ ᠬᠤᠩᠬᠤ ︽ᠳ᠋ᠠᠩ ᠳ᠋ᠠᠩ︾ ᠭᠡᠬᠦ ᠬᠥᠩᠬᠢᠨᠡᠬᠦ ᠭᠱᠠᠨ ᠳᠤ ᠪᠠᠨ ᠴᠠᠭ ᠢ ᠮᠡᠲᠡᠭᠡᠯᠡᠵᠣ᠂ | ᠡᠷ᠎ᠡ ᠬᠥᠮᠥᠨ ᠤ ᠣᠷᠣᠰᠢᠬᠤᠢ ᠶᠢ ᠮᠡᠲᠡᠭᠡᠯᠡᠵᠣ᠂ ᠡᠷᠭᠢᠬᠦ ᠬᠤᠷᠸ᠎ᠠ ᠶᠢᠨ ᠣᠯᠠᠷᠢᠯ ᠬᠤᠪᠢᠰᠣᠯ ᠤᠨ ᠵᠢᠮ᠎ᠠ ᠶᠣᠰᠣ ᠶᠢ | ᠮᠡᠲᠡᠭᠡᠯᠡᠨᠠ᠃ | ᠣᠷᠴᠢᠨ ᠲᠣᠭᠤᠷᠢᠨ ᠬᠥᠮᠥᠨ ᠤ ᠠᠮᠢᠲᠣᠷᠠᠬᠤᠢ ᠶᠢᠨ ᠠᠷᠭ᠎ᠠ ᠭᠡᠯᠪᠡᠷᠢ ᠶᠢ ᠲᠣᠭᠲᠠᠭᠠᠲᠠᠭ ᠠᠵᠢ᠃ | ᠥᠭᠡᠷᠴᠢᠨ ᠪᠠᠭᠰᠢ ᠶᠢᠨ ᠨᠠᠬᠢᠯᠵᠡᠨ ᠨᠣᠬᠢᠯᠵᠡᠨ ᠠᠯᠬᠤᠨ᠂ ᠢᠴᠢᠨ ᠭᠠᠩᠬᠤᠵᠣ ᠶᠠᠷᠢᠬᠤ᠂ ᠭᠡᠵᠢᠭᠡ | ᠥᠰᠣ ᠪᠠᠨ ᠮᠢᠷᠠᠰᠬᠢᠯᠭᠡᠬᠦ ᠶᠢ ᠨᠢ ᠬᠠᠯᠲᠣ ᠬᠠᠷᠠᠪᠠᠯ ᠡᠮᠡᠭᠲᠡᠢ ᠶᠣᠮ ᠤᠤ ᠭᠡᠵᠣ ᠡ᠊ᠨᠳᠡᠬᠦᠷᠡᠨᠠ᠃ ᠲᠠᠷᠠ ᠡᠮᠡᠭᠲᠡᠢ ᠶᠢᠨ | ᠨᠥᠯᠥᠭᠡᠨ ᠳᠤ ᠬᠥᠨ ᠠᠪᠲᠠᠵᠠᠢ᠃ ᠬᠠᠷᠠᠬᠠᠨ ᠪᠠᠭ᠎ᠠ ᠠᠴᠠ ᠪᠠᠨ ᠠᠪᠤ ᠶᠢ ᠪᠠᠨ ᠠᠯᠲᠠᠵᠣ ᠡᠵᠢ ᠶᠢᠨ ᠢᠶᠠᠨ | ᠪᠥᠪᠠᠶᠢᠯᠠᠯ ᠳᠤ ᠥᠨᠥᠴᠢᠨ ᠥᠰᠴᠣ᠂ ᠨᠡᠶᠢᠭᠡᠮ ᠤᠨ ᠰᠢᠨᠵᠢᠯᠡᠬᠦ ᠣᠬᠠᠭᠠᠨ ᠤ ᠪᠠᠭᠰᠢ ᠶᠢᠨ ᠶᠡᠭᠡ ᠰᠤᠷᠭᠠᠭᠤᠯᠢ ᠶᠢᠨ | ᠥᠬᠢᠳ ᠤᠨ ᠲᠠᠯᠠᠢ ᠳᠤ ᠰᠥᠷ ᠲᠠᠷᠣᠭᠲᠠᠵᠣ᠂ ᠲᠥᠨᠲᠥᠭᠡᠷ ᠠᠷᠠᠨᠰᠢᠨ ᠲᠠᠢ ᠪᠥᠰᠡᠬᠦᠢ ᠶᠢᠨ ᠢᠶᠠᠨ ᠠᠭᠰᠣᠮᠨᠠᠯ ᠳᠤ | ᠲᠣᠯᠣᠭᠠᠢ ᠪᠥᠬᠦ᠋ᠢᠵᠣ᠂ ︽ᠡᠮᠡᠭᠲᠡᠢ ᠶᠢᠨ ᠸᠠᠩᠲᠣ ᠣᠯᠣᠰ︾ ᠭᠡᠮᠡᠭᠲᠡᠭᠦ ᠪᠠᠶᠢᠭᠤᠯᠭ᠎ᠠ ᠳᠤ ᠪᠠᠨ ᠣᠮᠤᠭ ᠪᠣᠯᠠᠭᠲᠠᠵᠠᠢ᠃ | ᠡᠬᠡᠨᠡᠷ ᠨᠢ ᠪᠠᠶᠠᠨ ᠠᠶᠢᠯ ᠤᠨ ᠬᠥᠨᠠ ᠬᠥᠷᠢᠶᠡᠨᠠ ᠥᠰᠴᠣ ᠲᠣᠷᠨᠢᠭᠰᠡᠨ ᠡᠷᠭᠡ ᠲᠠᠢ ᠪᠥᠰᠡᠬᠦᠢ᠃ ᠥᠭᠡᠷᠴᠢᠨ ᠳᠤ | ᠠᠪᠴᠣ ᠬᠡᠯᠡᠪᠡᠯ ᠡᠭᠡᠨᠡᠷ ᠲᠠᠢ ᠪᠠᠨ ᠬᠤᠷᠢᠮᠯᠠᠭᠰᠠᠨ ᠡᠲᠣᠷ ᠪᠣᠯ ᠡᠷᠯᠢᠭ ᠢᠶᠠᠨ ᠣᠯᠣᠭᠰᠠᠨ ᠬᠠᠷᠠᠰᠠᠯᠲᠠᠢ ᠴᠠᠭ ᠮᠥᠴᠠ | ᠮᠥᠨ᠃ ᠡᠭᠡᠨᠡᠷ ᠨᠢ ᠲᠡᠭᠦᠨ ᠤ ᠲᠥᠯᠥᠭᠡ ᠬᠢᠭᠰᠡᠨ ᠭᠠᠭᠴᠠ ᠶᠠᠭᠤᠮ᠎ᠠ ᠭᠡᠪᠡᠯ ᠨᠢᠭᠡ ᠪᠤᠨᠲᠣᠭᠤᠷ ᠴᠠᠭᠠᠨ ᠬᠥᠥ | ᠲᠥᠷᠥᠵᠣ ᠥᠭᠴᠠᠢ᠃ ᠲᠡᠭᠦᠨ ᠤ ᠪᠥᠰᠡᠬᠦᠢ ᠨᠢ ᠬᠤᠭᠤᠯᠠᠨ ᠤ ᠡᠷᠢᠨ ᠪᠣᠯᠴᠢᠬᠠᠭᠰᠠᠨ ᠪᠠᠶᠢᠲᠠᠯ᠎ᠠ ᠨᠠᠷᠠᠨᠬᠤᠸᠠᠷ | ᠢᠲᠡᠵᠣ ᠫᠢᠰ ᠫᠠᠰ ᠲᠣᠣᠭᠠᠷᠭᠠᠵᠣ ᠯᠠᠷᠵᠢᠶᠠᠯᠠᠵᠣ ᠰᠠᠭᠤᠨ᠎ᠠ᠃ ᠠᠲᠠᠭ ᠲᠤ ᠪᠠᠨ ᠠᠶᠠᠭ᠎ᠠ ᠫᠢᠯᠡ ᠴᠦ ᠵᠥᠭᠡᠭᠡᠲᠡᠭ | ᠥᠬᠡᠢ᠃ ᠡᠬᠦᠨ ᠳᠤ ᠲᠠᠷᠡ ᠶᠡᠷᠣ ᠡᠭᠡᠨᠡᠷ ᠲᠤ ᠪᠠᠨ ᠣᠨᠲᠣᠭᠤᠴᠠᠲᠠᠭ ᠥᠬᠡᠢ᠂ ᠣᠴᠢᠷ ᠨᠢ ᠲᠠᠭᠦᠨ ᠰᠢᠭ ᠡᠶᠢᠮᠣ | ᠮᠠᠭᠤᠬᠠᠢ ᠲᠥᠷᠥᠭᠰᠡᠨ ᠬᠥᠮᠥᠨ ᠢ ᠬᠠᠷᠢᠨ ᠭᠤᠯᠣᠯ ᠥᠬᠡᠢ ᠪᠣᠭᠲᠣᠯᠠᠵᠣ ᠣᠷᠣᠭᠯᠠᠭᠰᠠᠨ ᠪᠥᠰᠡᠬᠦᠢ ᠳᠤ ᠪᠠᠨ ᠥᠷᠣ | ᠵᠢᠷᠣᠭᠡᠨ ᠠᠴᠠ ᠪᠠᠨ ᠲᠠᠯᠠᠷᠬᠠᠨ᠎ᠠ᠃ | ᠲᠡᠷᠡ ᠰᠣᠷᠭᠠᠭᠤᠯᠢ ᠳᠤ ᠪᠠᠨ ᠢᠷᠡᠪᠡᠯ ᠠᠯᠪᠠᠨ ᠭᠡᠷ ᠤᠨ ᠢᠶᠠᠨ ᠪᠣᠯᠣᠩ ᠳᠤ ᠬᠢᠯᠦ᠋ᠢᠵᠣ᠂ ᠬᠥᠮᠥᠨ ᠤ | ᠣᠷᠣᠨᠴᠤᠭ ᠰᠢᠭ᠋ ᠬᠥᠲᠡᠯᠥᠯ ᠥᠬᠡᠢ ᠰᠠᠭᠤᠲᠠᠭ ᠲᠡᠭᠦᠨ ᠳᠤ ᠪᠣᠰᠣᠳ ᠤᠨ ᠶᠡᠷᠢᠶ᠎ᠡ ᠴᠢᠬᠢᠨ ᠨᠠᠮᠠᠭᠠᠨ ᠳᠤ ᠨᠢ ᠴᠦ | ᠨᠠᠭᠠᠯᠲᠣᠬᠤ ᠥᠭᠡᠢ᠃ ᠲᠠᠷᠠ ᠰᠣᠷᠣᠭᠴᠢ ᠳᠤ ᠪᠠᠨ ᠣᠯᠠᠨ ᠣᠯᠠᠨ ᠲᠠᠰᠬᠠᠯ ᠥᠯᠡᠲᠡᠭᠡᠨᠠ᠂ ᠬᠢᠴᠢᠶᠠᠯ ᠪᠡᠯᠡᠳᠭᠡᠬᠦ᠂ | ᠲᠠᠰᠬᠠᠯ ᠬᠢᠨᠠᠭᠠᠳ ᠯᠡ ᠪᠥᠰᠡᠬᠦ᠋ᠢᠴᠣᠳ ᠤᠨ ᠮᠠᠷᠵᠠᠩ ᠶᠠᠷᠢᠶᠠᠨ ᠠᠴᠠ ᠵᠠᠶᠢᠯᠠᠨ᠎ᠠ᠃ | ᠨᠠᠶᠢᠵᠢ ᠨᠥᠭᠦᠳ ᠨᠢ ᠲᠡᠭᠦᠨ ᠢ ᠡᠮᠡᠭᠲᠡᠶᠢᠴᠣᠳ ᠤᠨ ᠲᠣᠮᠲᠠ ᠪᠠᠨ ᠣᠷᠬᠤᠲᠠᠢ ᠪᠣᠯᠴᠢᠬᠠᠵᠠᠢ ᠭᠡᠵᠣ᠂ | ᠬᠤᠩᠰᠢᠶᠠᠷ ᠣᠷᠣᠯᠲᠣᠲᠠᠭ ᠨᠢᠭᠡ ᠨᠢ ᠰᠥᠷᠥᠭ ᠭᠡᠭᠦᠤ ᠶᠢᠨ ᠭᠠᠭᠴᠠ ᠠᠵᠢᠷᠭ᠎ᠠ ᠰᠠᠨᠠᠭᠠᠨ ᠲᠠᠪᠠ ᠪᠠᠷ ᠰᠡᠩᠭᠡᠯᠵᠡᠨᠠ | ᠭᠡᠵᠣ ᠥᠬᠦᠯᠡᠨᠠ᠃ ᠡᠶᠢᠮᠣᠷᠭᠦᠥ ᠥᠷᠭᠡᠰᠣ ᠵᠠᠩᠭᠤᠣ ᠮᠡᠲᠣ ᠣᠯᠬᠢᠶᠡ ᠥᠭᠡ ᠨᠢ ᠲᠣᠭᠤᠯᠣᠭᠰᠠᠭᠠᠷ ᠯᠡ ᠬᠠᠯᠵᠠᠨ | ᠲᠣᠯᠣᠭᠠᠶᠢᠲᠣ ᠳᠤ ᠪᠠᠨ ᠭᠤᠮᠣᠲᠠᠨᠠ᠂ ᠬᠠᠯᠵᠠᠨ ᠮᠠᠨᠢ ᠵᠠᠯᠢ ᠳᠤ ᠪᠠᠨ ᠥᠰᠣ ᠨᠢ ᠬᠠᠯᠴᠠᠭᠠᠶᠢᠷᠠᠴᠢᠬᠠᠵᠠᠢ᠂ ᠶᠠᠪᠣᠨ | ᠶᠠᠪᠣᠲᠠᠯᠠ ᠣᠲᠠᠰᠣᠨ ᠲᠠᠲᠣᠢ ᠰᠣᠷᠠᠭ ᠵᠠᠲᠠᠷᠠᠭᠤᠯᠣᠭᠰᠠᠨ ᠥᠬᠡᠢ ᠯᠠᠢ ᠶᠢᠨ ᠲᠣᠭᠤᠣᠷ ᠣᠰᠣ ᠬᠥᠶᠥᠯᠭᠡᠲᠡᠭ ᠡᠷ᠎ᠡ᠃ | ᠬᠤᠶᠠᠷ ᠵᠢᠯ ᠤᠨ ᠡᠮᠣᠨ᠎ᠠ ᠲᠡᠷᠡ ᠥᠪᠡᠷ ᠤᠨ ᠠᠵᠢᠯ ᠳᠤ ᠪᠠᠨ ᠶᠡᠭᠡ ᠣᠷᠮ᠎ᠠ ᠲᠠᠢ ᠪᠠᠶᠢᠵᠣ᠂ ᠬᠠᠶᠠ ᠪᠠᠰᠠ ᠰᠠᠶᠢᠨ | ᠨᠠᠶᠢᠵᠢ ᠬᠠᠯᠵᠠᠨ ᠲᠣᠯᠣᠭᠠᠶᠢᠲᠣ ᠪᠠᠨ ᠣᠷᠢᠵᠣ ᠬᠤᠶᠠᠷ ᠯᠠᠩ ᠣᠣᠭᠤᠴᠢᠬᠠᠨᠠ᠃ ᠭᠡᠪᠡᠴᠣ ᠬᠠᠯᠵᠠᠨ ᠲᠣᠯᠣᠭᠠᠶᠢᠲᠣ | ᠭᠡᠭᠴᠢ ᠣᠷᠠᠨ ᠰᠢᠪᠠᠭᠤᠬᠠᠢ ᠶᠢᠨ ᠡᠭᠦᠷ᠂ ᠣᠬᠠᠭᠠᠨ ᠰᠠᠨᠠᠭᠠᠨ ᠤ ᠣᠭᠤᠲᠠ ᠭᠡᠪᠡᠯ ᠲᠠᠭᠠᠷᠠᠨ᠎ᠠ᠃ ᠰᠡᠪ ᠰᠡᠮᠡᠭᠡᠷ ᠢᠶᠠᠨ | ᠬᠤᠰᠢᠭᠤᠨ ᠤ ᠰᠣᠷᠭᠠᠨ ᠬᠥᠮᠥᠵᠢᠯ ᠤᠨ ᠲᠣᠪᠴᠢᠶᠠᠨ ᠳᠤ ᠠᠵᠢᠯ ᠰᠢᠯᠵᠢᠵᠠᠢ᠃ ᠥᠭᠡᠷᠴᠢᠨ ᠠᠴᠠ ᠬᠠᠯᠵᠠᠨ | ᠲᠣᠯᠣᠭᠠᠶᠢᠲᠣ ᠶᠢᠨ ᠰᠣᠷᠭᠠᠨ ᠬᠥᠮᠥᠵᠢᠯ ᠤᠨ ᠲᠣᠪᠴᠢᠶᠠᠨ ᠳᠤ ᠰᠢᠯᠵᠢᠭᠰᠡᠨ ᠤ ᠲᠠᠷᠦ᠋ᠢᠬᠠᠨ ᠲᠡᠭᠦᠨ ᠢ ᠡᠷᠢᠵᠣ | ᠠᠭᠤᠯᠵᠠᠭᠠᠳ᠄ | — — ᠬᠠᠯᠵᠠᠨ ᠡ᠂ ᠲᠠ ᠬᠠᠮᠢᠭ᠎ᠠ ᠭᠡᠳ ᠶᠠᠪᠣᠯᠭᠠᠨ ᠥᠬᠡᠢ᠂ ᠪᠢᠲᠠ ᠬᠤᠶᠠᠭᠤᠯᠠ ᠨᠢᠭᠡ | ᠪᠠᠶᠢᠭᠤᠯᠭ᠎ᠠ ᠳᠤ ᠬᠠᠨᠢ ᠲᠠᠢ ᠪᠢᠰᠢᠣ ᠭᠡᠬᠦ ᠳᠤ ᠬᠠᠯᠵᠠᠨ ᠲᠣᠯᠣᠭᠠᠶᠢᠲᠣ ᠨᠢ ᠬᠠᠲᠠᠭᠠᠨᠠᠲᠠᠯᠠ ᠢᠨᠢᠶᠡᠭᠡᠳ᠄ | — — ᠨᠢᠭᠡ ᠰᠥᠷᠥᠭ ᠲᠤ ᠬᠤᠶᠠᠷ ᠪᠣᠬ᠎ᠠ ᠪᠠᠶᠢᠵᠣ ᠪᠣᠯᠬᠤ ᠥᠬᠡᠢ᠂ ᠪᠢ ᠴᠢᠮ᠎ᠠ ᠲᠠᠢ | ᠰᠥᠷᠥᠭ ᠤᠨ ᠲᠥᠷᠥᠬᠦᠥ ᠶᠢ ᠪᠣᠯᠢᠶᠠᠯᠲᠣᠭᠠᠳ ᠲᠠᠶᠢᠯᠬᠦ ᠶᠠᠭᠤᠮ᠎ᠠ ᠪᠢᠰᠢ ᠭᠡᠳ ᠬᠢᠳ ᠬᠢᠳ ᠢᠨᠢᠶᠡᠪᠡ᠃ | ᠲᠡᠭᠦᠨ ᠠᠴᠠ ᠡᠭᠢᠯᠡᠭᠡᠳ ᠥᠭᠡᠷᠴᠢᠨ ᠬᠠᠯᠵᠠᠨ ᠲᠣᠯᠣᠭᠠᠶᠢᠲᠣ ᠳᠤ ᠪᠠᠨ ᠥᠬᠦᠨ ᠭᠤᠮᠣᠲᠠᠵᠣ᠂ ᠭᠠᠭᠴᠠᠭᠠᠷᠲᠠᠯ ᠤᠨ | ᠲᠠᠯᠠᠢ ᠳᠤ ᠭᠠᠩᠰᠠᠷᠠᠵᠣ ᠵᠢᠪᠪᠣᠯᠠ᠃ | ᠥᠭᠡᠷᠴᠢᠨ ᠪᠠᠭᠰᠢ ᠥᠪᠡᠷ ᠢ ᠪᠠᠨ ᠰᠡᠳᠬᠢᠴᠡ ᠶᠢᠨ ᠡᠪᠡᠳᠴᠢᠨ ᠲᠠᠢ ᠪᠣᠯᠴᠢᠬᠠᠵᠠᠢ ᠭᠡᠰᠡᠨ ᠢ ᠰᠣᠨᠣᠰᠣᠭᠠᠳ | ᠢᠲᠡᠭᠡᠵᠣ ᠶᠠᠲᠠᠨᠠ᠃ ᠲᠠᠷᠠ ᠰᠥᠨᠠᠰᠣ ᠪᠠᠨ ᠭᠡᠭᠡᠭᠰᠡᠨ ᠬᠥᠮᠥᠨ ᠰᠢᠭ ᠰᠥᠷ ᠰᠥᠯᠲᠠ ᠮᠠᠭᠤᠲᠠᠢ ᠠᠵᠢᠯᠯᠠᠨ᠎ᠠ᠃ | ᠲᠥᠯᠬᠢᠬᠦᠷ ᠢᠶᠠᠨ ᠠᠳᠬᠤᠵᠣ ᠪᠠᠶᠢᠭᠠᠳ ᠲᠥᠯᠬᠢᠬᠦᠷ ᠢᠶᠠᠨ ᠡᠷᠢᠨ᠎ᠠ᠂ ᠬᠠᠮᠤᠭ ᠢᠨᠢᠶᠡᠲᠣᠮᠲᠠᠢ ᠨᠢ ᠬᠢᠴᠢᠶᠡᠯ ᠡᠭᠢᠯᠡᠬᠦ | ᠥᠶ᠎ᠡ ᠳᠤ ᠰᠣᠷᠣᠭᠴᠢᠳ ᠨᠢ ᠲᠡᠭᠦᠨ ᠳᠤ ᠪᠣᠰᠴᠣ ᠵᠣᠭᠰᠣᠭᠠᠳ ᠮᠡᠨᠲᠣᠴᠢᠯᠡᠭᠰᠡᠨ ᠪᠠᠶᠢᠳᠠᠯ᠎ᠠ ᠪᠠᠨ ᠬᠠᠷᠢᠨ ᠭᠡᠲᠣᠨ | ᠮᠢᠨᠦ᠋ᠲ ᠤᠨ ᠲᠠᠷᠠᠭ᠎ᠠ ᠲᠠᠬᠢᠨ ᠬᠢᠴᠢᠶᠡᠯ ᠣᠷᠣᠬᠤ ᠲᠣᠬᠢᠶ᠎ᠡ ᠥᠭᠴᠣ ᠰᠣᠷᠣᠭᠴᠢᠳ ᠢᠶᠠᠨ ᠵᠣᠭᠰᠣᠭᠠᠭᠰᠠᠨ ᠶᠠᠪᠣᠲᠠᠯ | ᠭᠠᠷᠴᠠᠢ᠃ ᠲᠡᠭᠡᠷ᠎ᠡ ᠭᠠᠷᠠᠭ ᠤᠨ ᠬᠤᠶᠠᠷ ᠤᠨ ᠥᠲᠡ ᠶᠢᠨ ᠬᠤᠭᠤᠯᠠᠨ ᠰᠢᠷᠡᠭᠡᠨ ᠲᠡᠭᠡᠷ᠎ᠡ ᠥᠭᠡᠷᠴᠢᠨ ᠪᠠᠭᠰᠢ | ᠰᠣᠷᠭᠠᠭᠤᠯᠢ ᠶᠢᠨ ᠢᠶᠠᠨ ᠰᠡᠳᠬᠢᠴᠠ ᠵᠥᠪᠲᠠᠯ ᠤᠨ ᠥᠷᠡᠯᠡ ᠪᠠᠭᠰᠢ ᠳᠤ ᠥᠪᠡᠷ ᠤᠨ ᠢᠯᠡᠷᠡᠯ ᠢᠶᠠᠨ ᠬᠡᠯᠡᠭᠰᠡᠨ ᠳᠤ᠂ | ᠬᠤᠭᠤᠯᠠᠨ ᠤ ᠲᠠᠷᠠᠭ᠎ᠠ ᠥᠷᠡᠯᠡ ᠪᠠᠭᠰᠢ ᠰᠡᠳᠬᠢᠴᠠ ᠵᠥᠪᠲᠠᠯ ᠤᠨ ᠲᠠᠰᠤᠭ ᠲᠤ ᠪᠠᠨ ᠲᠡᠭᠦᠨ ᠢ ᠲᠠᠭᠤᠲᠠᠯ᠎ᠠ᠃ | ᠲᠠᠰᠤᠭ ᠲᠤ ᠭᠤᠷᠪᠠᠨ ᠡᠮᠡᠭᠲᠡᠢ ᠪᠠᠭᠰᠢ ᠠᠯᠪᠠᠨ ᠰᠢᠷᠡᠭᠡᠨ ᠲᠡᠭᠡᠷ᠎ᠡ ᠪᠠᠨ ᠨᠠᠮᠪᠠᠭᠠᠲᠠᠢ ᠰᠠᠭᠤᠵᠠᠭᠠᠨ᠎ᠠ᠃ ᠥᠷᠡᠯᠡ | ᠪᠠᠭᠰᠢ ᠲᠡᠭᠦᠨ ᠢᠶᠠᠷ ᠭᠠᠷ ᠣᠲᠠᠰᠣᠨ ᠲᠡᠭᠡᠷ᠎ᠡ ᠲᠥᠷᠰᠣ ᠰᠣᠨᠢᠷᠬᠠᠭᠤᠯᠵᠣ᠂ ᠡᠯᠡᠰᠣᠨ ᠴᠠᠷᠡ ᠳᠤ ᠰᠢᠲᠡᠷ᠎ᠡ | ᠨᠠᠭᠠᠲᠣᠭᠤᠯᠵᠣ᠂ ᠥᠪᠡᠷ ᠲᠠᠢ ᠨᠢ ᠵᠣᠭᠤᠭᠲᠠᠭᠰᠠᠨ ᠤ ᠳ᠋ᠥᠩ ᠳᠤ ᠠᠯᠪᠠᠷᠠᠬᠤ ᠭᠡᠮ ᠰᠠᠭᠤᠭᠰᠠᠨ ᠮᠥᠷᠲᠡᠭᠡᠨ | ᠨᠠᠯᠢᠶᠠᠳ ᠬᠥᠨᠲᠣ ᠭᠡᠮᠡᠨ ᠣᠨᠣᠰᠢᠯᠠᠯᠠ᠃ ᠭᠤᠷᠪᠠᠨ ᠡᠮᠡᠭᠲᠡᠢ ᠰᠠᠳᠬᠢᠴᠠ ᠵᠥᠪᠲᠡᠯ ᠤᠨ ᠪᠠᠭᠰᠢ ᠲᠠᠭᠦᠨ ᠢ ᠬᠤᠷᠠᠭ᠎ᠠ | ᠴᠢᠮᠬᠢᠬᠦ ᠰᠢᠭ ᠬᠥᠪ ᠭᠥᠩᠭᠡᠭᠡᠨ ᠪᠣᠬᠢᠨᠢᠲᠣᠯ ᠲᠠᠶᠢᠯᠬᠤ ᠲᠠᠰᠤᠭ ᠤᠨ ᠢᠯᠢᠨ ᠵᠠᠰᠠᠬᠤ ᠣᠷᠣ ᠲᠡᠭᠡᠷ᠎ᠡ ᠪᠠᠨ | ᠭᠡᠪᠲᠡᠭᠦᠯᠥᠯᠠ᠃ ᠶᠠᠭᠤᠮ᠎ᠠ ᠬᠤᠪᠣᠷ ᠲᠤ ᠪᠠᠨ ᠡᠷᠭᠢᠮᠰᠥᠭ᠂ ᠭᠠᠭᠴᠠ ᠡᠷᠡᠭᠲᠡᠢ ᠪᠠᠭᠰᠢ ᠶᠢ ᠪᠠᠨ ᠪᠣᠣ ᠯᠡ | ᠥᠬᠦᠭᠦᠯᠴᠢᠭᠡᠶᠡ ᠭᠡᠵᠣ ᠪᠣᠲᠣᠵᠣ ᠪᠠᠶᠢᠭ᠎ᠠ ᠨᠢ ᠥᠷᠡᠯᠡ ᠪᠠᠭᠰᠢ ᠶᠢᠨ ᠴᠢᠷᠠᠢ ᠳᠤ ᠪᠢᠴᠢᠭᠡᠰᠣᠲᠠᠢ᠃ ᠥᠷᠡᠯᠡ ᠪᠠᠭᠰᠢ᠂ | ᠨᠠ᠊ ᠪᠠᠭᠰᠢ ᠲᠡᠭᠦᠨ ᠤ ᠬᠤᠶᠡᠷ ᠭᠠᠷ ᠢ ᠨᠢ ᠲᠠᠯᠠᠵᠣ ᠥᠶ᠎ᠡ ᠭᠡᠰᠢᠬᠦᠥ ᠶᠢ ᠨᠢ ᠢᠯᠢᠨ ᠨᠣᠬᠤᠯᠠᠵᠣ᠂ ᠰᠠ᠊ ᠪᠠᠭᠰᠢ | ᠬᠠᠷᠢᠨ ᠬᠤᠷᠴᠢᠨ ᠠᠷᠠᠳ ᠤᠨ ᠲᠠᠭᠤᠣ ᠲᠠᠭᠤᠯᠠᠬᠰᠠᠨ ᠠᠴᠠ ᠲᠣᠲᠣᠷ ᠨᠢ ᠭᠡᠷᠡᠯᠲᠥᠴᠢᠭᠡᠯᠠ᠃ ᠥᠨᠡᠨ ᠳᠤ ᠪᠠᠨ | ᠥᠷᠡᠯᠡ ᠪᠠᠭᠰᠢ᠂ ᠥᠭᠡᠷᠴᠢᠨ ᠢ ᠠᠩᠬᠠᠷᠣᠨ ᠬᠠᠯᠠᠮᠵᠢᠯᠠᠬᠤ ᠪᠣᠯᠣᠭᠰᠠᠨ ᠨᠢ ᠬᠠᠯᠵᠠᠨ ᠲᠣᠯᠣᠭᠠᠶᠢᠲᠣ ᠶᠢᠨ ᠠᠵᠢᠯ | ᠰᠢᠯᠵᠢᠭᠰᠡᠨ ᠲᠠᠢ ᠬᠠᠮᠢᠶ᠎ᠡ ᠥᠬᠡᠢ ᠶᠣᠮ᠃ ᠨᠠᠯᠠᠭᠠᠷᠬᠠᠨ ᠬᠠᠪᠣᠷ ᠤᠨ ᠡᠲᠣᠷ᠂ ᠬᠠᠶᠢᠯᠠᠰᠣᠲᠠᠢ ᠰᠣᠷᠭᠠᠭᠤᠯᠢ ᠶᠢᠨ ᠬᠢᠨ | ᠵᠢᠯ ᠪᠥᠷᠢ ᠶᠢᠨ ᠨᠢᠭᠡ ᠣᠲᠠᠭᠠᠨ ᠤ ᠬᠥᠨᠲᠣ ᠬᠥᠩᠭᠡᠨ ᠪᠡᠶ᠎ᠡ ᠲᠠᠮᠢᠷ ᠤᠨ ᠣᠷᠣᠯᠲᠣᠭᠠᠨ ᠢᠶᠠᠨ ᠡᠷᠭᠢᠯᠡᠪᠡ᠃ | ᠡᠬᠢᠯᠡᠯᠲᠡ ᠶᠢᠨ ᠶᠣᠰᠣᠯᠠᠯ ᠲᠠᠭᠤᠰᠴᠣ᠂ ᠵᠠᠭᠤᠨ ᠮᠧᠲᠷ ᠤᠨ ᠣᠷᠣᠯᠲᠣᠭᠠᠨ ᠡᠭᠢᠯᠠᠯ᠎ᠠ᠃ ᠣᠣᠯ ᠨᠢ ᠡᠬᠢᠯᠡᠯᠲᠡ ᠶᠢᠨ | ᠴᠡᠭ ᠤᠨ ᠫᠣᠣ ᠶᠢ ᠥᠭᠡᠷᠴᠢᠨ ᠪᠠᠭᠰᠢ ᠲᠠᠯᠪᠢᠲᠠᠭ᠃ ᠥᠨᠣ ᠵᠢᠯ ᠪᠠᠭᠰᠢ ᠮᠢᠨᠢ ᠬᠢᠮᠥᠷᠠᠭᠠ ᠳᠤ ᠨᠠᠷᠪᠡᠭᠲᠡᠵᠣ | ᠣᠷᠣᠯᠲᠣᠭᠠᠨ ᠳᠤ ᠢᠷᠡᠭᠰᠡᠨ ᠥᠬᠡᠢ᠃ ᠥᠭᠡᠷᠴᠢᠨ ᠢ ᠣᠷᠣᠯᠠᠵᠣ ᠫᠣᠣ ᠲᠠᠯᠪᠢᠭᠰᠠᠨ ᠬᠢᠨᠠᠭᠴᠢ ᠪᠣᠯ ᠰᠡᠳᠬᠢᠴᠠ | ᠵᠥᠪᠲᠠᠯ ᠤᠨ ᠲᠠᠰᠤᠭ ᠤᠨ ᠥᠷᠡᠯᠡ ᠪᠠᠭᠰᠢ ᠶᠣᠮ᠃ ᠵᠠᠭᠤᠨ ᠮᠧᠲᠷ ᠤᠨ ᠡᠭᠢᠯᠡᠯᠲᠡ ᠶᠢᠨ ᠴᠡᠭ ᠲᠤ ᠲᠣᠭᠤᠰᠣ | ᠪᠣᠵᠢᠬᠢᠨᠠᠵᠣ᠂ ᠵᠠᠯᠠᠭᠤ ᠲᠠᠮᠢᠷᠴᠢᠳ ᠣᠶᠠᠭ᠎ᠠ ᠪᠠᠨ ᠲᠣᠭᠤᠷᠢᠨ ᠲᠡᠪᠭᠡᠴᠡᠭᠦ ᠰᠦᠢᠭᠠᠳ ᠣᠲᠠᠭᠰᠠᠨ ᠮᠣᠷᠢᠳ ᠰᠢᠭ᠋ | ᠥᠰᠣᠷᠴᠣ ᠬᠠᠷᠠᠶᠢᠨ᠎ᠠ᠃ ᠥᠵᠡᠭᠴᠢᠳ ᠣᠷᠣᠯᠲᠣᠬᠤ ᠶᠢ ᠬᠥᠯᠢᠶᠡᠭᠰᠡᠭᠡᠷ᠂ ᠥᠷᠡᠯᠡ ᠪᠠᠭᠰᠢ ᠶᠢᠨ ᠫᠣᠣ ᠲᠠᠭ | ᠲᠣᠭᠤᠢ᠃ ᠲᠣᠭᠢᠶᠠᠨ ᠫᠣᠣ ᠴᠦ ᠭᠠᠷ ᠢᠯᠭᠠᠲᠠᠭ ᠪᠠᠶᠢᠵᠣ ᠳ᠋ᠠ᠃ ᠬᠥᠮᠥᠰ ᠪᠥᠷ ᠵᠢᠲᠠᠨ ᠥᠵᠥᠬᠦᠷ ᠢᠶᠠᠨ ᠥᠷᠡᠯᠡ | ᠪᠠᠭᠰᠢ ᠳᠤ ᠬᠠᠨᠲᠣᠭᠤᠯᠵᠣ᠂ ︽ᠴᠢᠲᠠᠬᠤ ᠥᠬᠡᠢ ᠪᠣᠯ ᠪᠠᠶᠢᠴᠢᠬ᠎ᠠ︾ ᠭᠡᠵᠣ ᠴᠢᠷᠠᠶᠢᠯᠠᠨ ᠬᠠᠰᠬᠢᠷᠴᠣ ᠣᠶᠢᠮᠠᠯᠲᠣᠵᠣ | ᠡᠭᠢᠯᠡᠪᠡ᠃ ᠬᠠᠰᠬᠢᠷᠬᠤ ᠲᠠᠭᠤᠨ ᠳᠤ ᠥᠷᠡᠯᠡ ᠪᠠᠭᠰᠢ ᠣᠯᠠᠮ ᠪᠠᠴᠢᠮᠲᠠᠨ ᠰᠠᠡᠲᠣᠷᠴᠣ ︽ᠪᠢ ᠡᠨᠡ ᠠᠵᠢᠯ ᠢ ᠴᠢᠨᠢ | ᠬᠢᠪᠠᠯ ᠶᠠᠭᠠᠬᠢᠨ᠎ᠠ᠂ ᠬᠢᠬᠦ ᠥᠬᠡᠢ ᠪᠣᠯ ᠶᠠᠭᠠᠬᠢᠨ᠎ᠠ︾ ᠭᠡᠵᠣ ᠠᠭᠠᠰᠢᠯᠠᠵᠣ ᠫᠣᠣ ᠪᠠᠨ ᠭᠠᠵᠠᠷ ᠪᠠᠯᠪᠠᠵᠣ ᠭᠠᠲᠠᠭᠰᠢ ᠪᠠᠨ | ᠬᠥᠶᠥᠴᠢᠭᠡᠪᠡ᠃ ᠮᠣᠬᠤᠷᠲᠠᠯ ᠲᠣᠯᠭᠠᠮᠲᠠᠯ ᠳᠤ ᠭᠡᠲᠡᠷᠭᠦ ᠬᠠᠷᠢᠨ ᠵᠠᠮ ᠰᠠᠷᠠᠭᠤᠯᠵᠢᠵᠣ ᠠᠷᠭ᠎ᠠ ᠣᠯᠲᠠᠨᠠ᠃ ᠠᠯᠠᠭ᠎ᠠ | ᠲᠠᠰᠢᠯᠲᠠ ᠨᠢᠵᠢᠬᠢᠨᠡᠪᠡ᠃ ᠲᠠᠮᠢᠷ ᠤᠨ ᠲᠠᠯᠠᠪᠣᠷ ᠲᠤ ᠥᠭᠡᠷᠴᠢᠨ ᠪᠠᠭᠰᠢ ᠭᠤᠷᠣᠯᠵᠡᠨ ᠮᠣᠰᠬᠢᠯᠵᠡᠨ ᠣᠷᠣᠵᠣ ᠢᠷᠡᠯ᠎ᠠ | ᠃ ᠡᠭᠢᠯᠡᠯᠲᠡ ᠶᠢᠨ ᠫᠣᠣ ᠬᠤᠵᠢᠮᠲᠠᠭᠰᠠᠨ ᠴᠦ ︽ᠲᠠᠰ ᠨᠢᠰ︾ ᠭᠡᠵᠣ ᠰᠠᠶᠢᠬᠠᠨ ᠲᠣᠣᠭᠠᠷᠪᠠ᠃ ᠵᠠᠯᠠᠭᠤ ᠲᠠᠮᠢᠷᠴᠢᠳ | ᠡᠴᠣᠰ ᠤᠨ ᠴᠡᠭ ᠢ ᠣᠣᠬᠠᠶᠢᠯᠠᠨ ᠰᠢᠪᠲᠣᠯᠣᠨᠠ᠃ ᠣᠷᠣᠯᠲᠣᠭᠠᠨ ᠤ ᠲᠠᠷᠠᠭ᠎ᠠ ᠥᠭᠡᠷᠴᠢᠨ ᠠᠴᠠ ᠥᠷᠡᠯᠡ ᠪᠠᠭᠰᠢ ᠶᠢ | ᠡᠷᠢᠵᠣ᠂ ᠲᠣᠭᠢᠶᠠᠨ ᠫᠣᠣ ᠶᠢ ᠢᠩᠬᠢᠵᠣ ᠴᠢᠩᠬᠢᠵᠣ ᠵᠠᠷᠣᠲᠠᠭ᠂ ︽ᠲᠠ ᠪᠡᠶ᠎ᠡ ᠪᠠᠨ ᠵᠤᠪᠠᠭ᠋ᠤ ᠬᠡᠷᠡᠭ ᠦᠭᠡᠢ᠂ | ᠣᠴᠠᠷᠠᠭ᠎ᠠ ᠥᠬᠡᠢ ᠨᠣᠶᠠᠨ ᠪᠠᠷᠰ᠂ ᠶᠠᠪᠣᠭ᠎ᠠ ᠥᠬᠡᠢ ᠵᠠᠮ ᠲᠠᠮᠣ︾ ᠭᠡᠵᠣ ᠲᠠᠶᠢᠳᠬᠤᠷᠠᠭᠤᠯᠵᠠᠢ᠃ ᠬᠥᠮᠥᠨ ᠭᠡᠰᠡᠨ | ᠴᠢᠨᠢ ᠠᠮᠠᠷᠬᠠᠨ ᠭᠡᠪᠡᠯ ᠲᠣᠩ ᠠᠮᠠᠷᠬᠠᠨ᠂ ᠲᠥᠭᠦᠮ ᠭᠡᠲᠥᠭᠡᠨ ᠥᠭᠡᠨ ᠳᠤ ᠰᠡᠳᠬᠢᠯ ᠣᠶᠠᠷᠠᠴᠢᠬᠠᠲᠠᠭ᠃ | ᠲᠠᠷᠠ ᠣᠣᠯ ᠨᠢ ᠪᠠᠭᠰᠢ ᠶᠢᠨ ᠠᠵᠢᠯ ᠳᠤ ᠲᠣᠩ ᠬᠠᠶᠢᠷᠠᠲᠠᠢ᠃ ᠭᠡᠪᠡᠴᠣ ᠬᠠᠯᠵᠠᠨ ᠲᠣᠯᠣᠭᠠᠶᠢᠲᠣ ᠠᠵᠢᠯ | ᠰᠢᠯᠵᠢᠭᠰᠡᠨ ᠠᠴᠠ ᠲᠠᠷᠠ ᠪᠠᠰᠠ ᠰᠣᠷᠭᠠᠭᠤᠯᠢ ᠳᠤ ᠪᠠᠨ ᠰᠠᠭᠤᠬᠤ ᠰᠠᠨᠠᠭ᠎ᠠ ᠥᠬᠡᠢ ᠪᠣᠯᠵᠠᠢ᠃ ᠥᠭᠡᠷᠴᠢᠨ ᠪᠠᠭᠰᠢ | ᠠᠵᠢᠯ ᠢᠶᠠᠨ ᠰᠣᠯᠢᠬᠤ ᠭᠡᠳ ᠭᠡᠲᠣ ᠣᠲᠠᠭ᠎ᠠ ᠣᠷᠣᠯᠲᠣᠵᠣ ᠥᠵᠡᠭᠰᠡᠨ ᠪᠣᠯᠪᠠᠴᠣ ᠭᠡᠷᠢᠶ᠎ᠡ ᠭᠠᠯᠠᠭᠤ ᠶᠢ ᠲᠠᠭᠤᠷᠢᠶᠠᠵᠣ | ᠣᠰᠣᠨ ᠳᠤ ᠣᠨᠠᠭᠰᠠᠨ ᠭᠡᠷᠡᠭ ᠪᠣᠯᠵᠠᠢ᠃ ᠨᠡᠩ ᠴᠦ ︽ᠲᠠᠨ ᠤ ᠣᠷᠭᠤᠵᠣ ᠲᠥᠷᠥᠭᠰᠡᠨ ᠴᠢᠨᠢ ᠪᠠᠶᠢᠭᠤᠯᠭ᠎ᠠ ᠶᠢᠨ | ᠲᠥᠷᠭᠦ ᠶᠢ ᠪᠠᠯᠠᠷᠠᠭᠤᠯᠵᠣ ᠣᠷᠭᠢᠨ᠎ᠠ︾ ᠭᠡᠰᠡᠨ ᠣᠬᠤᠷ ᠴᠢᠮᠡᠭᠡ ᠶᠢ ᠲᠣᠰᠣᠭᠠᠳ ᠵᠢᠷᠣᠭᠡ ᠨᠢ ᠨᠢᠭᠡᠮᠥᠰᠣᠨ | ᠰᠢᠮᠰᠢᠷᠡᠵᠣ ᠠᠵᠢᠯ ᠢᠶᠠᠨ ᠰᠣᠯᠢᠬᠤ ᠪᠣᠲᠣᠯ ᠢᠶᠠᠨ ᠬᠤᠷᠢᠶᠠᠵᠠᠢ᠃ ᠣᠲᠠᠭ᠎ᠠ ᠪᠣᠯᠭᠠᠨ ᠤ ᠪᠠᠭᠰᠢ ᠡᠯᠰᠡᠭᠦ | ᠰᠢᠯᠭᠠᠯᠲᠠ ᠳᠤ ᠲᠠᠷᠠ ᠡᠷᠡᠭᠲᠡᠢ ᠪᠠᠭᠰᠢ ᠰᠢᠯᠭᠠᠭᠲᠠᠨ ᠢᠷᠡᠭᠦ ᠶᠢ ᠮᠠᠰᠢ ᠬᠥᠰᠡᠲᠡᠭ ᠶᠣᠮ᠃ | ᠲᠡᠭᠦᠨ ᠤ ᠬᠠᠮᠲᠣ ᠰᠣᠷᠣᠯᠭᠠᠲᠠᠨ ᠴᠣᠭᠵᠢᠯ ᠨᠢ ᠬᠤᠰᠢᠭᠤᠨ ᠤ ᠵᠠᠮ ᠬᠠᠷᠢᠯᠴᠠᠭᠠᠨ ᠤ ᠲᠣᠪᠴᠢᠶᠠᠨ ᠳᠤ | ᠠᠵᠢᠯᠯᠠᠲᠠᠭ ᠶᠣᠮ᠃ | ᠲᠡᠭᠡᠷ᠎ᠡ ᠭᠠᠷᠠᠭ ᠤᠨ ᠵᠢᠷᠭᠤᠭᠠᠨ ᠤ ᠣᠷᠥᠢ ᠶᠢᠨ ᠨᠠᠶᠢᠷ ᠲᠤ ᠪᠠᠨ ᠥᠭᠡᠷᠴᠢᠨ ᠢ ᠣᠷᠢᠯᠠ᠃ | ᠥᠲᠡᠰᠢᠯᠡᠭᠡ ᠳᠤ ᠲᠠᠷᠠ ᠬᠤᠶᠠᠷ ᠠᠴᠠ ᠪᠣᠰᠣᠳ ᠪᠠᠰᠠ ᠰᠣᠷᠭᠠᠨ ᠬᠥᠮᠥᠵᠢᠯ ᠤᠨ ᠲᠣᠪᠴᠢᠶᠠᠨ ᠤ ᠬᠠᠯᠵᠠᠨ | ᠲᠣᠯᠣᠭᠠᠶᠢᠲᠣ᠂ ᠲᠣᠲᠣᠭᠠᠲᠣ ᠶᠢ ᠬᠠᠮᠠᠭᠠᠯᠠᠬᠤ ᠲᠣᠪᠴᠢᠶᠠᠨ ᠤ ᠠᠯᠲᠠ᠂ ᠴᠢᠯᠠᠭᠤᠨ ᠲᠣᠰᠣᠨ ᠤ ᠺᠣᠮᠫᠠᠨᠢ ᠶᠢᠨ | ᠠᠭᠤᠯᠠ ᠨᠡᠷ ᠪᠠᠶᠢᠯᠴᠠᠪᠠ᠃ | ᠮᠣᠩᠭᠤᠯᠴᠣᠳ ᠤᠨ ᠨᠠᠶᠢᠷ ᠲᠤ ᠠᠷᠢᠬᠢ ᠮᠢᠬ᠎ᠠ ᠲᠣᠲᠠᠲᠠᠭ ᠥᠬᠡᠢ᠃ ᠭᠤᠣᠯ ᠰᠠᠭᠤᠲᠠᠯ ᠳᠤ | ᠲᠣᠲᠣᠭᠠᠲᠣ ᠶᠢ ᠬᠠᠮᠠᠭᠠᠯᠠᠬᠤ ᠲᠣᠪᠴᠢᠶᠠᠨ ᠤ ᠠᠯᠲᠠ ᠰᠠᠭᠠᠲᠠᠵᠣ ᠲᠡᠭᠦᠨ ᠢ ᠬᠤᠶᠠᠷ ᠭᠠᠷᠯᠠᠨ ᠴᠣᠭᠵᠢᠯ᠂ ᠠᠭᠤᠯᠠ᠂ | ᠬᠠᠯᠵᠠᠨ ᠲᠣᠯᠣᠭᠠᠶᠢᠲᠣ ᠰᠠᠭᠤᠪᠠ᠃ ᠥᠭᠡᠷᠴᠢᠨ ᠪᠠᠭᠰᠢ ᠥᠢᠯᠡᠴᠢᠯᠡᠭᠡ ᠶᠢᠨ ᠨᠣᠭᠤᠭ᠎ᠠ ᠵᠥᠭᠡᠭᠡᠲᠡᠭ ᠵᠠᠮ ᠢ ᠪᠥᠭᠯᠡᠨ | ᠪᠣᠭᠵᠦ᠋ᠢᠨ ᠰᠠᠭᠤᠵᠠᠢ᠃ ᠠᠷᠢᠬᠢᠨ ᠤ ᠬᠠᠯᠠᠭᠤᠨ ᠲᠣᠲᠣᠷ ᠠᠴᠠ ᠪᠠᠲᠠᠷᠠᠨ ᠲᠠᠭᠤᠨ ᠤ ᠰᠢᠷᠣᠩᠬᠠᠶᠢᠯᠠᠯ ᠣᠶᠣᠨ ᠢ | ᠬᠥᠭᠡᠷᠥᠬᠦᠯᠥᠨ ᠨᠠᠶᠢᠷ ᠥᠨᠲᠥᠷᠯᠡᠬᠦ ᠶᠢᠨ ᠠᠰ ᠢᠶᠠᠷ᠄ | — — ᠣᠲᠣ ᠭᠡᠨ ᠨᠠᠶᠢᠷ ᠲᠤ ᠠᠷᠢᠬᠢ ᠡᠷᠭᠦᠭᠡᠲᠥᠢ ᠪᠢᠯᠡ ᠭᠡᠵᠣ ᠴᠣᠭᠵᠢᠯ ᠲᠥᠲᠡᠭᠡᠯᠵᠡᠨ | ᠠᠰᠠᠭᠤᠬᠤ ᠳᠤ᠂ ᠥᠭᠡᠷᠴᠢᠨ ᠪᠠᠭᠰᠢ ᠪᠠᠷᠰ ᠤᠨ ᠰᠥᠷ ᠲᠤ ᠵᠢᠷᠣᠭᠡᠰᠢᠶᠡᠭᠰᠡᠨ ᠪᠥᠵᠥᠩ ᠰᠢᠭ ᠰᠠᠯᠭᠠᠨᠠᠨ | ᠴᠡᠴᠡᠷᠭᠢᠯᠡᠭᠰᠡᠭᠡᠷ ᠪᠣᠰᠴᠣ ᠵᠣᠭᠰᠣᠬᠤ ᠳᠤ ᠨᠢ ᠰᠢᠨ᠎ᠠ ᠶᠢ ᠨᠢ ᠲᠠᠭᠠᠵᠣ ᠬᠥᠯᠥᠰᠣ ᠲᠠᠭᠠᠪᠥᠷᠢᠯᠠᠪᠠ᠃ | — — ᠣᠣ᠂ ᠪᠣᠬ᠎ᠠ ᠪᠠᠭᠰᠢ ᠠᠷᠢᠬᠢ ᠡᠷᠭᠦᠭᠡᠲᠥᠢ ᠰᠢᠲᠠ ᠭᠡᠵᠣ ᠬᠠᠯᠵᠡᠨ ᠲᠣᠯᠣᠭᠠᠶᠢᠲᠣ | ᠢᠨᠢᠶᠡᠬᠦ ᠳᠤ ᠣᠯᠠᠨ ᠢᠶᠠᠷ ᠴᠦ ᠬᠥᠷᠴᠢᠬᠢᠨᠠᠨ ᠱᠣᠣᠬᠢᠯᠠ᠃ ᠲᠣᠲᠣᠭᠠᠲᠣ ᠶᠢ ᠬᠠᠮᠠᠭᠠᠯᠠᠬᠤ ᠲᠣᠪᠴᠢᠶᠠᠨ ᠤ ᠠᠯᠲᠠ | ᠲᠠᠷᠤᠭ᠎ᠠ ᠥᠭᠡᠷᠴᠢᠨ ᠪᠠᠭᠰᠢ ᠶᠢ ᠬᠢᠯᠠᠶᠢᠵᠣ ᠬᠠᠷᠠᠵᠣ ᠠᠪᠣᠭᠰᠠᠨ ᠢᠶᠠᠨ᠂ ᠪᠠᠭᠰᠢ ᠬᠥᠮᠥᠨ ᠭᠡᠰᠡᠨ ᠴᠢᠨᠢ ᠭᠡᠴᠡᠭᠦᠥ | ᠶᠠᠷᠢ᠊ ᠡᠶ᠎ᠡ ᠶᠣᠮ ᠡ᠂ ᠮᠠᠨ ᠤ ᠪᠢᠴᠢᠭ ᠥᠵᠡᠵᠣ ᠪᠠᠶᠢᠬᠤ ᠳᠤ ᠨᠢᠭᠡ ᠭᠡᠨᠲᠡᠨ ᠭᠡᠲᠡᠭ ᠶᠠᠷᠢᠶ᠎ᠡ ᠪᠠᠭᠰᠢ ᠪᠠᠶᠢᠭᠰᠠᠨ᠂ | ᠲᠠᠷᠠ ᠪᠠᠭᠰᠢ ᠶᠢᠨ ᠬᠢᠴᠢᠶᠠᠯ ᠢ ᠣᠷᠣᠬᠤ ᠳᠤ ᠪᠠᠨ ᠪᠢᠲᠠ ᠬᠠᠯᠢᠷᠠᠲᠠᠭ᠂ ᠬᠥᠢ᠂ ᠬᠢᠴᠢᠶᠡᠯ ᠤᠨ ᠵᠠᠪᠰᠠᠷᠯᠠᠭ᠎ᠠ ᠭᠡᠵᠣ | ᠲᠡᠭᠦᠨ ᠳᠤ ᠪᠠᠷᠤᠭ ᠪᠠᠶᠢᠲᠠᠭ ᠥᠬᠡᠢ᠃ ᠮᠠᠨ ᠤ ᠥᠭᠡᠷᠴᠢᠨ ᠪᠠᠭᠰᠢ ᠲᠠᠶᠢᠮᠣ ᠪᠢᠰᠢ ᠪᠠᠶᠢᠬᠤ ᠡ ᠭᠡᠳ ᠱᠣᠭᠯᠠᠯᠠ᠃ | ᠴᠢᠯᠠᠭᠤᠨ ᠲᠣᠰᠣᠨ ᠤ ᠺᠣᠮᠫᠠᠨᠢ ᠶᠢᠨ ᠠᠭᠤᠯᠠ ᠭᠡᠨᠡᠳᠲᠠ ᠭᠡᠭᠡᠷᠡᠭᠰᠡᠨ ᠰᠢᠭ᠄ | — — ᠮᠠᠨ ᠤ ᠪᠢᠴᠢᠭ ᠥᠵᠡᠵᠣ ᠪᠠᠶᠢᠬᠤ ᠳᠤ ᠵᠠᠩ ᠣᠪᠣᠭᠲᠠᠢ ᠲᠡᠥᠭᠡ ᠶᠢᠨ ᠪᠠᠭᠰᠢ ᠪᠠᠶᠢᠭᠰᠠᠨ ᠶᠣᠮ | ᠃ ᠪᠠᠭᠰᠢ ᠮᠠᠨᠢ ᠰᠢᠯᠭᠠᠯᠲᠠ ᠪᠠᠨ ᠬᠢᠨᠠᠵᠣ ᠵᠠᠰᠠᠵᠣ ᠪᠠᠶᠢᠭᠠᠳ ᠡᠨᠡ ᠠᠯᠠᠰᠢᠨ ᠤ ᠰᠠᠶᠢᠯᠣ ᠨᠤᠭᠤᠳ ᠴᠢᠨᠢ ᠶᠠᠭᠤ | ᠰᠢᠯᠭᠠᠵᠤ ᠪᠠᠶᠢᠬᠤ ᠪᠤᠢ ᠭᠡᠳ ᠬᠠᠭᠠᠷᠠᠲᠠᠯ᠎ᠠ ᠠᠭᠤᠷᠯᠠᠵᠣ ᠬᠠᠭ᠋ᠠᠵᠣ ᠲᠡᠭᠡᠭᠯᠡᠵᠣ ᠰᠢᠯᠭᠠᠯᠲᠠ ᠪᠠᠨ ᠬᠢᠨᠠᠬᠤ ᠳᠤ | ᠭᠡᠨᠡᠳᠲᠠ ᠲᠥᠩᠰᠥᠭᠡᠷ ᠴᠢᠷᠠᠢ ᠳᠤ ᠨᠢ ᠮᠥᠰᠢᠶᠡᠲᠣ ᠢᠯᠡᠷᠡᠪᠡ᠃ ᠡᠴᠣᠰ ᠲᠤ ᠪᠠᠨ ᠨᠢᠭᠡ ᠰᠣᠷᠣᠭᠴᠢ ᠶᠢᠨ ᠬᠢᠨ | ᠰᠢᠯᠭᠠᠯᠲᠠ ᠨᠢ ᠶᠡᠷᠡᠨ ᠬᠤᠪᠢ ᠶᠢ ᠲᠠᠪᠠᠭᠰᠠᠨ ᠭᠡᠨ᠎ᠠ᠃ ᠲᠡᠭᠡᠭᠡᠳ ᠬᠠᠮᠲᠣ ᠠᠵᠢᠯᠯᠠᠭᠰᠠᠳ ᠢᠶᠠᠨ ᠲᠠᠭᠤᠲᠠᠵᠣ ᠥᠨᠣ | ᠰᠣᠷᠣᠭᠴᠢ ᠶᠢᠨ ᠢᠶᠠᠨ ᠬᠢᠷᠢ ᠪᠥᠲᠥᠮᠵᠢ ᠶᠢ ᠭᠠᠶᠢᠬᠠᠭᠤᠯᠣᠭᠰᠠᠨ ᠳᠤ᠂ ᠪᠠᠶᠢᠵᠣ ᠤᠤ᠂ ᠬᠢᠷᠠᠬᠠᠢ ᠨᠢᠭᠡ ᠨᠢ ᠡᠨᠡ | ᠰᠣᠷᠣᠭᠴᠢ ᠶᠠᠭᠠᠬᠢᠭᠠᠳ ᠰᠢᠯᠭᠠᠯᠲᠠ ᠳᠤ ᠪᠠᠨ ᠨᠠᠷ᠎ᠡ ᠪᠠᠨ ᠲᠡᠮᠲᠡᠭᠯᠡᠲᠡᠭ ᠥᠬᠡᠢ ᠪᠣᠢ︖ ᠥᠬᠡᠢ᠂ ᠡᠨᠡ ᠴᠢᠨᠢ | ᠲᠡᠨ ᠤ ᠬᠢ ᠪᠠᠷᠢᠮᠵᠢᠶ᠎ᠡ ᠬᠠᠷᠢᠭᠤᠯᠲᠠ ᠪᠢᠰᠢ ᠤᠤ ᠭᠡᠰᠡᠨ ᠳᠤ᠂ ᠮᠠᠨ ᠤ ᠪᠠᠭᠰᠢ ᠰᠠᠶ᠋ᠢ ᠰᠡᠭᠡᠰᠬᠢᠵᠣ᠂ ᠥ᠂ ᠬᠠᠷᠢᠨ | ᠲᠠᠶᠢᠮᠣ ᠪᠠᠶᠢᠵᠣ ᠭᠡᠮ ᠭᠡᠳ ᠴᠢᠷᠡᠢ ᠨᠢ ᠫᠠᠳ ᠣᠯᠠᠶᠢᠪᠠ᠃ | ᠴᠣᠭᠵᠢᠯ ᠤᠨ ᠥᠯᠢᠭᠡᠷ ᠤᠨ ᠣᠭᠤᠲᠠ ᠨᠡᠭᠡᠭᠡᠭᠲᠡᠭᠰᠡᠨ ᠪᠣᠯᠣᠯᠲᠠᠢ᠄ | — — ᠪᠢᠲᠠᠨ ᠤ ᠠᠮᠢᠲᠣ ᠪᠣᠲᠠᠰ ᠤᠨ ᠪᠠᠭᠰᠢ ᠬᠤᠶᠠᠷ ᠭᠡᠥᠭᠡᠳ ᠢᠶᠠᠨ ᠲᠠᠭᠠᠭᠤᠯᠣᠭᠠᠳ | ᠰᠣᠷᠭᠠᠭᠤᠯᠢ ᠳᠤ ᠢᠷᠠᠯ᠎ᠠ᠃ ᠪᠠᠭᠰᠢ ᠮᠢᠨᠢ ᠵᠢᠭᠦᠷᠲᠡᠨ ᠰᠢᠪᠠᠭᠤᠨ ᠤ ᠲᠣᠬᠠᠢ ᠰᠠᠳᠬᠢᠯ ᠲᠣᠭᠲᠣᠯᠣᠨ ᠲᠠᠶᠢᠯᠪᠣᠷᠢᠯᠠᠵᠣ | ᠪᠠᠶᠢᠲᠠᠯ᠎ᠠ ᠮᠡᠨ ᠤ ᠠᠩᠬᠢ ᠶᠢᠨ ᠬᠢᠨ ᠭᠡᠲᠥᠬᠦᠯᠡ ᠥᠢᠮᠡᠯᠲᠥᠭᠡᠳ ᠪᠠᠶᠢᠬᠤᠯᠠᠷ ᠲᠠᠨ ᠤ ᠨᠢᠭᠡ ᠨᠢ ᠲᠠᠷᠣᠢ ᠲᠠᠪᠣᠨ | ᠵᠠᠭᠤᠨ ᠭᠠᠯᠠᠭᠤ ᠲᠠᠢ ᠲᠡᠩᠴᠡᠨ᠎ᠡ᠂ ᠡᠨᠡ ᠣᠷᠢᠯᠠᠯᠲᠥᠵᠣ ᠪᠠᠶᠢᠬᠤ ᠶᠢ ᠥᠵᠡ ᠭᠡᠵᠣ ᠬᠢᠯᠢᠩᠨᠠᠯᠠ᠃ ᠡᠭᠦᠨ ᠳᠤ | ᠲᠡᠯᠲᠡᠭᠡᠷ ᠴᠢᠬᠢᠲᠣ ᠪᠣᠰᠴᠣ ᠵᠣᠭᠰᠣᠭᠠᠳ᠂ ᠪᠠᠭᠰᠢ ᠡ᠂ ᠲᠠᠨ ᠤ ᠲᠡᠵᠢᠭᠡᠭᠰᠡᠨ ᠮᠢᠩᠭᠠᠨ ᠭᠠᠯᠠᠭᠤ ᠴᠢᠨᠢ ᠲᠠᠨᠲᠠ | ᠭᠠᠩᠭᠠᠨᠠᠯᠲᠣᠵᠣ ᠪᠠᠶᠢᠨ᠎ᠠ ᠭᠡᠳ ᠰᠣᠷᠭᠠᠭᠤᠯᠢ ᠶᠢᠨ ᠬᠥᠷᠢᠶᠡᠨ ᠳᠤ ᠣᠷᠢᠯᠠᠯᠲᠣᠵᠣ ᠪᠠᠶᠢᠭᠰᠠᠨ ᠪᠠᠭᠰᠢ ᠶᠢᠨ ᠢᠶᠠᠨ | ᠬᠤᠶᠡᠷ ᠭᠡᠥᠭᠡᠳ ᠢ ᠵᠢᠭᠠᠭᠠᠳ ᠭᠡᠯᠡᠯ᠎ᠠ᠃ ᠁ ᠠᠯᠲᠠ ᠲᠠᠷᠤᠭ᠎ᠠ ᠢᠨᠢᠶᠡᠭᠰᠡᠭᠡᠷ ᠰᠠᠨᠲᠠᠯᠢ ᠲᠡᠭᠡᠷ᠎ᠡ ᠪᠠᠨ | ᠲᠠᠩᠭᠠᠶᠢᠴᠢᠬᠠᠯᠠ᠃ | ᠥᠭᠡᠷᠴᠢᠨ ᠪᠠᠭᠰᠢ ᠵᠣᠭᠰᠣᠭᠰᠠᠭᠠᠷ᠂ ᠭᠡᠨᠡᠳᠲᠠ ᠲᠣᠲᠣᠭᠠᠲᠣ ᠶᠢ ᠬᠠᠮᠠᠭᠠᠯᠠᠬᠤ ᠲᠣᠪᠴᠢᠶᠠᠨ ᠤ ᠠᠯᠲᠠ | ᠲᠠᠷᠤᠭ᠎ᠠ ᠢᠨᠢᠶᠠᠵᠣ ᠪᠠᠶᠢᠭᠰᠠᠭᠠᠷ ᠬᠠᠭ᠋ᠠᠴᠢᠬᠠᠵᠣ ᠥᠨᠥᠲᠣᠷ ᠤᠨ ᠰᠢᠷᠡᠭᠡ ᠡ᠊ᠨᠳᠡ ᠬᠥᠷᠥᠭᠡᠳ ᠥᠨᠲᠥᠷᠯᠠᠯᠠ ᠭᠡᠳ | ᠲᠠᠷᠤᠭ᠎ᠠ ᠬᠥᠮᠥᠨ ᠤ ᠶᠣᠰᠣ ᠪᠠᠷ ᠵᠠᠷᠯᠢᠭ ᠪᠠᠭᠤᠯ᠎ᠠ᠃ ᠬᠠᠯᠵᠠᠨ ᠲᠣᠯᠣᠭᠠᠶᠢᠲᠣ ᠣᠷᠣᠭᠤᠯ ᠢᠶᠠᠨ ᠣᠷᠴᠢᠢᠯᠭᠠᠨ᠄ | — — ᠥᠭᠡᠷᠴᠢᠨ ᠢ ᠬᠡᠯᠡ ᠭᠡᠵᠣ ᠪᠠᠶᠢᠬᠤ ᠳᠤ ᠶᠠᠭᠤ ᠭᠡᠳ ᠮᠠᠶ᠋ᠢᠭᠯᠠᠭᠠᠳ ᠪᠠᠶᠢᠬᠤ ᠪᠣᠢ ᠭᠡᠵᠣ | ᠰᠢᠭᠦᠮᠵᠢᠯᠡᠵᠤ᠂ ᠲᠠᠬᠢᠨ ᠥᠭᠡᠷᠴᠢᠨ ᠪᠠᠭᠰᠢ ᠪᠠᠷᠤᠭ ᠤᠨ ᠲᠠᠯᠠᠪᠣᠷ ᠲᠤ ᠠᠪᠢᠶᠠᠰ ᠢᠶᠠᠨ ᠢᠯᠡᠷᠡᠭᠦᠯᠲᠡᠭ ᠶᠠᠭᠤᠮ᠎ᠠ | ᠪᠢᠰᠢ ᠭᠡᠳ ᠬᠤᠸᠠᠰ ᠬᠤᠸᠠᠰ ᠢᠨᠢᠶᠡᠯᠠ᠃ | ᠥᠭᠡᠷᠴᠢᠨ ᠪᠠᠭᠰᠢ ᠨᠠᠮᠣᠭᠤᠬᠠᠨ ᠲᠥᠯᠭᠡᠨ ᠵᠠᠩ ᠲᠠᠢ ᠲᠣᠯᠠ ᠶᠠᠭᠤ ᠴᠤ ᠪᠣᠯᠣᠭᠰᠠᠨ ᠥᠭᠡᠢ ᠰᠢᠭ | ᠨᠢᠲᠣ ᠪᠠᠨ ᠬᠥᠯᠢᠪᠡᠯᠵᠡᠭᠦᠯᠥᠨ ᠭᠡᠵᠢᠬᠡ ᠪᠠᠨ ᠮᠢᠷᠡᠰᠬᠢᠯᠭᠡᠨ ᠥᠩᠭᠡᠷᠡᠭᠡᠯᠠ᠃ | ᠲᠠᠷᠠ ᠣᠷᠣᠢ ᠥᠭᠡᠷᠴᠢᠨ ᠪᠠᠭᠰᠢ ᠰᠣᠭᠲᠣᠴᠢᠬᠠᠯᠠ᠂ ᠭᠡᠷ ᠢᠶᠠᠨ ᠡᠷᠢᠵᠣ ᠣᠯᠬᠤ ᠪᠠᠨ ᠪᠣᠯᠢᠵᠠᠢ᠃ | ᠥᠪᠡᠷ ᠤᠨ ᠰᠠᠭᠤᠲᠠᠭ ᠤᠷᠤᠨᠴᠠᠳᠤ ᠠᠰᠠᠷ ᠲᠤ ᠪᠠᠨ ᠬᠠᠷᠢᠭᠠᠳ ᠭᠡᠷ ᠤᠨ ᠢᠶᠠᠨ ᠡᠬᠦᠲᠠ ᠪᠠᠨ ᠡ᠊ᠨᠳᠡᠭᠦᠷᠡᠴᠢᠭᠡᠵᠡᠢ᠃ | ᠲᠠᠷᠠ ᠥᠪᠡᠷ ᠤᠨ ᠠᠰᠠᠷ ᠤᠨ ᠲᠣᠣᠷ᠎ᠡ ᠪᠠᠨ ᠢᠷᠡᠭᠡᠳ ︽ᠲᠠ ᠨᠡᠷ ᠴᠣᠩᠬᠤ ᠪᠠᠷ ᠢᠶᠠᠨ ᠬᠠᠷ᠎ᠠ᠂ ᠪᠢ ᠠᠯᠢ | ᠭᠡᠷ ᠤᠨ ᠬᠢᠨ ᠪᠣᠢ︾ ᠭᠡᠵᠣ ᠡᠷᠢᠶᠡᠨ ᠮᠠᠷᠢᠶᠠᠨ ᠢᠶᠠᠷ ᠬᠠᠰᠬᠢᠷᠣᠭᠰᠠᠨ ᠳᠤ ᠭᠡᠲᠣ ᠭᠡᠲᠣᠨ ᠠᠰᠠᠷ ᠤᠨ ᠴᠣᠩᠬᠤ | ᠨᠡᠭᠡᠭᠡᠭᠲᠡᠯᠠ᠃ | ᠲᠡᠪᠣᠲᠣᠭᠠᠷ ᠠᠰᠠᠷ ᠤᠨ ᠴᠣᠩᠬᠤ ᠨᠡᠭᠡᠭᠡᠭᠲᠡᠵᠣ ᠨᠢᠭᠡᠨ ᠪᠥᠰᠡᠬᠦᠢ ᠭᠠᠷ ᠢᠶᠠᠨ ᠬᠤᠷᠦ᠋ᠢᠯᠠᠵᠣ᠄ | — — ᠥᠭᠡᠷᠴᠢᠨ ᠡ᠂ ᠲᠠ ᠮᠡᠨ ᠤ ᠭᠡᠷ ᠤᠨ ᠬᠢ ᠭᠡᠵᠣ ᠢᠲᠡᠭᠡᠯ ᠲᠡᠭᠦᠯᠲᠡᠷ ᠬᠠᠰᠬᠢᠷᠣᠯᠠ᠃ ᠲᠠᠷᠠ | ᠰᠥᠨᠢ ᠥᠭᠡᠷᠴᠢᠨ ᠪᠠᠭᠰᠢ ᠶᠢᠨ ᠪᠥᠰᠡᠬᠦᠢ ᠨᠢ᠄ | — — ᠪᠢ ᠵᠢᠩᠬᠢᠨᠢ ᠡᠷ᠎ᠡ ᠬᠥᠮᠥᠨ ᠤ ᠪᠡᠷ᠎ᠡ ᠶᠢ ᠣᠯᠵᠣ ᠬᠠᠷᠠᠯ᠎ᠠ ᠭᠡᠳ ᠠᠮᠠᠨ ᠳᠤ ᠪᠠᠨ ᠲᠦᠲᠣᠨᠡᠨ | ᠰᠡᠳᠬᠢᠯ ᠣᠶᠠᠷᠠᠨ ᠣᠬᠢᠯᠠᠴᠢᠬᠠᠯᠠ᠃ | ᠮᠠᠷᠭᠠᠰᠢ ᠥᠷᠯᠥᠭᠡ ᠨᠢ ᠥᠭᠡᠷᠴᠢᠨ ᠪᠠᠭᠰᠢ ᠠᠯᠪᠠᠯᠠᠬᠤ ᠪᠠᠷ ᠰᠠᠨᠲᠠᠯᠢ ᠲᠡᠭᠡᠷ᠎ᠡ ᠪᠠᠨ ᠰᠠᠭᠤᠲᠠᠯ᠎ᠠ᠄ | — — ᠰᠠᠳᠬᠢᠴᠠ ᠵᠥᠪᠲᠡᠯ ᠤᠨ ᠲᠠᠰᠤᠭ ᠤᠨ ᠥᠷᠡᠯᠡ ᠪᠠᠭᠰᠢ ᠲᠣᠯᠣᠭᠠᠢ ᠶᠢ ᠨᠢ ᠫᠢᠰ ᠬᠢᠲᠠᠯᠠ | ᠠᠯᠠᠭᠠᠲᠠᠵᠣ᠂ ᠥᠭᠡᠷᠴᠢᠨ ᠡ᠂ ᠠᠯᠪᠠᠷᠠᠬᠤ ᠭᠡᠮ ᠴᠢᠨᠢ ᠭᠠᠶᠢᠭᠤᠢ ᠪᠡ ᠳ᠋ᠠ ᠭᠡᠵᠣ ᠠᠰᠠᠭᠤᠲᠠᠯ᠎ᠠ᠂ ᠥᠭᠡᠷᠴᠢᠨ | ᠪᠠᠭᠰᠢ ᠰᠥᠷᠲᠢᠬᠢᠨ ᠪᠣᠰᠴᠣ᠄ | — — ᠡᠴᠢᠭᠡ ᠶᠢᠨ ᠴᠢᠨᠢ᠂ ᠥᠩᠭᠦᠷᠢᠲᠣ᠂ ᠪᠢ ᠠᠯᠪᠠᠷᠠᠬᠤ ᠭᠡᠮ ᠥᠬᠡᠢ ᠭᠡᠮᠡᠨ ᠲᠣᠭᠰᠢᠷᠠᠯᠠ᠃ | ᠡᠨᠡ ᠲᠠᠭᠤᠨ ᠭᠡᠷ ᠤᠨ ᠠᠲᠠᠭᠠᠷ ᠢ ᠡᠷᠭᠦᠭᠦ ᠠᠯᠲᠠᠵᠣ᠂ ᠠᠰᠠᠷ ᠤᠨ ᠭᠤᠲᠣᠮᠵᠢ ᠪᠠᠷ ᠬᠥᠩᠭᠢᠨᠡᠨ ᠴᠣᠣᠷᠢᠶᠠᠯᠠᠯᠠ᠃ | ᠴᠣᠴᠢᠮᠠᠭ ᠲᠠᠭᠠᠷᠢᠯᠲᠠ ᠳᠤ ᠲᠣᠯᠭᠠᠷᠠᠭᠰᠠᠨ ᠥᠷᠡᠯᠡ ᠪᠠᠭᠰᠢ ᠶᠢᠨ ᠴᠢᠷᠠᠢ ᠨᠢᠯᠴᠢᠬᠢᠨᠡᠵᠣ ᠬᠡᠯᠮᠡᠭᠲᠡᠨ | ᠰᠣᠴᠢᠵᠣ ᠠᠷᠣᠨᠰᠢ ᠪᠠᠨ ᠭᠡᠲᠣ ᠣᠬᠤᠷᠢᠵᠣ ᠪᠠᠶᠢᠭᠰᠠᠭᠠᠷ ᠭᠡᠨᠡᠳᠲᠠ ᠣᠷᠢᠯᠠᠴᠢᠬᠠᠯᠠ᠄ | — — ᠪᠢᠲᠠ ᠪᠠᠰᠠ ᠡᠷ᠎ᠡ ᠬᠥᠮᠥᠨ ᠲᠠᠢ ᠬᠠᠮᠲᠣ ᠠᠵᠢᠯᠯᠠᠵᠣ ᠪᠠᠶᠢᠨ᠎ᠠ ᠰᠢᠲᠠ ᠭᠡᠵᠣ ᠠᠮᠠᠨ ᠳᠤ ᠪᠠᠨ | ᠣᠪᠣᠷ ᠲᠣᠪᠣᠷ ᠲᠥᠲᠥᠭᠡᠨᠡᠬᠦ ᠨᠢ ᠰᠣᠨᠣᠰᠲᠠᠨ᠎ᠠ᠃ | ᠥᠭᠡᠷᠴᠢᠨ ᠪᠠᠭᠰᠢ ᠶᠢᠨ ᠬᠠᠮᠲᠣ ᠠᠵᠢᠯᠯᠠᠭᠰᠠᠳ ᠨᠢ ᠰᠣᠴᠢᠨ ᠭᠡᠯᠮᠡᠭᠲᠡᠭᠡᠳ ᠨᠢᠲᠣ ᠨᠢ ᠣᠷᠣᠢ ᠲᠡᠭᠡᠷ᠎ᠡ ᠪᠠᠨ | ᠡᠷᠭᠢᠯᠲᠣᠪᠠ᠃ ᠨᠠᠮᠣᠭᠤᠨ ᠲᠡᠭᠷᠢ ᠨᠢᠵᠢᠬᠢᠨᠠᠵᠣ᠂ ᠠᠷᠠᠯ ᠤᠨ ᠱᠠᠷ ᠬᠥᠭᠯᠡᠴᠢᠭᠡᠬᠦ ᠨᠢ ᠰᠠᠳᠬᠢᠯ ᠢ ᠠᠭᠤᠵᠢᠷᠠᠭᠤᠯᠣᠮᠠ | ᠰᠠᠶᠢᠬᠠᠨ ᠡ︕ | ᠬᠥᠮᠥᠨ ᠰᠠᠳᠬᠢᠯ ᠢᠶᠠᠷ ᠢᠶᠠᠨ ᠪᠣᠰᠴᠣ᠂ ᠰᠠᠳᠬᠢᠯ ᠢᠶᠠᠷ ᠢᠶᠠᠨ ᠣᠨᠠᠲᠠᠭ᠃ ᠭᠠᠭᠴᠠ ᠪᠣᠯᠪᠠᠴᠣ ᠭᠠᠲᠠᠰᠣ | ᠡᠯᠡᠭᠡᠵᠣ᠂ ᠭᠠᠩᠭᠠᠩ ᠲᠡᠯᠡᠭᠡᠢ ᠶᠢᠨ ᠥᠷᠥᠴᠡᠨ ᠳᠤ ᠪᠠᠭᠰᠢ ᠬᠡᠮᠡᠬᠦ ᠡᠷᠭᠢᠮᠰᠥᠭ ᠠᠵᠢᠯ ᠢᠶᠠᠨ ᠢᠲᠡᠭᠡᠯ ᠲᠠᠢ ᠬᠢᠬᠦ | ᠭᠡᠷᠡᠭᠲᠡᠢ ᠭᠡᠵᠣ ᠥᠭᠡᠷᠴᠢᠨ ᠵᠣᠷᠢᠭ ᠢᠶᠠᠨ ᠴᠢᠩᠭᠠᠯᠠᠬᠤ ᠳᠤ ᠡᠷ᠎ᠡ ᠶᠢᠨ ᠵᠣᠯᠢ ᠪᠠᠲᠠᠷᠠᠨᠠ᠂ ᠪᠥᠰᠡᠬᠦᠢ ᠪᠠᠭᠰᠢ ᠨᠡᠷ ᠤᠨ | ᠵᠢᠰᠣ ᠭᠤᠸᠠᠯᠢᠭᠵᠢᠨᠠ᠂ ᠥᠨᠢᠷ ᠭᠡᠥᠭᠡᠳ ᠢᠶᠠᠨ ᠪᠥᠪᠠᠶᠢᠯᠡᠭᠰᠡᠨ ᠰᠣᠷᠭᠠᠭᠤᠯᠢ ᠶᠢᠨ ᠥᠩᠭᠡ ᠲᠥᠷᠰᠣ ᠰᠢᠨᠠᠲᠣᠨᠠ᠃ | | ᠵᠣᠬᠢᠶᠠᠭᠴᠢ ᠶᠢᠨ ᠬᠠᠶ᠋ᠢᠭ᠄ ᠣᠯᠠᠭᠠᠨᠬᠤᠲᠠ ᠬᠤᠶᠠᠲᠣᠭᠠᠷ ᠲᠣᠮᠲᠠᠲᠣ ᠰᠣᠷᠭᠠᠭᠤᠯᠢ |