ᠫᠤ · ᠰᠠᠨᠠᠭᠠᠷᠪᠤᠤ | | ᠪᠢ ᠢᠷᠠᠭᠤ ᠨᠡᠶᠢᠷᠠᠭ ᠤᠨ ᠭᠡᠷᠡᠯᠲᠦ ᠵᠠᠮ ᠢ ᠡᠯᠭᠦᠭᠰᠡᠨ ᠦᠵᠦᠮᠦᠴᠢᠨ ᠨᠤᠳᠤᠭ ᠲᠠᠢ ᠷᠢ᠊ · ᠰᠡᠴᠡᠨᠲᠦ | ᠭᠤᠸᠠᠢ ᠲᠠᠢ ᠵᠤᠬᠢᠶᠠᠯ ᠪᠦᠳᠦᠬᠡᠯ ᠢᠶᠠᠷ ᠨᠢ ᠲᠠᠨᠢᠯᠴᠠᠭᠠᠳ ᠤᠳᠠᠯᠡ᠃ ᠦᠪᠦᠷ ᠮᠣᠩᠭᠤᠯ ᠤᠨ ᠡᠯ᠎ᠡ ᠰᠣᠨᠢᠨ ᠰᠡᠳᠬᠦᠯ | ᠵᠢᠴᠢ ᠬᠦᠬᠡᠨᠠᠭᠤᠷ ᠤᠨ ︽ᠴᠡᠴᠡᠭᠲᠦ ᠴᠠᠶᠢᠳᠠᠮ︾᠂ ᠰᠢᠨᠵᠢᠶᠠᠩ ᠤᠨ ︽ᠦᠥᠷ ᠤᠨ ᠴᠣᠯᠮᠣᠨ︾ ᠵᠡᠷᠬᠡ | ᠰᠡᠳᠬᠦᠯ ᠤᠳ ᠢᠶᠠᠷ ᠴᠦᠮ ᠲᠡᠬᠦᠨ ᠤ ᠰᠢᠯᠦᠭ ᠵᠤᠬᠢᠶᠠᠯ ᠤᠨ ᠪᠠᠷ᠎ᠠ ᠬᠠᠷᠠᠬᠳᠠᠨ᠎ᠠ᠃ ︽ᠱᠢᠷᠦᠨ ᠪᠦᠭᠡᠵᠢ ᠶᠢᠨ | ᠰᠢᠭᠦᠳᠡᠷᠢ︾ ᠬᠡᠮᠡᠬᠦ ᠢᠷᠠᠭᠤ ᠨᠠᠶᠢᠷᠠᠭ ᠤᠨ ᠨᠣᠮ ᠢᠶᠠᠨ 2001 ᠣᠨ ᠳᠤ ᠬᠡᠪᠯᠡᠭᠦᠯᠦᠭᠰᠡᠨ ᠪᠠ ᠤᠳᠤ ᠪᠤᠯᠳᠠᠯ᠎ᠠ | 4000 ᠭᠠᠷᠤᠢ ᠰᠢᠯᠦᠭ ᠵᠣᠬᠢᠶᠠᠯ ᠢᠶᠠᠨ ᠨᠡᠶᠢᠲᠡᠯᠡᠭᠦᠯᠦᠭᠰᠡᠨ ᠣᠯᠠᠨ ᠪᠦᠲᠦᠭᠡᠯ ᠲᠠᠢ ᠰᠢᠯᠦᠭᠴᠢ ᠳ᠋ᠠ︕ | ᠷᠢ᠊ · ᠰᠡᠴᠡᠨᠲᠦ ᠭᠤᠸᠠᠢ ᠥᠪᠡᠷ ᠤᠨ ᠬᠡᠪ ᠨᠠᠮᠪᠠ ᠪᠠᠨ ᠪᠦᠷᠢᠯᠳᠦᠭᠦᠯᠦᠭᠰᠡᠨ ᠰᠢᠯᠦᠭᠴᠢ ᠪᠠᠶᠢᠵᠤ᠂ ᠲᠡᠭᠦᠨ ᠤ | ᠰᠢᠯᠦᠭ ᠪᠦᠳᠦᠬᠡᠯ ᠠᠴᠠ ᠨᠡᠭᠦᠳᠡᠯ ᠰᠣᠶᠣᠯ ᠤᠨ ᠡᠷᠢᠯ ᠤᠨ ᠮᠦᠷ ᠲᠤᠪ ᠲᠤᠳᠤᠬᠠᠨ ᠬᠠᠷᠠᠬᠳᠠᠨ᠎ᠠ᠃ ᠬᠠᠶᠠᠭ᠎ᠠ | ᠬᠢᠷᠬᠠᠭ ᠦᠭᠡᠢ ᠭᠤᠪᠢ ᠰᠢᠯᠢ᠂ ᠰᠣᠪᠣᠨ ᠨᠡᠭᠦᠬᠦ ᠣᠨ ᠰᠠᠷ᠎ᠠ᠂ ᠨᠡᠭᠦᠳᠡᠯ ᠮᠠᠯᠵᠢᠯ᠂ ᠠᠮᠢᠳᠤᠷᠠᠯ ᠣᠷᠤᠰᠢᠬᠤᠢ᠂ | ᠪᠠᠶᠢᠭᠠᠯᠢᠯᠢᠭ ᠤᠬᠠᠮᠰᠠᠷ᠂ ᠡᠭᠡᠨᠢᠭᠰᠢᠬᠦ ᠬᠠᠶᠢᠷ᠎ᠠ ᠰᠡᠳᠬᠢᠯ᠂ ᠴᠠᠶᠢᠯᠭᠠᠨ ᠦᠷᠦᠪᠴᠢ ᠰᠡᠳᠬᠢᠯᠭᠡ᠂ ᠲᠤᠩᠭᠠᠨ | ᠪᠣᠳᠤᠯᠭᠠᠰᠢᠷᠠᠯ ᠁ ᠵᠡᠷᠬᠡ ᠰᠠᠨᠠᠭ᠎ᠠ ᠰᠡᠳᠬᠢᠯᠬᠡ ᠨᠢ ᠴᠦᠮ ᠲᠡᠬᠦᠨ ᠤ ᠰᠢᠯᠦᠭ ᠲᠤ ᠠᠮᠢᠯᠠᠯ ᠢᠶᠠᠨ ᠣᠯᠤᠬᠰᠠᠨ | ᠠᠵᠢ᠃ | ᠮᠣᠩᠭᠤᠯᠴᠤᠳ ᠡᠬᠡ ᠪᠠᠶᠢᠭᠠᠯᠢ ᠶᠢᠨ ᠢᠶᠠᠨ ᠠᠮᠢᠲᠠᠨ ᠭᠤᠤᠯᠳᠠᠨ ᠤᠷᠭᠤᠮᠠᠯ ᠴᠡᠴᠡᠭ ᠲᠡᠭᠡᠨ ᠬᠠᠶᠢᠷᠠᠲᠠᠢ | ᠪᠠᠶᠢᠳᠠᠭ᠂ ᠨᠡᠩ ᠴᠦ ᠭᠡᠷᠰᠢᠭᠦᠯᠦᠨ ᠲᠡᠵᠢᠭᠡᠭᠰᠡᠨ ᠲᠠᠪᠤᠨ ᠬᠤᠰᠢᠭᠤ ᠮᠠᠯ ᠵᠢᠴᠢ ᠮᠣᠷᠢ ᠨᠣᠬᠠᠢ ᠳᠠᠭᠠᠨ ᠡᠭᠡᠯᠢᠲᠠᠢ | ᠬᠠᠨᠳᠤᠬᠤ ᠨᠢ ᠬᠡᠷᠡᠭᠯᠡᠭᠡᠨ ᠤ ᠦᠵᠡᠯ ᠠᠴᠠ ᠳᠠᠪᠠᠭᠰᠠᠨ ᠢ ᠲᠡᠦᠬᠡ ᠭᠡᠷᠡᠴᠢᠯᠡᠨ᠎ᠡ᠃ ᠮᠣᠷᠢᠨ ᠤ ᠲᠤᠬᠠᠢ ᠳᠠᠭᠤᠤ | ᠰᠢᠯᠦᠭ ᠵᠦᠩᠳᠡᠭᠡᠨ᠃ ᠪᠠᠭ᠎ᠠ ᠪᠠᠶᠢᠬᠤ ᠳᠤ ᠥᠷᠯᠦᠭᠡ ᠪᠣᠰᠤᠭᠠᠳ ᠡᠭᠦᠳᠡ ᠰᠡᠬᠦᠨ ᠭᠠᠷᠬᠤ ᠳᠤ᠂ ᠤᠶᠠᠭᠠᠨ ᠳᠡᠭᠡᠷ᠎ᠡ | ᠤᠨᠤᠭᠠᠨ ᠤ ᠮᠣᠷᠢ ᠴᠢᠬᠢ ᠰᠣᠷᠲᠣᠯᠵᠠᠭᠤᠯᠤᠨ ᠬᠤᠷ ᠬᠠᠷ ᠢᠨᠴᠠᠭᠠᠨ ᠴᠣᠪᠬᠤᠴᠠᠨ ᠪᠠᠶᠢᠳᠠᠭ᠃ ᠨᠠᠷᠠ | ᠭᠤᠣᠯᠯᠠᠭᠰᠠᠨ ᠵᠤᠨ ᠤ ᠦᠳᠡ ᠳᠤᠮᠳᠠ᠂ ᠲᠣᠯᠤᠭᠠᠢ ᠵᠦᠷᠢᠭᠦᠯᠬᠦ ᠪᠣᠶᠣ ᠰᠡᠭᠦᠯ ᠬᠠᠶᠠᠯᠠᠬᠤ ᠠᠳᠤᠭᠤᠳ ᠰᠡᠷᠢᠭᠦᠴᠡᠨ | ᠪᠠᠶᠢᠳᠠᠭ᠃ ᠠᠳᠡ ᠢᠷᠠᠭᠤ ᠨᠠᠶᠢᠷᠠᠬᠴᠢ ᠷᠢ᠊ · ᠰᠡᠴᠡᠨᠲᠦ ᠶᠢᠨ ︽ᠮᠠᠩᠯᠠᠢ ᠲᠦᠷᠭᠡᠨ ᠬᠤᠯᠠ︾ ᠭᠡᠮᠡᠬᠦ ᠪᠠᠶᠠᠨ | ᠬᠡᠯᠡ ᠲᠠᠢ᠂ ᠪᠠᠭ᠋ᠠᠷᠤᠮ᠎ᠠ ᠭᠤᠶᠣ ᠰᠢᠯᠦᠭ ᠪᠠᠶᠢᠨ᠎ᠠ᠃ ᠡᠨᠡ ᠨᠠᠶᠢᠷᠠᠭ ᠨᠡᠯᠢᠶᠡᠳ ᠤᠷᠲᠤ᠂ ᠪᠢᠳᠡ ᠬᠡᠳᠦᠨ ᠮᠦᠷ | ᠰᠡᠶᠢᠷᠡᠭᠦᠯᠦᠨ ᠦᠵᠡᠰᠦᠭᠡᠢ᠄ | ᠁ ᠁ | ᠪᠠᠭ᠎ᠠ ᠦᠳᠡ ᠶᠢᠨ ᠨᠠᠷᠠᠨ ᠳᠤ ᠬᠡᠳᠡᠭᠡᠨ᠎ᠡ ᠡᠷᠭᠢᠯᠳᠦᠭᠰᠡᠨ | ᠪᠡᠴᠢᠨ ᠲᠣᠯᠣᠭᠠᠶᠢᠲᠤ ᠤᠶᠠᠭᠠᠨ ᠳᠠᠭᠠᠨ ᠬᠠᠷᠴᠠᠭᠠᠢ ᠰᠢᠪᠠᠭᠤ ᠰᠢᠭ᠋ ᠰᠦᠢᠭ᠌ᠳᠠᠵᠤ | ᠸᠴᠢᠷ ᠰᠦᠯᠵᠢᠶᠡᠲᠦ ᠠᠮᠠᠭᠠᠢ ᠳᠠᠭᠠᠨ ᠮᠣᠩᠭᠤᠯ ᠬᠡ ᠬᠦᠯᠬᠦᠵᠦ | ᠣᠭᠤᠷᠠᠭ ᠰᠢᠷᠭᠠᠯ ᠵᠣ ᠳᠠᠭᠠᠨ ᠨᠠᠷᠠᠨ ᠲᠤᠶᠠᠭ᠎ᠠ ᠨᠠᠭᠠᠳᠤᠭᠤᠯᠵᠦ | ᠁ ᠁ | ᠬᠤᠩᠭᠤᠷ ᠤᠳᠤᠮᠲᠤ ᠳᠣᠭᠰᠢᠨ ᠰᠦᠷᠦᠭ ᠢᠶᠠᠨ | ᠬᠤᠯᠠᠬᠢ ᠵᠡᠷᠭᠡᠯᠭᠡᠨ ᠲᠠᠢ ᠨᠡᠶᠢᠯᠡᠬᠦᠯᠤᠨ ᠰᠠᠯᠬᠢᠲᠠᠳᠠᠭ ᠬᠤᠯᠠ ᠶᠢ | ᠬᠦᠢ ᠪᠠᠶᠢᠵᠠ ᠦᠭᠡᠢ ᠳᠠᠪᠬᠢᠭᠠᠳ ᠭᠠᠷᠬᠤ ᠭᠱᠠᠨ ᠳᠤ | ᠬᠦᠲᠡᠯᠦᠭᠡ ᠮᠠᠭᠤᠲᠠᠢ ᠮᠣᠷᠢᠳ ᠬᠠᠯᠠᠭᠤᠨ ᠬᠤᠮᠣᠯ ᠳᠡᠭᠡᠷ᠎ᠡ ᠨᠢ ᠦᠯᠡᠳᠡᠳᠡᠭ | ᠬᠦᠮᠦᠨ ᠴᠢᠯᠠᠭᠤᠨ ᠤ ᠣᠪᠣᠭᠠᠲᠤ ᠶᠢᠨ ᠬᠦᠨᠳᠡᠢ ᠵᠢᠵᠢᠭᠷᠡᠵᠦ ᠬᠤᠴᠤᠷᠤᠨ᠎ᠠ | ᠬᠦᠭᠡᠪᠦᠷᠢ ᠡᠷᠢᠶᠡᠨ ᠤ ᠰᠢᠯᠢ ᠶᠡᠭᠦᠯᠡᠭᠳᠡᠵᠦ ᠬᠤᠴᠤᠷᠤᠨ᠎ᠠ | ᠡᠨᠡ ᠬᠦ ᠰᠢᠯᠦᠭ ᠤᠨ ᠮᠦᠷ ᠪᠦᠷᠢ ᠶᠢᠨ ᠦᠭᠡ ᠶᠢᠨ ᠲᠤᠭ᠎ᠠ ᠨᠢ ᠵᠦᠷᠢᠶᠡᠨ ᠲᠠᠢ ᠴᠦ ᠠᠮᠢᠰᠬᠤᠯ ᠨᠢ | ᠰᠠᠯᠤᠩᠬᠢᠷᠠᠬᠤ ᠦᠭᠡᠢ᠂ ᠮᠣᠩᠭᠤᠯ ᠰᠢᠯᠦᠭ ᠤᠨ ᠲᠣᠯᠤᠭᠠᠢ ᠬᠤᠯᠪᠤᠨ ᠰᠡᠭᠦᠯ ᠳᠠᠷᠤᠬᠤ ᠶᠢ ᠴᠢᠩᠭ᠎ᠠ ᠵᠢᠷᠤᠮᠯᠠᠭᠰᠠᠨ | ᠦᠭᠡᠢ ᠴᠦ ᠠᠶᠢᠵᠠᠮ ᠬᠡᠮ ᠨᠢ ᠵᠣᠬᠢᠴᠠᠵᠠᠢ᠃ ᠡᠮᠦᠨ᠎ᠡ ᠳᠦᠷᠪᠡᠨ ᠮᠦᠷ ᠲᠡᠭᠡᠨ ︽ᠬᠡᠳᠡᠭᠡᠨ᠎ᠡ ᠡᠷᠭᠢᠯᠳᠦᠭᠰᠡᠨ︾ | ᠨᠠᠯᠠᠶᠢᠭᠰᠠᠨ ᠣᠷᠴᠢᠨ ᠳᠤ ᠤᠶᠠᠭᠠᠨ ᠳᠠᠭᠠᠨ ᠰᠦᠢᠭ᠌ᠳᠠᠭᠰᠠᠨ ᠮᠣᠷᠢᠨ ᠤ ᠠᠮᠤᠭᠤᠯᠠᠩ ᠠᠬᠤᠢ ᠣᠷᠴᠢᠨ᠂ | ᠦᠵᠡᠭᠳᠡᠯ ᠢ ᠨᠢᠳᠦᠨ ᠳᠤ ᠦᠵᠡᠭᠳᠡᠮ᠎ᠡ ᠵᠢᠷᠤᠭᠯᠠᠭᠰᠠᠨ ᠪᠣᠯ ᠳᠠᠷᠠᠭᠠᠴᠢ ᠶᠢᠨ ᠮᠦᠷ ᠤᠳ ᠲᠤ ᠤᠷᠤᠯᠳᠤᠭᠠᠨ | ᠮᠣᠷᠢᠨ ᠳᠤ ᠪᠠᠶᠢᠳᠠᠭ ᠠᠭᠠᠯᠢ ᠠᠷᠠᠨᠰᠢᠨ᠂ ᠬᠤᠷᠲᠦ ᠶᠢ ᠦᠶᠡᠯᠵᠢᠭᠦᠯᠦᠨ ᠭᠠᠷᠭᠠᠵᠠᠢ᠃ ᠡᠨᠡ ︽ᠰᠠᠯᠬᠢᠳᠠᠳᠠᠭ ᠬᠤᠯᠠ | ︾ ᠨᠢ ᠶᠣᠰᠤᠲᠠᠢ ᠯᠠ ᠨᠠᠶᠢᠷᠠᠭ ᠤᠨ ᠬᠤᠯᠠ ᠳ᠋ᠠ᠃ ᠡᠨᠡ ᠬᠦ ᠠᠮᠢᠳᠤ ᠬᠦᠳᠡᠯᠭᠡᠨᠵᠢᠭᠰᠡᠨ ᠠᠬᠤᠢ ᠣᠷᠴᠢᠨ ᠳᠠᠬᠢ | ᠠᠮᠢᠳᠤᠯᠢᠭ ᠳᠦᠷᠢ ᠳᠦᠷᠰᠦᠯᠡᠯ ᠨᠢ ᠳᠠᠷᠠᠭᠠᠴᠢ ᠶᠢᠨ ᠪᠠᠳᠠᠭ ᠤᠳ ᠲᠤ ᠢᠯᠡᠷᠡᠬᠦ ︽ᠠᠷᠭᠤᠮᠠᠭ ᠤᠨ ᠮᠠᠩᠯᠠᠢ | ᠰᠤᠩᠭᠤᠭᠠᠨ ᠳᠤ / ᠠᠷᠪᠠᠨ ᠭᠤᠷᠪᠠᠲᠠᠢ ᠭᠤᠴᠢ ᠲᠡᠷᠢᠭᠦᠯᠡᠭᠰᠡᠨ / ᠰᠢᠬᠦᠷ ᠰᠡᠭᠦᠯ ᠨᠢ ᠰᠠᠯᠬᠢ ᠡᠭᠦᠷ ᠲᠠᠢ / | ᠰᠢᠷᠦᠭᠦᠨ ᠲᠠᠷᠭᠢᠶᠠ ᠨᠢ ᠴᠠᠬᠢᠭᠤᠷ ᠣᠴᠢ ᠲᠠᠢ︾ ᠳᠠᠭᠠᠨ ᠮᠠᠰᠢ ᠰᠠᠶᠢᠬᠠᠨ ᠵᠣᠬᠢᠴᠠᠵᠠᠢ᠃ | ᠷᠢ᠊ · ᠰᠡᠴᠡᠨᠲᠦ ᠳᠤ ᠭᠠᠷᠴᠠᠭ ᠦᠭᠡᠢ ᠪᠢᠴᠢᠭᠳᠡᠭᠰᠡᠨ ᠨᠣᠬᠠᠢ ᠶᠢᠨ ᠲᠤᠬᠠᠢ ᠬᠥᠭᠡᠷᠥᠬᠦᠨ ᠰᠢᠯᠦᠭ ᠪᠣᠢ ᠶᠢ | ᠳᠤᠷᠠᠰᠤᠭᠠᠳ ᠠᠪᠤᠶ᠎ᠠ᠄ | ᠬᠠᠯᠠᠭᠠᠢ ᠳᠤᠮᠳᠠᠭᠤᠷ ᠰᠠᠪᠠᠭ᠎ᠠ ᠦᠭᠡᠢ | ᠭᠦᠶᠦᠵᠦ ᠣᠷᠤᠭᠰᠠᠨ ᠰᠣᠨᠢᠭᠤᠴᠢ ᠭᠦᠯᠦᠭᠡ | ᠬᠠᠮᠠᠷ ᠰᠢᠨᠲᠠᠶᠢᠯᠭᠠᠨ ᠭᠠᠷᠴᠦ ᠢᠷᠡᠭᠰᠡᠨ ᠢᠶᠠᠨ | ᠬᠠᠮᠢᠭ᠎ᠠ ᠨᠢ ᠶᠠᠭᠤ ᠬᠠᠳᠬᠤᠭᠰᠠᠨ ᠢ ᠦᠯᠦ ᠮᠡᠳᠡᠨ᠎ᠡ | ᠠᠳᠡ ᠰᠢᠯᠦᠭ ᠢ ᠳᠦᠷᠢᠵᠢᠭᠦᠯᠬᠦ ᠳᠤ ᠭᠤᠸ᠎ᠠ ᠦᠭᠡ ᠶᠢ ᠬᠦᠭᠡᠭᠡᠴᠡᠯᠳᠦᠬᠦ ᠪᠢᠰᠢ᠂ ᠵᠣᠬᠢᠴᠠᠭᠰᠠᠨ ᠦᠭᠡ ᠶᠢ | ᠰᠤᠩᠭᠤᠨ ᠬᠡᠷᠡᠭᠯᠡᠬᠦ ᠶᠤᠮ ᠪᠠᠶᠢᠨ᠎ᠠ ᠭᠡᠳᠡᠭ ᠢ ᠬᠡᠯᠡᠵᠦ ᠦᠭᠭᠦᠨ᠎ᠡ᠃ ︽ᠰᠢᠨᠲᠠᠶᠢᠯᠭᠠᠨ︾ ᠭᠡᠰᠡᠨ ᠦᠭᠡ ᠶᠢ | ᠳᠣᠬᠢᠲᠠᠢ ᠬᠡᠷᠡᠭᠯᠡᠭᠰᠡᠨ ᠨᠢ ᠦᠨᠡᠯᠡᠬᠦᠰᠢᠳᠡᠢ᠃ | ᠷᠢ᠊ · ᠰᠡᠴᠡᠨᠲᠦ ᠪᠣᠯ ᠰᠢᠯᠢ ᠭᠤᠪᠢ ᠶᠢᠨ ᠲᠦᠷᠦᠳᠡᠰᠦ᠃ ᠲᠡᠬᠦᠨ ᠤ ᠰᠢᠯᠦᠭ ᠲᠤ ᠲᠠᠩᠳᠠ ᠨᠡᠭᠦᠳᠡᠯ ᠰᠣᠶᠤᠯ᠂ | ᠲᠡᠥᠬᠡ ᠶᠢᠨ ᠣᠷᠴᠢᠨ᠂ ᠠᠮᠢᠳᠤᠷᠠᠯ᠂ ᠳᠦᠷᠢ ᠳᠦᠷᠬᠦ ᠶᠢ ᠱᠤᠭᠤᠳᠠᠭ᠃ ᠤᠯᠠᠩᠬᠢ ᠤᠷᠠᠨ ᠪᠦᠳᠦᠬᠡᠯᠴᠢ ᠵᠤᠬᠢᠶᠠᠨ | ᠪᠦᠳᠦᠬᠡᠬᠦ ᠳᠡᠭᠡᠨ ᠦᠪᠡᠷ ᠤᠨ ᠣᠷᠴᠢᠨ ᠠᠬᠤᠢ ᠠᠴᠠ ᠪᠠᠨ ᠰᠠᠯᠵᠤ ᠴᠢᠳᠠᠳᠠᠭ ᠦᠭᠡᠢ ᠶᠤᠮ᠃ ᠨᠣᠫᠧᠯ ᠤᠨ | ᠱᠠᠩᠨᠠᠯᠲᠤ ᠵᠣᠬᠢᠶᠠᠯᠴᠢ ᠭᠠᠷᠰᠢᠶᠠ · ᠮᠠᠷᠺᠰ ︽ᠵᠠᠭᠤᠨ ᠵᠢᠯ ᠤᠨ ᠭᠠᠭᠴᠠᠭᠠᠷᠳᠠᠯ︾ ᠳᠠᠭᠠᠨ ᠮᠠᠺᠠᠨᠳᠤ᠋ ᠪᠠᠯᠭᠠᠰᠤ ᠪᠠᠨ | ᠪᠠᠶᠢᠨ ᠳᠠᠬᠢᠨ ᠵᠢᠷᠤᠭᠯᠠᠳᠠᠭ᠂ ᠮᠦᠸᠧ ᠶᠠᠨ ᠤ ᠣᠯᠠᠩᠬᠢ ᠵᠣᠬᠢᠶᠠᠯ ᠪᠦ᠋ᠳᠦᠬᠡᠯ ᠨᠢ ᠦᠪᠡᠷ ᠤᠨ ᠨᠤᠳᠤᠭ ᠭᠤᠤ | ᠮᠢ ᠠᠴᠠ ᠰᠠᠯᠵᠤ ᠴᠢᠳᠠᠬᠰᠠᠨ ᠦᠬᠡᠢ ᠨᠢ ᠮᠠᠷᠭᠤᠰᠢ ᠦᠬᠡᠢ᠃ ᠷᠢ᠊ · ᠰᠠᠴᠡᠨᠳᠤ ᠶᠢᠨ ᠣᠢ ᠴᠡᠭᠡᠵᠢᠯᠡᠪᠦᠷᠢ ᠳᠤ | ᠪᠠᠶᠢᠩᠭᠤ ᠰᠢᠮ᠎ᠡ ᠥᠭᠳᠡᠭ ᠨᠢ ᠬᠠᠰᠢᠯᠡ ᠲᠡᠬᠦᠨ ᠤ ᠲᠦᠷᠦᠭᠰᠡᠨ ᠨᠤᠲᠤᠭ ᠤᠰᠤ ᠨᠢ ᠪᠤᠯᠤᠨ᠎ᠠ᠃ ᠡᠶᠢᠨ ᠬᠦ᠂ ᠷᠢ᠊ · | ᠰᠡᠴᠡᠨᠲᠦ ᠶᠢᠨ ᠰᠢᠯᠦᠭ ᠲᠤ ᠨᠤᠲᠤᠭ ᠤᠰᠤᠨ ᠤ ᠰᠡᠳᠥᠪᠲᠦ ᠰᠢᠯᠦᠭ ᠣᠯᠠᠨ᠂ ︽ᠠᠯᠲᠠᠨ ᠬᠠᠵᠠᠭᠠᠷ ᠡᠪᠡᠰᠦ︾ ᠶᠢ | ᠡᠷᠭᠢᠭᠦᠯᠬᠦ ᠳᠤ ᠯᠠ ︽ᠭᠦᠭᠡᠪᠦᠷᠢ ᠶᠢᠨ ᠭᠤᠪᠢ ᠨᠠᠳᠠ ᠤᠷᠤᠭᠤ ᠭᠦᠶᠦᠨ᠎ᠡ︾᠂ ︽ᠬᠥᠳᠡᠭᠡ ᠠᠷᠠᠯ︾᠂ ︽ | ᠤᠯᠠᠭᠠᠢ ᠬᠡᠮᠡᠬᠦ ᠲᠠᠪᠤᠳᠡᠬᠢ ᠮᠦᠴᠡᠯᠭᠡ︾᠂ ︽ᠲᠦᠷᠦᠭᠰᠡᠨ ᠭᠡᠷ ᠤᠨ ᠢᠶᠠᠨ ᠪᠠᠭᠤᠴᠠᠨ ᠳᠡᠭᠡᠷ᠎ᠡ ᠬᠦᠷᠦᠯ᠎ᠡ︾ ᠁ | ᠭᠡᠳ ᠨᠡᠯᠢᠶᠡᠳ ᠪᠠᠶᠢᠨ᠎ᠠ᠃ | ᠣᠷᠤᠰᠢᠬᠤᠢ ᠪᠣᠯ ᠠᠮᠢᠳᠤᠷᠠᠯ ᠤᠨ ᠠᠯᠢ ᠴᠦ ᠬᠦᠷᠢᠶᠡᠨ ᠳᠤ ᠠᠪᠴᠤ ᠬᠡᠯᠡᠭᠰᠡᠨ ᠴᠦ ᠲᠣᠮᠣ ᠰᠡᠳᠤᠪ᠃ | ᠣᠷᠤᠰᠢᠬᠤᠢ ᠨᠢ ᠹᠢᠽᠢᠣᠯᠣᠭᠢ᠂ ᠭᠢᠥᠯᠤᠬᠢ᠂ ᠲᠡᠥᠬᠡ᠂ ᠱᠠᠰᠢᠨ ᠰᠤᠷᠲᠠᠬᠤᠨ᠂ ᠤᠷᠠᠨ ᠵᠣᠬᠢᠶᠠᠯ᠂ ᠁ ᠵᠡᠷᠭᠡ | ᠪᠦᠬᠦ᠋ᠢᠯᠡ ᠠᠵᠢᠯ ᠲᠦᠷᠦᠯ᠂ ᠰᠢᠨᠵᠢᠯᠡᠯ ᠰᠣᠳᠤᠯᠭᠠᠨ ᠤ ᠡᠭᠦᠷᠭᠡ ᠭᠡᠰᠡᠨ ᠴᠦ ᠪᠣᠯᠣᠨ᠎ᠠ᠃ ︽ᠪᠣᠢ ᠪᠦᠭᠡᠲᠡᠯᠡ | ᠬᠤᠭᠤᠰᠤᠨ︾ ᠬᠡᠮᠡᠬᠦ ᠨᠣᠮᠯᠠᠯ ᠤᠨ ︽ᠪᠣᠢ︾ ᠨᠢ ᠶᠠᠷᠢᠶᠠᠨ ᠦᠭᠡᠢ ᠣᠷᠤᠰᠢᠬᠤᠢ᠂ ᠭᠡᠬᠦ ᠳᠡᠭᠡᠨ ︽ᠬᠤᠭᠤᠰᠤᠨ︾ | ᠴᠦ ᠮᠦᠨ ᠣᠷᠤᠰᠢᠬᠤᠢ ᠭᠡᠳᠡᠭ ᠢ ᠲᠡᠥᠬᠡ᠂ ᠤᠷᠠᠨ ᠵᠣᠬᠢᠶᠠᠯ ᠤᠨ ᠨᠢᠳᠦ ᠪᠠᠷ ᠬᠡᠯᠡᠵᠦ ᠪᠠᠶᠢᠨ᠎ᠠ᠃ ᠣᠷᠣᠰᠢᠬᠤᠢ ᠶᠢᠨ | ᠲᠤᠬᠠᠢ ᠰᠡᠵᠢᠭᠯᠡᠯ᠂ ᠮᠠᠭᠠᠳᠯᠠᠯ᠂ ᠨᠣᠲᠠᠯᠠᠯ᠂ ᠦᠭᠡᠶᠢᠰᠬᠡᠯ ᠁ ᠦᠷᠭᠦᠯᠵᠢᠯᠡᠭᠰᠡᠭᠡᠷ᠃ ᠳᠣᠣᠷ᠎ᠠ ᠷᠢ᠊ · | ᠰᠡᠴᠡᠨᠲᠦ ᠶᠢᠨ ︽ᠣᠷᠤᠰᠢᠬᠤᠢ ᠶᠢᠨ ᠡᠷᠭᠡᠯᠵᠡᠭᠡᠨᠲᠦ ᠶᠢᠷᠲᠢᠨᠴᠦ︾ ᠶᠢ ᠰᠣᠨᠢᠷᠬᠠᠶ᠎ᠠ᠄ | ᠦᠨᠢᠳᠡ ᠶᠢᠨ ᠬᠠᠭᠤᠷᠠᠢ ᠭᠤᠪᠢ ᠴᠦᠯ ᠢᠶᠠᠨ ᠪᠢ | ᠠᠰᠬᠠᠷᠠᠬᠤ ᠪᠣᠷᠤᠭ᠎ᠠ ᠠᠯᠢᠮ᠎ᠠ ᠵᠢᠮᠢᠰᠲᠦ ᠮᠣᠳᠣ ᠪᠠᠷ ᠴᠡᠴᠡᠷᠯᠢᠭᠵᠢᠭᠦᠯᠦᠯᠡ ᠴᠦ | ᠦᠯᠡᠮᠵᠢ ᠶᠢᠨ ᠡᠨᠡ ᠬᠤᠨᠢᠨ ᠬᠦᠷᠪᠡᠯ ᠤᠨ ᠤᠬᠠᠭ᠎ᠠ ᠦᠭᠡᠢ ᠠᠮᠢ ᠲᠡᠮᠡᠴᠡᠭᠰᠡᠨ ᠵᠢᠭᠤᠳᠠᠯ ᠢ | ᠬᠠᠯᠠᠭᠤᠨ ᠡᠯᠡᠰᠦᠨ ᠤ ᠬᠢᠨᠢ ᠲᠠᠪᠢᠯᠠᠩ ᠠᠴᠠ ᠮᠠᠭᠠᠳ ᠴᠢᠯᠦᠭᠡᠯᠡᠵᠦ ᠴᠢᠳᠠᠳᠠᠭ ᠦᠭᠡᠢ ᠨᠢ | ᠡᠶᠢᠮᠦᠷᠬᠦᠦ ᠡᠰᠡ ᠪᠡᠶᠡᠯᠡᠬᠦ ᠠᠲᠠᠯ᠎ᠠ ᠡᠭᠦᠷᠭᠡ ᠨᠢ ᠴᠦ ᠪᠢᠰᠢ ᠵᠣᠪᠠᠯ ᠢ ᠡᠭᠦᠷᠴᠦ ᠠᠮᠢᠳᠤᠷᠠᠳᠠᠭ ᠨᠢ | ᠰᠢᠯᠦᠭᠴᠢᠳ ᠤᠨ ᠲᠠᠪᠢᠯᠠᠩ ᠪᠣᠶᠣ᠃ ᠬᠦᠰᠡᠯ ᠪᠠᠶᠢᠯ᠎ᠠ ᠴᠦ ᠲᠡᠭᠦᠨ ᠢᠶᠠᠨ ᠭᠦᠢᠴᠡᠭᠡᠵᠦ ᠴᠢᠳᠠᠬᠤ ᠦᠭᠡᠢ | ᠭᠤᠨᠢᠬᠯᠠᠯ ᠢᠶᠠᠨ ᠦᠬᠦᠯᠡᠨ ᠰᠢᠯᠦᠭᠯᠡᠵᠡᠢ᠃ | ᠁ ᠁ | ᠦᠨᠢᠳᠡ ᠶᠢᠨ ᠨᠢᠭᠤᠴᠠᠯᠢᠭ ᠡᠷᠢᠶᠡᠨ ᠣᠷᠴᠢᠯᠠᠩ ᠢᠶᠠᠨ ᠪᠢ | ᠦᠷᠦᠰᠢᠶᠡᠬᠦ ᠰᠡᠳᠬᠢᠯ ᠦᠨᠦᠴᠢᠨ ᠪᠣᠲᠤᠭᠤ ᠶᠢᠨ ᠨᠢᠯᠪᠤᠰᠤ ᠪᠠᠷ ᠵᠦᠭᠡᠯᠡᠯᠡ ᠴᠦ | ᠦᠯᠡᠮᠵᠢ ᠶᠢᠨ ᠡᠨᠡ ᠠᠯᠮᠠᠰ ᠡᠷᠳᠡᠨᠢ ᠶᠢᠨ ᠰᠢᠭᠢᠳᠬᠡᠭᠡᠷᠢᠳᠤ ᠰᠤᠨᠳᠤᠷ ᠢ | ᠦᠨᠡᠨᠴᠢ ᠬᠤᠷᠸ᠎ᠠ ᠶᠢᠨ ᠨᠢᠳᠦ ᠶᠢ ᠬᠠᠭᠤᠷᠤᠭᠰᠠᠨ ᠴᠢᠯᠠᠭᠤ ᠭᠡᠵᠦ ᠬᠡᠯᠡᠵᠦ ᠴᠢᠳᠠᠳᠠᠭ ᠦᠭᠡᠢ ᠨᠢ | ᠪᠢᠳᠡ ᠡᠷᠢᠶᠡᠨ ᠣᠷᠴᠢᠯᠠᠩ ᠢᠶᠠᠨ ᠨᠢᠭᠤᠴᠠ ᠶᠢᠨ ᠬᠦᠮᠦᠷᠭᠡ ᠭᠡᠳᠡᠭ ᠢ ᠮᠡᠳᠡᠳᠡᠭ ᠴᠦ ᠲᠡᠭᠦᠨ ᠢ ᠨᠡᠭᠡᠭᠡᠬᠦ | ᠲᠦᠯᠬᠢᠭᠦᠷ ᠨᠢ ᠦᠭᠡᠢ᠃ ︽ᠠᠯᠮᠠᠰ ᠡᠷᠳᠡᠨᠢ ᠶᠢᠨ ᠰᠢᠭᠢᠳᠭᠡᠭᠡᠷᠢᠳᠤ ᠰᠤᠨᠳᠤᠷ︾ ᠢ ︽ᠬᠠᠭᠤᠷᠤᠭᠰᠠᠨ︾ ᠴᠢᠯᠠᠭᠤ | ᠭᠡᠵᠦ ᠬᠡᠯᠡᠵᠦ ᠴᠢᠳᠠᠬᠤ ᠦᠭᠡᠢ᠂ ︽ᠨᠢᠯᠪᠤᠰᠦ︾ ᠪᠠᠷ ᠯᠠ ᠵᠦᠭᠡᠯᠡᠯᠡᠵᠦ ᠠᠮᠢᠳᠤᠷᠠᠬᠤ ᠣᠷᠤᠰᠢᠬᠤᠢ ᠶᠤᠮ᠃ | ᠡᠶᠢᠮᠦ ᠪᠠᠷ ᠢᠶᠠᠨ ᠰᠢᠯᠦᠭᠴᠢᠳ ᠪᠣᠯ ᠨᠢᠭᠤᠴᠠ ᠪᠦᠬᠦᠨ ᠤ ᠬᠢᠨᠢ ᠵᠦᠢᠯ ᠵᠦᠢᠯ ᠤᠨ ᠪᠡᠯᠭᠡᠳᠡᠯ ᠶᠤᠮ᠃ ᠨᠠᠶᠢᠷᠠᠭᠴᠢ | ᠮᠠᠨᠢ ᠡᠨᠡ ᠬᠦ ᠴᠢᠨᠠᠲᠦ ᠶᠢᠨ ᠤᠬᠠᠭᠠᠨ ᠢ ᠰᠣᠪᠢᠨ ᠰᠡᠳᠬᠢᠮᠵᠢᠯᠡᠵᠦ ᠪᠠᠶᠢᠭ᠎ᠠ ᠨᠢ ᠦᠨᠡᠯᠡᠭᠦᠰᠢᠲᠠᠢ᠃ |