ᠭᠡᠷ ᠤᠨ ᠭᠠᠳᠠᠭ᠎ᠠ ᠰᠠᠯᠬᠢ ᠢᠰᠭᠢᠷᠤᠨ ᠬᠠᠶᠢᠯᠠᠰᠤᠨ ᠮᠣᠳᠤ ᠬᠥᠴᠥᠳᠡᠢ ᠰᠠᠵᠢᠯᠠᠨ᠎ᠠ᠃ ᠴᠣᠩᠬᠤᠨ ᠲᠡᠷᠭᠡᠳᠡ | ᠰᠠᠭᠤᠵᠤ ᠪᠠᠶᠢᠭᠰᠠᠨ ᠬᠥᠥ ᠬᠥᠬᠡ ᠶᠠᠭᠤ ᠨᠢᠭᠡ ᠪᠤᠳᠤᠯᠬᠢᠯᠠᠨ ᠭᠠᠳᠠᠭᠰᠢ ᠰᠢᠷᠳᠡᠨ᠎ᠡ ᠲᠡᠭᠦᠨ ᠤ ᠨᠢᠳᠥᠨ ᠳᠤ ᠥᠯᠥ | ᠮᠡᠳᠡᠭᠳᠡᠮ᠎ᠡ ᠭᠤᠮᠤᠳᠠᠯ ᠭᠤᠳᠤᠷᠠᠯ ᠤᠨ ᠰᠡᠳᠭᠢᠯ ᠭᠡᠬᠦ ᠤᠤ ᠪᠢᠰᠢ ᠰᠢᠭ ᠮᠥᠷᠥᠭᠡᠳᠡᠯ ᠥᠭᠡᠶᠢᠯᠡᠯ ᠤᠨ ᠰᠡᠳᠭᠢᠯ ᠭᠡᠪᠡᠯ | ᠲᠤᠬᠢᠷᠠᠮᠵᠢᠳᠠᠢ ᠰᠢᠭ᠋ ᠪᠠᠶᠢᠭ᠎ᠠ ᠨᠢ ᠢᠯᠡᠬᠡᠨ᠃ | ᠥᠨᠥᠳᠥᠷ ᠪᠤᠯ ᠡᠮᠡᠭᠡ ᠨᠢ ᠨᠠᠰᠤ ᠪᠠᠷᠠᠭᠰᠠᠨ ᠤ ᠲᠤᠯᠤᠳᠤᠭᠠᠷ ᠡᠳᠥᠷ ᠪᠤᠯᠤᠨ᠎ᠠ᠃ ᠠᠬ᠎ᠠ ᠶᠢᠨ ᠬᠢᠨ ᠬᠡᠯᠡᠬᠦ ᠪᠠᠷ | ᠬᠥᠮᠥᠨ ᠨᠠᠰᠤ ᠪᠠᠷᠠᠪᠠᠯ ᠲᠤᠯᠤᠳᠤᠭᠠᠷ ᠡᠳᠥᠷ ᠲᠤ ᠪᠠᠨ ᠰᠥᠨᠡᠰᠥ ᠨᠢ ᠭᠡᠷ ᠲᠤ ᠪᠠᠨ ᠡᠷᠭᠢᠨ᠎ᠡ ᠭᠡᠨ᠎ᠡ᠃ ᠬᠥᠬᠡ ᠡᠨᠡ | ᠡᠳᠥᠷ ᠢ ᠤᠳᠠᠳᠠᠯ᠎ᠠ ᠬᠥᠯᠢᠶᠡᠪᠡ᠃ ᠬᠡᠳᠦ᠋ᠢᠪᠡᠷ ᠲᠡᠷᠡ ᠰᠥᠨᠡᠰᠥ ᠭᠡᠳᠡᠭ ᠢ ᠢᠳᠡᠭᠡᠳᠡᠭ ᠥᠭᠡᠢ ᠪᠤᠯᠪᠠᠴᠥ | ᠡᠮᠡᠭᠡ ᠶᠢᠨ ᠬᠢᠨ ᠰᠥᠨᠡᠰᠥ ᠡᠷᠭᠢᠪᠡᠯ ᠨᠢᠭᠡ ᠤᠯᠤᠭᠠᠳ ᠬᠠᠷᠠᠴᠢᠬᠠᠨ᠎ᠠ ᠭᠡᠵᠤ ᠢᠳᠡᠭᠡᠯ ᠲᠠᠢ ᠪᠠᠶᠢᠯ᠎ᠠ᠃ ︽ᠬᠥᠥ ᠮᠢᠨᠢ | ᠬᠤᠷᠳᠤᠨ ᠪᠤᠰ︕ ᠭᠠᠷᠠᠭ ᠤᠨ ᠡᠳᠥᠷ ᠪᠤᠯᠪᠠᠴᠥ ᠥᠳᠡ ᠪᠤᠯᠳᠠᠯ᠎ᠠ ᠤᠨᠳᠠᠭᠠᠳ ᠥᠶᠡᠷ ᠪᠤᠯᠳᠠᠯ᠎ᠠ ᠰᠢᠭᠡᠵᠤ ᠪᠤᠯᠬᠤ | ᠥᠭᠡᠢ ᠰᠢᠥ᠂ ᠥᠨᠥᠳᠥᠷ ᠪᠢ ᠭᠠᠳᠠᠭᠰᠢ ᠭᠠᠷᠤᠨ᠎ᠠ ᠴᠢ ᠭᠡᠷ ᠲᠤ ᠪᠠᠨ ᠪᠠᠶᠢᠭᠠᠷᠠᠢ ᠥᠯᠥᠰᠪᠡᠯ ᠬᠥᠯᠳᠡᠭᠡᠭᠦᠷ ᠠᠴᠠ | ᠲᠠᠯᠬ᠎ᠠ ᠠᠪᠴᠥ ᠢᠳᠡ︾ ᠭᠡᠵᠤ ᠬᠡᠯᠡᠭᠡᠳ ᠡᠵᠢ ᠨᠢ ᠪᠤᠭᠴᠤ ᠪᠠᠨ ᠠᠪᠤᠭᠠᠳ ᠭᠡᠷ ᠠᠴᠠ ᠪᠠᠨ ᠭᠠᠷᠤᠯ᠎ᠠ᠃ | ︽ᠵᠠ᠂ ᠮᠡᠳᠡᠯ᠎ᠡ᠂ ᠥᠨᠥᠳᠥᠷ ᠲᠤᠯᠤᠳᠤᠭᠠᠷ ᠡᠳᠥᠷ ᠪᠢᠵᠡ︾ ᠭᠡᠬᠦ ᠳᠤ ᠬᠡᠰᠡᠭ ᠤᠳᠠᠭᠰᠠᠨ ᠴᠦ ᠬᠠᠷᠢᠭᠤ | ᠥᠭᠡᠢ ᠪᠤᠯᠬᠤᠷ ᠡᠵᠢ ᠨᠢ ᠨᠢᠭᠡᠨᠳᠡ ᠭᠠᠷᠤᠭᠠᠳ ᠬᠤᠯᠠ ᠶᠠᠪᠤᠭᠰᠠᠨ ᠢ ᠮᠡᠳᠡᠪᠡ᠃ ᠬᠥᠬᠡ ᠰᠡᠭᠦᠷᠡᠰᠥ ᠠᠯᠳᠠᠨ | ᠬᠠᠨᠵᠤᠨ ᠠᠴᠠ ᠪᠠᠨ ᠪᠠᠭᠤᠵᠦ ᠬᠤᠭᠤᠯᠠᠨ ᠰᠢᠷᠡᠭᠡᠨ ᠤ ᠲᠡᠷᠭᠡᠳᠡ ᠤᠴᠢᠨ ᠰᠠᠨᠳᠠᠯᠢ ᠪᠠᠨ ᠳᠠᠳᠠᠨ ᠲᠠᠯᠬ᠎ᠠ ᠶᠢ | ᠠᠳᠬᠤᠨ ᠬᠠᠵᠠᠵᠤ ᠪᠠᠶᠢᠳᠠᠯ᠎ᠠ ᠨᠢᠳᠤᠨ ᠳᠤᠨᠢ ᠨᠢᠭᠡ ᠶᠠᠭᠤᠮ᠎ᠠ ᠬᠠᠷᠠᠭᠳᠠᠯ᠎ᠠ᠃ ᠲᠡᠷᠡ ᠬᠡᠰᠡᠭ ᠮᠡᠯᠡᠷᠡᠭᠰᠡᠨ ᠢᠶᠠᠨ | ᠰᠢᠷᠡᠭᠡᠨ ᠲᠡᠭᠡᠷᠡᠬᠢ ᠬᠥᠷᠡᠩ ᠬᠠᠪᠢᠰᠤ ᠲᠠᠢ ᠰᠡᠭᠦᠳᠡᠷ ᠢ ᠠᠪᠴᠥ ᠥᠵᠡᠪᠡ᠃ ᠭᠤᠤᠯ ᠲᠤᠮᠳᠠ ᠨᠢ ᠡᠮᠡᠭᠡ ᠨᠢ ᠨᠢᠭᠤᠷ | ᠲᠥᠭᠦᠷᠡᠩ ᠢᠨᠢᠶᠡᠮᠰᠥᠭᠯᠡᠨ ᠰᠠᠭᠤᠵᠤ ᠡᠪᠥᠳᠥᠭ ᠲᠡᠭᠡᠷ᠎ᠡ ᠨᠢ ᠬᠥᠬᠡ ᠰᠠᠭᠤᠭᠰᠠᠨ ᠪᠠᠶᠢᠪᠠ᠃ ᠡᠮᠡᠭᠡ ᠶᠢᠨ ᠬᠢᠨ ᠵᠡᠭᠦᠨ | ᠲᠠᠯ᠎ᠠ ᠳᠤ ᠡᠵᠢ ᠨᠢ ᠪᠠᠷᠠᠭᠤᠨ ᠲᠠᠯ᠎ᠠ ᠳᠤ ᠠᠪᠤ ᠨᠢ ᠵᠤᠭᠰᠤᠭᠰᠠᠨ ᠪᠠᠶᠢᠪᠠ᠃ ︽ᠡᠨᠡ ᠴᠢᠨᠢ ᠲᠥᠷᠪᠡᠨ ᠵᠢᠯ ᠤᠨ | ᠡᠮᠥᠨ᠎ᠡ ᠲᠠᠳᠠᠭᠤᠯᠤᠭᠰᠠᠨ ᠰᠡᠭᠦᠳᠡᠷ ᠪᠢᠰᠢ ᠤᠤ ᠁︾ ᠬᠥᠬᠡ ᠶᠢᠨ ᠲᠠᠷᠢᠬᠢᠨ ᠳᠤ ᠤᠯᠠᠨ ᠥᠵᠡᠭᠳᠡᠯ ᠬᠠᠷᠪᠤᠨ | ᠤᠷᠤᠨ᠎ᠠ᠃ ᠲᠥᠷᠪᠡᠨ ᠵᠢᠯ ᠤᠨ ᠡᠮᠥᠨ᠎ᠡ ᠡᠵᠢ ᠨᠢ ᠲᠡᠭᠦᠨ ᠢ ᠲᠡᠷᠭᠡᠳᠡ ᠪᠠᠨ ᠵᠤᠭᠰᠤᠭᠠᠨ ᠰᠡᠭᠦᠳᠡᠷᠯᠡᠬᠦ ᠭᠡᠵᠤ | ᠪᠠᠶᠢᠳᠠᠯ᠎ᠠ ᠡᠮᠡᠭᠡ ᠨᠢ ︽ᠬᠥᠥ ᠮᠢᠨᠢ᠂ ᠨᠠᠰᠢ ᠢᠷ᠎ᠡ︕ ᠡᠮᠡᠭᠡ ᠶᠢᠨ ᠢᠶᠠᠨ ᠡᠪᠥᠳᠥᠭ ᠲᠡᠭᠡᠷ᠎ᠡ ᠰᠠᠭᠤ︾ ᠭᠡᠰᠡᠨ ᠳᠤ | ᠬᠥᠬᠡ ᠤᠴᠢᠬᠤ ᠭᠡᠳᠡᠯ᠎ᠡ ᠡᠵᠢ ᠨᠢ ︽ᠡᠵᠢ ᠡ᠂ ᠬᠥᠥ ᠡᠶᠢᠮᠥ ᠪᠥᠳᠥᠭᠦᠨ ᠪᠤᠯᠴᠢᠬᠠᠭᠰᠠᠨ ᠰᠢᠥ ᠲᠨᠨ ᠢ | ᠭᠡᠮᠳᠥᠭᠡᠴᠢᠭᠡᠪᠡᠯ ᠶᠠᠭᠠᠬᠢᠨ᠎ᠠ︾ ᠭᠡᠨ᠎ᠡ᠃ ᠡᠮᠡᠭᠡ ᠨᠢ ︽ᠬᠠᠮᠢᠶ᠎ᠠ ᠥᠭᠡᠢ ᠡᠮᠡᠭᠡ ᠨᠢ ᠬᠥᠥ ᠪᠠᠨ ᠲᠠᠭᠠᠭᠠᠨ᠎ᠠ᠂ ᠬᠥᠥ | ᠮᠢᠨᠢ ᠨᠠᠰᠢ ᠢᠷ᠎ᠡ︾ ᠭᠡᠳ ᠡᠪᠥᠳᠥᠭ ᠢᠶᠠᠨ ᠬᠡᠳᠥ ᠬᠥᠩᠭᠡᠨ ᠠᠯᠠᠭᠠᠳᠠᠨ ᠬᠥᠬᠡ ᠶᠢᠨ ᠢᠷᠡᠵᠤ ᠰᠠᠭᠤᠬᠤ ᠶᠢ | ᠬᠥᠯᠢᠶᠡᠨ᠎ᠡ᠃ ᠬᠦ᠋ᠬᠡ ᠶᠠᠭᠠᠬᠢᠬᠤ ᠪᠤᠢ ᠭᠡᠰᠡᠨ ᠮᠠᠶ᠋ᠢᠭᠳᠠᠢ ᠡᠵᠢ ᠪᠠᠨ ᠬᠠᠷᠠᠨ᠎ᠠ᠃ ᠡᠵᠢ ᠨᠢ ᠬᠥᠩᠭᠡᠨ ᠰᠠᠭᠤ ᠭᠡᠰᠡᠨ | ᠮᠠᠶ᠋ᠢᠭᠳᠠᠢ ᠨᠢᠳᠥ ᠵᠠᠷᠤᠨ᠎ᠠ᠃ ᠬᠥᠬᠡ ᠲᠤᠯᠤᠭᠠᠢ ᠲᠤᠬᠢᠨ ᠡᠮᠡᠭᠡ ᠶᠢᠨ ᠢᠶᠠᠨ ᠡᠪᠥᠳᠥᠭ ᠲᠡᠭᠡᠷ᠎ᠡ ᠨᠢ ᠰᠠᠭᠤᠯ᠎ᠠ᠃ | ᠬᠡᠳᠥᠨ ᠰᠡᠭᠦᠳᠡᠷ ᠢᠶᠠᠨ ᠲᠠᠳᠠᠵᠤ ᠪᠠᠷᠠᠭᠠᠳ ᠬᠥᠬᠡ ᠠᠪᠤ ᠲᠠᠢ ᠪᠠᠨ ᠰᠡᠭᠦᠳᠡᠷ ᠢᠶᠠᠨ ᠠᠪᠬᠤ ᠪᠠᠷ ᠤᠴᠢᠪᠠ ᠬᠥᠬᠡ ᠶᠢᠨ | ᠡᠵᠢ ᠨᠢ ︽ᠡᠵᠢ ᠡ᠂ ᠵᠥᠭᠡᠷ ᠤᠤ︖ ᠠᠢ ᠡᠨᠡ ᠬᠡᠥᠬᠡᠳ ᠭᠡᠵᠥ ᠡ᠂ ᠬᠥᠩᠭᠡᠨ ᠰᠠᠭᠤ ᠭᠡᠬᠦ ᠳᠤ︾᠂ ︽ᠵᠥᠭᠡᠷ | ᠡ᠂ ᠵᠥᠭᠡᠷ᠂ ᠬᠥᠥ ᠶᠢᠨ ᠪᠤᠷᠤᠭᠤ ᠪᠢᠰᠢ ᠡᠨᠡ ᠮᠠᠭᠤ ᠬᠥᠯ ᠮᠢᠨᠢ ᠵᠢᠭᠠᠬᠠᠨ ᠤᠳᠠᠭᠠᠨ ᠰᠠᠭᠤᠬᠤ ᠳᠤ ᠯᠡ | ᠪᠠᠳᠠᠶᠢᠷᠠᠵᠤ ᠬᠥᠰᠢᠴᠢᠭᠡᠬᠦ ᠨᠢ ᠡ︾ ᠭᠡᠵᠤ ᠡᠮᠡᠭᠡ ᠨᠢ ᠪᠡᠶ᠎ᠡ ᠪᠠᠨ ᠪᠤᠷᠤᠭᠤᠳᠬᠠᠨ᠎ᠠ᠃ ᠡᠨᠡ ᠪᠠᠶᠢᠳᠠᠯ ᠢ ᠥᠵᠡᠭᠰᠡᠨ | ᠬᠥᠬᠡ ᠤᠰᠤᠯᠳᠤᠭᠰᠠᠨ ᠢᠶᠠᠨ ᠮᠡᠳᠡᠷᠡᠵᠤ ᠠᠷᠠᠢ ᠯᠡ ᠨᠢᠯᠪᠤᠰᠤ ᠤᠨᠠᠭᠠᠭ᠎ᠠ ᠥᠭᠡᠢ᠃ | ᠥᠨᠥ ᠡᠭᠦᠨ ᠢ ᠪᠠᠨ ᠪᠤᠳᠤᠬᠤ ᠳᠤ ᠯᠡ ᠬᠥᠬᠡ ᠶᠢᠨ ᠬᠠᠮᠠᠷ ᠨᠢ ᠬᠤᠷᠤᠰᠤᠨ ᠬᠤᠭᠤᠯᠠᠢ ᠨᠢ ᠭᠠᠰᠢᠭᠤᠳᠠᠨ | ᠨᠢᠯᠪᠤᠰᠤ ᠨᠢ ᠬᠡᠯᠬᠢᠶ᠎ᠡ ᠨᠢ ᠲᠠᠰᠤᠷᠠᠭᠰᠠᠨ ᠰᠤᠨᠳᠤᠷ ᠤᠨ ᠮᠥᠬᠦᠯᠢᠭ ᠰᠤᠪᠤᠳ ᠰᠢᠥ ᠯᠡ ᠪᠥᠮᠪᠥᠷᠢᠨ᠎ᠡ᠃ ᠲᠡᠷᠡ | ᠲᠠᠯᠬ᠎ᠠ ᠪᠠᠨ ᠠᠷᠠᠢ ᠬᠡᠳᠥ ᠬᠠᠵᠠᠭᠰᠠᠨ ᠪᠤᠯᠪᠠᠴᠥ ᠵᠠᠯᠭᠢᠵᠤ ᠤᠷᠤᠬᠤ ᠥᠭᠡᠢ ᠪᠠᠶᠢᠯ᠎ᠠ᠃ ᠡᠵᠢ ᠶᠢᠨ ᠢᠶᠠᠨ | ᠥᠷᠥᠭᠡᠨ ᠳᠤ ᠤᠷᠤᠬᠤ ᠳᠤ ᠡᠮᠡᠭᠡ ᠶᠢᠨ ᠬᠢᠨ ᠬᠠᠷ᠎ᠠ ᠰᠡᠭᠦᠳᠡᠷ ᠬᠠᠷᠠᠭᠳᠠᠪᠠ ᠡᠨᠡ ᠰᠡᠭᠦᠳᠡᠷ ᠨᠢ ᠡᠮᠡᠭᠡ ᠨᠢ ᠬᠤᠷᠢᠨ | ᠬᠡᠳᠥᠳᠡᠢ ᠥᠶ᠎ᠡ ᠳᠤ ᠪᠠᠨ ᠲᠠᠳᠠᠭᠤᠯᠤᠭᠰᠠᠨ ᠰᠡᠭᠦᠳᠡᠷ ᠪᠠᠶᠢᠯ᠎ᠠ᠃ ᠤᠷᠳᠤ ᠬᠠᠷ᠎ᠠ ᠭᠡᠵᠢᠭᠡ ᠪᠠᠨ ᠬᠤᠶᠠᠷ ᠭᠥᠷᠥᠨ | ᠡᠮᠥᠨᠡᠭᠦᠷ ᠢᠶᠠᠨ ᠤᠨᠵᠢᠭᠤᠯᠴᠢᠬᠠᠭᠰᠠᠨ᠂ ᠨᠢᠭᠤᠷ ᠴᠢᠷᠠᠢ ᠳᠤ ᠨᠢ ᠤᠨ ᠵᠢᠯ ᠢ ᠡᠯᠡᠭᠡᠭᠰᠡᠨ ᠥᠷᠴᠢᠯᠡᠭᠡ ᠶᠢᠨ ᠢᠮ | ᠲᠡᠮᠳᠡᠭ ᠭᠡᠵᠤ ᠪᠠᠶᠢᠬᠤ ᠥᠭᠡᠢ᠃ ᠰᠡᠭᠦᠳᠡᠷ ᠢ ᠬᠠᠷᠠᠭᠠᠳ ᠪᠠᠶᠢᠬᠤ ᠳᠤ ᠡᠮᠡᠭᠡ ᠶᠢᠨ ᠬᠢᠨ ᠢᠨᠢᠶᠡᠬᠦ ᠲᠥᠷᠢ ᠨᠢ | ᠢᠯᠡᠷᠡᠬᠦ ᠰᠢᠭ ᠪᠤᠯᠪᠠ᠂ ᠬᠡᠳᠥᠬᠡᠨ ᠡᠳᠥᠷ ᠤᠨ ᠡᠮᠥᠨ᠎ᠡ ᠬᠥᠬᠡ ᠡᠮᠡᠭᠡ ᠳᠤ ᠪᠠᠨ ᠢᠨᠢᠶᠡᠳᠥᠮ ᠱᠤᠭ ᠭᠠᠷᠭᠠᠵᠤ | ᠠᠭᠠᠰᠢᠯᠠᠬᠤ ᠳᠤ ᠡᠮᠡᠭᠡ ᠨᠢ ᠲᠠᠭᠠᠯᠠᠮᠵᠢᠳᠠᠶᠢᠬᠠᠨ ᠢᠨᠢᠶᠡᠴᠢᠭᠡᠳ ᠬᠥᠭᠡ ᠶᠢ ᠥᠭᠦᠭᠡᠷᠳᠥᠨ ᠥᠨᠥᠰᠳᠡᠭ ᠪᠠᠶᠢᠭᠰᠠᠨ᠃ | ᠲᠡᠷᠡ ᠴᠠᠭ ᠮᠥᠴᠡ ᠲᠡᠶᠢᠮᠥ ᠯᠡ ᠪᠠᠶᠠᠷ ᠲᠠᠢ ᠲᠡᠶᠢᠮᠥ ᠯᠡ ᠭᠤᠶᠤ ᠪᠠᠶᠢᠭᠰᠠᠨ᠃ | ᠬᠥᠬᠡ ᠥᠷᠥᠭᠡᠨ ᠳᠤ ᠪᠠᠨ ᠪᠤᠴᠠᠵᠤ ᠴᠤᠩᠬᠤᠨ ᠲᠡᠷᠭᠡᠳᠡᠬᠢ ᠰᠠᠨᠳᠠᠯᠢ ᠲᠡᠭᠡᠷ᠎ᠡ ᠰᠠᠭᠤᠵᠦ ᠭᠠᠳᠠᠨᠠᠬᠢ | ᠥᠵᠡᠮᠵᠢ ᠶᠢ ᠤᠳᠠᠳᠠᠯ᠎ᠠ ᠬᠠᠷᠠᠯ᠎ᠠ᠃ ᠨᠢᠯᠪᠤᠰᠤ ᠴᠢᠢᠯᠭᠡᠨᠡᠭᠰᠡᠨ ᠨᠢᠳᠤᠨ ᠳᠤᠨᠢ ᠨᠢᠭᠡ ᠬᠥᠮᠥᠨ ᠤ ᠪᠠᠷ᠎ᠠ ᠬᠠᠷᠠᠭᠳᠠᠪᠠ᠃ | ᠮᠤᠳᠤᠨ ᠤ ᠠᠷᠤ ᠠᠴᠠ ᠠᠯᠭᠤᠷᠬᠠᠨ ᠨᠠᠰᠢᠯᠠᠨ᠎ᠠ ︽ᠲᠡᠷᠡ ᠁ ᠲᠡᠷᠡ ᠴᠢᠨᠢ ᠁ ᠡᠮᠡᠭᠡ ᠁ ᠡᠮᠡᠭᠡ ᠡ︾ | ᠭᠡᠵᠦ ᠰᠠᠨᠳᠠᠯᠢ ᠠᠴᠠ ᠪᠠᠨ ᠪᠤᠰᠤᠨ ᠭᠥᠶᠥᠨ ᠭᠠᠷᠪᠠ᠃ ᠡᠷᠭᠢᠨ ᠲᠤᠭᠤᠷᠢᠨ ᠮᠤᠳᠤᠨ ᠤ ᠠᠷᠤ ᠬᠥᠷᠢᠶᠡᠨ ᠲᠤᠳᠤᠷ᠎ᠠ | ᠤᠳᠠᠳᠠᠯ᠎ᠠ ᠡᠷᠢᠪᠡ᠃ ᠨᠢᠳᠥ ᠪᠠᠨ ᠨᠤᠬᠤᠯᠤᠨ ᠲᠠᠬᠢᠨ ᠨᠠᠷᠢᠪᠴᠢᠯᠠᠨ ᠬᠠᠷᠠᠵᠤ ᠲᠠᠬᠢᠨ ᠡᠷᠢᠭᠰᠡᠨ ᠪᠤᠯᠪᠠᠴᠥ | ᠡᠮᠡᠭᠡ ᠶᠢᠨ ᠬᠢᠨ ᠲᠥᠷᠢ ᠲᠠᠬᠢᠵᠤ ᠢᠯᠡᠷᠡᠭᠰᠡᠨ ᠥᠭᠡᠢ᠃ ᠲᠡᠷᠡ ᠡᠮᠡᠭᠡ ᠪᠠᠨ ᠰᠤᠷᠠᠭᠯᠠᠯᠠ᠃ ᠬᠥᠮᠥᠨ ᠠᠴᠠ | ᠠᠰᠠᠭᠤᠯ᠎ᠠ᠃ ᠤᠯᠵᠤ ᠬᠠᠷᠠᠭᠰᠠᠨ ᠬᠥᠮᠥᠨ ᠪᠠᠶᠢᠬᠤ ᠥᠭᠡᠢ ᠶᠠᠳᠠᠷᠠᠵᠤ ᠲᠦᠢᠯᠳᠤᠭᠠᠳ ᠵᠤᠷᠢᠭ ᠮᠤᠬᠤᠪᠠ᠃ | ᠲᠡᠷᠡ ᠭᠡᠷ ᠤᠷᠤᠭᠤ ᠪᠠᠨ ᠬᠠᠷᠢᠬᠤ ᠵᠠᠮ ᠳᠤ ᠪᠠᠨ ᠤᠯᠢᠶᠠᠰᠤᠨ ᠮᠤᠳᠤᠨ ᠤ ᠲᠤᠤᠷ᠎ᠠ ᠬᠥᠷᠥᠭᠡᠳ ᠤᠯᠢᠶᠠᠰᠤ ᠶᠢ | ᠲᠥᠰᠢᠨ ᠪᠤᠳᠤᠯᠭ᠎ᠠ ᠪᠤᠯᠤᠨ᠎ᠠ᠃ ᠲᠡᠷᠡ ᠴᠡᠴᠡᠷᠯᠢᠭ ᠲᠤ ᠪᠠᠶᠢᠬᠤ ᠳᠤ ᠡᠮᠡᠭᠡ ᠲᠠᠢ ᠪᠠᠨ ᠴᠤᠭ ᠰᠠᠭᠤᠳᠠᠭ᠃ ᠠᠪᠤ | ᠡᠵᠢ ᠨᠢ ᠬᠥᠳᠡᠭᠡ ᠬᠤᠨᠢᠨ ᠳᠤ ᠪᠠᠨ ᠶᠠᠪᠤᠳᠠᠭ ᠭᠠᠷᠠᠭ ᠢᠶᠠᠷ ᠢᠷᠡᠪᠡᠯ ᠬᠥᠬᠡ ᠶᠢ ᠤᠨᠳᠠᠭᠤᠯᠴᠢᠬᠠᠭᠠᠳ ᠤᠷᠭᠤᠵᠤ | ᠶᠠᠪᠤᠳᠠᠭ ᠪᠠᠶᠢᠭᠰᠠᠨ᠃ ᠨᠢᠭᠡ ᠤᠳᠠᠭ᠎ᠠ ᠬᠥᠬᠡ ᠨᠦᠢᠷ ᠠᠴᠠ ᠪᠠᠨ ᠰᠡᠷᠢᠭᠡᠳ ᠠᠪᠤ ᠡᠵᠢ ᠶᠢᠨ ᠢᠶᠠᠨ ᠬᠤᠶᠢᠨ᠎ᠠ ᠠᠴᠠ | ᠨᠡᠬᠡᠪᠡ᠃ ᠡᠮᠡᠭᠡ ᠨᠢ ᠰᠠᠨᠳᠤᠷᠤᠨ ᠬᠥᠭᠡ ᠶᠢᠨ ᠬᠤᠶᠢᠨ᠎ᠠ ᠠᠴᠠ ᠨᠡᠬᠡᠵᠤ ︽ᠵᠤᠭᠰᠤ ᠳ᠋ᠠ︕ ᠡᠮᠡᠭᠡ ᠨᠢ ᠨᠡᠬᠡᠵᠤ | ᠭᠥᠢᠴᠡᠬᠦ ᠥᠭᠡᠢ ᠪᠠᠶᠢᠨ᠎ᠠ ᠪᠤᠴᠠᠵᠤ ᠢᠷ᠎ᠡ ᠡ᠂ ᠪᠤᠭᠤᠷᠰᠤᠭ ᠥᠭᠭᠦᠶ᠎ᠡ︾ ᠭᠡᠭᠰᠡᠭᠡᠷ ᠭᠥᠢᠴᠡᠨ ᠢᠷᠡᠭᠡᠳ | ᠬᠠᠷᠮᠠᠨ ᠠᠴᠠ ᠪᠠᠨ ᠪᠤᠭᠤᠷᠰᠤᠭ ᠭᠠᠷᠭᠠᠵᠤ ᠥᠭᠭᠦᠨ᠎ᠡ ︽ᠪᠢᠳᠡᠭᠡᠢ ᠤᠭᠢᠯᠠ︾ ᠭᠡᠳ ᠥᠰᠥ ᠶᠢ ᠨᠢ ᠢᠯᠪᠢᠨ᠎ᠡ᠃ | ᠬᠥᠬᠡ ᠨᠢᠯᠪᠤᠰᠤᠳᠠᠢ ᠨᠢᠳᠥ ᠪᠠᠨ ᠮᠡᠯᠳᠡᠭᠡᠨᠡᠭᠦᠯᠥᠨ ᠠᠪᠤ ᠡᠵᠢ ᠬᠡᠵᠢᠶ᠎ᠡ ᠢᠷᠡᠬᠦ ᠶᠤᠮ︾ ᠭᠡᠵᠤ ᠠᠰᠠᠭᠤᠨ᠎ᠠ᠃ ︽ | ᠤᠬᠠᠭᠠᠨ ᠲᠠᠢ ᠪᠠᠢ᠂ ᠪᠢᠴᠢᠭ ᠢᠶᠠᠨ ᠰᠠᠶᠢᠨ ᠰᠤᠷ᠂ ᠤᠳᠠᠯ ᠥᠭᠡᠢ ᠢᠷᠡᠴᠢᠭᠡᠨ᠎ᠡ︾᠂ ︽ᠡᠮᠡᠭᠡ ᠡ᠂ ᠨᠠᠮ᠎ᠠ ᠶᠢ | ᠡᠭᠦᠷᠥᠭᠡᠴᠢ ᠪᠢ ᠬᠥᠯ ᠡᠪᠡᠳᠴᠥ ᠪᠠᠶᠢᠨ᠎ᠠ︾ ᠭᠡᠵᠤ ᠬᠥᠬᠡ ᠡᠷᠬᠡᠯᠡᠨ᠎ᠡ᠃ ᠡᠮᠡᠭᠡ ᠨᠢ ᠢᠨᠢᠶᠡᠴᠢᠭᠡᠳ ᠲᠤᠭᠤᠭᠰᠢ | ᠤᠴᠦ᠋ᠢᠨ ᠰᠠᠭᠤᠵᠤ ᠬᠥᠬᠡ ᠶᠢ ᠡᠭᠦᠷᠪᠡ᠃ ᠨᠠᠮᠤᠷ ᠤᠨ ᠤᠯᠠᠷᠢᠯ ᠤᠨ ᠭᠠᠵᠠᠷ ᠲᠥᠭᠦᠷᠡᠩ ᠨᠠᠪᠴᠢᠰ ᠤᠨ ᠲᠡᠭᠡᠭᠦᠷ | ᠱᠠᠷ ᠱᠠᠷ ᠭᠢᠰᠭᠢᠯᠡᠨ ᠶᠠᠪᠤᠬᠤ ᠳᠤ ᠶᠡᠷᠥ ᠪᠤᠰᠤ ᠶᠢᠨ ᠲᠠᠭᠠᠯᠠᠮᠵᠢᠳᠠᠢ ᠲᠠᠭᠤ ᠰᠤᠨᠤᠰᠳᠠᠨ᠎ᠠ᠃ ᠰᠢᠷᠭᠠᠯ ᠨᠠᠷᠠ | ᠲᠡᠭᠡᠷ᠎ᠡ ᠠᠴᠠ ᠬᠥᠬᠡ ᠶᠢᠨ ᠨᠢᠷᠤᠭᠤ ᠶᠢ ᠲᠤᠯᠠᠭᠠᠴᠠᠭᠤᠯᠤᠨ ᠬᠥᠬᠡ ᠡᠮᠡᠭᠡ ᠶᠢᠨ ᠢᠶᠠᠨ ᠨᠢᠷᠤᠭᠤᠨ ᠳᠤ ᠨᠠᠯᠠᠨ | ᠠᠭᠠᠵᠢᠮᠬᠠᠨ ᠰᠠᠵᠢᠯᠠᠬᠤ ︽ᠥᠯᠥᠭᠡᠢ︾ ᠳᠤ ᠲᠠᠭᠠᠳᠠᠶᠢᠬᠠᠨ ᠤᠨᠳᠠᠴᠢᠬᠠᠪᠠ᠃ | ᠨᠢᠭᠡ ᠮᠡᠳᠡᠬᠦ ᠳᠤ ᠲᠡᠭᠷᠢ ᠬᠠᠷᠠᠩᠭᠤᠶᠢᠯᠪᠠ᠃ ᠭᠠᠷ ᠤᠳᠠᠰᠤ ᠪᠠᠨ ᠠᠪᠴᠥ ᠡᠵᠢ ᠳᠤ ᠪᠠᠨ ᠤᠳᠠᠰᠤ ᠠᠪᠤᠪᠠ᠃ | ᠳ᠋ᠧᠩ ᠢᠶᠠᠨ ᠲᠠᠷᠤᠨ ᠤᠨᠳᠠᠬᠤ ᠭᠡᠳᠡᠯ᠎ᠡ ᠴᠢᠬᠢᠨ ᠳᠤᠨᠢ ᠲᠠᠨᠢᠯ ᠲᠠᠭᠤ ᠲᠤᠭᠤᠯᠳᠠᠪᠠ᠃ ︽ᠬᠥᠥ ᠮᠢᠨᠢ᠂ ᠤᠶᠢᠷ᠎ᠠ ᠳᠤ | ᠶᠠᠮᠠᠷ ᠰᠢᠥ ᠪᠠᠶᠢᠨ᠎ᠠ︾ ᠲᠤᠳᠤᠨᠤ ᠰᠠᠨᠠᠭᠳᠠᠭᠰᠠᠨ ᠭᠡᠵᠥ ᠡ᠂ ᠡᠮᠡᠭᠡ ᠶᠢᠨ ᠬᠢᠨ ᠲᠠᠭᠤ ᠶᠠᠭ ᠮᠥᠨ᠃ ᠲᠡᠷᠡ | ᠴᠡᠴᠡᠷᠬᠢᠯᠡᠭᠰᠡᠨ ᠬᠤᠭᠤᠯᠠᠢ ᠪᠠᠷ ︽ᠡᠮᠡᠭᠡ ᠡ᠂ ᠪᠢ ᠲᠠᠨ ᠢ ᠶᠡᠭᠡ ᠰᠠᠨᠠᠵᠤ ᠪᠠᠶᠢᠨ᠎ᠠ᠂ ᠲᠠᠨ ᠤ ᠬᠢᠬᠦ ᠬᠤᠭᠤᠯᠠ᠂ | ᠨᠡᠩ ᠢᠯᠠᠩᠭᠤᠶ᠎ᠠ ᠲᠠᠨ ᠤ ᠬᠢᠭᠰᠡᠨ ᠪᠤᠤᠰᠠ᠂ ᠵᠢᠭᠠᠰᠤ᠂ ᠯᠤᠤᠪᠠᠩ ᠲᠠᠢ ᠱᠥᠯᠤ᠂ ᠁ ᠲᠠᠨ ᠤ ᠪᠠᠨ ᠲᠡᠷᠭᠡᠳᠡ | ᠤᠨᠳᠠᠪᠠᠯ ᠰᠠᠶ᠋ᠢ ᠠᠮᠳᠠᠳᠠᠢ ᠨᠦᠢᠷᠰᠤᠵᠤ ᠲᠡᠶᠢᠯᠥᠨ᠎ᠡ︾ ᠭᠡᠵᠦ ᠬᠥᠬᠡ ᠲᠡᠷᠡ ᠤᠯᠠᠨ ᠢ ᠤᠷᠤᠰᠤᠭᠤᠯᠵᠤ ᠭᠠᠷᠤᠯ᠎ᠠ᠃ | ᠬᠥᠬᠡ ᠤᠶᠢᠷ᠎ᠠ ᠳᠤ ᠢᠩᠭᠢᠵᠤ ᠤᠭᠢᠯᠠᠭᠰᠠᠨ ᠥᠭᠡᠢ ᠲᠡᠭᠦᠨ ᠤ ᠰᠡᠳᠭᠢᠯ ᠠᠭᠤᠵᠢᠷᠠᠯ᠎ᠠ᠃ ᠲᠡᠷᠡ ᠬᠠᠴᠠᠷ | ᠲᠡᠭᠡᠭᠦᠷ ᠨᠢ ᠤᠷᠤᠰᠬᠤ ᠨᠢᠯᠪᠤᠰᠤ ᠪᠠᠨ ᠠᠷᠴᠢᠭᠰᠠᠨ ᠢᠶᠠᠨ ᠲᠡᠭᠷᠢ ᠭᠡᠭᠡᠷᠡᠬᠦ ᠰᠢᠭ ᠪᠤᠯᠤᠭᠰᠠᠨ ᠢ ᠰᠡᠷᠡᠵᠤ ᠮᠡᠳᠡᠪᠡ᠃ | ᠲᠡᠷᠡ ᠶᠢᠨ ᠲᠡᠷᠭᠡᠳᠡᠬᠢ ᠰᠡᠭᠦᠳᠡᠷ ᠢ ᠠᠪᠴᠥ ᠰᠢᠷᠡᠭᠡᠨ ᠲᠡᠭᠡᠷ᠎ᠡ ᠲᠠᠯᠪᠢᠪᠠ᠃ | ᠡᠨᠡ ᠰᠡᠭᠦᠳᠡᠷ — ᠬᠥᠬᠡ ᠲᠠᠢ ᠡᠳᠥᠷ ᠰᠥᠨᠢ ᠶᠢᠨ ᠬᠤᠪᠢᠨ ᠳᠤ ᠬᠠᠮᠳᠤ ᠪᠠᠶᠢᠳᠠᠭ ᠰᠡᠭᠦᠳᠡᠷ ᠡ︕ | ᠡᠮᠡᠭᠡ ᠪᠠᠨ ᠲᠤᠷᠠᠰᠤᠨ ᠰᠠᠨᠠᠭᠠᠯᠵᠠᠬᠤ ᠪᠥᠷᠢ ᠡᠯᠢᠭᠡᠨ ᠳᠤ ᠪᠠᠨ ᠲᠡᠪᠡᠷᠢᠳᠡᠭ ᠰᠡᠭᠦᠳᠡᠷ ᠡ︕ ᠬᠥᠬᠡ ᠶᠢᠨ ᠪᠠᠭ᠎ᠠ | ᠨᠠᠰᠤᠨ ᠳᠤᠨᠢ ᠪᠠᠷ᠎ᠠ ᠪᠤᠯᠤᠭᠰᠠᠨ ᠰᠡᠭᠦᠳᠡᠷ᠂ ᠥᠨᠥ ᠲᠡᠭᠦᠨ ᠳᠤ ᠬᠠᠨᠢ ᠪᠤᠯᠵᠤ ᠡᠳᠥᠷ ᠰᠥᠨᠢ ᠶᠢᠨ ᠬᠤᠪᠢᠨ ᠳᠤ | ᠵᠤᠷᠢᠭᠵᠢᠭᠤᠯᠵᠤ ᠪᠠᠶᠢᠭ᠎ᠠ ᠰᠡᠭᠦᠳᠡᠷ ᠶᠤᠮ ᠡ︕ | ᠵᠤᠬᠢᠶᠠᠬᠴᠢ᠄ ᠨᠠᠮᠤᠭᠤᠨ ︵ᠬᠥᠯᠥᠨ ᠪᠤᠶᠢᠷ ᠤᠨ ᠰᠢᠨ᠎ᠡ ᠪᠠᠷᠭᠤ ᠵᠡᠭᠦᠨ ᠬᠤᠰᠢᠭᠤᠨ ᠤ ᠨᠢᠭᠡᠳᠥᠭᠡᠷ ᠲᠤᠮᠳᠠᠳᠤ | ᠰᠤᠷᠭᠠᠭᠤᠯᠢ ᠶᠢᠨ ᠠᠩᠬ᠎ᠠ ᠬᠤᠶᠠᠳᠤᠭᠠᠷ ᠤᠨ ᠤ ᠰᠤᠷᠤᠭᠴᠢ︶ | ᠵᠢᠯᠤᠭᠤᠳᠤᠭᠰᠠᠨ ᠪᠠᠭᠰᠢ᠄ ᠵᠢᠮᠢᠰ |