ᠡᠯᠳᠡᠪ ᠡᠪᠡᠰᠤᠨ ᠤ ᠭᠤᠤᠯ ᠪᠤᠯᠬᠤ ᠬᠦᠨᠦᠭᠡᠯ ᠨᠢ ᠶᠠᠭᠤ ᠪᠤᠢ
ᠨᠡᠶᠢᠲᠡᠯᠡᠭᠰᠡᠨ ᠴᠠᠭ᠄
2022/1/25
       ᠡᠯᠳᠡᠪ ᠡᠪᠡᠰᠦ ᠭᠡᠳᠡᠭ ᠨᠢ ᠬᠦᠮᠦᠨ ᠲᠦᠷᠦᠯᠬᠢᠳᠡᠨ ᠤ ᠤᠷᠤᠰᠢᠨ ᠳᠤᠬᠳᠠᠨᠢᠬᠤ ᠳᠤ ᠬᠤᠤᠷᠳᠠᠢ ᠪᠠ ᠬᠦᠳᠡᠯᠭᠡᠭᠡᠨ ᠤ ᠳᠠᠯᠠᠪᠤᠷ ᠲᠤ ᠤᠷᠭᠤᠳᠠᠬ ᠤᠷᠭᠤᠮᠠᠯ ᠢ ᠭᠡᠯᠡᠨ᠎ᠠ᠂ ᠶᠡᠷᠦ ᠳᠡᠭᠡᠨ ᠠᠶᠠᠨᠳᠠᠭᠠᠨ ᠤᠷᠭᠤᠬᠰᠠᠨ ᠵᠡᠷᠯᠢᠭ ᠤᠷᠭᠤᠮᠠᠯ ᠪᠤᠶᠤ ᠬᠦᠮᠦᠨ ᠲᠦᠷᠦᠯᠬᠢᠳᠡᠨ ᠳᠤ ᠶᠠᠮᠠᠷ ᠴᠦ ᠠᠰᠢᠬ ᠦᠭᠡᠢ ᠤᠷᠭᠤᠮᠠᠯ ᠪᠤᠯᠤᠨ᠎ᠠ᠃ ᠬᠢᠮᠢ ᠶᠢᠨ ᠠᠷᠭ᠎ᠠ ᠪᠠᠷ ᠰᠡᠷᠭᠡᠶᠢᠯᠡᠨ ᠤᠰᠠᠳᠬᠠᠬᠤ ᠱᠠᠭᠠᠷᠳᠠᠯᠭ᠎ᠠ ᠶᠢ ᠦᠨᠳᠦᠰᠦᠯᠡᠨ ᠦᠶᠡᠳᠦ ᠡᠪᠡᠰᠦ᠂ ᠰᠠᠬᠠᠯ ᠡᠪᠡᠰᠦ ᠪᠤᠯᠤᠨ ᠦᠷᠭᠡᠨ ᠨᠠᠪᠴᠢᠳᠦ ᠡᠪᠡᠰᠦ ᠭᠡᠵᠦ ᠬᠤᠪᠢᠶᠠᠨ᠎ᠠ᠃ ᠡᠬᠦᠨ ᠠᠴᠠ ᠭᠠᠳᠠᠨ᠎ᠠ ᠡᠯᠳᠡᠪ ᠡᠪᠡᠰᠤᠨ ᠤ ᠰᠢᠮ᠎ᠠ ᠳᠡᠵᠢᠭᠡᠯ ᠤᠨ ᠲᠦᠷᠦᠯ ᠵᠦᠢᠯ᠂ ᠤᠷᠭᠤᠯᠳᠠ ᠶᠢᠨ ᠭᠡᠪ ᠶᠤᠰᠦ ᠪᠤᠯᠤᠨ ᠦᠷᠡᠵᠢᠯ ᠤᠨ ᠠᠷᠭ᠎ᠠ ᠮᠠᠶ᠋ᠢᠬ ᠵᠡᠷᠭᠡ ᠶᠢ ᠨᠢ ᠦᠨᠳᠦᠰᠦᠯᠡᠨ ᠲᠦᠷᠦᠯ ᠬᠤᠪᠢᠶᠠᠵᠦ ᠪᠤᠯᠤᠨ᠎ᠠ᠃ ᠳᠡᠬᠦᠨ ᠤ ᠠᠮᠢᠳᠦ ᠪᠤᠳᠠᠰ ᠤᠨ ᠤᠨᠴᠠᠯᠢᠬ ᠨᠢ᠄ ᠤᠯᠠᠮᠵᠢᠯᠠᠬᠤ ᠭᠡᠯᠪᠡᠷᠢ ᠨᠢ ᠤᠯᠠᠨ᠂ ᠦᠷᠡᠵᠢᠬᠦ ᠪᠠ ᠳᠠᠬᠢᠨ ᠤᠷᠭᠤᠬᠤ ᠴᠢᠳᠠᠪᠤᠷᠢ ᠨᠢ ᠴᠢᠩᠭ᠎ᠠ᠂ ᠠᠮᠢᠳᠤᠷᠠᠯ ᠤᠨ ᠦᠶᠡᠯᠡᠯ ᠨᠢ ᠶᠡᠷᠦ ᠳᠡᠭᠡᠨ ᠳᠠᠷᠢᠮᠠᠯ ᠠᠴᠠ ᠤᠬᠤᠷ᠂ ᠦᠷ᠎ᠠ ᠨᠢ ᠪᠤᠯᠪᠠᠰᠤᠷᠠᠬᠤ ᠶᠢᠨ ᠳᠠᠭᠠᠤ ᠤᠨᠠᠵᠦ᠂ ᠰᠦᠷᠬᠦ ᠶᠢ ᠡᠰᠡᠷᠬᠦᠴᠡᠬᠦ ᠴᠢᠨᠠᠷ ᠢᠶᠠᠷ ᠴᠢᠩᠭ᠎ᠠ᠂ ᠭᠡᠷᠡᠯ ᠤᠨ ᠨᠡᠶᠢᠯᠡᠯᠭᠡ ᠶᠢᠨ ᠦᠷ᠎ᠠ ᠠᠰᠢᠬ ᠨᠢ ᠦᠨᠳᠦᠷ ᠵᠡᠷᠭᠡ᠃        ᠳᠠᠷᠢᠶᠠᠨ ᠳᠠᠬᠢ ᠡᠯᠳᠡᠪ ᠡᠪᠡᠰᠦ ᠶᠢᠨ ᠭᠤᠤᠯ ᠬᠦᠨᠦᠭᠡᠯ ᠨᠢ᠄ ᠳᠠᠷᠢᠮᠠᠯ ᠲᠠᠢ ᠰᠢᠮ᠎ᠠ ᠳᠡᠵᠢᠭᠡᠯ᠂ ᠤᠰᠦ᠂ ᠨᠠᠷᠠᠨ ᠤ ᠭᠡᠷᠡᠯ ᠪᠤᠯᠤᠨ ᠤᠷᠤᠨ ᠵᠠᠢ ᠪᠤᠯᠢᠶᠡᠯᠴᠠᠵᠦ᠂ ᠳᠠᠷᠢᠶᠠᠨ ᠤ ᠰᠠᠯᠬᠢ ᠭᠡᠷᠡᠯ ᠨᠡᠪᠳᠡᠷᠡᠬᠦ ᠶᠢ ᠬᠠᠷᠰᠢᠯᠠᠭᠠᠳ ᠳᠠᠷᠢᠮᠠᠯ ᠤᠨ ᠤᠨᠠᠯᠳᠠ ᠪᠤᠯᠤᠨ ᠶᠠᠰᠦ ᠴᠢᠨᠠᠷ ᠢ ᠳᠤᠷᠤᠬᠰᠢᠯᠠᠭᠤᠯᠤᠨ᠎ᠠ᠃ ᠮᠠᠰᠢ ᠤᠯᠠᠨ ᠡᠯᠳᠡᠪ ᠡᠪᠡᠰᠦ ᠨᠢ ᠡᠪᠡᠳᠴᠢᠯᠡᠬᠦᠯᠬᠦ ᠮᠢᠺᠷᠤᠪ ᠪᠤᠯᠤᠨ ᠬᠦᠨᠦᠭᠡᠯᠳᠦ ᠰᠢᠪᠡᠵᠢ ᠶᠢᠨ ᠵᠠᠪᠰᠠᠷ ᠤᠨ ᠮᠦᠯᠵᠢᠭᠳᠡᠭᠴᠢ ᠪᠤᠶᠤ ᠮᠦᠯᠵᠢᠨ ᠤᠷᠤᠰᠢᠬᠤ ᠭᠠᠵᠠᠷ ᠳᠤᠯᠠ ᠡᠪᠡᠳᠴᠢᠯᠡᠬᠦᠯᠬᠦ ᠪᠠ ᠰᠢᠪᠡᠵᠢ ᠶᠢᠨ ᠬᠦᠨᠦᠭᠡᠯ ᠡᠬᠦᠰᠭᠡᠳᠡᠭ᠃ ᠡᠬᠦᠨ ᠠᠴᠠ ᠭᠠᠳᠠᠨ᠎ᠠ ᠵᠠᠷᠢᠮ ᠡᠯᠳᠡᠪ ᠡᠪᠡᠰᠦ ᠶᠢᠨ ᠦᠶ᠎ᠠ ᠪᠤᠶᠤ ᠴᠡᠴᠡᠭ ᠤᠨ ᠳᠤᠭᠤᠰᠦ ᠳᠤᠳᠤᠷ᠎ᠠ ᠬᠤᠤᠷᠳᠦ ᠡᠳ᠋ ᠠᠭᠤᠯᠤᠬᠳᠠᠵᠦ ᠬᠦᠮᠦᠨ ᠮᠠᠯ ᠢ ᠬᠤᠤᠷᠳᠠᠭᠤᠯᠳᠠᠬ ᠪᠠᠶᠢᠨ᠎ᠠ᠃
 
ᠢᠷᠡᠯᠲᠡ᠄ ᠬᠢᠩᠭᠠᠨ ᠤ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号