ᠮᠣᠩᠭᠤᠯ ᠦᠨᠳᠣᠰᠣᠳᠠᠠ ᠤ ᠢᠵᠠᠭᠤᠷ ᠡᠷᠳᠡᠨ ᠤ ᠮᠣᠳᠣᠠ ᠰᠠᠶᠢᠯᠪᠣᠷᠢᠳᠦ ᠣᠶᠣᠠ ᠤ ᠲᠣᠬᠯᠠᠭᠠᠮ - ᠠᠮᠤᠷ ᠪᠠᠶᠠᠰᠬᠤᠯᠠᠩᠳᠤ ᠨᠠᠭᠠᠳᠤᠮ
ᠨᠡᠶᠢᠲᠡᠯᠡᠭᠰᠡᠨ ᠴᠠᠭ᠄
2020-04-24
    ᠠᠷᠣ ᠬᠤᠷᠴᠢᠠ ᠬᠤᠰᠢᠭᠤᠠ ᠤ ᠬᠠᠨᠰᠦ᠋ᠮ᠎ᠠ ᠰᠣᠮᠣ ᠶᠢᠨ ᠬᠠᠷᠢᠶᠠᠠ ᠳᠤ ᠪᠠᠶᠢᠭ᠎ᠠ ᠴᠠᠭᠠᠠ ᠬᠤᠳᠠ ᠨᠢ ᠯᠢᠭᠳᠡᠠ ᠬᠤᠳᠣᠬᠳᠣ ᠬᠠᠭᠠᠠ ᠤ ᠦᠶ᠎ᠠ ᠶᠢᠨ ᠮᠣᠩᠭᠤᠯ ᠲᠦᠷᠣ ᠶᠢᠨ ᠨᠠᠶᠢᠰᠯᠠᠯ ᠪᠠᠶᠢᠬᠰᠠᠠ ᠶᠤᠮ᠃ ᠲᠣᠬᠠᠢ ᠶᠢᠨ ᠦᠶ᠎ᠠ ᠳᠤ 24 ᠰᠦᠮ᠎ᠠ ᠭᠡᠶᠢᠳ ᠲᠠᠢ ᠭᠡᠳᠣᠠ ᠮᠢᠩᠭᠠᠠ ᠯᠠᠮᠨ ᠬᠤᠸᠠᠷᠠᠭ ᠲᠠᠢ ᠪᠠᠶᠢᠬᠰᠠᠠ ᠲᠡᠣᠭᠡ ᠰᠣᠶᠣᠯ ᠲᠠᠢ ᠨᠣᠳᠤᠭ ᠶᠤᠮ ᠃ ᠰᠣᠶᠣᠯ ᠤᠨ ᠦᠯᠡᠳᠡᠭᠳᠠᠯ ᠦᠪ ᠲᠤ᠂ ᠬᠠᠭᠠᠠ ᠣᠷᠳᠣᠠ ᠤ ᠲᠠᠭᠤᠣ ᠬᠦᠭᠵᠢᠮ ᠤᠨ ᠰᠣᠶᠣᠯ ᠠᠴᠠ ᠭᠠᠳᠠᠨ᠎ᠠ᠂ ᠪᠠᠰᠠ ᠠᠮᠣᠷ ᠪᠠᠶᠠᠰᠬᠤᠯᠠᠩᠳᠣ ᠨᠠᠭᠠᠳᠣᠮ᠂ ᠪᠣᠭᠤ ᠵᠢᠷᠭᠢᠭᠡ᠂ ᠠᠷᠭᠠᠢ ᠱᠠᠭ᠎ᠠ ᠵᠡᠷᠭᠡ ᠣᠶᠣᠠ ᠤ ᠲᠣᠬᠯᠠᠭᠠᠮ ᠪᠠᠶᠢᠳᠠᠭ ᠃ ᠡᠳᠡᠭᠡᠷ ᠨᠢ ᠮᠣᠩᠭᠤᠯ ᠦᠨᠳᠣᠰᠣᠳᠠᠠ ᠤ ᠰᠣᠶᠣᠯ ᠰᠡᠳᠬᠢᠬᠦᠢ᠂ ᠦᠭᠡ ᠭᠡᠯᠠ᠂ ᠦᠰᠣᠭ᠌ ᠪᠢᠴᠢᠭ᠂ ᠠᠵᠣ ᠠᠮᠢᠳᠣᠷᠠᠯ ᠢ ᠰᠣᠳᠣᠯᠬᠤ ᠳᠤ ᠪᠦᠷ ᠴᠦ ᠬᠤᠪᠣᠷ ᠦᠨᠠᠳᠣ ᠮᠠᠲ᠋ᠧᠷᠢᠶᠠᠯ ᠪᠣᠯᠬᠤ ᠶᠤᠮ᠃       ᠠᠮᠣᠷ ᠪᠠᠶᠠᠰᠬᠤᠯᠠᠩᠳᠣ ᠨᠠᠭᠠᠳᠣᠮ     ᠠᠷᠣ ᠬᠤᠷᠴᠢᠠ ᠬᠤᠰᠢᠭᠤᠠ ᠳᠤ ᠨᠠᠭᠠᠤᠡᠳᠠᠭ ᠠᠮᠣᠷ ᠪᠠᠶᠠᠰᠬᠤᠯᠠᠩᠳᠣ ᠨᠠᠭᠠᠳᠣᠮ ᠨᠢ ᠨᠡᠶᠢᠳᠡ 36 ᠮᠣᠳᠣ ︵ᠫᠠᠢ︶ ᠲᠠᠢ᠃ ᠲᠡᠳᠡᠭᠡᠷ ᠨᠢ ᠲᠦᠷᠪᠠᠠ ᠬᠦᠴᠣᠳᠠᠠ᠂ ᠲᠦᠷᠪᠠᠠ ᠨᠣᠷᠪᠤ᠂ ᠲᠦᠷᠪᠠᠠ ᠮᠣᠷᠢ᠂ ᠲᠦᠷᠪᠠᠠ ᠲᠣᠩ᠂ ᠲᠦᠷᠪᠠᠠ ᠵᠠᠠᠽᠠᠠ᠂ ᠲᠦᠷᠪᠠᠠ ᠵᠡᠭᠡᠷ᠎ᠠ᠂ ᠲᠦᠷᠪᠠᠠ ᠲᠠᠬᠢᠶ᠎ᠠ᠂ ᠲᠦᠷᠪᠠᠠ ᠨᠣᠬᠠᠢ᠂ ᠲᠦᠷᠪᠠᠠ ᠭᠠᠭ᠋ᠠᠢ ᠵᠡᠷᠭᠡ ᠪᠠᠷ ᠪᠦᠷᠢᠯᠳᠣᠭ᠍ᠰᠠᠠ ᠪᠠᠶᠢᠳᠠᠭ᠃ ᠡᠳᠡᠬᠡᠷ ᠨᠡᠷᠡᠶᠢᠳᠦᠯ ᠤᠳ ᠢ ᠲᠣᠰ ᠨᠠᠭᠠᠳᠣᠮ ᠳᠤ ᠢᠯᠡᠷᠩᠰᠠᠠ ᠣᠳᠬ᠎ᠠ ᠶᠢᠨ ᠰᠢᠨᠵᠢ ᠪᠠᠷ ᠲᠠᠶᠢᠯᠪᠤᠷᠢᠯᠡᠪᠡᠯ᠄     ᠯᠣᠣ - ᠲᠣᠮᠳᠠᠳᠣ ᠶᠢᠨ ᠪᠠᠯᠠᠷ ᠡᠷᠳᠠᠠ ᠤ ᠬᠦᠮᠣᠰ ᠤᠨ ᠣᠶᠣᠠ ᠰᠠᠨᠠᠭᠠᠠ ᠳᠤ ᠪᠦᠷᠢᠯᠳᠣᠭ᠍ᠰᠠᠠ ᠬᠠᠮᠤᠭ ᠤᠨ ᠶᠡᠭᠡ ᠲᠣᠲ᠋ᠧᠮ ᠪᠣᠯᠣᠨ᠎ᠠ᠃ ᠭᠠᠷᠣᠳᠢ - ᠯᠣᠣ ᠲᠠᠢ ᠠᠳᠠᠯᠢ ᠰᠣᠶᠣᠯ ᠤᠨ ᠠᠭᠤᠯᠬᠤᠨ ᠲᠠᠢ᠂ ᠡᠷᠩᠴᠢᠠ ᠢ ᠨᠢ ᠭᠠᠷᠣᠳᠢ ᠭᠡᠵᠣ᠂ ᠡᠮᠡᠭᠴᠢᠠ ᠢ ᠨᠢ ᠭᠠᠯᠪᠢᠩᠭ᠎ᠠ ᠭᠡᠳᠡᠭ᠃ ᠲᠣᠰ ᠨᠠᠭᠠᠳᠣᠮ ᠳᠠᠬᠢ ᠭᠠᠷᠣᠳᠢ ᠶᠢ ᠪᠠᠰᠠ ᠠᠯᠳᠠᠠ ᠪᠦᠷᠬᠦᠳ ᠭᠡᠵᠣ ᠨᠡᠷᠠᠯᠡᠳᠡᠭ᠃ ᠠᠷᠰᠯᠠᠠ - ᠠᠷᠢᠶᠠᠳᠠᠠ ᠠᠮᠢᠳᠠᠠ ᠤ ᠬᠠᠭᠠᠠ᠃ ᠪᠠᠷᠰ - ᠬᠦᠴᠣᠠ ᠴᠢᠳᠠᠯ ᠤᠨ ᠪᠡᠯᠭᠡ ᠲᠡᠮᠳᠡᠭ ᠪᠣᠯᠣᠬᠰᠠᠠ ᠠᠮᠢᠳᠠᠠ᠃ ᠨᠣᠷᠪᠤ - ᠴᠢᠨᠳᠠᠮᠣᠨᠢ ᠡᠷᠳᠡᠨᠢ᠂ ᠭᠠᠯ ᠡᠷᠳᠡᠨᠢ᠂ ᠰᠡᠳᠬᠢᠯᠴᠢᠯᠠᠠ ᠪᠦᠳᠣᠬᠦ ᠡᠷᠳᠡᠨᠢ᠂ ᠲᠣᠯᠣᠭᠠᠠ ᠡᠷᠳᠡᠨᠢ ᠨᠠᠢᠮᠠᠠ ᠲᠠᠬᠢᠯ ᠤᠨ ᠨᠢᠭᠡ᠃ ᠮᠣᠷᠢ - ᠮᠣᠷᠢ ᠡᠷᠳᠡᠨᠢ᠂ ᠮᠣᠩᠭᠤᠯ ᠬᠦᠮᠣᠠ ᠮᠣᠷᠢ ᠶᠢ ᠡᠷᠬᠢᠮᠯᠡᠳᠡᠭ ᠶᠣᠰᠣ ᠶᠢ ᠲᠣᠰᠬᠠᠵᠣ ᠪᠠᠶᠢᠳᠠᠭ᠃ ᠲᠣᠩ - ᠰᠦᠮ᠎ᠠ ᠭᠡᠶᠢᠳ ᠤᠨ ᠱᠠᠰᠢᠠ ᠤ ᠠᠵᠢᠯᠯᠠᠭ᠎ᠠ ᠳᠤ ᠵᠠᠷᠯᠢᠭ ᠲᠠᠮᠵᠢᠭᠤᠯᠣᠬᠴᠢ ᠲᠠᠭᠤᠠ ᠲᠣᠬᠢᠶ᠎ᠠ᠂ ᠲᠣᠯᠣᠭᠠᠠ ᠡᠷᠳᠡᠨᠢ ᠨᠠᠢᠮᠠᠠ ᠲᠠᠬᠢᠯ ᠤᠨ ᠨᠢᠭᠡ᠃ ᠵᠠᠠᠽᠠᠠ - ᠰᠢᠬᠦᠷᠳᠣ ᠳ᠋ᠣᠸᠠᠽᠠ᠂ ᠰᠢᠬᠦᠷᠳᠣ ᠴᠢᠮᠡᠭ᠂ ᠰᠦᠮ᠎ᠠ ᠭᠡᠶᠢᠳ ᠲᠤ ᠭᠡᠷᠩᠯᠡᠳᠡᠭ᠃ ᠵᠡᠭᠡᠷ᠎ᠠ - ᠵᠡᠭᠡᠷ᠎ᠠ ᠭᠡᠳᠡᠭ ᠨᠢ ᠡᠩ ᠤᠨ ᠭᠡᠯᠡᠯᠭᠡ ᠪᠣᠯᠣᠨ᠎ᠠ᠃ ᠪᠣᠳᠢ ᠬᠦᠷᠣᠭᠡᠰᠣ ᠭᠡᠵᠣ ᠵᠣᠬᠢᠶᠠᠯ᠎ᠠ ᠭᠡᠳᠡᠭ᠃ ᠲᠠᠬᠢᠶ᠎ᠠ - ᠨᠣᠳᠤᠭ ᠣᠰᠣᠠ ᠤ ᠲᠠᠷᠣᠯᠭ᠎ᠠ᠂ ᠠᠯᠢᠪᠠ ᠮᠠᠭᠤ ᠪᠦᠬᠦᠠ ᠢ ᠦᠯᠳᠠᠠ ᠵᠠᠶᠢᠯᠠᠭᠤᠯᠳᠠᠭ ᠭᠡᠳᠡᠭ᠃ ᠨᠣᠬᠠᠢ - ᠬᠤᠳᠠ ᠬᠦᠷᠢᠶ᠎ᠠ ᠪᠠᠨ ᠰᠠᠬᠢᠳᠠᠭ ᠮᠠᠨᠠᠭᠠᠴᠢᠠ ᠂ ᠡᠵᠠᠠ ᠤ ᠪᠠᠨ ᠢᠳᠡᠭᠡᠯᠳᠣ ᠬᠠᠨᠢ ᠭᠡᠳᠡᠭ᠃ ᠭᠠᠭ᠋ᠠᠢ - ᠠᠭᠤᠯᠠᠠ ᠣᠢ ᠶᠢᠨ ᠡᠵᠠᠠ ᠭᠡᠳᠡᠭ᠃ ᠡᠬᠦᠠ ᠳᠤ ᠲᠠᠬᠢᠶ᠎ᠠ᠂ ᠨᠣᠬᠠᠢ᠂ ᠭᠠᠭ᠋ᠠᠢ ᠪᠣᠯ ᠠᠷᠪᠠᠠ ᠬᠤᠶᠠᠷ ᠵᠢᠯ ᠳᠤ ᠪᠠᠭᠳᠠᠵᠣ ᠪᠠᠶᠢᠳᠠᠭ᠃ ᠲᠦᠷᠪᠠᠠ ᠢᠵᠢᠯ ᠲᠦᠷᠰᠣ ᠶᠢ ᠰᠠᠶᠢᠯᠪᠣᠷᠢᠯᠡᠬᠦ ᠳᠡᠭᠡᠨ ᠪᠦᠷ ᠨᠠᠷᠢᠠ ᠢᠯᠭᠠᠭ᠎ᠠ ᠲᠠᠢ ᠰᠠᠶᠢᠯᠵᠠᠢ᠃ ᠮᠣᠳᠣ - ᠠᠮᠣᠷ ᠪᠠᠶᠠᠰᠬᠤᠯᠠᠩᠳᠣ ᠨᠠᠭᠠᠳᠣᠮ ᠢ ᠮᠣᠳᠣ ᠪᠠᠷ ᠰᠠᠶᠢᠯᠵᠣ ᠬᠢᠳᠡᠭ ᠢᠶᠠᠷ ᠢᠶᠠᠨ ᠲᠣᠰ ᠨᠠᠭᠠᠳᠣᠮ ᠤᠨ ᠶᠡᠷᠣᠩᠭᠡᠢ ᠨᠠᠷᠠᠶᠢᠳᠣᠯ ᠢ ᠮᠣᠳᠣ ᠭᠡᠵᠠᠢ᠃ ᠵᠢᠭᠡᠯᠡᠭᠡ ᠦᠭᠡ ᠪᠠᠷ ︽ᠫᠠᠢ︾ ᠭᠡᠨ᠎ᠠ᠃ ᠬᠦᠷᠢᠶ᠎ᠠ - ᠨᠢᠭᠡ ᠣᠳᠠᠭ᠎ᠠ ᠮᠣᠳᠣ ︵ᠫᠠᠢ︶ ᠪᠠᠨ ᠨᠠᠶᠢᠷᠠᠵᠣ ᠬᠦᠷᠢᠶ᠎ᠠ ᠭᠡᠯᠪᠡᠷᠢ ᠲᠠᠢ ᠲᠠᠯᠪᠢᠬᠤ ᠶᠢ ᠭᠡᠯᠠᠵᠣ ᠪᠣᠢ᠃ ᠨᠦᠬᠦᠷ ᠲᠠᠢ ᠨᠠᠭᠠᠳᠬᠤ - ᠲᠦᠷᠪᠠᠠ ᠬᠦᠮᠣᠠ ᠨᠠᠭᠠᠳᠬᠤ ᠳᠤ ᠡᠰᠡᠷᠬᠦᠯᠠᠠ ᠰᠠᠭᠤᠬᠰᠠᠠ ᠬᠤᠶᠠᠷ ᠬᠦᠮᠣᠠ ᠨᠢᠭᠡ ᠲᠠᠯ᠎ᠠ ᠪᠣᠯᠵᠣ ᠬᠤᠷᠰᠢᠵᠣ ᠭᠡᠷ ᠪᠣᠰᠬᠠᠵᠣ ᠨᠠᠭᠠᠳᠬᠤ ᠶᠢ ᠭᠡᠯᠠᠨ᠎ᠠ᠃ ᠲᠡᠭᠡᠵᠢ - ᠬᠦᠷᠢᠶ᠎ᠠ ᠲᠠᠯᠪᠢᠬᠰᠠᠠ ᠮᠣᠳᠣ ︵ᠫᠠᠢ︶ ᠠᠴᠠ ᠬᠠᠮᠤᠭ ᠲᠦᠷᠣᠬᠦᠣ ᠠᠪᠬᠤ ᠬᠦᠮᠣᠠ ᠢ ᠭᠡᠯᠡᠳᠡᠭ ᠲᠠᠭᠤᠳᠠᠯᠭ᠎ᠠ᠃ ᠢᠷᠣᠭᠠᠷ - ᠬᠦᠷᠢᠶ᠎ᠠ ᠲᠠᠯᠪᠢᠬᠰᠠᠠ ᠮᠣᠳᠣ ᠠᠴᠠ ᠬᠠᠮᠤᠭ ᠤᠨ ᠰᠡᠬᠦᠯ ᠤᠨ ᠮᠣᠳᠣ ᠶᠢ ᠠᠪᠬᠤ ᠳᠤ ᠭᠡᠯᠡᠳᠡᠭ ᠲᠠᠭᠤᠳᠠᠯᠭ᠎ᠠ᠃ ᠭᠡᠭᠡᠷ᠎ᠠ ᠬᠤᠨᠣᠬᠤ - ᠨᠢᠭᠡ ᠬᠦᠷᠢᠶ᠎ᠠ ᠨᠠᠭᠠᠳᠣᠭᠠᠳ ᠭᠡᠷ ᠤᠯᠣᠬᠰᠠᠠ ᠦᠭᠡᠢ ᠬᠦᠮᠣᠠ ᠢ ᠬᠡᠯᠡᠳᠡᠭ᠃ ᠭᠠᠴᠢᠭ - ᠲᠠᠷᠠᠭᠠᠯᠠᠠ ᠭᠤᠷᠪᠠᠠ ᠬᠦᠷᠢᠶ᠎ᠠ ᠨᠠᠭᠠᠳᠣᠭᠠᠳ ᠭᠡᠷ ᠣᠯᠣᠬᠰᠠᠠ ᠦᠭᠡᠢ ᠬᠦᠮᠣᠠ ᠢ ᠬᠡᠯᠡᠳᠡᠭ᠃ ᠭᠠᠴᠢᠭ ᠪᠣᠯᠣᠬᠰᠠᠠ ᠬᠦᠮᠣᠠ ᠪᠣᠰᠴᠣ ᠠᠮᠣᠷ ᠮᠠᠠᠳᠣ ᠠᠶᠢᠯᠠᠳᠬᠠᠵᠣ ︽ᠨᠠᠶᠢᠷ ᠲᠠᠯᠪᠢᠨ᠎ᠠ ᠤᠤ︖︾ ᠭᠡᠵᠣ ᠭᠤᠶᠣᠬᠤ ᠦᠭᠡᠢ ᠪᠣᠯ ᠨᠠᠭᠠᠳᠬᠤ ᠡᠷᠭᠡ ᠶᠢ ᠨᠢ ᠬᠠᠰᠣᠨ᠎ᠠ ᠭᠡᠵᠣ ᠠᠶᠣᠯᠭᠠᠳᠠᠭ᠃ ᠰᠠᠵᠢᠭ᠎ᠠ - ᠭᠠᠭᠴᠠ ᠮᠣᠳᠣ ᠶᠢ ᠲᠠᠯᠪᠢᠬᠤ ᠳᠤ ᠰᠠᠵᠢᠭ᠎ᠠ ᠭᠡᠨ᠎ᠠ᠃ ᠬᠤᠯᠪᠣᠭ᠎ᠠ - ᠬᠤᠶᠠᠷ ᠢᠶᠠᠷ ᠮᠣᠳᠣ ᠲᠠᠯᠪᠢᠬᠤ ᠳᠤ ᠬᠤᠯᠪᠣᠭ᠎ᠠ ᠭᠡᠨ᠎ᠠ᠃ ᠮᠣᠰᠬᠢᠶ᠎ᠠ - ᠭᠤᠷᠪᠠ ᠪᠠᠷ ᠮᠣᠳᠣ ᠲᠠᠯᠪᠢᠬᠤ ᠳᠤ ᠮᠣᠰᠬᠢᠶ᠎ᠠ ᠭᠡᠨ᠎ᠠ᠃ ᠲᠡᠭᠰᠢ - ᠲᠦᠷᠪᠠ ᠪᠠᠷ ᠮᠣᠳᠣ ᠲᠠᠯᠪᠢᠬᠤ ᠳᠤ ᠲᠡᠭᠰᠢ ᠭᠡᠨ᠎ᠠ᠃ ᠡᠬᠦᠠ ᠳᠤ ᠬᠦᠴᠣᠳᠠᠠ ᠢ ᠰᠠᠵᠢᠭ᠎ᠠ᠂ ᠬᠤᠯᠪᠣᠭ᠎ᠠ᠂ ᠮᠣᠰᠬᠢᠶ᠎ᠠ᠂ ᠲᠡᠭᠰᠢ ᠭᠡᠬᠦ ᠦᠭᠡᠢ᠂ ᠨᠠᠷᠠᠶᠢᠳᠣᠠ ᠲᠠᠯᠪᠢᠬᠤ ᠪᠣᠶᠣ ᠲᠤᠭ᠎ᠠ ᠶᠢ ᠨᠢ ᠶᠠᠷᠢᠵᠣ ᠲᠠᠯᠪᠢᠨ᠎ᠠ᠃ ᠨᠠᠶᠢᠷᠠᠭ᠎ᠠ - ᠨᠠᠶᠢᠷᠠᠨ᠎ᠠ ᠭᠡᠭᠴᠢ ᠨᠢ ᠮᠣᠳᠣ ︵ᠫᠠᠢ︶ ᠪᠠᠨ ᠣᠬᠢᠶᠠᠬᠤ ᠶᠢ ᠭᠡᠯᠡᠨ᠎ᠠ᠃ ᠨᠠᠶᠢᠷᠠᠭ᠎ᠠ ᠭᠡᠳᠡᠭ ᠨᠢ ᠨᠠᠷ᠎ᠠ ᠦᠭᠡ ᠪᠣᠯᠣᠬᠰᠠᠠ ᠲᠠᠭᠤᠳᠠᠯᠭ᠎ᠠ ᠶᠤᠮ᠃        ᠠᠮᠣᠷ ᠪᠠᠶᠠᠰᠬᠤᠯᠠᠩᠳᠣ ᠨᠠᠭᠠᠳᠣᠮ ᠤᠨ ᠨᠠᠭᠠᠳᠬᠤ ᠠᠷᠭ᠎ᠠ     ᠠᠮᠣᠷ ᠪᠠᠶᠠᠰᠬᠤᠯᠠᠩᠳᠣ ᠨᠠᠭᠠᠳᠣᠮ ᠪᠣᠯ ᠭᠤᠴᠢᠠ ᠵᠢᠷᠭᠤᠭᠠᠠ ᠮᠣᠳᠣ ᠪᠦᠬᠦᠢ ᠣᠶᠣᠠ ᠤ ᠲᠣᠬᠯᠠᠭᠠᠮ ᠶᠤᠮ᠃ ᠨᠣᠳᠤᠭ ᠤᠨ ᠠᠬᠠᠮᠠᠳᠴᠤᠳ ᠤᠨ ᠭᠡᠯᠡᠬᠦ ᠪᠠᠷ ︽ᠠᠮᠣᠷ ᠮᠣᠳᠣᠠ ᠲᠠᠯ᠎ᠠ︾ ᠳᠤ ᠡᠬᠦᠰᠣᠭ᠍ᠰᠠᠠ ᠲᠣᠯᠠ ︽ᠠᠮᠣᠷ ᠪᠠᠶᠠᠰᠬᠤᠯᠠᠩᠳᠣ︾ ᠭᠡᠵᠣ ᠨᠠᠷᠠᠯᠠᠪᠠ ᠭᠡᠳᠡᠭ᠃ ᠵᠠᠷᠢᠮ ᠨᠢ ᠠᠮᠣᠷ ᠠᠮᠣᠭᠤᠯᠠᠩ ᠢ ᠪᠠᠯᠭᠡᠰᠢᠶᠠᠵᠣ ︽ᠠᠮᠣᠷ ᠪᠠᠶᠠᠰᠬᠤᠯᠠᠩᠳᠣ︾ ᠭᠡᠵᠣ ᠨᠠᠷᠠᠯᠠᠯ᠎ᠠ ᠭᠡᠵᠣ ᠶᠠᠷᠢᠳᠠᠭ᠃ ᠠᠮᠣᠷ ᠪᠠᠶᠠᠰᠬᠤᠯᠠᠩᠳᠣ ᠨᠠᠭᠠᠳᠣᠮ ᠤᠨ ᠮᠣᠳᠣ ᠶᠢ ᠦᠷᠭᠡᠠ ᠨᠢ 3.8cm᠂ ᠣᠷᠳᠣ ᠨᠢ 4.2cm᠂ ᠵᠣᠵᠠᠭᠠᠠ ᠨᠢ 0.5cm ᠪᠦᠬᠦᠢ ᠴᠢᠨᠠᠷ ᠰᠠᠶᠢᠳᠠᠢ ᠮᠣᠳᠣᠠ ᠲᠡᠭᠡᠷ᠎ᠠ ᠣᠷᠠᠠ ᠨᠠᠷᠢᠠ ᠰᠠᠶᠢᠯᠪᠣᠷᠢᠯᠠᠵᠣ ᠬᠢᠳᠡᠭ᠃ ᠲᠦᠷᠪᠠᠠ ᠢᠵᠢᠯᠬᠡᠨ ᠲᠦᠷᠰᠣ ᠨᠢ ᠴᠦ ᠨᠢᠭᠡ ᠨᠢᠭᠡᠠ ᠠᠴᠠ ᠪᠠᠨ ᠨᠠᠷᠢᠠ ᠢᠯᠭᠠᠭ᠎ᠠ ᠲᠠᠢ ᠪᠠᠶᠢᠳᠠᠭ᠃ ᠵᠢᠱᠢᠶᠠᠯᠠᠪᠠᠯ᠄ ᠲᠦᠷᠪᠠᠠ ᠮᠣᠷᠢ ᠶᠢ ᠨᠢᠬᠳᠠᠯᠠᠠ ᠰᠢᠨᠵᠢᠪᠠᠯ ᠡᠬᠦᠯᠠ ᠬᠦᠯᠬᠡᠯᠠᠵᠣ ᠪᠠᠶᠢᠭ᠎ᠠ ᠮᠣᠷᠢ᠂ ᠡᠷᠬᠢᠠ ᠬᠠᠷᠠᠵᠣ ᠲᠠᠪᠬᠢᠭ᠎ᠠ ᠮᠣᠷᠢ᠂ ᠬᠦᠠᠳᠣᠷᠬᠢᠯᠠᠠ ᠲᠠᠪᠬᠢᠭ᠎ᠠ ᠮᠣᠷᠢ᠂ ᠶᠡᠷᠣ ᠶᠢᠨ ᠪᠠᠶᠢᠳᠠᠯ ᠢᠶᠠᠷ ᠲᠠᠪᠬᠢᠭ᠎ᠠ ᠮᠣᠷᠢ ᠭᠡᠵᠣ ᠢᠯᠭᠠᠠ ᠦᠵᠠᠵᠣ ᠪᠣᠯᠣᠨ᠎ᠠ᠃ ᠲᠣᠰ ᠨᠠᠭᠠᠳᠣᠮ ᠢ ᠤᠯᠠᠩᠬᠢ ᠳᠠᠭᠠᠨ ᠭᠤᠷᠪᠠᠠ ᠬᠦᠮᠣᠠ ᠪᠣᠶᠣ ᠲᠦᠷᠪᠠᠠ ᠬᠦᠮᠣᠠ ᠨᠠᠭᠠᠳᠣᠨ᠎ᠠ᠃ ᠠᠮᠣᠷ ᠪᠠᠶᠠᠰᠬᠤᠯᠠᠩᠳᠣ ᠨᠠᠭᠠᠳᠣᠮ ᠢ ᠨᠠᠭᠠᠳᠬᠤ ᠳᠠᠭᠠᠨ᠂ ᠣᠷᠢᠳᠠᠪᠠᠷ ᠮᠣᠳᠣ ᠪᠠᠨ ᠨᠠᠶᠢᠷᠠᠵᠣ ︵ᠮᠣᠳᠣ ᠪᠠᠨ ᠬᠦᠮᠣᠷᠢᠵᠣ ᠲᠠᠯᠪᠢᠭᠠᠳ ᠰᠠᠶᠢᠳᠣᠷ ᠬᠤᠯᠢᠵᠣ ᠬᠦᠳᠡᠯᠭᠡᠬᠦ︶ ᠬᠦᠮᠣᠠ ᠪᠦᠷᠢ ᠳᠤ ᠠᠳᠠᠯᠢ ᠲᠣᠭᠠᠠ ᠤ ᠮᠣᠳᠣ ᠣᠨᠣᠬᠳᠠᠬᠤ ᠪᠠᠷ ᠭᠤᠷᠪᠠ ᠪᠣᠶᠣ ᠲᠦᠷᠪᠠᠠ ᠮᠣᠳᠣ ᠪᠠᠷ ᠵᠡᠷᠭᠡᠯᠠᠠ ᠮᠣᠩᠭᠤᠯ ᠭᠡᠷ ᠤᠨ ᠰᠠᠭᠤᠷᠢ ᠭᠡᠯᠪᠡᠷᠢ ᠲᠠᠢ ᠦᠷᠣᠵᠣ ᠲᠠᠯᠪᠢᠨ᠎ᠠ᠃ ᠡᠬᠦᠠ ᠤ ᠲᠠᠷᠠᠭ᠎ᠠ ᠨᠠᠷᠠ ᠮᠠᠠᠳᠣᠬᠤ ᠵᠦᠭ ᠲᠤ ᠰᠠᠭᠤᠬᠰᠠᠠ ᠬᠦᠮᠣᠠ ᠠᠴᠠ ᠵᠡᠷᠭᠡᠯᠡᠭᠰᠠᠠ ᠮᠣᠳᠣ ᠶᠢ ᠨᠡᠭᠡᠭᠡᠭᠡᠳ᠂ ᠬᠠᠮᠤᠭ ᠲᠣᠣᠷ᠎ᠠ ᠲᠠᠷᠣᠬᠳᠠᠬᠰᠠᠠ ᠮᠣᠳᠣ ᠶᠢ ᠣᠯᠠᠠ ᠳᠤ ᠦᠵᠡᠬᠦᠯᠵᠣ ᠭᠡᠠ ᠨᠢ ᠲᠣᠰ ᠵᠡᠷᠭᠡᠯᠡᠭᠰᠠᠠ ᠮᠣᠳᠣ ᠶᠢ ᠠᠪᠬᠤ ᠶᠢ ᠲᠣᠬᠳᠠᠭᠠᠭᠠᠳ ᠨᠠᠷᠠ ᠵᠦᠪ ᠨᠠᠭᠠᠳᠣᠮ ᠪᠣᠷᠣᠭᠤ ᠡᠷᠬᠢᠯᠳᠠ ᠪᠠᠷ ᠭᠠᠷ ᠲᠠᠷᠠᠭᠠᠯᠠᠠ ᠠᠪᠣᠨ᠎ᠠ᠃ ᠨᠡᠭᠡᠭᠡᠭᠰᠠᠠ ᠵᠡᠷᠭᠡᠯᠡᠭᠰᠠᠠ ᠮᠣᠳᠣ ᠶᠢ ᠬᠡᠨ ᠠᠪᠬᠤ ᠶᠢ ᠲᠣᠬᠳᠠᠭᠠᠬᠤ ᠳᠠᠭᠠᠨ ᠬᠦᠴᠣᠳᠠᠠ᠂ ᠭᠠᠭ᠋ᠠᠢ ᠨᠡᠭᠡᠭᠡᠭᠳᠡᠭᠰᠠᠠ ᠪᠠᠶᠢᠪᠠᠯ ᠦᠪᠡᠷ ᠤᠨ ᠬᠢ᠂ ᠮᠣᠷᠢ᠂ ᠨᠣᠬᠠᠢ ᠨᠡᠭᠡᠭᠡᠭᠳᠡᠭᠰᠠᠠ ᠪᠣᠯ ᠨᠦᠬᠦᠷ ᠤᠨ ᠬᠢ᠃ ᠲᠣᠩ᠂ ᠲᠠᠬᠢᠶ᠎ᠠ ᠨᠡᠭᠡᠭᠡᠭᠳᠡᠭᠰᠠᠠ ᠪᠣᠯ ᠭᠠᠷ ᠤᠨ ᠲᠡᠭᠡᠷ᠎ᠠ ᠰᠠᠭᠤᠬᠰᠠᠠ ᠬᠦᠮᠣᠠ ᠤ ᠬᠢ᠃ ᠵᠠᠠᠽᠠᠠ᠂ ᠵᠡᠭᠡᠷ᠎ᠠ ᠨᠡᠭᠡᠭᠡᠭᠳᠡᠭᠰᠠᠠ ᠪᠣᠯ ᠭᠠᠷ ᠤᠨ ᠲᠠᠷᠠᠭ᠎ᠠ ᠰᠠᠭᠤᠬᠰᠠᠠ ᠬᠦᠮᠣᠠ ᠤ ᠬᠢ ᠭᠡᠵᠣ ᠢᠯᠭᠠᠠ ᠦᠭᠳᠡᠭ᠃ ᠡᠬᠦᠠ ᠳᠤ ︽ᠬᠦᠴᠣᠳᠠᠠ ᠪᠡᠶ᠎ᠠ ᠳᠡᠭᠡᠨ᠂ ᠭᠠᠭ᠋ᠠᠢ ᠭᠠᠵᠠᠷ ᠲᠠᠭᠠᠨ᠂ ᠲᠣᠩ ᠲᠣᠬᠤᠠ ᠳᠠᠭᠠᠨ᠂ ᠲᠠᠬᠢᠶ᠎ᠠ ᠲᠠᠬᠢᠮ ᠳᠠᠭᠠᠨ᠃ ᠮᠣᠷᠢ ᠨᠣᠬᠠᠢ ᠨᠦᠬᠦᠷ ᠲᠡᠭᠡᠨ᠂ ᠵᠠᠠᠽᠠᠠ ᠵᠠᠬ᠎ᠠ ᠳᠠᠭᠠᠨ᠂ ᠵᠡᠭᠡᠷ᠎ᠠ ᠵᠡᠷᠭᠡᠯᠡᠳᠡᠭᠡ ᠳᠡᠭᠡᠨ︾ ᠭᠡᠬᠦ ᠮᠡᠳᠣ ᠪᠠᠷ ᠬᠤᠯᠪᠣᠭ᠎ᠠ ᠬᠤᠷᠰᠢᠶ᠎ᠠ ᠲᠠᠢ ᠭᠡᠯᠡᠳᠡᠭ᠃ ᠬᠠᠮᠤᠭ ᠲᠦᠷᠣᠬᠦᠣ ᠵᠡᠷᠭᠡᠯᠡᠭᠰᠠᠠ ᠮᠣᠳᠣ ᠶᠢ ᠣᠯᠣᠬᠰᠠᠠ ᠬᠦᠮᠣᠠ ᠡᠬᠢᠯᠠᠵᠣ ᠮᠣᠳᠣ ᠲᠠᠯᠪᠢᠨ᠎ᠠ᠃ ᠬᠠᠷᠢᠨ ᠨᠤᠷᠪᠤ ᠨᠡᠭᠡᠭᠡᠭᠳᠡᠪᠡᠯ ᠳᠠᠬᠢᠨ ᠪᠤᠰᠤᠤᠨ ᠵᠢᠬᠢᠷᠢᠭ ᠮᠤᠳᠤ᠋ ᠠᠴᠠ ᠨᠡᠭᠡᠭᠡᠵᠤ ᠢᠯᠭᠠᠷᠠᠭᠤᠯᠳᠠᠭ᠃ ᠲᠠᠶᠢᠯᠵᠣ ᠲᠠᠶᠢᠯᠣᠭ᠍ᠳᠡᠬᠦ ᠶᠢ ᠠᠳᠠᠯᠢ ᠲᠣᠭᠠᠠ ᠤ ᠮᠣᠳᠣ ᠶᠢᠨ ᠶᠡᠭᠡ ᠪᠠᠭ᠎ᠠ ᠪᠠᠷ ᠢᠯᠭᠠᠵᠣ ᠨᠢᠭᠡ ᠡᠷᠬᠢᠯᠳᠠ ᠳᠤ ᠭᠡᠠ ᠤ ᠲᠠᠯᠪᠢᠬᠰᠠᠠ ᠮᠣᠳᠣ ᠨᠢ ᠶᠡᠭᠡ ᠪᠣᠯ ᠲᠠᠷᠠ ᠬᠦᠮᠣᠠ ᠭᠡᠷ ᠣᠯᠳᠠᠭ ᠶᠤᠮ᠃ ᠲᠣᠣᠷ᠎ᠠ ᠲᠠᠰ ᠤᠨ ᠪᠠᠭ᠎ᠠ ᠮᠣᠳᠣ ᠶᠢ ᠬᠤᠯᠪᠣᠭ᠎ᠠ ᠪᠣᠶᠣ ᠮᠣᠰᠬᠢᠶ᠎ᠠ ᠪᠠᠷ ᠭᠠᠷᠭᠠᠪᠠᠯ ᠪᠣᠰᠣᠳ ᠬᠦᠮᠣᠰ ᠲᠤ ᠶᠡᠭᠡ ᠲᠠᠰ ᠤᠨ ᠮᠣᠳᠣ ᠬᠤᠯᠪᠣᠭ᠎ᠠ ᠪᠣᠶᠣ ᠮᠣᠰᠬᠢᠶ᠎ᠠ ᠪᠦᠷᠢᠳᠣᠭ᠍ᠰᠠᠠ ᠦᠭᠡᠢ ᠪᠣᠯ ᠲᠠᠪᠢᠰᠭᠡᠷᠯᠠᠠ ᠦᠭᠳᠡᠭ᠃ ᠭᠡᠷ ᠣᠯᠣᠬᠰᠠᠠ ᠣᠯᠠᠠ ᠴᠦᠭᠡᠠ ᠤ ᠲᠤᠭ᠎ᠠ ᠪᠠᠷ ᠢᠯᠠᠵᠣ ᠢᠯᠠᠬᠳᠠᠬᠰᠠᠠ ᠢ ᠲᠣᠬᠳᠠᠭᠠᠳᠠᠭ᠃ ᠲᠠᠪᠢᠰᠭᠡᠷᠯᠠᠠ ᠦᠭᠬᠦ ᠮᠣᠳᠣ ᠨᠢ ᠬᠠᠮᠤᠭ ᠤᠨ ᠠᠰᠢᠭ ᠦᠭᠡᠢ ᠮᠣᠳᠣ ᠪᠠᠶᠢᠳᠠᠭ᠃ ᠭᠡᠷ ᠣᠯᠵᠣ ᠪᠣᠰᠬᠠᠬᠰᠠᠠ ᠬᠦᠮᠣᠠ ᠵᠠᠯᠭᠠᠭᠠᠳ ᠣᠷᠢᠳᠠᠪᠠᠷ ᠮᠣᠳᠣ ᠲᠠᠯᠪᠢᠬᠤ ᠡᠷᠭᠡ ᠶᠢ ᠣᠯᠣᠨ᠎ᠠ᠃ ᠶᠡᠷᠣ ᠶᠢᠨ ᠪᠠᠶᠢᠳᠠᠯ ᠳᠤ ᠨᠠᠭᠠᠳᠬᠤ ᠴᠠᠭ ᠤᠨ ᠭᠡᠮᠵᠢᠶ᠎ᠠ ᠪᠠᠨ ᠦᠨᠳᠣᠰᠣᠯᠠᠵᠣ᠂ ᠶᠢᠰᠣᠠ ᠨᠠᠶᠢᠷᠠᠭ᠎ᠠ ᠪᠣᠶᠣ ᠲᠡᠬᠦᠠ ᠠᠴᠠ ᠣᠯᠠᠠ ᠨᠠᠶᠢᠷᠠᠭ᠎ᠠ ᠨᠠᠭᠠᠳᠴᠣ ᠪᠣᠯᠣᠨ᠎ᠠ᠃       ᠠᠮᠣᠷ ᠪᠠᠶᠠᠰᠬᠤᠯᠠᠩᠳᠣ ᠨᠠᠭᠠᠳᠣᠮ ᠨᠠᠭᠠᠳᠤᠨ᠎ᠠ     ᠲᠡᠭᠡᠷᠠᠬᠢ ᠲᠠᠨᠢᠯᠴᠠᠭᠤᠯᠭ᠎ᠠ ᠪᠣᠯ ᠶᠡᠷᠣ ᠶᠢᠨ ᠨᠠᠭᠠᠳᠣᠮ ᠳᠤ ᠭᠡᠷᠩᠯᠡᠳᠡᠭ ᠠᠷᠭ᠎ᠠ ᠭᠡᠯᠪᠡᠷᠢ ᠮᠥᠨ᠃ ᠡᠬᠦᠠ ᠠᠴᠠ ᠭᠠᠳᠠᠨ᠎ᠠ ᠨᠠᠯᠢᠶᠡᠳ ᠪᠣᠳᠣᠯᠢᠶᠠᠠᠳᠠᠢ ᠨᠠᠭᠠᠳᠬᠤ ᠠᠷᠭ᠎ᠠ ᠪᠠᠶᠢᠳᠠᠭ᠃ ᠡᠬᠦᠠ ᠢ ᠠᠮᠣᠷ ᠪᠠᠶᠠᠰᠬᠤᠯᠠᠩᠳᠣ ᠨᠠᠭᠠᠳᠣᠮ ᠤᠨ ᠣᠡᠴᠡᠭᠠᠢ ᠲᠦᠷᠢᠮ ᠶᠣᠰᠣ ᠭᠡᠵᠣ ᠦᠵᠠᠵᠣ ᠪᠣᠯᠣᠨ᠎ᠠ᠃     1. ᠲᠦᠷᠪᠠᠠ ᠬᠦᠴᠣᠳᠠᠠ ᠢ ᠶᠡᠭᠡ ᠪᠠᠭ᠎ᠠ ᠢᠯᠭᠠᠵᠣ᠂ ᠯᠣᠣ᠂ ᠭᠠᠷᠣᠳᠢ᠂ ᠠᠷᠰᠯᠠᠠ᠂ ᠪᠠᠷᠰ ᠭᠡᠵᠣ ᠲᠦᠷᠪᠠᠠ ᠲᠠᠰ ᠬᠤᠪᠢᠶᠠᠵᠣ᠂ ᠭᠠᠭᠴᠠ ᠭᠠᠭᠴᠠ ᠪᠠᠷ ᠪᠣᠯ ᠲᠡᠭᠡᠷᠠᠬᠢ ᠲᠠᠷᠠᠭᠠᠯᠠᠯ ᠢᠶᠠᠷ ᠶᠡᠭᠡ ᠪᠠᠭ᠎ᠠ ᠶᠢ ᠢᠯᠭᠠᠨ᠎ᠠ᠃ ᠬᠤᠣᠰ ᠢᠶᠠᠷ ᠪᠣᠯ ᠯᠣᠣ ᠭᠠᠷᠣᠳᠢ ᠬᠤᠣᠰᠯᠠᠪᠠᠯ ᠠᠷᠰᠯᠠᠠ ᠪᠠᠷᠰ ᠬᠤᠣᠰ ᠢ ᠲᠠᠶᠢᠯᠵᠣ᠂ ᠯᠣᠣ ᠠᠷᠰᠯᠠᠠ ᠬᠤᠣᠰᠯᠠᠪᠠᠯ᠂ ᠭᠠᠷᠣᠳᠢ ᠪᠠᠷᠰ ᠤᠨ ᠬᠤᠣᠰ ᠢ ᠲᠠᠶᠢᠯᠵᠣ᠂ ᠯᠣᠣ ᠪᠠᠷᠰ ᠬᠤᠣᠰᠯᠠᠪᠠᠯ ᠭᠠᠷᠣᠳᠢ ᠠᠷᠰᠯᠠᠠ ᠲᠠᠢ ᠲᠡᠩᠴᠠᠵᠣ ᠣᠷᠢᠳᠠᠪᠠᠷ ᠭᠠᠷᠣᠬᠰᠠᠠ ᠨᠢ ᠲᠠᠶᠢᠯᠣᠨ᠎ᠠ᠃     2. ᠮᠣᠩᠭᠤᠯ ᠬᠦᠮᠣᠠ ᠮᠣᠷᠢ ᠶᠢ ᠡᠷᠳᠡᠨᠢ ᠪᠠᠷ ᠦᠵᠡᠳᠡᠭ᠃ ᠡᠬᠢᠠ ᠤ ᠮᠣᠳᠣ ᠭᠠᠷᠭᠠᠬᠰᠠᠠ ᠬᠦᠮᠣᠠ ᠮᠣᠷᠢ ᠭᠠᠷᠭᠠᠬᠰᠠᠠ᠂ ᠲᠠᠷᠠᠭᠠᠯᠠᠠ ᠲᠠᠯᠪᠢᠬᠤ ᠰᠠᠭᠤᠳᠠᠯ ᠤᠨ ᠬᠢᠨ ᠲᠠᠷᠣᠬᠰᠠᠠ ᠦᠭᠡᠢ ᠰᠡᠬᠦᠯ ᠤᠨ ᠮᠣᠳᠣ ᠲᠠᠯᠪᠢᠬᠤ ᠬᠦᠮᠣᠠ ᠳᠤ ᠬᠦᠷᠴᠣ ᠢᠷᠩᠰᠠᠠ ᠪᠣᠯ ︽ᠡᠵᠠᠠ ᠤ ᠠᠠᠳᠠ︾ ᠭᠡᠵᠣ ᠰᠠᠵᠢᠭ᠎ᠠ᠂ ᠬᠤᠯᠪᠣᠭ᠎ᠠ᠂ ᠮᠣᠰᠬᠢᠶ᠎ᠠ᠂ ᠲᠡᠭᠰᠢ ᠠᠯᠢ ᠨᠢ ᠪᠠᠶᠢᠬᠰᠠᠠ ᠴᠦ ᠲᠠᠷᠣᠳᠠᠭ ᠦᠭᠡᠢ᠃     3. ᠭᠠᠭ᠋ᠠᠢ ᠬᠢᠬᠦ ᠭᠡᠵᠣ ᠪᠠᠶᠢᠳᠠᠭ᠃ ᠠᠮᠣᠷ ᠪᠠᠶᠠᠰᠬᠤᠯᠠᠩᠳᠣ ᠨᠠᠭᠠᠳᠣᠮ ᠤᠨ ᠲᠣᠳᠣᠷᠠᠬᠢ ᠬᠠᠮᠤᠭ ᠲᠣᠣᠷ᠎ᠠ ᠲᠠᠰ ᠤᠨ ᠮᠣᠳᠣ ᠪᠣᠯᠬᠤ ᠭᠠᠭ᠋ᠠᠢ ᠶᠢ ᠠᠳᠬᠤᠬᠰᠠᠠ ᠬᠦᠮᠣᠠ ᠮᠣᠳᠣ ᠡᠬᠢᠯᠠᠵᠣ ᠲᠠᠯᠪᠢᠬᠤ ᠠᠴᠠ ᠡᠮᠣᠨ᠎ᠠ ︽ᠭᠠᠭ᠋ᠠᠢ︕︾ ᠭᠡᠵᠣ ᠬᠦᠮᠣᠷᠢᠵᠣ ᠲᠠᠯᠪᠢᠭᠠᠳ ᠨᠢᠭᠡ ᠨᠠᠶᠢᠷᠠᠭ᠎ᠠ ᠶᠢᠨ ᠬᠠᠮᠤᠭ ᠤᠨ ᠰᠡᠬᠦᠯᠴᠢ ᠬᠦᠮᠣᠷᠢᠵᠣ ᠲᠠᠯᠪᠢᠬᠰᠠᠠ ᠭᠠᠭ᠋ᠠᠢ ᠶᠢᠨ ᠲᠤᠭ᠎ᠠ ᠨᠢ ᠦᠯᠡᠳᠡᠭᠰᠠᠠ ᠬᠦᠴᠣᠳᠠᠠ ᠤ ᠲᠤᠭ᠎ᠠ ᠲᠠᠢ ᠠᠳᠠᠯᠢ ᠪᠣᠯᠣᠬᠰᠠᠠ ᠪᠠᠶᠢᠳᠠᠯ ᠳᠤ ᠭᠠᠭ᠋ᠠᠢ ᠨᠢ ᠢᠯᠠᠵᠣ ᠭᠡᠷ ᠪᠣᠰᠬᠠᠳᠠᠭ᠃ ᠡᠨᠡ ᠨᠢ ᠣᠯᠠᠩᠭᠠᠰᠣᠬᠰᠠᠠ ᠮᠡᠷᠭᠡᠨ ᠰᠡᠵᠢᠭᠦᠷ ᠭᠠᠭ᠋ᠠᠢ ᠶᠠᠭᠤ ᠶᠢ ᠴᠦ ᠲᠠᠭᠠᠷᠢᠳᠠᠭ ᠠᠪᠠ ᠠᠩᠨᠠᠯ ᠤᠨ ᠰᠣᠶᠣᠯ ᠤᠨ ᠠᠭᠤᠯᠬᠤᠠ ᠲᠠᠢ ᠭᠡᠵᠣ ᠦᠵᠠᠵᠣ ᠪᠣᠯᠣᠨ᠎ᠠ᠃  ᠠᠮᠣᠷ ᠪᠠᠶᠠᠰᠬᠤᠯᠠᠩᠳᠣ ᠨᠠᠭᠠᠳᠣᠮ ᠤᠨ ᠣᠡᠴᠡᠭᠠᠢ ᠲᠦᠷᠢᠮ ᠶᠣᠰᠣ ᠶᠢ ᠭᠡᠷᠩᠯᠠᠪᠠᠯ ᠨᠠᠭᠠᠳᠬᠤ ᠳᠤ ᠨᠠᠯᠢᠶᠡᠳ ᠪᠣᠳᠣᠯᠢᠶᠠᠠᠳᠠᠢ ᠪᠣᠯᠳᠠᠭ ᠶᠤᠮ᠃        ᠠᠮᠣᠷ ᠪᠠᠶᠠᠰᠬᠤᠯᠠᠩᠳᠣ ᠨᠠᠭᠠᠳᠣᠮ ᠤᠨ ᠮᠦᠷᠦ᠋ᠢᠴᠡᠭᠦ ᠲᠦᠷᠢᠮ     ᠠᠷᠣ ᠬᠤᠷᠴᠢᠠ ᠬᠤᠰᠢᠭᠤ ᠨᠢ ᠠᠷᠠᠳ ᠤᠨ ᠲᠤᠮᠳᠠᠬᠢ ᠨᠢᠬᠡᠨ ᠵᠦᠢᠯ ᠤᠨ ᠤᠶᠤᠨ ᠤ ᠲᠤᠭᠯᠠᠭᠠᠮ ᠪᠤᠯᠬᠤ ᠠᠮᠤᠷ ᠪᠠᠶᠠᠰᠬᠤᠯᠠᠩᠳᠦ ᠨᠠᠭᠠᠳᠤᠮ ᠢ ᠤᠯᠠᠮᠵᠢᠯᠡᠨ ᠲᠡᠯᠭᠡᠷᠡᠬᠦᠯᠬᠦ ᠶᠢᠨ ᠲᠦᠯᠦᠬᠡ᠂ ᠠᠮᠤᠷ ᠪᠠᠶᠠᠰᠬᠤᠯᠠᠩᠳᠤ ᠨᠠᠭᠠᠳᠤᠮ ᠤᠨ ᠲᠤᠷᠰᠢᠨ ᠭᠡᠷᠡᠭᠯᠡᠬᠦ ᠤᠷᠤᠯᠳᠤᠭᠠᠨ ᠤ ᠲᠦᠷᠢᠮ ᠢ ᠲᠤᠭᠳᠠᠭᠠᠨ᠂ ᠵᠢᠯ ᠪᠦᠷᠢ ᠠᠮᠤᠷ ᠪᠠᠶᠠᠰᠬᠤᠯᠠᠩᠳᠦ ᠨᠠᠭᠠᠳᠤᠮ ᠤᠨ ᠤᠷᠤᠯᠳᠤᠭᠠᠨ ᠢ ᠵᠤᠬᠢᠶᠠᠨ ᠪᠠᠶᠢᠭᠤᠯᠵᠦ ᠪᠠᠶᠢᠨ᠎ᠠ᠃ ᠲᠤᠷᠰᠢᠨ ᠭᠡᠷᠡᠭᠯᠡᠬᠦ ᠲᠦᠷᠢᠮ ᠨᠢ ᠲᠤᠤᠷᠠᠬᠢ ᠮᠡᠳᠦ᠄ ᠨᠢᠭᠡ᠂ ᠮᠦᠷᠦ᠋ᠢᠴᠡᠭᠡᠠ ᠳᠤ ᠣᠷᠣᠯᠴᠠᠬᠤ ᠬᠦᠮᠣᠠ ᠤ ᠲᠤᠭ᠎ᠠ ᠪᠠᠨ ᠦᠨᠳᠣᠰᠣᠯᠠᠵᠣ᠂ ᠨᠣᠭᠤᠯᠤᠭ᠎ᠠ ᠮᠦᠷᠦ᠋ᠢᠴᠡᠭᠡᠠ ᠪᠣᠶᠣ ᠶᠡᠭᠡ ᠡᠷᠬᠢᠯᠳᠠ ᠪᠠᠷ ᠮᠦᠷᠦ᠋ᠢᠴᠡᠬᠦ ᠠᠷᠭ᠎ᠠ ᠶᠢᠨ ᠨᠢᠭᠡ ᠶᠢ ᠨᠢ ᠰᠣᠩᠭᠤᠵᠣ ᠭᠡᠷᠩᠯᠡᠨ᠎ᠠ︔ ᠬᠤᠶᠠᠷ᠂ ᠮᠦᠷᠦ᠋ᠢᠴᠡᠭᠡᠠ ᠡᠬᠢᠯᠡᠬᠦ ᠳᠤ ᠨᠠᠷᠠ ᠭᠠᠷᠬᠤ ᠵᠦᠭ ᠲᠤ ᠰᠠᠭᠤᠬᠰᠠᠠ ᠬᠦᠮᠣᠠ ᠠᠴᠠ ᠡᠬᠢᠯᠠᠵᠣ ᠮᠣᠳᠣ ᠨᠡᠭᠡᠭᠡᠵᠣ᠂ ᠡᠬᠢᠠ ᠤ ᠵᠡᠷᠭᠡᠯᠡᠭᠰᠠᠠ ᠮᠣᠳᠣ ᠶᠢ ᠣᠯᠣᠬᠰᠠᠠ ᠬᠦᠮᠣᠠ ᠠᠴᠠ ᠡᠬᠢᠯᠠᠵᠣ ᠲᠠᠯᠪᠢᠨ᠎ᠠ︔ ᠭᠤᠷᠪᠠ᠂ ᠭᠤᠷᠪᠠᠠ ᠬᠦᠮᠣᠠ ᠨᠠᠭᠠᠳᠬᠤ ᠳᠤ ᠡᠰᠡᠷᠬᠦᠯᠠᠠ ᠰᠠᠭᠤᠬᠰᠠᠠ ᠬᠦᠮᠣᠠ ᠦᠭᠡᠢ ᠲᠣᠯᠠ ᠨᠣᠷᠪᠤ᠂ ᠮᠣᠷᠢ᠂ ᠨᠣᠬᠠᠢ ᠭᠤᠷᠪᠠ ᠨᠡᠭᠡᠭᠡᠭᠳᠡᠪᠠᠯ ᠭᠡᠠ ᠳᠤ ᠲᠠᠭᠠᠷᠠᠬᠤ ᠶᠢ ᠣᠷᠢᠳᠠᠪᠠᠷ ᠭᠡᠯᠡᠯᠴᠠᠠ ᠲᠣᠬᠳᠠᠨ᠎ᠠ︔ ᠲᠦᠷᠪᠡ᠂ ᠲᠠᠪᠢᠰᠭᠡᠷᠯᠠᠠ ᠦᠭᠬᠦ ᠮᠣᠳᠣ ᠪᠠᠨ ᠢᠯᠠ ᠦᠭᠬᠦ ᠪᠠ ᠲᠠᠯᠳᠠ ᠦᠭᠬᠦ ᠪᠠᠨ ᠣᠷᠢᠳᠠᠪᠠᠷ ᠲᠣᠬᠳᠠᠨ᠎ᠠ᠃ ᠨᠢᠭᠡᠳᠣᠯᠳᠠᠢ ᠪᠣᠯ ᠪᠣᠯᠴᠢᠬᠠᠨ᠎ᠠ ︔ ᠲᠠᠪᠤ᠂ ᠨᠣᠭᠤᠯᠤᠭ᠎ᠠ ᠮᠦᠷᠦ᠋ᠢᠴᠡᠭᠡᠠ ᠳᠤ ᠪᠣᠯ ᠨᠣᠭᠤᠯᠤᠭ᠎ᠠ ᠪᠦᠷᠢ ᠳᠤ ᠣᠯᠣᠬᠰᠠᠠ ᠭᠡᠷ ᠤᠨ ᠲᠤᠭ᠎ᠠ ᠪᠠᠷ ᠣᠯᠠᠠ ᠨᠢ ᠲᠠᠪᠰᠢᠵᠣ᠂ ᠴᠦᠭᠡᠠ ᠨᠢ ᠰᠢᠭᠰᠢᠭᠳᠡᠨ᠎ᠠ᠃ ᠶᠡᠭᠡ ᠡᠷᠬᠢᠯᠳᠠ ᠶᠢᠨ ᠮᠦᠷᠦ᠋ᠢᠴᠡᠭᠡᠠ ᠪᠣᠯ ᠶᠡᠷᠣᠩᠭᠡᠢ ᠭᠡᠷ ᠤᠨ ᠲᠤᠭ᠎ᠠ ᠪᠠᠷ ᠪᠣᠳᠣᠨ᠎ᠠ︔ ᠵᠢᠷᠭᠤᠭ᠎ᠠ᠂ ᠮᠦᠷᠦ᠋ᠢᠴᠡᠭᠡᠠ ᠨᠢ ᠨᠠᠶᠢᠷᠠᠭ᠎ᠠ ᠪᠠᠷ ᠲᠣᠭᠠᠯᠠᠠ ᠨᠠᠭᠠᠳᠴᠣ ᠣᠯᠣᠬᠰᠠᠠ ᠭᠡᠷ ᠤᠨ ᠲᠤᠭ᠎ᠠ ᠶᠢ ᠱᠠᠭ᠎ᠠ ᠪᠠᠷ ᠲᠡᠮᠳᠡᠭᠯᠠᠨ᠎ᠠ᠃ ᠲᠦᠬᠦᠮ ᠢ ᠪᠣᠳᠣᠵᠣ ᠴᠠᠭᠠᠰᠣᠠ ᠳᠤ ᠲᠡᠮᠳᠡᠭᠯᠡᠭᠰᠠᠠ ᠴᠦ ᠪᠣᠯᠣᠨ᠎ᠠ︔ ᠲᠤᠯᠤᠭ᠎ᠠ᠂ ᠨᠠᠭᠠᠳᠣᠮ ᠢ ᠨᠠᠭᠠᠳᠬᠤ ᠳᠤ ᠡᠷᠭᠡᠪᠰᠢ ᠮᠣᠩᠭᠤᠯ ᠨᠠᠷᠠᠶᠢᠳᠣᠯ ᠲᠠᠭᠤᠳᠠᠯᠭ᠎ᠠ ᠪᠠᠷ ᠨᠢ ᠶᠠᠷᠢᠬᠤ ᠭᠡᠷᠩᠳᠠᠢ︔ ᠨᠠᠢᠮᠠ᠂ ᠪᠣᠯᠪᠠᠰᠣᠠ ᠡᠷᠬᠢᠮᠰᠣᠭ᠌ ᠪᠠᠶᠢᠵᠣ᠂ ᠬᠢᠨᠠᠬᠴᠢ ᠶᠢᠨ ᠬᠢᠨᠠᠯᠳᠠ ᠶᠢ ᠬᠦᠯᠢᠶᠠᠨ᠎ᠠ︔ ᠶᠢᠰᠦ᠂ ᠮᠦᠷᠣᠢ ᠲᠠᠢ ᠨᠠᠭᠠᠳᠬᠤ ᠶᠢ ᠴᠡᠭᠡᠷᠯᠠᠨ᠎ᠠ᠃       ᠠᠮᠣᠷ ᠪᠠᠶᠠᠰᠬᠤᠯᠠᠩᠳᠣ ᠨᠠᠭᠠᠳᠣᠮ ᠤᠨ ᠲᠤᠬᠠᠢ ᠰᠢᠨᠵᠢᠯᠡᠯ ᠰᠤᠳᠤᠯᠭ᠎ᠠ      ᠠᠷᠤ ᠬᠤᠷᠴᠢᠨ ᠬᠤᠰᠢᠭᠤᠨ ᠤ ᠵᠣᠬᠢᠶᠠᠯᠴᠢ ᠣ᠊ · ᠪᠤᠶ᠋ᠬᠠᠦ᠋ᠯᠵᠡᠢ ᠠᠷᠤ ᠬᠤᠷᠴᠢᠨ ᠬᠤᠰᠢᠭᠤᠨ ᠤ ᠭᠧᠮᠫᠢ ᠶᠢᠨ ᠰᠦᠮ᠎ᠠ ᠠᠴᠠ ᠮᠤᠩᠭᠤᠯ ᠬᠠᠭᠠᠠ ᠣᠷᠳᠣᠠ ᠤ ᠬᠦᠭᠵᠢᠮ ᠤᠨ ᠲᠠᠪᠳᠠᠷ ᠢ ᠢᠯᠡᠷᠠᠬᠦᠯᠣᠭ᠍ᠰᠠᠠ ᠠᠴᠠ ᠡᠯᠡᠶᠢᠷᠠᠵᠣ ᠪᠠᠯᠡᠷᠠᠬᠰᠠᠠ ᠣᠮᠠᠷᠠᠳᠣ ᠶᠣᠸᠠᠠ ᠣᠯᠣᠰ ᠤᠨ ᠬᠠᠮᠤᠭ ᠤᠨ ᠰᠡᠬᠦᠯᠴᠢ ᠶᠢᠨ ᠬᠠᠭᠠᠠᠳᠣ ᠲᠦᠷᠣ ᠶᠢᠨ ᠨᠠᠶᠢᠰᠯᠠᠯ - ᠴᠠᠭᠠᠠ ᠬᠤᠳᠠ ᠳᠤ ᠪᠣᠯᠵᠣ ᠦᠩᠭᠡᠷᠩᠰᠠᠠ ᠲᠡᠤᠬᠡ ᠶᠢᠨ ᠣᠯᠠ ᠮᠦᠷ ᠢ ᠲᠠᠬᠢᠠ ᠰᠢᠨᠵᠢᠯᠠᠵᠣ ᠪᠣᠯᠬᠤ ᠰᠢᠨ᠎ᠠ ᠬᠠᠭᠤᠳᠠᠰᠣ ᠶᠢ ᠰᠡᠬᠦᠭᠰᠠᠠ ᠶᠤᠮ᠃ ᠠᠮᠣᠷ ᠪᠠᠶᠠᠰᠬᠤᠯᠠᠩᠳᠣ ᠨᠠᠭᠠᠳᠣᠮ ᠪᠣᠯ ᠭᠧᠮᠫᠢ ᠶᠢᠨ ᠰᠦᠮ᠎ᠠ ᠠᠴᠠ ᠣᠯᠳᠠᠬᠰᠠᠠ ᠲᠠᠭᠤᠣ ᠬᠦᠭᠵᠢᠮ ᠤᠨ ᠲᠠᠪᠳᠠᠷ ᠠᠴᠠ ᠪᠣᠰᠣᠣᠠ ᠠᠷᠠᠳ ᠤᠨ ᠲᠣᠮᠳᠠ ᠪᠣᠳᠠᠳᠣ ᠪᠣᠳᠠᠰ ᠤᠨ ᠬᠤᠪᠢ ᠪᠠᠷ ᠣᠷᠣᠰᠢᠵᠣ ᠪᠠᠶᠢᠭ᠎ᠠ ᠴᠣᠷ ᠤᠨ ᠭᠠᠭᠴᠠ ᠰᠣᠶᠣᠯ ᠤᠨ ᠦᠪ ᠪᠣᠯᠬᠤ ᠶᠤᠮ᠃ ᠠᠷᠣ ᠬᠤᠷᠴᠢᠠ ᠬᠤᠰᠢᠭᠤᠠ ᠤ ᠪᠠᠶ᠋ᠬᠠᠦ᠋ᠨᠳᠦᠷ ᠰᠣᠮᠣ ᠶᠢᠨ ᠠᠯᠳ᠋ᠬᠠᠦ᠋ᠠᠳᠣᠷ ᠭᠠᠴᠠᠭ᠎ᠠ ᠶᠢᠨ ᠮᠠᠯᠴᠢᠠ ᠠᠶᠢᠯ ᠳᠤ ᠦᠶ᠎ᠠ ᠣᠯᠠᠮᠵᠢᠯᠠᠠ ᠦᠯᠡᠳᠡᠭᠳᠡᠭᠰᠡᠨ ᠠᠮᠣᠷ ᠪᠠᠶᠠᠰᠬᠤᠯᠡᠩᠳᠣ ᠨᠠᠭᠠᠳᠣᠮ ᠨᠢ ᠭᠡᠵᠢᠶ᠎ᠠ ᠬᠠᠮᠢᠭ᠎ᠠ ᠡᠬᠦᠰᠴᠣ ᠪᠣᠢ ᠪᠣᠯᠣᠬᠰᠠᠠ ᠢ ᠣᠳᠤᠬᠠᠨ ᠳᠤ ᠬᠠᠷᠠᠬᠠᠠ ᠨᠣᠳᠠᠯᠠᠭ᠎ᠠ ᠦᠬᠡᠢ ᠴᠦ᠂ ᠠᠷᠣ ᠬᠤᠷᠴᠢᠠ ᠬᠤᠰᠢᠭᠤ ᠨᠣᠳᠤᠭ ᠤᠨ ᠲᠡᠣᠭᠡᠳᠣ ᠬᠦᠮᠣᠠ ᠭᠤᠮᠪᠣᠵᠠᠪ ᠮᠠᠮ᠎ᠠ ᠶᠢᠨ ᠨᠠᠭᠠᠳᠴᠣ ᠪᠠᠶᠢᠬᠰᠠᠠ ᠨᠠᠭᠠᠳᠣᠮ ᠪᠤᠯᠬᠤ ᠨᠢ ᠪᠠᠳᠤᠳᠠᠢ ᠶᠤᠮ᠃      2004 ᠣᠠ ᠳᠤ ᠬᠠᠨᠰᠦ᠋ᠮ᠎ᠠ ᠶᠢᠨ ᠰᠣᠬᠴᠢᠠ ᠲᠣᠭᠠᠩ ᠰᠢᠨ᠎ᠠ ᠪᠠᠷ ᠪᠠᠶᠢᠭᠤᠯᠣᠬᠳᠠᠵᠣ᠂ ᠰᠦᠮ᠎ᠠ ᠶᠢᠨ ᠲᠣᠭᠠᠩ ᠢᠶᠠᠨ ᠷᠠᠪᠨᠠᠶᠢᠯᠠᠬᠤ ︵ᠠᠮᠢᠯᠠᠭᠤᠯᠬᠤ︶ ᠶᠡᠭᠡ ᠨᠠᠶᠢᠷ ᠲᠤ ᠠᠷᠣ ᠬᠤᠷᠴᠢᠠ ᠬᠤᠰᠢᠭᠤᠠ ᠤ ᠪᠠᠶ᠋ᠬᠠᠦ᠋ᠨᠳᠦᠷ ᠰᠣᠮᠣ ᠶᠢᠨ ᠠᠯᠳ᠋ᠬᠠᠦ᠋ᠠᠳᠣᠷ ᠭᠠᠴᠡᠭᠠᠠ ᠤ ᠮᠠᠯᠴᠢᠠ ᠪᠦᠭᠡᠪᠢᠯᠢᠭᠳᠦ ᠶᠢᠨ ᠬᠦᠣ ᠠᠮᠣᠷᠵᠢᠷᠭᠠᠯ ᠡᠮᠡᠭᠡ ᠡᠵᠢ ᠶᠢᠨ ᠢᠶᠠᠨ ᠵᠠᠬᠢᠶ᠎ᠠ ᠪᠠᠷ ᠠᠮᠣᠷ ᠪᠠᠶᠠᠰᠬᠤᠯᠠᠩᠳᠣ ᠨᠠᠭᠠᠳᠣᠮ ᠢ ᠲᠠᠨᠢᠭᠢᠷ ᠴᠢᠯᠠᠭᠤᠠ ᠲᠡᠭᠡᠷ᠎ᠠ ᠲᠠᠭᠤᠷᠢᠶᠠᠠ ᠰᠠᠶᠢᠯᠵᠣ ᠬᠠᠨᠰᠦ᠋ᠮ᠎ᠠ ᠶᠢᠨ ᠠᠷᠪᠠᠳᠣᠭᠠᠷ ᠲᠦᠷᠢ ᠶᠢᠨ ᠴᠠᠭᠠᠠ ᠭᠡᠭᠡᠠ - ᠨᠠᠷᠠᠰᠣ ᠭᠡᠭᠡᠠ ᠳᠤ ᠡᠷᠬᠦᠭᠰᠠᠠ ᠳᠤ ᠨᠠᠶᠢᠷ ᠲᠤ ᠬᠦᠷᠣᠭ᠍ᠰᠠᠠ ᠠᠬᠠᠮᠠᠳ ᠲᠣᠮᠣᠭᠠᠳᠠᠳ ᠶᠡᠭᠡᠳᠠ ᠪᠠᠭ᠋ᠠᠷᠬᠠᠠ ᠨᠠᠭᠠᠳᠴᠣ ᠪᠠᠶᠢᠬᠤ ᠶᠢ ᠠᠷᠣ ᠬᠤᠷᠴᠢᠠ ᠬᠤᠰᠢᠭᠤᠠ ᠤ ᠷᠠᠳᠢᠣ᠋ ᠲᠧᠯᠸᠢᠰ ᠤᠨ ᠠᠬᠠᠮᠠᠳ ᠰᠣᠷᠪᠣᠯᠵᠢᠯᠡᠬᠴᠢ ᠲᠠᠮᠷᠢᠠ ᠭᠤᠸᠠᠢ ᠰᠡᠬᠦᠳᠠᠷᠯᠠᠠ ᠰᠢᠩᠭᠡᠭᠡᠵᠣ ᠣᠬᠤᠷ ᠮᠡᠳᠡᠭᠡ ᠪᠣᠯᠭᠠᠠ᠂ ᠠᠷᠣ ᠬᠤᠷᠴᠢᠠ ᠲᠧᠯᠸᠢᠰ ᠰᠣᠪᠠᠭ ᠲᠤ ᠨᠡᠪᠳᠡᠷᠠᠬᠦᠯᠣᠭ᠍ᠰᠠᠠ ᠠᠴᠠ ᠬᠦᠮᠣᠰ ᠤᠨ ᠠᠩᠬᠠᠷᠣᠯ ᠳᠤ ᠬᠦᠷᠣᠭ᠍ᠰᠠᠠ ᠪᠠᠶᠢᠨ᠎ᠠ᠃ ᠲᠣᠬᠠᠢ ᠶᠢᠨ ᠦᠶ᠎ᠠ ᠳᠤ᠂ ᠶᠠᠫᠣᠠ ᠣᠯᠣᠰ ᠲᠤ ᠰᠣᠷᠣᠯᠴᠠᠵᠣ ᠪᠠᠶᠢᠬᠰᠠᠠ ᠨᠠᠷᠠᠰᠣ ᠭᠡᠭᠡᠠ ᠤ ᠬᠤᠶᠠᠳᠣᠭᠠᠷ ᠬᠦᠣ ᠪᠣᠯᠣᠳ ᠠᠪᠣᠭᠠᠢ ᠡᠨᠡᠬᠦ ᠠᠮᠣᠷ ᠪᠠᠶᠠᠰᠬᠤᠯᠡᠭᠳᠣ ᠨᠠᠭᠠᠳᠣᠮ ᠢ ᠬᠠᠷᠢ ᠬᠦᠷᠣᠠ ᠳᠤ ᠠᠪᠴᠣ ᠬᠦᠷᠣᠭᠡᠳ ᠮᠣᠩᠭᠤᠯ ᠰᠣᠶᠣᠯ ᠤᠨ ᠭᠠᠶᠢᠬᠠᠮᠰᠢᠭ ᠢ ᠲᠡᠯᠡᠭᠡᠢ ᠳᠤ ᠰᠣᠨᠢᠷᠬᠠᠭᠤᠯᠣᠯ᠎ᠠ ᠭᠡᠳᠡᠭ᠃ ᠠᠷᠣ ᠬᠤᠷᠴᠢᠠ ᠠᠮᠣᠷ ᠪᠠᠶᠠᠰᠬᠤᠯᠡᠬᠳᠣ ᠨᠠᠭᠠᠳᠣᠮ ᠪᠣᠯ ᠮᠣᠩᠭᠤᠯ ᠦᠨᠳᠣᠰᠣᠳᠠᠠ ᠤ ᠲᠡᠭᠡᠳᠣ ᠲᠠᠪᠬᠤᠷᠭ᠎ᠠ ᠳᠤ ᠡᠬᠦᠰᠣᠠ ᠲᠡᠯᠭᠡᠷᠩᠰᠠᠠ ᠦᠨᠳᠣᠰᠣᠳᠠᠠ ᠤ ᠣᠡᠴᠡᠯᠢᠬ ᠲᠣᠪᠤᠶᠢᠮ᠎ᠠ ᠨᠠᠭᠠᠳᠣᠮ ᠪᠣᠯᠬᠤ ᠶᠤᠮ᠃ ᠨᠠᠭᠠᠳᠣᠮ ᠤᠨ ᠴᠡᠭᠡᠷ ᠶᠣᠰᠣᠠ ᠤ ᠲᠠᠯ᠎ᠠ ᠪᠠᠷ᠂ ︽ᠡᠵᠠᠠ ᠶᠡᠭᠡᠰ ᠤᠨ ᠨᠠᠭᠠᠳᠣᠮ ᠡᠭᠡᠯ ᠬᠠᠷᠠᠴᠣᠣᠯ ᠨᠠᠭᠠᠳᠴᠣ ᠪᠣᠯᠬᠤ ᠦᠭᠡᠢ︾ ᠭᠡᠬᠦ ᠣᠯᠠᠮᠵᠢᠯᠠᠯ ᠶᠠᠷᠢᠶ᠎ᠠ ᠪᠠᠶᠢᠳᠠᠭ ᠪᠦᠭᠡᠳ ᠡᠵᠠᠠ ᠶᠡᠭᠡᠰ ᠤᠨ ᠨᠠᠭᠠᠳᠣᠮ ᠳᠤ ᠲᠦᠷᠪᠠᠠ ᠬᠦᠴᠣᠳᠠᠯ ᠢ ᠯᠣᠣ᠂ ᠭᠠᠷᠣᠳᠢ᠂ ᠠᠷᠰᠯᠠᠠ᠂ ᠪᠠᠷᠰ ᠤᠨ ᠲᠠᠰ ᠲᠠᠷᠠᠭ᠎ᠠ ᠪᠠᠷ ᠢᠯᠭᠠᠠ ᠨᠠᠭᠠᠳᠴᠣ᠂ ᠡᠩ ᠤᠨ ᠨᠠᠭᠠᠳᠣᠮ ᠳᠤ ᠲᠦᠷᠪᠠᠠ ᠬᠦᠴᠣᠳᠠᠠ ᠤ ᠠᠯᠢ ᠨᠢ ᠣᠷᠢᠳᠠᠪᠠᠷ ᠭᠠᠷᠪᠠᠯ ᠲᠠᠷᠣᠢ ᠲᠠᠷᠠ ᠨᠢ ᠶᠡᠭᠡ ᠭᠡᠵᠣ ᠢᠯᠭᠠᠯ ᠦᠭᠡᠢ ᠨᠠᠭᠠᠣᠡᠳᠠᠭ᠃ ᠡᠨᠡ ᠨᠢ ᠲᠣᠰ ᠨᠠᠭᠠᠳᠣᠮ ᠪᠣᠯ ᠮᠣᠩᠭᠤᠯ ᠤᠨ ᠡᠷᠳᠠ ᠦᠶ᠎ᠠ ᠶᠢᠨ ᠲᠡᠭᠡᠳᠣ ᠲᠠᠪᠬᠤᠷᠭᠠᠳᠠᠠ ᠤ ᠲᠣᠳᠣᠷ᠎ᠠ ᠡᠬᠦᠰᠣᠠ ᠲᠡᠯᠭᠡᠷᠩᠰᠠᠠ ᠭᠡᠳᠡᠭ ᠢ ᠬᠠᠷᠠᠭᠤᠯᠵᠣ ᠪᠠᠶᠢᠨ᠎ᠠ᠃ ᠡᠬᠢᠠ ᠤ ᠦᠶ᠎ᠠ ᠳᠡᠭᠡᠨ ᠦᠷᠭᠡᠠ ᠢᠶᠠᠷ ᠲᠡᠯᠭᠡᠷᠩᠰᠠᠠ ᠦᠭᠡᠢ ᠨᠢ ᠲᠣᠬᠠᠢ ᠶᠢᠨ ᠨᠡᠶᠢᠭᠡᠮ ᠤᠨ ᠪᠠᠶᠢᠭᠤᠯᠣᠯ ᠤᠨ ᠴᠢᠩᠭ᠎ᠠ ᠬᠠᠳᠠᠭᠤ ᠵᠡᠷᠭᠡ ᠲᠠᠰ ᠤᠨ ᠲᠦᠷᠢᠮ ᠪᠣᠯᠣᠠ ᠣᠷᠠᠯᠠᠵᠣ ᠰᠠᠶᠢᠯᠪᠣᠷᠢᠯᠠᠠ ᠣᠶᠢᠯᠡᠳᠬᠦ ᠳᠤ ᠶᠠᠷᠰᠢᠭ ᠲᠦᠪᠡᠭ ᠲᠠᠢ ᠪᠠᠶᠢᠳᠠᠭ ᠠᠴᠠ ᠪᠣᠯᠣᠬᠰᠠᠠ ᠪᠠᠶᠢᠵᠦ ᠮᠡᠳᠡᠨ᠎ᠠ᠃ ᠬᠤᠵᠢᠮ ᠨᠢ ᠨᠡᠶᠢᠭᠡᠮ ᠤᠨ ᠬᠦᠭᠵᠢᠯᠳᠠ ᠶᠢ ᠲᠠᠭᠠᠯᠳᠣᠠ ᠣᠯᠠᠠ ᠲᠦᠮᠠᠠ ᠤ ᠲᠣᠮᠳᠠ ᠠᠶᠠᠠᠳᠠᠭᠠᠠ ᠲᠡᠯᠭᠡᠷᠩᠰᠠᠠ ᠰᠢᠨᠵᠢ ᠲᠠᠢ ᠪᠣᠯᠣᠬᠰᠠᠠ ᠶᠤᠮ᠃     ᠠᠮᠣᠷ ᠪᠠᠶᠠᠰᠬᠤᠯᠠᠩᠳᠣ ᠨᠠᠭᠠᠳᠣᠮ ᠤᠨ ᠠᠭᠤᠯᠭ᠎ᠠ ᠠᠴᠠ ᠦᠵᠠᠪᠠᠯ᠂ ᠴᠣᠯ ᠮᠣᠩᠭᠤᠯ ᠠᠮᠢᠳᠣᠷᠠᠯ ᠤᠨ ᠲᠣᠰᠬᠠᠯ ᠪᠠᠶᠢᠵᠣ ᠪᠣᠰᠣᠣᠠ ᠦᠨᠳᠣᠰᠣᠳᠠᠠ ᠠᠴᠠ ᠵᠢᠭᠡᠯᠠᠵᠣ ᠭᠡᠷᠩᠯᠡᠭᠰᠠᠠ ᠪᠢᠰᠢ᠂ ᠰᠦᠮ᠎ᠠ ᠭᠡᠶᠢᠳ ᠤᠨ ᠡᠷᠳᠠᠮᠳᠣ ᠯᠠᠮ᠎ᠠ ᠪᠣᠶᠣ ᠬᠠᠭᠠᠠ ᠣᠷᠳᠣᠠ ᠤ ᠰᠣᠶᠣᠯᠳᠣ ᠬᠦᠮᠣᠰ ᠤᠨ ᠵᠣᠬᠢᠶᠠᠠ ᠣᠶᠢᠯᠡᠳᠣᠭ᠍ᠰᠠᠠ ᠨᠠᠭᠠᠳᠣᠮ ᠪᠣᠯᠬᠤ ᠮᠠᠭᠠᠳ ᠲᠠᠢ᠃ ᠲᠣᠰ ᠨᠠᠭᠠᠳᠣᠮ ᠨᠢ ᠴᠠᠭ ᠦᠶ᠎ᠠ ᠶᠢᠨ ᠦᠩᠭᠡ ᠪᠣᠳᠤᠭ ᠲᠠᠢ᠂ ᠨᠣᠷᠪᠤ᠂ ᠵᠠᠠᠽᠠᠠ᠂ ᠲᠣᠩ ᠵᠡᠷᠭᠡ ᠰᠦᠮ᠎ᠠ ᠭᠡᠶᠢᠳ ᠤᠨ ᠱᠠᠰᠢᠠ ᠰᠣᠷᠳᠠᠬᠤᠠ ᠤ ᠠᠵᠢᠯᠯᠠᠭᠠᠠ ᠳᠤ ᠭᠡᠷᠩᠯᠡᠳᠡᠭ ᠵᠦᠢᠯᠠᠰ ᠢ ᠣᠷᠣᠭᠤᠯᠣᠬᠰᠠᠠ ᠠᠴᠠ ᠬᠦᠠ ᠵᠣᠵᠠᠭᠠᠠ ᠪᠣᠷᠬᠠᠠ ᠱᠠᠰᠢᠠ ᠤ ᠦᠩᠭᠡ ᠪᠣᠳᠤᠭ ᠲᠠᠢ ᠪᠠᠶᠢᠳᠠᠭ᠃ ᠮᠣᠷᠢ᠂ ᠨᠣᠬᠠᠢ᠂ ᠭᠠᠭ᠋ᠠᠢ ᠵᠡᠷᠭᠡ ᠵᠢᠷᠤᠭ ᠲᠦᠷᠰᠣ ᠨᠢ ᠮᠣᠩᠭᠤᠯ ᠣᠷᠣᠠ ᠨᠣᠳᠤᠭ ᠤᠨ ᠣᠡᠴᠡᠯᠢᠬ ᠲᠠᠢ᠂ ᠨᠠᠭᠠᠳᠣᠮ ᠤᠨ ᠲᠦᠷᠢᠮ ᠭᠤᠷᠢᠮ ᠨᠢ ᠮᠣᠩᠭᠤᠯ ᠠᠮᠢᠳᠣᠷᠠᠯ ᠤᠨ ᠣᠡᠴᠡᠯᠢᠬ ᠲᠠᠢ ᠪᠠᠶᠢᠳᠠᠭ᠃     ᠠᠮᠣᠷ ᠪᠠᠶᠠᠰᠬᠤᠯᠡᠩᠳᠣ ᠨᠠᠭᠠᠳᠣᠮ ᠪᠣᠯ ᠮᠣᠩᠭᠤᠯ ᠦᠨᠳᠣᠰᠣᠳᠠᠠ ᠤ ᠲᠡᠣᠬᠡᠨ ᠳᠠᠬᠢ ᠢᠵᠠᠭᠤᠷ ᠡᠷᠳᠡᠨ ᠤ ᠮᠣᠳᠣᠠ ᠰᠠᠶᠢᠯᠪᠣᠷᠢᠳᠣ ᠣᠶᠣᠠ ᠤ ᠲᠣᠬᠯᠠᠭᠠᠮ ᠪᠣᠯᠣᠨ᠎ᠠ᠃ ᠠᠷᠣ ᠬᠤᠷᠴᠢᠠ ᠨᠣᠳᠤᠭ ᠪᠣᠯ ᠠᠮᠣᠷ ᠪᠠᠶᠠᠰᠬᠤᠯᠡᠩᠳᠣ ᠨᠠᠭᠠᠳᠣᠮ ᠤᠨ ᠡᠬᠦᠰᠴᠣ ᠲᠡᠯᠭᠡᠷᠩᠰᠠᠠ ᠣᠷᠣᠠ ᠶᠤᠮ᠃ ᠠᠷᠣ ᠬᠤᠷᠴᠢᠠ ᠬᠤᠰᠢᠭᠤᠠ ᠳᠤ ᠠᠮᠣᠷ ᠪᠠᠶᠠᠰᠬᠤᠯᠠᠩᠳᠣ ᠨᠠᠭᠠᠳᠣᠮ ᠢ ᠨᠠᠭᠠᠳᠴᠣ ᠪᠠᠶᠢᠬᠰᠠᠠ ᠴᠠᠭ ᠦᠶ᠎ᠠ ᠨᠢ ᠪᠣᠰᠣᠳ ᠭᠠᠵᠠᠷ ᠣᠷᠣᠠ ᠠᠴᠠ ᠨᠠᠯᠢᠶᠡᠳ ᠡᠷᠳᠠ ᠶᠤᠮ᠃ ᠲᠦᠷᠪᠠ ᠲᠦᠷᠪᠠ ᠪᠠᠷ ᠢᠶᠠᠨ ᠢᠵᠢᠯ ᠲᠦᠷᠣᠯ ᠪᠦᠬᠦᠢ ᠶᠢᠰᠣᠠ ᠵᠦᠢᠯ ᠤᠨ ᠵᠢᠷᠤᠭ ᠲᠦᠷᠰᠣ ᠰᠠᠶᠢᠯᠪᠣᠷᠢᠯᠡᠭᠰᠠᠠ ᠭᠤᠴᠢᠠ ᠵᠢᠷᠭᠤᠭᠠᠠ ᠮᠣᠳᠣ ︵ᠫᠠᠢ︶ ᠪᠠᠷ ᠪᠦᠷᠢᠯᠳᠣᠵᠠᠢ᠃ ᠬᠦᠯᠣᠠ ᠪᠤᠶᠢᠷ᠂ ᠰᠢᠯᠢ ᠶᠢᠨ ᠭᠤᠣᠯ ᠠᠶᠢᠮᠠᠬ᠂ ᠣᠯᠠᠭᠠᠠᠬᠠᠳᠠ ᠶᠢᠨ ᠠᠷᠣ ᠬᠤᠷᠴᠢᠠ ᠵᠡᠷᠬᠡ ᠭᠠᠵᠠᠷ ᠣᠷᠣᠠ ᠳᠤ ︽ᠠᠮᠣᠷ ᠪᠠᠶᠠᠰᠬᠤᠯᠡᠩᠳᠣ︾ ᠭᠡᠵᠣ ᠨᠡᠷᠠᠯᠡᠳᠡᠭ᠃ ᠣᠷᠳᠣᠰ᠂ ᠠᠯᠠᠱᠠ ᠵᠡᠷᠭᠡ ᠦᠪᠣᠷ ᠮᠣᠩᠭᠤᠯ ᠤᠨ ᠪᠠᠷᠠᠭᠤᠠ ᠭᠡᠰᠡᠭ ᠭᠠᠵᠠᠷ ᠣᠷᠣᠠ ᠳᠤ ︽ᠨᠣᠷᠪᠤ ᠨᠠᠭᠠᠳᠣᠮ︾ ᠭᠡᠵᠣ ᠨᠡᠷᠡᠯᠡᠳᠡᠭ ᠪᠠᠶᠢᠨ᠎ᠠ᠃ ᠵᠠᠷᠢᠮ ᠭᠠᠵᠠᠷ ᠣᠷᠣᠠ ᠤ ᠬᠢᠨ ᠦᠯᠵᠡᠢ ᠵᠠᠩᠬᠢᠶ᠎ᠠ᠂ ᠴᠢᠠᠳᠠᠭᠠᠠ ᠲᠠᠮᠠᠭ᠎ᠠ ᠵᠡᠷᠬᠡ ᠶᠢᠨ ᠵᠢᠷᠤᠭ ᠲᠦᠷᠰᠣ ᠶᠢ ᠨᠠᠮᠠᠵᠣ᠂ ᠲᠤᠭ᠎ᠠ ᠭᠡᠮᠵᠢᠶᠠᠠ ᠤ ᠲᠠᠯ᠎ᠠ ᠪᠠᠷ ᠲᠦᠴᠢᠠ ᠨᠠᠢᠮᠠ᠂ ᠵᠢᠷᠠᠠ ᠭᠡᠰᠡᠭ ᠮᠣᠳᠣ ︵ᠫᠠᠢ︶ ᠲᠠᠢ ᠪᠠᠶᠢᠳᠠᠭ ᠠᠴᠠ ᠬᠤᠵᠢᠮ ᠨᠢ ᠲᠡᠯᠭᠡᠷᠠᠬᠦᠯᠵᠣ ᠵᠣᠬᠢᠶᠠᠬᠰᠠᠠ ᠭᠡᠳᠡᠭ ᠨᠢ ᠮᠡᠳᠡᠭᠳᠠᠵᠣ ᠪᠠᠶᠢᠨ᠎ᠠ᠃ ᠬᠠᠨᠰᠦ᠋ᠮ᠎ᠠ ᠳᠤ ᠭᠤᠮᠪᠣᠵᠠᠪ ᠮᠠᠮᠠ ᠶᠢᠨ ᠦᠶ᠎ᠠ ᠳᠤ ᠬᠤᠶᠠᠷᠬᠠᠠ ᠢᠵᠢ ᠠᠮᠣᠷ ᠪᠠᠶᠠᠰᠬᠤᠯᠡᠩᠳᠣ ᠨᠠᠭᠠᠳᠣᠮ ᠪᠠᠶᠢᠬᠰᠠᠠ ᠭᠡᠨ᠎ᠠ᠃ ᠬᠠᠨᠰᠦ᠋ᠮ᠎ᠠ ᠶᠢᠨ ᠵᠡᠬᠦᠠ ᠭᠤᠷᠤᠭ᠎ᠠ ᠳᠠᠭᠠᠨ ᠭᠤᠮᠪᠣᠵᠠᠪ ᠮᠠᠮᠠ ᠶᠢᠨ ᠠᠮᠣᠷ ᠪᠠᠶᠠᠰᠬᠤᠯᠡᠩᠳᠣ ᠨᠠᠭᠠᠳᠣᠮ ᠨᠢᠭᠡ ᠪᠠᠶᠢᠵᠣ᠂ ᠪᠠᠷᠠᠭᠤᠠ ᠭᠤᠷᠤᠭ᠎ᠠ ᠳᠠᠭᠠᠨ ᠪᠠᠰᠠ ᠨᠢᠭᠡ ᠠᠮᠣᠷ ᠪᠠᠶᠠᠰᠬᠤᠯᠡᠩᠳᠣ ᠨᠠᠭᠠᠳᠣᠮ ᠪᠠᠶᠢᠯ᠎ᠠ ᠭᠡᠳᠡᠭ᠃ ᠰᠡᠬᠦᠯᠠᠷ ᠨᠢ ᠨᠠᠯᠢᠶᠡᠳ ᠣᠯᠠᠠ ᠠᠮᠣᠷ ᠪᠠᠶᠠᠰᠬᠤᠯᠡᠩᠳᠣ ᠨᠠᠭᠠᠳᠣᠮ ᠪᠣᠢ ᠪᠣᠯᠵᠣ ᠲᠡᠯᠭᠡᠷᠩᠰᠠᠠ ᠶᠤᠮ᠃ ᠣᠯᠣᠰ ᠪᠠᠶᠢᠭᠤᠯᠦᠬᠳᠠᠬᠤ ᠶᠢᠨ ᠡᠬᠢᠠ ᠤ ᠦᠶ᠎ᠠ ᠪᠣᠯᠳᠠᠯ᠎ᠠ ᠠᠷᠣ ᠬᠤᠷᠴᠢᠠ ᠬᠤᠰᠢᠭᠤᠠ ᠳᠤ ᠠᠮᠣᠷ ᠪᠠᠶᠠᠰᠬᠤᠯᠠᠩᠳᠣ ᠨᠠᠭᠠᠳᠣᠮ ᠨᠠᠭᠠᠳᠴᠣ ᠪᠠᠶᠢᠬᠰᠠᠠ ᠨᠠᠯᠢᠶᠡᠳ ᠣᠯᠠᠠ ᠠᠶᠢᠯ ᠡᠷᠣᠭᠡ ᠪᠠᠶᠢᠪᠠ᠃ ᠪᠣᠳᠠᠳᠠᠢ ᠨᠠᠭᠠᠳᠴᠣ ᠪᠠᠶᠢᠬᠰᠠᠠ ᠠᠶᠢᠯ ᠭᠠᠴᠠᠭ᠎ᠠ ᠶᠢ ᠲᠣᠷᠠᠳᠪᠠᠯ᠄ ᠪᠠᠶ᠋ᠬᠠᠦ᠋ᠨᠳᠦᠷ ᠰᠣᠮᠣ ᠶᠢᠨ ᠠᠯᠳ᠋ᠬᠠᠦ᠋ᠨᠳᠣᠷ ᠭᠠᠴᠠᠭ᠎ᠠ᠂ ᠴᠠᠭᠠᠬᠤᠪᠣᠭ᠎ᠠ ᠭᠠᠴᠠᠭ᠎ᠠ᠂ ᠬᠠᠨᠰᠦ᠋ᠮ᠎ᠠ ᠰᠣᠮᠣ ᠶᠢᠨ ᠪᠠᠶᠠᠡᠬᠤᠰᠢᠭᠤ ᠭᠠᠴᠠᠭ᠎ᠠ᠂ ᠣᠷᠢᠳᠣ ᠬᠦᠪ ᠭᠠᠴᠠᠭ᠎ᠠ ᠳᠤ ᠠᠮᠢᠳᠣᠷᠠᠵᠣ ᠪᠠᠶᠢᠬᠰᠠᠠ ᠣᠣᠭᠠᠯ ᠮᠠᠯᠴᠢᠠ ᠠᠶᠢᠯ ᠤᠳ ᠠᠮᠣᠷ ᠪᠠᠶᠠᠰᠬᠤᠯᠠᠩᠳᠣ ᠨᠠᠭᠠᠳᠣᠮ ᠢ ᠨᠠᠭᠠᠳᠴᠣ ᠪᠠᠶᠢᠵᠠᠢ᠃ ᠭᠡᠪᠡᠴᠣ ᠨᠠᠭᠠᠳᠣᠮ ᠤᠨ ᠮᠣᠳᠣ ︵ᠫᠠᠢ︶ ᠨᠢ ᠣᠠ ᠵᠢᠯ ᠤᠨ ᠬᠠᠳᠠᠭᠤᠬᠠᠠ ᠴᠠᠭ ᠢ ᠲᠠᠭᠠᠭᠠᠵᠣ ᠲᠠᠶᠢᠯᠣᠭ᠍ᠰᠠᠠ ᠦᠭᠡᠢ ᠭᠡᠭᠡᠭᠳᠠᠵᠣ ᠰᠦᠢᠳᠣᠭ᠍ᠰᠠᠠ ᠪᠠᠶᠢᠨ᠎ᠠ᠃ ᠦᠨᠣᠳᠣᠷ ᠪᠣᠯᠬᠤ ᠳᠤ ᠬᠤᠰᠢᠭᠤ ᠨᠣᠳᠤᠭ ᠤᠨ ᠰᠣᠶᠣᠯ ᠤᠨ ᠦᠪ ᠪᠣᠯᠣᠬᠰᠠᠠ ᠠᠮᠣᠷ ᠪᠠᠶᠠᠰᠬᠤᠯᠠᠩᠳᠣ ᠨᠠᠭᠠᠳᠣᠮ ᠮᠠᠨᠢ ᠦᠪᠣᠷ ᠮᠣᠩᠭᠤᠯ ᠣᠷᠣᠠ ᠤ ᠪᠣᠳᠠᠰ ᠤᠨ ᠪᠣᠰᠣ ᠰᠣᠶᠣᠯ ᠤᠨ ᠦᠪ ᠢᠶᠠᠷ ᠣᠯᠠᠮᠵᠢᠯᠠᠠ ᠦᠯᠡᠳᠡᠬᠦ ᠪᠣᠯᠣᠬᠰᠠᠠ ᠨᠢ ᠲᠡᠣᠭᠡ ᠰᠣᠶᠣᠯ ᠳᠠᠭᠠᠨ ᠬᠠᠶᠢᠷᠠᠳᠠᠢ ᠬᠦᠮᠣᠠ ᠪᠦᠬᠦᠠ ᠤ ᠪᠠᠶᠠᠷᠯᠠᠭᠤᠰᠢᠳᠠᠢ ᠰᠠᠶᠢᠠ ᠤᠴᠢᠷ ᠪᠤᠯᠬᠤ ᠶᠤᠮ᠃     ᠠᠮᠣᠷ ᠪᠠᠶᠠᠰᠬᠤᠯᠠᠩᠳᠣ ᠨᠠᠭᠠᠳᠣᠮ ᠨᠢ ᠮᠣᠩᠭᠤᠯ ᠬᠠᠭᠠᠠ ᠣᠷᠳᠣᠠ ᠤ ᠰᠣᠶᠣᠯ᠂ ᠮᠤᠩᠭᠤᠯᠴᠤᠳ ᠤᠨ ᠱᠠᠰᠢᠠ ᠰᠢᠳᠣᠯᠭᠡ ᠵᠢᠴᠢ ᠪᠦᠬᠦ᠋ᠢᠯᠠ ᠮᠣᠩᠭᠤᠯ ᠤᠨ ᠲᠡᠣᠭᠡ ᠰᠣᠶᠣᠯ᠂ ᠵᠠᠩ ᠵᠠᠩᠰᠢᠯ ᠢ ᠰᠣᠳᠣᠯᠬᠤ ᠳᠤ ᠴᠢᠬᠤᠯᠠ ᠠᠴᠢ ᠬᠤᠯᠪᠤᠭᠳᠠᠯ ᠲᠠᠢ ᠪᠠᠷ ᠪᠠᠷᠠᠬᠤ ᠦᠬᠡᠢ᠂ ᠲᠡᠬᠦᠠ ᠤ ᠨᠠᠷᠠᠶᠢᠳᠣᠯ ᠲᠠᠭᠤᠳᠠᠯᠭ᠎ᠠ ᠨᠢ ᠭᠡᠯᠠᠠ ᠤ ᠰᠢᠨᠵᠢᠯᠠᠯ ᠤᠨ ᠲᠠᠯ᠎ᠠ ᠶᠢᠨ ᠰᠣᠳᠣᠯᠭᠠᠠ ᠳᠤ ᠴᠦ ᠮᠠᠰᠢ ᠴᠢᠬᠤᠯᠠ ᠦᠨ᠎ᠠ ᠴᠠᠨ᠎ᠠ ᠲᠠᠢ ᠪᠠᠶᠢᠵᠦ᠂ ᠤᠯᠠᠭᠠᠨᠬᠠᠳᠠ ᠬᠤᠳᠠ ᠪᠤᠯᠤᠨ ᠣᠷᠣᠠ ᠤ ᠲᠠᠰ ᠤᠨ ᠪᠣᠳᠠᠰ ᠤᠨ ᠪᠣᠰᠣ ᠰᠣᠶᠣᠯ ᠤᠨ ᠦᠪ ᠢᠶᠠᠷ ᠪᠦᠷᠢᠳᠭᠡᠭᠳᠡᠭᠰᠠᠠ ᠪᠠᠶᠢᠨ᠎ᠠ᠃      ᠵᠣᠬᠢᠶᠠᠭᠴᠢ᠄ ᠨᠠᠷᠠᠨᠴᠤᠬᠳᠤ᠂ ᠬᠦᠭᠵᠢᠯᠳᠤ        
 
ᠢᠷᠡᠯᠲᠡ᠄ ᠣᠯᠠᠭᠠᠨᠬᠳᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号