● ᠬᠤᠤᠰᠪᠠᠶᠠᠷ | | ᠬᠦᠰᠡᠯ ᠢᠶᠠᠨ ᠪᠢᠳᠠ ᠬᠡᠥᠬᠡᠳ ᠲᠤ ᠪᠠᠨ ᠦᠭᠬᠦᠶ᠎ᠠ | ᠬᠦᠩᠭᠡᠮᠰᠥᠭ ᠲᠠᠷᠤᠥ ᠵᠠᠩ ᠠᠭᠠᠯᠢ ᠲᠠᠢ ᠦᠭᠬᠦᠶ᠎ᠠ | ᠬᠦᠩᠬᠡᠨ ᠱᠠᠯᠠᠮᠠᠭᠠᠢ ᠬᠢᠳᠠᠯ ᠶᠠᠪᠤᠳᠠᠯ ᠲᠠᠢ ᠦᠭᠬᠦᠶ᠎ᠠ | ᠬᠦᠳᠡᠷ ᠴᠢᠬᠢᠷᠠᠭ ᠪᠡᠶ᠎ᠠ ᠴᠤᠭᠴᠠ ᠲᠠᠢ ᠦᠭᠬᠦᠶ᠎ᠠ | ᠬᠦᠯᠢᠴᠡᠩᠬᠦᠢ ᠲᠡᠰᠪᠤᠷᠢ ᠪᠤᠳᠤᠯ ᠰᠡᠳᠬᠢᠴᠠ ᠲᠠᠢ ᠦᠭᠬᠦᠶ᠎ᠠ | ᠬᠦᠰᠡᠯ ᠢᠶᠠᠨ ᠪᠢᠳᠠ ᠬᠡᠥᠬᠡᠳ ᠲᠤ ᠦᠭᠬᠦᠶ᠎ᠠ | ᠠᠪᠤ ᠡᠵᠢ ᠶᠢᠨ ᠠᠴᠢ ᠡᠨᠡᠷᠢᠯ ᠲᠠᠢ ᠦᠭᠬᠦᠶ᠎ᠠ | ᠠᠴᠢᠳᠤ ᠪᠠᠭᠰᠢ ᠶᠢᠨ ᠰᠤᠷᠭᠠᠯ ᠵᠢᠭᠠᠪᠤᠷᠢ ᠲᠠᠢ ᠦᠭᠬᠦᠶ᠎ᠠ | ᠠᠷᠠᠳ ᠲᠦᠮᠡᠨ ᠤ ᠬᠠᠪᠰᠤᠷᠤᠯᠭ᠎ᠠ ᠲᠡᠮᠵᠢᠯᠭᠡ ᠲᠠᠢ ᠦᠭᠬᠦᠶ᠎ᠠ | ᠠᠭᠤᠥ ᠨᠠᠮ ᠤᠨ ᠬᠠᠶᠢᠷ᠎ᠠ ᠬᠠᠯᠠᠮᠵᠢ ᠲᠠᠢ ᠦᠭᠬᠦᠶ᠎ᠠ | ᠬᠦᠰᠡᠯ ᠢᠶᠠᠨ ᠪᠢᠳᠠ ᠬᠡᠥᠬᠡᠳ ᠲᠤ ᠦᠭᠬᠦᠶ᠎ᠠ | ᠬᠦᠮᠤᠵᠢᠯ ᠰᠤᠷᠭᠠᠯ ᠳᠤ ᠤᠶᠤᠨ ᠤᠬᠠᠭᠠᠨ ᠲᠠᠢ ᠦᠭᠬᠦᠶ᠎ᠠ | ᠬᠦᠴᠢᠷ ᠪᠡᠷᠬᠡᠰᠢᠶᠡᠯ ᠳᠤ ᠵᠤᠷᠢᠭ ᠰᠦᠰᠤ ᠲᠠᠢ ᠦᠭᠬᠦᠶ᠎ᠠ | ᠬᠦᠳᠡᠯᠮᠤᠷᠢ ᠠᠵᠢᠯ ᠳᠤ ᠠᠮᠵᠢᠯᠳᠠ ᠪᠦᠳᠤᠭᠡᠯ ᠲᠠᠢ ᠦᠭᠬᠦᠶ᠎ᠠ | ᠬᠦᠷᠬᠦ ᠮᠠᠷᠭᠠᠰᠢ ᠳᠤ ᠢᠳᠡᠭᠡᠯ ᠨᠠᠶᠢᠳᠠᠪᠤᠷᠢ ᠲᠠᠢ ᠦᠭᠬᠦᠶ᠎ᠠ | ᠬᠦᠰᠡᠯ ᠢᠶᠠᠨ ᠪᠢᠳᠠ ᠬᠡᠥᠬᠡᠳ ᠲᠤ ᠦᠭᠬᠦᠶ᠎ᠠ | ᠬᠦᠳᠡᠭᠡ ᠲᠠᠯ᠎ᠠ ᠳᠤ ᠪᠠᠨ ᠡᠪᠡᠰᠤ ᠪᠡᠯᠴᠢᠭᠡᠷ ᠲᠠᠢ ᠦᠭᠬᠦᠶ᠎ᠠ | ᠬᠦᠬᠡ ᠤᠭᠳᠠᠷᠭᠤᠢ ᠳᠤ ᠪᠠᠨ ᠵᠢᠬᠦᠷᠳᠡᠨ ᠰᠢᠪᠠᠭᠤ ᠲᠠᠢ ᠦᠭᠬᠦᠶ᠎ᠠ | ᠬᠦᠳᠡᠭᠳᠤ ᠠᠭᠤᠯᠠᠨ ᠳᠤ ᠪᠠᠨ ᠤᠢ ᠮᠤᠳᠤ ᠲᠠᠢ ᠦᠭᠬᠦᠶ᠎ᠠ | ᠬᠦᠬᠡᠮᠳᠥᠭ ᠤᠰᠤᠨ ᠳᠤ ᠪᠠᠨ ᠵᠢᠭᠠᠰᠤ ᠵᠢᠷᠠᠭᠠᠬᠠᠢ ᠲᠠᠢ ᠦᠭᠬᠦᠶ᠎ᠠ | ᠬᠦᠰᠡᠯ ᠢᠶᠠᠨ ᠪᠢᠳᠠ ᠬᠡᠥᠬᠡᠳ ᠲᠤ ᠦᠭᠬᠦᠶ᠎ᠠ | ᠬᠦᠭᠵᠢᠯᠳᠤ ᠪᠠᠶᠢᠭᠠᠯᠢ ᠳᠤ ᠪᠠᠨ ᠲᠦᠮᠡᠨ ᠪᠤᠳᠠᠰ ᠲᠠᠢ ᠦᠭᠬᠦᠶ᠎ᠠ | ᠬᠦᠰᠡᠯᠡᠩᠳᠤ ᠠᠮᠢᠳᠤᠷᠠᠯ ᠳᠤ ᠪᠠᠨ ᠡᠶ᠎ᠡ ᠵᠤᠬᠢᠴᠠᠯ ᠲᠠᠢ ᠦᠭᠬᠦᠶ᠎ᠠ | ᠬᠦᠮᠤᠨ ᠠᠷᠠᠳ ᠲᠤ ᠪᠠᠨ ᠬᠦᠭᠵᠢᠯ ᠪᠠᠶᠠᠷ ᠲᠠᠢ ᠦᠭᠬᠦᠶ᠎ᠠ | ᠬᠦᠰᠡᠯ ᠰᠡᠳᠬᠢᠯ ᠳᠤ ᠪᠠᠨ ᠬᠦᠮᠤᠨᠴᠢ ᠴᠢᠨᠠᠷ ᠲᠠᠢ ᠦᠭᠬᠦᠶ᠎ᠠ | ᠬᠦᠰᠡᠯ ᠢᠶᠠᠨ ᠪᠢᠳᠠ ᠬᠡᠥᠬᠡᠳ ᠲᠤ ᠦᠭᠬᠦᠶ᠎ᠠ | ᠦᠭᠡ ᠬᠡᠯᠡ ᠳᠤ ᠪᠠᠨ ᠤᠶᠠᠩᠭ᠎ᠠ ᠲᠠᠭᠤᠥ ᠲᠠᠢ ᠦᠭᠬᠦᠶ᠎ᠠ | ᠦᠰᠥᠭ ᠪᠢᠴᠢᠭ ᠲᠤ ᠪᠠᠨ ᠦᠯᠢᠭᠡᠷ ᠲᠡᠥᠬᠡ ᠲᠠᠢ ᠦᠭᠬᠦᠶ ᠠ | ᠦᠨᠳᠤᠰᠤ ᠤᠭᠰᠠᠭ᠎ᠠ ᠳᠤ ᠪᠠᠨ ᠰᠦᠰᠥᠭ ᠪᠢᠰᠢᠷᠠᠯ ᠲᠠᠢ ᠦᠭᠬᠦᠶ᠎ᠠ | ᠦᠨᠳᠤᠰᠤᠳᠡᠨ ᠶᠠᠰᠤᠳᠠᠨ ᠳᠤ ᠪᠠᠨ ᠬᠦᠭᠵᠢᠯᠳᠠ ᠲᠠᠪᠰᠢᠯᠳᠠ ᠲᠠᠢ ᠦᠭᠬᠦᠶ᠎ᠠ | ᠵᠤᠬᠢᠶᠠᠭᠴᠢ ᠶᠢᠨ ᠬᠠᠶ᠋ᠢᠭ᠄ ᠲᠤᠮᠳᠠᠳᠤ ᠬᠤᠰᠢᠭᠤᠨ ᠤ ᠪᠠᠶᠠᠨᠬᠤᠰᠢᠭᠤ ᠲᠦᠷᠪᠡᠳᠤᠭᠡᠷ ᠲᠤᠮᠳᠠᠳᠤ | ᠰᠤᠷᠭᠠᠭᠤᠯᠢ |