ᠡᠨᠡ ᠦᠷᠯᠦᠬᠡ ᠪᠢ ᠪᠤᠯᠵᠤᠬᠰᠠᠨ ᠴᠠᠭ ᠲᠤ ᠪᠠᠨ ᠰᠡᠷᠢᠪᠡ᠃ ᠬᠠᠮᠳᠤ ᠨᠡᠶᠢᠵᠡ ᠲᠠᠢ ᠪᠠᠨ ᠵᠤᠭᠠᠴᠠᠯ ᠳᠤ | ᠮᠤᠷᠳᠡᠨ᠎ᠠ ᠬᠡᠬᠦ ᠳᠤ ᠪᠠᠶᠠᠷᠯᠠᠵᠦ ᠲᠤᠬᠳᠤᠯᠤᠭᠠᠳ ᠶᠡᠷᠤᠨᠢ ᠲᠤᠬᠳᠠᠪᠤᠷᠢ ᠠᠯᠳᠠᠨ᠎ᠠ᠃ ᠠᠪᠤ ᠡᠵᠢ ᠬᠡᠳᠦ᠋ᠢᠨ | ᠠᠵᠢᠯ ᠳᠤ ᠪᠠᠨ ᠶᠠᠪᠤᠪᠠ᠃ ᠤᠷᠤ ᠲᠡᠪᠢᠰᠬᠡᠷ ᠢᠶᠠᠨ ᠲᠡᠭᠰᠢᠬᠡᠨ ᠬᠤᠷᠢᠶᠠᠵᠦ ᠲᠠᠭᠤᠰᠳᠠᠯ᠎ᠠ ᠮᠠᠰᠢᠨ ᠬᠦᠮᠦᠨ | ᠨᠠᠳᠠ ᠲᠠᠢ ᠮᠡᠨᠳᠦᠴᠢᠯᠡᠨ ᠦᠷᠯᠦᠬᠡ ᠶᠢᠨ ᠬᠤᠭᠤᠯᠠ ᠪᠠᠨ ᠰᠤᠩᠭᠤᠭᠠᠷᠠᠢ ᠭᠡᠵᠦ ᠰᠠᠨᠠᠭᠤᠯᠪᠠ᠃ ᠪᠢ ᠨᠢᠬᠡ ᠠᠶᠠᠭ᠎ᠠ | ᠰᠦ ᠲᠠᠢ ᠴᠠᠢ᠂ ᠬᠤᠶᠠᠷ ᠦᠨᠳᠡᠭᠡ᠂ ᠬᠡᠳᠦᠨ ᠬᠡᠰᠡᠭ ᠪᠤᠭᠤᠷᠰᠤᠭ ᠵᠠᠬᠢᠶᠠᠯᠠᠵᠦ ᠲᠠᠷᠤᠭᠤᠯ ᠢ ᠨᠢ ᠲᠠᠷᠤᠭᠠᠳ | ᠪᠡᠯᠡᠳᠭᠡᠬᠦ ᠪᠠᠷ ᠪᠤᠴᠠᠭᠠᠪᠠ᠃ ᠭᠠᠷᠠᠭ ᠤᠨ ᠠᠮᠠᠷᠠᠯᠳᠠ ᠪᠤᠯᠤᠬᠰᠠᠨ ᠪᠤᠯᠬᠤᠷ ᠮᠠᠨᠤᠰ ᠬᠡᠳᠦᠨ ᠨᠠᠶᠢᠵᠠ ᠲᠠᠢ ᠪᠠᠨ | ᠪᠤᠯᠵᠤᠨ ᠰᠠᠷᠡᠨ ᠪᠦᠮᠪᠦᠷᠴᠡᠭ ᠲᠤ ᠲᠤᠭᠤᠷᠢᠬᠤ ᠪᠠᠷ ᠪᠤᠯᠪᠠ᠃ | ᠤᠳᠠᠯ ᠦᠬᠡᠢ᠂ ᠨᠠᠶᠢᠵᠡ ᠪᠠᠳᠤ ᠤᠳᠠᠰᠤ ᠢᠷᠡᠵᠦ ᠨᠢ᠋ᠮᠡᠨ ᠴᠠᠭ ᠲᠤ ᠮᠤᠷᠳᠠᠨ᠎ᠠ ᠬᠡᠵᠦ ᠮᠡᠳᠡᠭᠳᠡᠵᠦ ᠪᠠᠶᠢᠪᠠ᠃ | ᠰᠢᠷ᠎ᠡ ᠲᠤᠰᠤ ᠬᠦᠪᠦᠭᠰᠡᠨ ᠴᠠᠢ ᠠᠴᠠ ᠬᠤᠶᠠᠷ ᠠᠶᠠᠭ᠎ᠠ ᠠᠮᠳᠠᠳᠠᠶᠢᠬᠠᠨ ᠵᠠᠯᠬᠢᠯᠡᠵᠦ᠂ ᠠᠮᠳᠠᠳᠤ ᠪᠤᠭᠤᠷᠰᠤᠭ ᠠᠴᠠ ᠨᠢ | ᠬᠡᠳᠦᠨ ᠬᠡᠰᠡᠭ ᠢᠳᠡᠭᠡᠳ ᠡᠨᠡ ᠦᠷᠯᠦᠬᠡ ᠶᠢᠨ ᠠᠶᠠᠭ᠎ᠠ ᠤᠬᠢᠶᠠᠬᠤ ᠠᠵᠢᠯ ᠢ ᠮᠡᠰᠢᠨ ᠬᠦᠮᠦᠨ ᠳᠤ ᠨᠠᠶᠢᠳᠠᠪᠠ᠃ | ᠴᠠᠬᠢᠯᠭᠠᠨ ᠱᠠᠳᠤ ᠪᠠᠷ ᠠᠭᠠᠵᠢᠭᠤᠬᠠᠨ ᠪᠠᠭᠤᠵᠦ ᠢᠷᠡᠳᠠᠯᠠ᠂ ᠰᠠᠭᠤᠳᠠᠯ ᠤᠨ ᠮᠠᠰᠢᠨ ᠬᠡᠳᠦ᠋ᠢᠨ ᠢᠷᠡᠭᠡᠳ ᠬᠦᠯᠢᠶᠡᠵᠦ | ᠪᠠᠶᠢᠯ᠎ᠠ᠃ ᠪᠠᠳᠤ ᠪᠠ ᠮᠦᠷᠡᠨ ᠬᠤᠶᠠᠭᠤᠯᠠ ᠪᠠᠨ ᠮᠢᠨᠤ ᠵᠦᠭ ᠭᠠᠷ ᠲᠠᠯᠠᠯᠤᠨ ᠦᠷᠯᠦᠬᠡ ᠶᠢᠨ ᠮᠡᠡᠳᠦ ᠬᠦᠷᠬᠡᠨ᠎ᠠ᠃ | ᠰᠠᠭᠤᠳᠠᠯ ᠤᠨ ᠮᠠᠰᠢᠨ ᠰᠠᠨᠰᠠᠷ ᠤᠨ ᠨᠢᠰᠬᠦ ᠤᠩᠭᠤᠴᠠ ᠶᠢᠨ ᠦᠷᠳᠡᠭᠡ ᠲᠡᠰᠢ ᠲᠡᠪᠬᠢᠪᠠ᠃ ᠰᠢᠨ᠎ᠠ ᠡᠨᠧᠷᠬᠢ ᠶᠢᠨ | ᠮᠠᠰᠢᠨ ᠪᠤᠯᠬᠤᠷ ᠲᠠᠭᠤ ᠴᠢᠮᠡᠭᠡ ᠰᠤᠨᠤᠰᠳᠠᠬᠤ ᠦᠬᠡᠢ᠃ ᠦᠵᠡᠵᠦ ᠬᠠᠷᠠᠬᠤ ᠶᠢᠨ ᠬᠤᠭᠤᠷᠤᠨᠳᠤ ᠬᠦᠷᠴᠦ ᠢᠷᠡᠯ᠎ᠠ᠃ | ᠨᠡᠶᠢᠬᠡᠮ ᠬᠦᠭᠵᠢᠵᠦ ᠲᠠᠪᠰᠢᠨ ᠵᠠᠮ ᠬᠠᠷᠢᠯᠴᠠᠭ᠎ᠠ ᠲᠤᠩ ᠲᠦᠬᠦᠮ ᠪᠤᠯᠵᠠᠢ᠃ ᠤᠨᠴᠠ ᠬᠤᠷᠳᠤᠨ ᠭᠠᠯᠳᠤ ᠲᠡᠷᠭᠡ | ᠬᠤᠳᠠ ᠪᠤᠯᠭᠠᠨ ᠲᠠᠢ ᠨᠡᠪᠳᠡᠷᠡᠵᠦ᠂ ᠬᠦᠮᠦᠰ ᠤᠨ ᠬᠤᠭᠤᠷᠤᠨᠳᠤᠬᠢ ᠶᠠᠪᠤᠯᠴᠠᠭ᠎ᠠ ᠳᠤ ᠤᠨᠴᠠ ᠲᠦᠬᠦᠮ ᠪᠤᠯᠵᠠᠢ᠃ | ᠰᠠᠨᠰᠠᠷ ᠤᠨ ᠨᠢᠰᠬᠦ ᠤᠩᠭᠤᠴᠠ ᠨᠢᠰᠬᠦ ᠪᠠᠷ ᠪᠡᠯᠡᠳᠭᠡᠵᠦ ᠪᠠᠶᠢᠯ᠎ᠠ᠃ ᠪᠢᠳᠡ ᠪᠢᠯᠧᠲ ᠢᠶᠠᠨ ᠪᠠᠶᠢᠴᠠᠭᠠᠯᠭᠠᠵᠦ᠂ | ᠪᠡᠶ᠎ᠡ ᠶᠢᠨ ᠡᠷᠡᠭᠦᠯ ᠮᠡᠨᠳᠦ ᠪᠠᠨ ᠲᠠᠬᠢᠨ ᠨᠢᠬᠡ ᠤᠳᠠᠭ᠎ᠠ ᠬᠢᠨᠠᠨ ᠪᠠᠶᠢᠴᠠᠯᠭᠠᠭᠠᠳ ᠨᠢᠰᠬᠦ ᠤᠩᠭᠤᠴᠠᠨ ᠳᠤ ᠭᠠᠷᠴᠦ | ᠦᠪᠡᠷ ᠤᠨ ᠰᠠᠭᠤᠳᠠᠯ ᠳᠤ ᠪᠠᠨ ᠰᠠᠭᠤᠪᠠ᠃ ᠦᠢᠯᠡᠴᠢᠯᠡᠭᠴᠢ ᠠᠴᠠ ᠡᠯᠳᠡᠪ ᠵᠦᠢᠯ ᠤᠨ ᠵᠢᠮᠢᠰ ᠪᠡ ᠤᠮᠳᠠᠭᠠᠨ | ᠪᠡᠯᠡᠳᠭᠡᠭᠡᠳ ︽ᠲᠠᠪᠠᠳᠠᠢ ᠰᠠᠶᠢᠬᠠᠨ ᠵᠤᠭᠤᠬᠯᠠᠭᠠᠷᠠᠢ︕︾ ᠬᠡᠵᠦ ᠢᠨᠢᠶᠡᠮᠰᠦᠭᠯᠡᠨ ᠮᠦᠰᠢᠶᠡᠨᠠ᠃ ᠰᠠᠷᠡᠨ | ᠪᠦᠮᠪᠦᠷᠴᠡᠭ ᠲᠤ ᠠᠶᠠᠯᠠᠨ᠎ᠠ ᠬᠡᠬᠦ ᠳᠤ ᠬᠦᠮᠦᠰ ᠲᠤ ᠲᠡᠶᠢᠮᠦ ᠬᠠᠴᠢᠨ ᠪᠢᠰᠢ ᠰᠠᠨᠠᠬᠳᠠᠨ᠎ᠠ᠃ ᠪᠢᠳᠡ ᠭᠤᠷᠪᠠᠭᠤᠯᠠ ᠪᠠᠨ | ᠠᠩᠬ᠎ᠠ ᠤᠳᠠᠭ᠎ᠠ ᠤᠴᠢᠬᠤ ᠬᠡᠵᠦ ᠪᠠᠶᠢᠭ᠎ᠠ ᠪᠤᠯᠬᠤᠷ ︽ᠴᠤᠬᠤᠮ ᠶᠠᠮᠠᠷᠬᠠᠨ ᠪᠠᠶᠢᠳᠠᠭ ᠪᠤᠯ︖︾ ᠬᠡᠵᠦ | ᠠᠰᠠᠭᠤᠯᠳᠠ ᠶᠢᠨ ᠲᠡᠮᠳᠡᠭ ᠲᠤᠷᠡᠶᠢᠨᠠ᠃ ︽ᠬᠠᠰ ᠴᠠᠭᠠᠨ ᠲᠠᠤᠯᠠᠢ ᠨᠢ ᠪᠠᠶᠢᠳᠠᠭ ᠪᠤᠯ ᠤᠤ︖ ᠴᠠᠩ ᠧ ᠰᠠᠷᠠᠨ | ᠲᠠᠬᠢᠨᠢ ᠲᠠᠢ ᠤᠯᠵᠦ ᠤᠴᠠᠷᠠᠳᠠᠭ ᠪᠤᠯ ᠤᠤ︾ ᠬᠡᠵᠦ ᠠᠯᠢᠶ᠎ᠠ ᠪᠠᠳᠤ ᠶᠠᠭᠤ ᠨᠢᠬᠡ ᠶᠠᠷᠢᠭᠠᠳ ᠮᠡᠷᠭᠡᠯᠡᠨᠠ᠃ ᠮᠦᠷᠡᠨ | ᠰᠡᠭᠦᠳᠡᠷᠯᠡᠬᠦ ᠮᠠᠰᠢᠨ ᠢᠶᠠᠨ ᠤᠷᠤᠯᠳᠤᠬᠤ ᠶᠢᠨ ᠲᠠᠭᠠᠤ ︽ᠬᠠᠰ ᠴᠠᠭᠠᠨ ᠲᠠᠤᠯᠠᠢ ᠪᠠᠷ ᠨᠢ ᠬᠠᠨᠳᠠᠯ᠎ᠠ ᠨᠠᠭᠠᠳᠤᠶ᠎ᠠ︾ | ᠬᠡᠵᠦ ᠪᠤᠳᠤᠯ ᠢᠶᠠᠨ ᠶᠠᠷᠢᠨ᠎ᠠ᠃ ᠡᠶᠢᠰᠢ ᠲᠡᠶᠢᠰᠢ ᠠᠵᠢᠬᠯᠠᠬᠤ ᠳᠤ ᠭᠠᠷ ᠤᠳᠠᠰᠤ ᠨᠠᠭᠠᠳᠬᠤ ᠬᠦᠮᠦᠨ ᠨᠢᠬᠡ ᠴᠦ | ᠬᠠᠷᠠᠬᠳᠠᠬᠤ ᠦᠬᠡᠢ᠂ ᠬᠦᠮᠦᠰ ᠪᠦᠷ ᠵᠢᠵᠢᠭ ᠲᠡᠪᠳᠡᠷ ᠭᠠᠷᠭᠠᠭᠠᠳ ᠰᠤᠨᠢᠷᠬᠠᠨ ᠤᠷᠪᠠᠭᠤᠯᠤᠨ᠎ᠠ᠃ ᠬᠠᠶᠠ ᠪᠠᠰᠠ | ᠨᠢᠬᠡ ᠨᠢ ᠡᠳᠦᠷ ᠤᠨ ᠰᠤᠨᠢᠨ ᠤᠷᠪᠠᠭᠤᠯᠤᠨ ᠠᠩᠭᠠᠷᠠᠭ ᠤᠳᠤᠨ ᠳᠤ ᠵᠤᠭᠠᠴᠠᠬᠰᠠᠨ ᠰᠤᠨᠢᠨ ᠰᠤᠨᠤᠰᠬᠠᠯ ᠢᠶᠠᠨ | ᠶᠠᠷᠢᠯᠴᠠᠨ᠎ᠠ᠃ ︽ᠭᠠᠷ ᠤᠳᠠᠰᠤ ᠨᠢᠳᠦᠨ ᠬᠠᠷᠠᠭ᠎ᠠ ᠶᠢ ᠲᠤᠷᠤᠬᠰᠢᠯᠠᠭᠤᠯᠤᠨᠠ᠂ ᠡᠷᠡᠭᠦᠯ ᠮᠡᠨᠳᠦ ᠶᠢ ᠨᠦᠯᠦᠬᠡᠯᠡᠨ᠎ᠠ᠂ | ᠴᠠᠭ ᠮᠦᠴᠡ ᠶᠢ ᠲᠠᠯᠠᠭᠠᠷ ᠦᠡᠭᠭᠡᠷᠡᠭᠡᠨᠠ︾ ᠬᠡᠵᠦ ᠠᠪᠤ ᠡᠵᠢ ᠶᠢᠨ ᠤᠯᠠᠨᠳᠠ ᠬᠡᠯᠡᠵᠦ ᠪᠠᠶᠢᠬᠰᠠᠨ ᠨᠢ ᠴᠢᠬᠢᠨ ᠳᠤ | ᠲᠠᠬᠢᠨᠳᠠ ᠬᠠᠩᠭᠢᠨᠠᠪᠠ᠃ ᠤᠳᠤ ᠬᠠᠷᠢᠨ ᠨᠤᠮ ᠤᠩᠰᠢᠬᠤ ᠬᠦᠮᠦᠨ ᠤᠯᠠᠰᠢᠷᠠᠬᠰᠠᠨ ᠪᠠᠶᠢᠨ᠎ᠠ᠃ | ᠨᠢᠰᠬᠦ ᠤᠩᠭᠤᠴᠠ ᠰᠠᠷᠡᠨ ᠪᠦᠮᠪᠦᠷᠴᠡᠭ ᠤᠷᠤᠭᠤ ᠬᠤᠷᠳᠤᠯᠠᠨ ᠨᠢᠰᠦᠨ᠎ᠠ᠃ ᠴᠤᠩᠬᠤ ᠪᠠᠷ ᠨᠢ ᠲᠤᠷᠤᠬᠰᠢ | ᠱᠠᠭᠠᠶᠢᠬᠤ ᠳᠤ ᠲᠡᠯᠡᠬᠡᠢ ᠶᠢᠨ ᠪᠦᠮᠪᠦᠷᠴᠡᠭ ᠴᠡᠩᠭᠡᠷᠯᠡᠨ ᠬᠠᠷᠠᠬᠳᠠᠨ᠎ᠠ᠃ ᠪᠠᠭᠰᠢ ᠶᠢᠨ ᠬᠡᠯᠡᠭᠰᠡᠨ ᠢᠶᠠᠷ ᠲᠤᠮᠳᠠᠳᠤ | ᠤᠯᠤᠰ ᠤᠨ ᠤᠷᠳᠦ ᠴᠠᠭᠠᠨ ᠬᠡᠷᠡᠮ ᠦᠨᠡᠬᠡᠷ ᠠᠪᠤᠷᠭᠤ ᠰᠦᠷᠯᠢᠭ ᠬᠠᠷᠠᠬᠳᠠᠨ᠎ᠠ᠃ ᠪᠠᠳᠤ ᠭᠠᠷ ᠢᠶᠠᠷ ᠢᠶᠠᠨ ᠲᠤᠷᠤᠬᠰᠢ | ᠵᠢᠭᠠᠨ ︽ᠦᠵᠡ᠂ ᠦᠵᠡ᠂ ᠲᠠᠯᠡᠬᠡᠢ ᠶᠢᠨ ᠪᠦᠮᠪᠦᠷᠴᠡᠭ ᠤᠨ ᠡᠬᠡ ᠭᠠᠵᠠᠷ ᠤᠨ ᠲᠠᠯᠠᠪᠠᠢ ᠬᠡᠴᠢᠨᠡᠨ ᠵᠢᠵᠢᠭᠬᠡᠨ ᠪᠤᠢ᠂ | ᠲᠡᠯᠡᠬᠡᠢ ᠶᠢᠨ ᠪᠦᠮᠪᠦᠷᠴᠡᠭ ᠤᠨ ᠲᠠᠯᠠᠪᠠᠢ ᠶᠢᠨ ᠤᠯᠠᠩᠭᠢ ᠨᠢ ᠪᠦᠷ ᠲᠠᠯᠠᠢ ᠲᠠᠩᠭᠢᠰ ᠡᠵᠡᠯᠡᠴᠢᠬᠡᠵᠠᠢ︾ ᠬᠡᠵᠦ | ᠮᠡᠷᠭᠡᠯᠡᠨᠠ᠃ ︽ᠬᠦᠮᠦᠰ ᠡᠭᠡ ᠲᠡᠯᠡᠬᠡᠢ ᠪᠠᠨ ᠬᠠᠶᠢᠷᠠᠯᠠᠬᠤ ᠦᠬᠡᠢ ᠪᠤᠯ ᠡᠴᠦᠰ ᠲᠡᠭᠡᠨ ᠶᠡᠭᠡ ᠲᠡᠯᠡᠢ ᠳᠤ | ᠵᠠᠯᠬᠢᠬᠳᠠᠨᠠ ᠬᠡᠳᠡᠭ ᠦᠨᠡᠬᠡᠷ ᠠᠶᠤᠮᠠᠷ ᠡ︾ ᠬᠡᠵᠦ ᠮᠦᠷᠡᠨ ᠪᠠᠰᠠ ᠨᠢᠬᠡ ᠶᠠᠭᠤᠮ᠎ᠠ ᠬᠡᠯᠡᠨ᠎ᠠ᠃ ᠵᠢᠯ ᠪᠦᠷᠢ ᠶᠢᠨ | ᠬᠠᠪᠤᠷ ᠪᠤᠯᠤᠬᠰᠠᠭᠠᠷ ᠮᠤᠳᠤ ᠵᠠᠶᠢᠯᠠᠵᠦ ᠤᠶᠢᠵᠢᠭᠤᠯᠤᠨ᠎ᠠ ᠬᠡᠵᠦ ᠰᠦᠢᠳ ᠪᠤᠯᠤᠭᠠᠳ ᠪᠢᠳᠠᠨᠠᠷ ᠰᠦᠷᠡᠭᠡᠢ ᠶᠠᠳᠠᠷᠠᠵᠦ | ᠪᠠᠶᠢᠬᠰᠠᠨ ᠨᠢ ᠡᠬᠡ ᠪᠦᠮᠪᠦᠷᠴᠡᠭ ᠢᠶᠠᠨ ᠬᠠᠮᠠᠭᠠᠯᠠᠵᠦ ᠨᠤᠭᠤᠭᠠᠷᠠᠭᠤᠯᠵᠦ ᠪᠠᠶᠢᠨ᠎ᠠ ᠬᠡᠵᠦ ᠪᠠᠭᠰᠢ ᠬᠡᠯᠡᠵᠦ ᠪᠠᠶᠢᠬᠰᠠᠨ ᠢ | ᠰᠠᠶ᠋ᠢ ᠤᠶᠢᠯᠠᠭᠠᠯ᠎ᠠ᠃ | ᠤᠳᠠᠯ ᠦᠬᠡᠢ ᠰᠠᠷᠡᠨ ᠪᠦᠮᠪᠦᠷᠴᠡᠭ ᠲᠤ ᠬᠦᠷᠴᠦ ᠢᠷᠡᠯ᠎ᠠ᠃ ᠰᠠᠷ᠎ᠡ ᠪᠤᠯ ᠲᠡᠯᠡᠬᠡᠢ ᠶᠢᠨ ᠪᠦᠮᠪᠦᠷᠴᠡᠭ ᠠᠴᠠ | ᠬᠠᠮᠤᠭ ᠤᠶᠢᠷ᠎ᠡ ᠪᠦᠮᠪᠦᠷᠴᠡᠭ ᠡ ᠬᠡᠵᠦ ᠪᠠᠭᠰᠢ ᠬᠡᠯᠡᠵᠦ ᠪᠠᠶᠢᠬᠰᠠᠨ ᠠᠴᠠ ᠪᠢᠳᠡ ᠶᠠᠭ ᠯᠡ ᠰᠠᠭᠠᠬᠠᠯᠳᠠ | ᠠᠶᠢᠯ ᠳᠤ ᠪᠠᠨ ᠬᠦᠷᠴᠦ ᠪᠠᠶᠢᠭ᠎ᠠ ᠮᠡᠳᠦ ᠬᠤᠷᠳᠤᠨ ᠢᠷᠡᠴᠢᠭᠡᠭᠰᠡᠨ ᠰᠠᠨᠠᠬᠳᠠᠨ᠎ᠠ᠃ ᠨᠢᠰᠬᠦ ᠤᠩᠭᠤᠴᠠ ᠠᠯᠭᠤᠷᠬᠠᠨ | ᠵᠤᠬᠰᠤᠯ᠎ᠠ᠃ ᠪᠢᠳᠡ ᠭᠤᠷᠪᠠᠭᠤᠯᠠ ᠪᠠᠨ ᠪᠤᠬᠴᠤ ᠪᠠᠨ ᠮᠦᠷᠦᠯᠡᠬᠡᠳ ᠪᠠᠭᠤᠪᠠ᠃ ᠦᠢᠯᠡᠴᠢᠯᠡᠭᠴᠢ ︽ᠦᠳᠡ ᠶᠢᠨ | ᠬᠤᠶᠢᠨᠠᠬᠢ ᠨᠢᠬᠡ ᠴᠠᠭ ᠲᠤ ᠪᠢᠳᠡ ᠡᠬᠡ ᠲᠡᠯᠡᠬᠡᠢ ᠳᠤ ᠪᠠᠨ ᠪᠤᠴᠠᠨ᠎ᠠ ᠰᠢᠤ ᠪᠢᠳᠡᠬᠡᠢ ᠬᠤᠴᠤᠷᠴᠢᠬᠠ︾ ᠬᠡᠵᠦ | ᠪᠢᠳᠡᠨ ᠢ ᠰᠠᠨᠠᠭᠤᠯᠵᠦ ᠪᠠᠶᠢᠯ᠎ᠠ᠃ ᠰᠠᠷᠠᠨ ᠪᠦᠮᠪᠦᠷᠴᠡᠭ ᠲᠡᠭᠡᠷ᠎ᠡ ᠠᠭᠠᠷ ᠦᠬᠡᠢ ᠪᠤᠯᠬᠤᠷ ᠪᠢᠳᠡ ᠦᠪᠡᠷ ᠦᠪᠡᠷ ᠤᠨ | ᠠᠮᠠᠪᠴᠢ ᠪᠠᠨ ᠵᠡᠬᠦᠵᠦ ᠬᠤᠭᠤᠯᠠᠢ ᠶᠢ ᠨᠢ ᠬᠦᠴᠢᠯᠳᠦ᠋ᠷᠦᠭᠴᠢ ᠶᠢᠨ ᠰᠠᠪᠠ ᠲᠠᠢ ᠵᠠᠯᠭᠠᠯ᠎ᠠ᠃ ᠮᠦᠷᠡᠨ ᠰᠡᠭᠦᠳᠡᠷᠯᠡᠬᠦ | ᠮᠠᠰᠢᠨ ᠢᠶᠠᠨ ᠬᠢᠯᠡᠯᠵᠡᠭᠤᠯᠵᠦ ᠰᠡᠭᠦᠳᠡᠷᠯᠡᠵᠦ ᠡᠬᠢᠯᠡᠯ᠎ᠠ᠃ ᠬᠠᠶᠠ ᠪᠢᠳᠡ ᠬᠤᠶᠠᠭᠤᠯᠠ ᠶᠢ ᠰᠡᠭᠦᠳᠡᠷᠯᠡᠬᠦ ᠬᠡᠬᠦ ᠳᠤ | ᠪᠠᠳᠤ ᠬᠤᠶᠠᠷ ᠬᠤᠷᠤᠭᠤ ᠪᠠᠨ ᠭᠠᠷᠭᠠᠵᠦ ᠢᠯᠡᠬᠴᠢ ᠶᠢᠨ ᠲᠦᠷᠢ ᠦᠵᠡᠬᠦᠯᠦᠨ ᠢᠨᠢᠶᠡᠵᠦ ᠯᠡ ᠪᠠᠶᠢᠯ᠎ᠠ᠃ ᠡᠨᠡ | ᠦᠶ᠎ᠡ ᠳᠤ ᠬᠠᠷᠮᠠᠨ ᠳᠤ ᠪᠠᠶᠢᠬᠰᠠᠨ ᠭᠠᠷ ᠤᠳᠠᠰᠤ ᠴᠡᠴᠡᠷᠬᠢᠯᠡᠨ ᠬᠦᠳᠡᠯᠵᠦ ᠡᠵᠢ ᠮᠢᠨᠢ ᠤᠳᠠᠰᠤ ᠢᠷᠡᠯ᠎ᠠ᠃ ᠤᠳᠤᠨ | ᠭᠠᠷᠠᠭ ᠤᠨ ᠬᠤᠭᠤᠷᠤᠨᠳᠤ ᠮᠦᠨ ᠬᠦ ᠭᠠᠷ ᠤᠳᠠᠰᠤᠨ ᠤ ᠰᠤᠷᠠᠭ ᠵᠠᠩᠭᠢ ᠰᠠᠭᠠᠳ ᠦᠬᠡᠢ ᠨᠡᠪᠳᠡᠷᠡᠴᠢᠬᠡᠭᠰᠡᠨ ᠪᠠᠶᠢᠨ᠎ᠠ | ᠃ ᠡᠵᠢ ᠮᠢᠨᠢ ᠡᠨᠡᠷᠢᠩᠭᠦᠢ ᠪᠠᠷ ᠮᠦᠰᠢᠶᠡᠨ ᠢᠨᠢᠶᠠᠮᠰᠦᠭᠯᠡᠵᠦ ︽ᠠᠮᠤᠷ ᠲᠦᠪᠰᠢᠨ ᠢ ᠤᠨᠴᠠ ᠠᠩᠬᠠᠷ᠂ ᠪᠤᠤ ᠯᠡ | ᠪᠤᠴᠠᠵᠦ ᠢᠷᠡᠬᠦ ᠴᠠᠭ ᠠᠴᠠ ᠪᠠᠨ ᠬᠤᠴᠤᠷᠴᠢᠬᠠ︾ ᠬᠡᠵᠦ ᠲᠠᠬᠢᠨ ᠲᠠᠬᠢᠨ ᠰᠠᠨᠠᠭᠤᠯᠵᠦ ᠯᠡ ᠪᠠᠶᠢᠯ᠎ᠠ᠃ | ᠰᠠᠷᠡᠨ ᠲᠡᠭᠡᠷ᠎ᠡ ᠬᠦᠮᠦᠨ ᠪᠠᠶ᠎ᠡ ᠶᠢᠨ ᠬᠦᠨᠳᠤ ᠪᠠᠨ ᠠᠯᠳᠠᠳᠠᠭ ᠪᠤᠯᠬᠤᠷ ᠨᠢᠬᠡ ᠦᠰᠦᠷᠪᠡᠯ ᠬᠡᠳᠦᠨ ᠮᠧᠳ᠋ᠷ | ᠦᠨᠳᠦᠷ ᠭᠠᠷᠴᠤ ᠲᠡᠭᠳᠡᠨ ᠲᠠᠬᠢᠨ ᠲᠤᠷᠤᠬᠰᠢ ᠲᠤᠨᠤᠨ ᠪᠠᠭᠤᠳᠠᠭ ᠬᠡᠵᠦ ᠪᠠᠭᠰᠢ ᠶᠢᠨ ᠬᠡᠯᠡᠵᠦ ᠪᠠᠶᠢᠬᠰᠠᠨ ᠢ ᠰᠡᠷᠡᠵᠦ | ᠮᠡᠳᠡᠷᠡᠯ᠎ᠠ᠃ ᠡᠶᠢᠮᠦ ᠪᠠᠶᠠᠷ ᠴᠡᠩᠭᠡᠯᠳᠡᠢ ᠪᠤᠯᠬᠤᠷ ᠤᠳᠤᠬᠢ ᠬᠦᠮᠦᠰ ᠤᠨᠴᠠᠭᠠᠶᠢᠯᠠᠨ ᠬᠡᠤᠭᠡᠳ ᠪᠠᠭᠠᠴᠣᠳ ᠰᠠᠷᠡᠨ | ᠪᠦᠮᠪᠦᠷᠴᠡᠭ ᠲᠡᠰᠢ ᠵᠤᠭᠠᠴᠠᠬᠤ ᠨᠢ ᠬᠠᠯᠠᠭᠤᠷᠠᠯ ᠪᠤᠯᠤᠬᠰᠠᠨ ᠪᠠᠶᠢᠨ᠎ᠠ᠃ ᠪᠢᠳᠡ ᠭᠤᠷᠪᠠᠭᠤᠯᠠ ᠪᠠᠨ ᠬᠦᠯᠦᠰᠦ | ᠭᠠᠷᠳᠠᠯ᠎ᠠ ᠲᠤᠬᠯᠠᠵᠦ ᠨᠠᠭᠠᠳᠤᠨ ᠪᠠᠭ᠎ᠠ ᠶᠠᠳᠠᠷᠠᠬᠰᠠᠨ ᠪᠤᠯᠬᠤᠷ ᠨᠢᠬᠡᠨ ᠲᠡᠭᠰᠢᠬᠡᠨ ᠴᠢᠯᠠᠭᠤᠨ ᠲᠡᠭᠡᠷ᠎ᠡ ᠰᠠᠭᠤᠵᠦ | ᠠᠮᠠᠷᠠᠯ᠎ᠠ᠃ ︽ᠬᠠᠰ ᠴᠠᠭᠠᠨ ᠲᠠᠤᠯᠠᠢ᠂ ᠰᠠᠷᠡᠨ ᠲᠠᠬᠢᠨᠢ ᠴᠤᠬᠤᠮ ᠬᠠᠮᠢᠭ᠎ᠠ ᠪᠠᠶᠢᠳᠠᠭ ᠪᠤᠯ︾ ᠬᠡᠵᠦ ᠪᠢ ᠪᠠᠳᠤ ᠠᠴᠠ | ᠠᠰᠠᠭᠤᠬᠤ ᠳᠤ᠄ ︽ᠲᠡᠷᠡ ᠬᠤᠯᠠ ᠬᠠᠷᠠᠬᠳᠠᠬᠤ ᠠᠰᠠᠷ ᠲᠤ ᠪᠠᠶᠢᠭ᠎ᠠ ᠪᠠᠶᠢᠯᠬᠦᠢ︾ ᠬᠡᠵᠦ ᠠᠯᠤᠰ ᠬᠤᠯᠠ | ᠰᠦᠨᠳᠡᠷᠯᠡᠨ ᠬᠠᠷᠠᠬᠳᠠᠬᠤ ᠠᠰᠠᠷ ᠢ ᠵᠢᠭᠠᠯ᠎ᠠ᠃ ᠠᠰᠠᠷ ᠤᠨ ᠤᠷᠤᠢ ᠳᠤ ᠲᠠᠪᠤᠨ ᠤᠳᠤᠳᠤ ᠤᠯᠠᠭᠠᠨ ᠲᠤᠭ ᠰᠦᠷ | ᠬᠡᠷᠡᠯᠳᠡᠢ ᠬᠠᠷᠠᠬᠳᠠᠨ᠎ᠠ᠃ ᠠ︕ ᠮᠠᠨ ᠤ ᠤᠯᠤᠰ ᠤᠨ ᠰᠢᠨᠵᠢᠯᠠᠬᠦ ᠤᠬᠠᠭᠠᠨ ᠤ ᠮᠡᠷᠭᠡᠵᠢᠯ ᠲᠡᠯᠡᠬᠡᠢ ᠶᠢᠨ | ᠲᠡᠷᠢᠬᠦᠨ ᠤ ᠡᠩᠨᠡᠭᠡᠨ ᠳᠤ ᠤᠷᠤᠵᠦ᠂ ᠰᠠᠷᠡᠨ ᠪᠦᠮᠪᠦᠷᠴᠡᠭ ᠲᠡᠭᠡᠷ᠎ᠡ ᠪᠠᠰᠠ ᠰᠢᠨᠵᠢᠯᠠᠨ ᠰᠤᠳᠤᠯᠬᠤ ᠦᠷᠳᠡᠭᠡ | ᠪᠠᠶᠢᠭᠤᠯᠴᠢᠬᠠᠬᠰᠠᠨ ᠠᠵᠢ︕ ᠪᠢᠳᠡ ᠡᠳᠡᠭᠡᠷ ᠢ ᠭᠠᠶᠢᠬᠠᠨ ᠰᠤᠨᠢᠷᠬᠠᠵᠦ ᠶᠠᠪᠤᠵᠦ ᠪᠠᠶᠢᠳᠠᠯ᠎ᠠ ᠪᠠᠳᠤ᠄ ︽ᠬᠦᠢ︕ | ᠪᠢᠳᠡ ᠲᠡᠯᠡᠬᠡᠢ ᠶᠢᠨ ᠪᠦᠮᠪᠦᠷᠴᠡᠭ ᠲᠠᠬᠢ ᠨᠠᠶᠢᠵᠠ ᠳᠤ ᠪᠠᠨ ᠶᠠᠮᠠᠷ ᠪᠡᠯᠡᠭ ᠠᠪᠠᠴᠢᠳᠠᠭ ᠪᠤᠢ︖︾ ᠬᠡᠵᠦ ᠪᠢᠳᠡ | ᠬᠤᠶᠠᠷ ᠢ ᠰᠢᠷᠳᠡᠯᠠ᠃ ᠮᠦᠷᠡᠨ ᠲᠤᠯᠤᠭᠠᠢ ᠪᠠᠨ ᠮᠠᠭᠠᠵᠢᠨ ᠪᠤᠳᠤᠯᠬᠢᠯᠠᠬᠰᠠᠭᠠᠷ᠄ ︽ᠨᠤᠳᠤᠭ ᠤᠨ ᠴᠢᠯᠠᠭᠤ ᠡᠷᠳᠡᠨᠢ | ᠭᠡᠳᠡᠭ ᠰᠢᠤ᠂ ᠪᠢᠳᠡ ᠰᠠᠷᠡᠨ ᠪᠦᠮᠪᠦᠷᠴᠡᠭ ᠤᠨ ᠴᠢᠯᠠᠭᠤ ᠶᠢ ᠰᠢᠨᠵᠢᠵᠦ ᠦᠵᠡᠶ᠎ᠡ᠂ ᠰᠤᠨᠤᠰᠬᠤᠯᠠᠷ ᠰᠠᠷᠡᠨ | ᠪᠦᠮᠪᠦᠷᠴᠡᠭ ᠤᠨ ᠴᠢᠯᠠᠭᠤ ᠳᠤ ᠮᠠᠰᠢ ᠤᠯᠠᠨ ᠠᠭᠤᠷᠬᠠᠢ ᠶᠢᠨ ᠡᠯᠧᠮᠧᠨ᠋ᠲ ᠠᠭᠤᠯᠤᠬᠳᠠᠵᠦ ᠪᠠᠶᠢᠨ᠎ᠠ ᠭᠡᠳᠡᠭ︾ ᠬᠡᠵᠦ | ᠵᠢᠵᠢᠭᠬᠡᠨ ᠭᠡᠰᠡᠭ ᠲᠠᠢ ᠴᠢᠯᠠᠭᠤ ᠠᠪᠴᠦ ᠦᠵᠡᠭᠰᠡᠨ ᠳᠤ ᠭᠠᠯ ᠤᠯᠠᠭᠠᠨ ᠰᠤᠳᠠᠰᠤ ᠲᠠᠢ ᠪᠠᠶᠢᠵᠦ ᠬᠠᠴᠢᠨ ᠰᠤᠨᠢᠨ | ᠬᠠᠷᠠᠬᠳᠠᠨ᠎ᠠ᠂ ᠵᠠᠷᠢᠮ ᠨᠢ ᠨᠤᠭᠤᠭᠠᠨ᠂ ᠵᠠᠷᠢᠮ ᠨᠢ ᠴᠠᠭᠠᠨ᠂ ᠰᠢᠷ᠎ᠡ ᠁ ᠮᠡᠳᠦ ᠶᠢᠨ ᠤᠯᠠᠨ ᠵᠦᠢᠯ ᠤᠨ | ᠦᠩᠭᠡ ᠲᠠᠢ ᠪᠠᠶᠢᠵᠦ ᠴᠤᠬᠤᠮ ᠶᠠᠭᠤ ᠪᠠᠷ ᠪᠦᠷᠢᠯᠳᠦᠭᠰᠡᠨ ᠪᠤᠤ ᠮᠡᠳᠡ ᠡ︕ ᠪᠢᠳᠡ ᠪᠤᠬᠴᠤ ᠲᠦᠬᠦᠷᠡᠩ ᠴᠢᠯᠠᠭᠤ | ᠲᠡᠭᠦᠯᠠ᠃ | ᠰᠠᠷᠡᠨ ᠪᠦᠮᠪᠦᠷᠴᠡᠭ ᠲᠤ ᠤᠰᠤ ᠤᠯᠳᠠᠭ᠎ᠠ ᠦᠬᠡᠢ᠂ ᠤᠷᠭᠤᠮᠠᠯ᠂ ᠠᠮᠢᠳᠠᠨ ᠬᠡᠵᠦ ᠦᠬᠡᠢ᠂ ᠪᠠᠷᠤᠭ ᠬᠦᠮᠦᠨ | ᠲᠦᠷᠦᠯᠬᠢᠳᠡᠨ ᠠᠴᠠ ᠠᠶᠤᠭᠠᠳ ᠵᠠᠶᠢᠯᠠᠴᠢᠬᠠᠬᠰᠠᠨ ᠪᠠᠶᠢᠯᠬᠦᠢ ᠬᠡᠵᠦ ᠮᠦᠷᠡᠨ ᠬᠡᠯᠡᠬᠡᠳ ᠢᠨᠢᠶᠡᠨᠠ᠃ ᠯᠡᠪ ᠯᠡ | ᠪᠢᠳᠡ ᠭᠤᠷᠪᠡ ᠪᠠᠷᠢᠵᠦ ᠠᠪᠠᠴᠢᠬᠤ ᠠᠴᠠ ᠠᠶᠤᠬᠰᠠᠨ ᠪᠠ ᠬᠡᠵᠦ ᠪᠠᠳᠤ ᠪᠠᠰᠠ ᠮᠡᠷᠭᠡᠯᠡᠴᠢᠬᠡᠪᠠ᠃ ᠵᠡᠷᠢᠮ ᠰᠢᠨᠤᠬᠠᠢ | ᠬᠦᠮᠦᠨ ᠮᠡᠯᠡᠬᠡᠢ ᠶᠢ ᠪᠠᠷᠢᠵᠦ ᠠᠪᠠᠴᠢᠬᠰᠠᠭᠠᠷ ᠤᠳᠤ ᠮᠠᠨ ᠤ ᠨᠤᠳᠤᠭ ᠲᠤ ᠮᠡᠯᠡᠬᠡᠢ ᠦᠵᠡᠭᠳᠡᠬᠦ ᠪᠠᠨ ᠪᠤᠯᠢᠪᠠ᠂ | ᠮᠡᠯᠡᠬᠡᠢ ᠶᠢᠨ ᠲᠠᠭᠤ ᠪᠠᠰᠠ ᠰᠤᠨᠤᠰᠳᠠᠬᠤ ᠪᠠᠨ ᠪᠤᠯᠢᠪᠡ ᠬᠡᠵᠦ ᠠᠪᠤ ᠶᠠᠷᠢᠵᠦ ᠪᠠᠶᠢᠬᠰᠠᠨ ᠢ ᠰᠠᠨᠠᠵᠦ ᠤᠯᠤᠯ᠎ᠠ᠃ | ᠤᠳᠠᠯ ᠦᠬᠡᠢ ᠪᠢᠳᠡ ᠤᠯᠠᠭᠠᠨ ᠲᠤᠭ ᠨᠠᠮᠢᠷᠠᠬᠰᠠᠨ ᠦᠨᠳᠦᠷ ᠠᠰᠠᠷ ᠲᠤᠮᠳᠠᠳᠤ ᠤᠯᠤᠰ ᠤᠨ ᠰᠠᠷᠡᠨ | ᠪᠦᠮᠪᠦᠷᠴᠡᠭ ᠤᠨ ᠰᠢᠨᠵᠢᠯᠡᠬᠡᠨ ᠤ ᠦᠷᠳᠡᠭᠡ ᠬᠦᠷᠴᠦ ᠢᠷᠡᠯ᠎ᠠ᠃ ᠡᠭᠦᠳᠡᠨ ᠭᠠᠳᠠᠨᠠᠬᠢ ᠬᠡᠷᠡᠮ ᠲᠡᠭᠡᠷ᠎ᠡ ᠨᠢ ᠭᠤᠶᠤ | ᠰᠠᠶᠢᠬᠠᠨ ᠵᠢᠷᠤᠭ ᠬᠠᠷᠠᠬᠳᠠᠨ᠎ᠠ᠃ ᠦᠵᠡᠰᠡ᠂ ᠰᠠᠷᠠᠨ ᠲᠠᠬᠢᠨᠢ ᠴᠠᠩ ᠧ ᠬᠠᠰ ᠲᠠᠤᠯᠠᠢ ᠪᠠᠨ ᠲᠡᠪᠡᠷᠢᠵᠦ ᠰᠠᠬᠯᠠᠭᠠᠷ | ᠮᠤᠳᠤᠨ ᠤ ᠲᠤᠤᠷ᠎ᠡ ᠵᠤᠬᠰᠤᠵᠦ ᠪᠠᠶᠢᠯ᠎ᠠ᠃ ᠬᠠᠵᠠᠭᠤ ᠳᠤ ᠨᠢ ᠲᠠᠶᠢᠯᠪᠤᠷᠢ ᠪᠢᠴᠢᠭ ᠬᠠᠷᠠᠬᠳᠠᠨ᠎ᠠ᠂ ᠬᠠᠴᠢᠨ ᠬᠡᠵᠦ ᠡ | ︕ ᠲᠠᠶᠢᠯᠪᠦᠷᠢ ᠶᠢ ᠨᠢ ᠬᠢᠳᠡᠳ ᠮᠤᠩᠭᠤᠯ ᠬᠤᠶᠠᠷ ᠦᠰᠦᠭ ᠢᠶᠠᠷ ᠲᠤᠷᠡᠶᠢᠳᠠᠯᠠ ᠪᠢᠴᠢᠵᠦ ᠪᠠᠶᠢᠬᠤ ᠠᠵᠢ︕ | ᠪᠤᠰᠤᠭ᠎ᠠ ᠮᠤᠩᠭᠤᠯ ᠦᠰᠦᠭ ᠮᠢᠨᠢ ᠰᠠᠷᠡᠨ ᠪᠦᠮᠪᠦᠷᠴᠡᠭ ᠲᠤ ᠪᠠᠰᠠ ᠲᠤᠷᠠᠶᠢᠨ ᠪᠢᠴᠢᠭᠳᠡᠵᠦ ᠪᠠᠶᠢᠨ᠎ᠠ᠂ ᠡᠨᠡ ᠬᠡᠴᠢᠨᠡᠨ | ᠰᠠᠶᠢᠬᠠᠨ ᠪᠤᠢ ᠬᠡᠳ ᠪᠢᠳᠡ ᠭᠤᠷᠪᠠᠭᠤᠯᠠ ᠲᠡᠭᠳᠡᠳᠡᠯᠠ ᠪᠠᠶᠠᠷᠯᠠᠪᠠ᠃ ᠮᠦᠷᠡᠨ ᠤ ᠰᠡᠳᠬᠢᠯ ᠨᠢ ᠲᠤᠬᠳᠤᠯᠵᠦ ᠭᠠᠷ | ᠤᠳᠠᠰᠤ ᠪᠠᠨ ᠭᠠᠷᠭᠠᠨ ᠬᠡᠳᠦ᠋ᠢᠨ ᠲᠡᠯᠡᠬᠡᠢ ᠶᠢᠨ ᠪᠦᠮᠪᠦᠷᠴᠡᠭ ᠤᠨ ᠨᠠᠶᠢᠵᠠ ᠨᠠᠷ ᠵᠦᠭ ᠰᠡᠭᠦᠳᠡᠷᠯᠡᠨ ᠢᠯᠡᠭᠡᠴᠢᠭᠡᠯᠠ︕ | ︽ᠴᠠᠩ ᠧ ᠰᠠᠷᠠᠨ ᠪᠦᠮᠪᠦᠷᠴᠡᠭ ᠲᠤ ᠪᠠᠶᠢᠭ᠎ᠠ ᠡᠰᠡᠬᠦ ᠶᠢ ᠤᠳᠤ ᠪᠤᠯᠳᠠᠯ᠎ᠠ ᠡᠷᠢᠵᠦ ᠤᠯᠵᠦ ᠴᠢᠳᠠᠭ᠎ᠠ ᠦᠬᠡᠢ᠂ | ᠡᠨᠡ ᠨᠢ ᠬᠦᠮᠦᠨ ᠲᠦᠷᠦᠯᠬᠢᠳᠡᠨ ᠤ ᠲᠦᠰᠦᠭᠡᠯᠡᠯ ᠲᠠᠭᠠᠮᠠᠬᠯᠠᠯ ᠮᠠᠭᠠᠳ᠂ ᠭᠡᠪᠡᠴᠦ ᠰᠠᠷᠡᠨ ᠪᠦᠮᠪᠦᠷᠴᠡᠭ ᠲᠤ ᠮᠠᠰᠢ | ᠤᠯᠠᠨ ᠨᠢᠭᠤᠴᠠ ᠪᠤᠢ᠂ ᠡᠭᠦᠨ ᠢ ᠤᠳᠤ ᠶᠠᠭ ᠰᠠᠶᠢᠬᠠᠨ ᠬᠠᠶᠢᠨ ᠰᠤᠳᠤᠯᠵᠦ ᠪᠤᠢ᠃︾ ᠬᠡᠵᠦ ᠮᠦᠷᠡᠨ ᠮᠢᠨᠢ | ᠤᠶᠠᠩᠭᠠᠯᠠᠨ ᠤᠩᠰᠢᠴᠢᠠᠬᠠᠯᠠ᠃ ᠪᠤᠰᠤᠭ᠎ᠠ ᠮᠤᠩᠭᠤᠯ ᠢᠶᠠᠷ ᠪᠢᠴᠢᠭᠰᠡᠨ ᠲᠠᠶᠢᠯᠪᠦᠷᠢ ᠶᠢ ᠤᠩᠰᠢᠨ ᠰᠤᠨᠢᠷᠬᠠᠵᠦ | ᠪᠠᠶᠢᠳᠠᠯ᠎ᠠ ᠰᠠᠨᠰᠠᠷ ᠤᠨ ᠨᠢᠰᠬᠦ ᠤᠩᠭᠤᠴᠠᠨ ᠤ ᠪᠦᠷᠢᠶ᠎ᠡ ᠴᠢᠬᠢᠪᠴᠢ ᠳᠤ ᠬᠠᠩᠬᠢᠨᠠᠨ ᠲᠤᠤᠭᠠᠷᠴᠦ ︽ᠤᠳᠤ ᠶᠠᠪᠤᠬᠤ | ᠪᠤᠯᠤᠯ᠎ᠠ᠂ ᠲᠡᠯᠡᠬᠡᠢ ᠶᠢᠨ ᠪᠦᠮᠪᠦᠷᠴᠡᠭ ᠲᠤ ᠪᠠᠨ ᠪᠤᠴᠠᠬᠤ ᠪᠤᠯᠤᠯ᠎ᠠ︾ ᠬᠡᠵᠦ ᠪᠢᠳᠡᠨ ᠢ ᠲᠤᠰᠬᠤ ᠪᠠᠷ ᠬᠦᠷᠴᠦ | ᠢᠷᠡᠯ᠎ᠠ᠃ ᠭᠤᠷᠪᠠᠭᠤᠯᠠ ᠪᠠᠨ ︽ᠵᠤᠨ ᠤ ᠠᠮᠠᠷᠠᠯᠳᠠ ᠲᠠᠯᠪᠢᠪᠠᠯ ᠲᠠᠬᠢᠭᠠᠳ ᠢᠷᠡᠶ᠎ᠡ︾ ᠬᠡᠵᠦ ᠰᠠᠷᠠᠨ | ᠪᠦᠮᠪᠦᠷᠴᠡᠭ ᠲᠠᠢ ᠰᠠᠯᠬᠤ ᠶᠤᠰᠤ ᠬᠢᠵᠦ ᠨᠢᠰᠬᠦ ᠤᠩᠭᠤᠴᠠᠨ ᠳᠤ ᠪᠠᠨ ᠭᠠᠷᠤᠯ᠎ᠠ᠃ | ᠵᠤᠬᠢᠶᠠᠬᠴᠢ᠄ ᠦᠵᠡᠰᠭᠦᠯᠡᠩ ︵ᠬᠤᠷᠴᠢᠨ ᠪᠠᠷᠠᠭᠤᠨ ᠭᠠᠷᠦᠨ ᠳᠤᠮᠳᠠᠲᠦ ᠬᠤᠰᠢᠭᠤᠨ ᠤ ᠪᠠᠶᠠᠨᠬᠤᠰᠢᠭᠤ | ᠵᠢᠷᠭᠤᠳᠤᠭᠠᠷ ᠲᠤᠮᠳᠠᠳᠤ ᠰᠤᠷᠭᠠᠭᠤᠯᠢ ᠶᠢᠨ ᠲᠤᠯᠤᠭᠠᠨ ᠤ ᠲᠦᠷᠪᠡ︶ | ᠵᠢᠯᠤᠭᠤᠳᠤᠬᠰᠠᠨ ᠪᠠᠭᠰᠢ᠄ ᠨᠠᠷᠠᠨᠮᠠᠨᠳᠤᠯ᠎ᠠ |