ᠡᠷᠳᠡ ᠪᠤᠰᠪᠠᠯ ᠵᠠᠯᠠᠭᠤᠵᠢᠨ᠎ᠠ
ᠨᠡᠶᠢᠲᠡᠯᠡᠭᠰᠡᠨ ᠴᠠᠭ᠄
2024/3/27
     ᠰᠡᠷᠢᠬᠦᠯᠭᠡᠳᠦ ᠴᠠᠬ ᠭᠡᠳᠦ ᠲᠠᠬᠢᠨ ᠲᠤᠤᠭᠠᠷᠬᠤ ᠪᠠᠷ ᠨᠦᠢᠷᠮᠤᠬᠯᠠᠨ ᠪᠤᠰᠴᠤ᠂ ᠤᠬᠢᠶᠠᠵᠤ ᠴᠡᠪᠡᠷᠯᠡᠭᠰᠡᠨ ᠢᠶᠠᠨ ᠶᠠᠭᠠᠷᠠᠤᠬᠠᠨ ᠠᠵᠢᠯ ᠳᠠᠭᠠᠨ ᠭᠠᠷᠬᠤ ᠪᠠᠷ ᠶᠡᠷᠦ ᠨᠢ ᠴᠠᠬ ᠬᠦᠷᠦᠯᠴᠡᠬᠦ ᠦᠭᠡᠢ ᠪᠤᠯᠵᠤ᠂ ᠬᠤᠶᠢᠨ᠎ᠠ ᠠᠴᠠ ᠪᠠᠨ ᠨᠡᠭᠡᠭᠦᠯᠵᠤ ᠪᠠᠶᠢᠬᠤ ᠰᠢᠬ ᠲᠦᠷᠦᠭᠳᠡᠯ ᠦᠭᠳᠡᠭ᠃ ᠡᠨᠡ ᠨᠢ ᠭᠡᠳᠦ ᠶᠡᠭᠡ ᠶᠠᠳᠠᠷᠠᠯ ᠢ ᠠᠪᠴᠢᠷᠠᠳᠠᠬ ᠮᠦᠷᠳᠡᠭᠡᠨ ᠶᠡᠭᠡ ᠲᠠᠷᠢᠬᠢᠨ ᠤ ᠡᠷᠬᠢᠯᠳᠡ ᠶᠢ ᠬᠠᠷᠰᠢᠯᠠᠵᠤ᠂ ᠠᠵᠢᠯ ᠤᠨ ᠪᠦᠳᠦᠮᠵᠢ ᠶᠢ ᠴᠤ ᠨᠦᠯᠦᠭᠡᠯᠡᠳᠡᠭ᠃      ᠢᠡᠭᠬᠢᠵᠤ ᠴᠠᠬ ᠲᠤ ᠲᠠᠭᠤᠬᠳᠠᠬᠤ ᠠᠴᠠ ᠡᠷᠳᠡ ᠪᠤᠰᠴᠤ ᠴᠠᠬ ᠢᠶᠠᠨ ᠡᠵᠡᠮᠳᠡᠵᠦ ᠠᠮᠢᠳᠤᠷᠠᠶ᠎ᠠ ᠪᠢᠳᠡ᠃ ᠡᠷᠳᠡ ᠪᠤᠰᠳᠠᠬ ᠬᠦᠮᠦᠨ ᠤᠯᠠᠮ ᠴᠤ ᠡᠷᠴᠢ ᠬᠦᠴᠦᠳᠡᠢ᠂ ᠨᠡᠩ ᠵᠠᠯᠠᠭᠤᠬᠠᠨ ᠬᠠᠷᠠᠬᠳᠠᠳᠠᠬ ᠭᠡᠵᠤ ᠰᠤᠳᠤᠯᠭᠠᠨ ᠢᠶᠠᠷ ᠢᠯᠡᠷᠡᠬᠦᠯᠦᠭᠰᠡᠨ ᠰᠢᠤ ᠳ᠋ᠠ᠃ ᠦᠷᠬᠦᠯᠵᠢ ᠡᠷᠳᠡ ᠪᠤᠰᠳᠠᠬ ᠬᠦᠮᠦᠨ ᠤᠯᠠᠩᠬᠢ ᠳᠠᠭᠠᠨ ᠭᠡᠳᠦ ᠤᠷᠤᠢ ᠤᠨᠳᠠᠬᠤ ᠮᠠᠭᠤ ᠲᠠᠳᠬᠠᠯ ᠦᠭᠡᠢ ᠪᠠᠶᠢᠳᠠᠬ᠃ ᠡᠨᠡ ᠨᠢ ᠭᠡᠳᠦ ᠤᠷᠤᠢ ᠤᠨᠳᠠᠬᠤ ᠠᠴᠠ ᠪᠤᠯᠤᠬᠰᠠᠨ ᠡᠯᠳᠡᠪ ᠵᠦᠢᠯ ᠤᠨ ᠡᠪᠡᠳᠴᠢᠨ ᠡᠮᠭᠡᠭ ᠠᠴᠠ ᠵᠠᠶᠢᠯᠠᠰᠭᠢᠨ᠂ ᠪᠡᠶ᠎ᠠ ᠶᠢᠨ ᠡᠷᠡᠭᠦᠯ ᠮᠡᠨᠳᠦ ᠳᠤ ᠨᠡᠩ ᠠᠰᠢᠬᠳᠠᠢ ᠪᠠᠶᠢᠳᠠᠬ᠃ ᠡᠷᠳᠡ ᠤᠨᠳᠠᠵᠤ ᠡᠷᠳᠡ ᠪᠤᠰᠳᠠᠬ ᠬᠦᠮᠦᠨ ᠤ ᠰᠢᠨ᠎ᠠ ᠬᠠᠭᠤᠴᠢᠨ ᠤ ᠰᠤᠯᠢᠯᠴᠠᠭ᠎ᠠ ᠰᠠᠶᠢᠨ ᠪᠠᠶᠢᠵᠤ᠂ ᠨᠢᠭᠤᠷ ᠴᠢᠷᠠᠢ ᠨᠡᠩ ᠴᠤᠬ ᠵᠢᠪᠬᠤᠭ᠎ᠠ ᠲᠠᠢ ᠪᠤᠯᠵᠤ᠂ ᠨᠢᠳᠦᠨ ᠤ ᠠᠨᠢᠰᠭ᠎ᠠ ᠤᠨᠵᠶᠢᠬᠤ ᠵᠡᠷᠭᠡ ᠪᠠᠶᠢᠳᠠᠯ ᠪᠦᠷ ᠠᠷᠢᠯᠳᠠᠬ᠃ ᠡᠬᠦᠨ ᠲᠠᠢ ᠠᠳᠠᠯᠢᠳᠬᠠᠪᠠᠯ᠂ ᠭᠡᠳᠦ ᠤᠷᠤᠢ ᠤᠨᠳᠠᠵᠤ᠂ ᠦᠷᠯᠦᠭᠡ ᠳᠡᠭᠡᠨ ᠪᠤᠰᠴᠤ ᠲᠡᠶᠢᠯᠬᠦ ᠦᠭᠡᠢ ᠬᠦᠮᠦᠰ ᠠᠳᠠᠯᠢᠬᠠᠨ 7 ᠴᠠᠬ ᠤᠨᠳᠠᠯ᠎ᠠ ᠴᠤ ᠭᠡᠰᠡᠨ ᠨᠢᠭᠤᠷ ᠴᠢᠷᠠᠢ ᠨᠢ ᠦᠡᠭᠭᠡ ᠮᠠᠭᠤᠳᠠᠵᠤ ᠢᠯᠡᠬᠦᠦ ᠦᠳᠡᠯᠦᠭᠰᠡᠨ ᠬᠠᠷᠠᠬᠳᠠᠳᠠᠬ᠃      ᠬᠦᠮᠦᠨ ᠪᠡᠶ᠎ᠠ ᠶᠢᠨ ᠡᠷᠭᠡᠳᠡᠨ ᠤ ᠤᠷᠭᠤᠮᠠᠯ ᠤᠨ ᠴᠠᠬ ᠢ ᠰᠠᠶᠢᠬᠠᠨ ᠲᠤᠬᠢᠷᠠᠭᠤᠯᠵᠤ ᠴᠢᠳᠠᠪᠠᠯ᠂ ᠬᠤᠳᠤᠭᠤᠳᠤ ᠭᠡᠳᠡᠰᠦᠨ ᠤ ᠬᠦᠳᠡᠯᠭᠡᠭᠡᠨ ᠨᠡᠩ ᠢᠳᠡᠪᠬᠢᠳᠡᠢ ᠪᠤᠯᠵᠤ᠂ ᠦᠷᠯᠦᠭᠡ ᠭᠠᠳᠠᠭᠠᠯᠠᠬᠤ ᠲᠠᠳᠬᠠᠯ ᠲᠠᠢ ᠪᠤᠯᠬᠤ ᠳᠤ ᠠᠰᠢᠬᠳᠠᠢ ᠪᠠᠶᠢᠳᠠᠬ᠃ ᠲᠡᠶᠢᠮᠦ ᠪᠤᠯᠬᠤᠷ ᠡᠷᠳᠡ ᠪᠤᠰᠳᠠᠬ ᠶᠤᠮ ᠪᠤᠯ ᠴᠢᠷᠠᠢ ᠵᠢᠰᠦ ᠶᠢ ᠭᠤᠸᠠᠵᠢᠭᠤᠯᠬᠤ ᠳᠤ ᠠᠰᠢᠬᠳᠠᠢ ᠪᠠᠶᠢᠳᠠᠬ᠃      ᠲᠡᠭᠡᠪᠡᠯ ᠴᠤᠬᠤᠮ ᠦᠷᠯᠦᠭᠡ ᠶᠢᠨ ᠶᠠᠮᠠᠷᠬᠠᠨ ᠬᠦᠳᠡᠯᠭᠡᠭᠡᠨ ᠨᠢ ᠨᠡᠩ ᠶᠡᠭᠡ ᠪᠦᠳᠦᠮᠵᠢᠳᠡᠢ ᠪᠠᠶᠢᠳᠠᠬ ᠪᠤᠢ︖ ᠭᠡᠪᠡᠯ ᠶᠠᠷᠢᠶᠠᠨ ᠦᠭᠡᠢ ᠪᠡᠶ᠎ᠠ ᠪᠠᠨ ᠰᠤᠨᠢᠶᠠᠯᠭᠠᠵᠤ ᠲᠡᠯᠡᠬᠦ ᠬᠦᠳᠡᠯᠭᠡᠭᠡᠨ ᠪᠠᠶᠢᠵᠤ᠂ ᠡᠨᠡ ᠨᠢ ᠪᠡᠶ᠎ᠠ ᠶᠢᠨ ᠬᠦᠳᠡᠯᠭᠡᠭᠡᠨ ᠢ ᠤᠯᠠᠮ ᠰᠠᠶᠢᠵᠢᠷᠠᠭᠤᠯᠳᠠᠬ᠃ ᠬᠦᠮᠦᠨ ᠤᠨᠳᠠᠵᠤ ᠪᠠᠶᠢᠬᠤ ᠦᠶᠡᠰ᠂ ᠪᠡᠶ᠎ᠠ ᠶᠢᠨ ᠬᠦᠳᠡᠯᠭᠡᠭᠡᠨ ᠵᠤᠬᠰᠤᠩᠭᠤᠶᠢᠷᠠᠳᠠᠬ᠃ ᠲᠡᠭᠡᠪᠡᠯ ᠦᠷᠯᠦᠭᠡ ᠡᠷᠳᠡ ᠲᠤᠬᠢᠷᠠᠮᠵᠢᠳᠠᠢ ᠰᠤᠨᠢᠶᠠᠯᠭᠠᠵᠤ ᠲᠡᠯᠡᠬᠦ ᠬᠦᠳᠡᠯᠭᠡᠭᠡᠨ ᠬᠢᠬᠦ ᠨᠢ ᠪᠡᠶ᠎ᠠ ᠮᠠᠬᠠᠪᠤᠳ ᠲᠤ ᠰᠠᠶᠢᠨ ᠪᠠᠶᠢᠵᠤ᠂ ᠴᠢᠰᠤᠨ ᠤ ᠡᠷᠭᠢᠯᠲᠡ ᠶᠢ ᠠᠬᠢᠭᠤᠯᠤᠨ ᠡᠷᠴᠢ ᠬᠦᠷᠴᠤ ᠨᠡᠮᠡᠳᠡᠭ᠃      ᠡᠷᠳᠡ ᠪᠤᠰᠬᠤ ᠨᠢ ᠴᠢᠷᠠᠢ ᠵᠢᠰᠦᠨ ᠤ ᠭᠤᠸᠠᠵᠢᠯ ᠳᠤ ᠠᠰᠢᠬᠳᠠᠢ ᠪᠠᠷ ᠪᠠᠷᠠᠬᠤ ᠦᠭᠡᠢ᠂ ᠲᠠᠷᠢᠬᠢ ᠲᠤᠯᠤᠭᠠᠢ ᠶᠢ ᠤᠯᠠᠮ ᠰᠡᠷᠭᠡᠭ ᠪᠤᠯᠭᠠᠨ ᠬᠦᠮᠦᠨ ᠢ ᠰᠡᠷᠬᠦᠯᠡᠩ ᠪᠤᠯᠭᠠᠳᠠᠬ᠃ ᠤᠴᠢᠷ ᠨᠢ ᠡᠷᠳᠡ ᠪᠤᠰᠳᠠᠬ ᠬᠦᠮᠦᠨ ᠤ ᠲᠠᠷᠢᠬᠢᠨ ᠤ ᠡᠰ ᠪᠠ ᠮᠡᠳᠡᠷᠡᠯ ᠤᠨ ᠡᠰ ᠤᠨ ᠠᠮᠢ ᠨᠠᠰᠤ ᠪᠠ ᠠᠮᠢᠵᠢᠷᠠᠯ ᠤᠨ ᠬᠦᠴᠦᠨ ᠨᠡᠩ ᠴᠢᠩᠭ᠎ᠠ ᠪᠠᠶᠢᠵᠤ᠂ ᠡᠨᠡ ᠨᠢ ᠬᠦᠮᠦᠨ ᠤ ᠰᠡᠩᠭᠡᠷᠡᠯ ᠪᠠ ᠰᠡᠷᠡᠯ ᠤᠨ ᠤᠢᠢᠯᠳᠠ ᠶᠢ ᠰᠠᠶᠢᠵᠢᠷᠠᠭᠤᠯᠤᠨ᠂ ᠤᠯᠠᠮ ᠴᠤᠪᠤᠭᠤ ᠰᠡᠷᠬᠦᠯᠡᠩ ᠪᠤᠯᠭᠠᠵᠤ᠂ ᠠᠵᠢᠯᠯᠠᠬᠤ ᠪᠦᠳᠦᠮᠵᠢ ᠪᠠ ᠠᠮᠵᠢᠯᠳᠠ ᠤᠯᠬᠤ ᠨᠤᠷᠮ᠎ᠠ ᠶᠢ ᠲᠡᠭᠡᠭᠰᠢᠯᠡᠬᠦᠯᠳᠡᠭ᠃      ᠡᠷᠳᠡ ᠪᠤᠰᠬᠤ ᠨᠢ ᠪᠠᠰᠠ ᠵᠤᠪᠠᠨᠢᠬᠤ ᠵᠡᠷᠭᠡ ᠰᠡᠳᠭᠢᠴᠡ ᠶᠢᠨ ᠪᠠᠶᠢᠳᠠᠯ ᠢ ᠰᠠᠶᠢᠵᠢᠷᠠᠭᠤᠯᠤᠨ᠂ ᠡᠳᠦᠷ ᠤᠷᠳᠤᠰᠴᠤ᠂ ᠢᠯᠡᠬᠦᠦ 2 ᠴᠠᠬ ᠨᠡᠮᠡᠭᠳᠡᠭᠰᠡᠨ ᠲᠦᠷᠦᠭᠳᠡᠯ ᠤᠯᠭᠤᠨ᠂ ᠴᠠᠬ ᠲᠤ ᠲᠠᠭᠤᠭᠳᠠᠬᠤ ᠪᠢᠰᠢ ᠬᠠᠷᠢᠨ ᠴᠠᠬ ᠢ ᠡᠵᠡᠮᠳᠡᠵᠤ ᠪᠠᠶᠢᠬᠤ ᠰᠢᠬ ᠪᠤᠯᠭᠠᠳᠠᠬ᠃ ᠠᠳᠠᠯᠢᠬᠠᠨ ᠢᠶᠠᠷ ᠴᠠᠬ ᠲᠠᠭᠠᠨ ᠤᠨᠳᠠᠵᠤ ᠡᠷᠳᠡ ᠪᠤᠰᠳᠠᠬ ᠬᠦᠮᠦᠰ ᠵᠤᠪᠠᠨᠢᠬᠤ ᠪᠤᠬᠢᠨᠢᠳᠤᠬᠤ ᠠᠶᠤᠯ ᠳᠤ ᠲᠤᠯᠭᠠᠷᠠᠬᠤ ᠨᠤᠷᠮ᠎ᠠ ᠨᠢ ᠪᠠᠭ᠎ᠠ ᠪᠠᠶᠢᠳᠠᠬ᠃ ᠡᠷᠳᠡ ᠪᠤᠰᠬᠤ ᠶᠢ ᠬᠦᠰᠡᠵᠤ ᠪᠠᠶᠢᠪᠠᠯ᠂ ᠦᠪᠡᠷ ᠤᠨ ᠲᠤᠷᠠᠳᠠᠢ ᠵᠦᠢᠯ ᠠᠴᠠ ᠪᠠᠨ ᠭᠠᠷᠳᠠᠵᠤ ᠲᠤᠷᠰᠢᠵᠤ ᠪᠤᠯᠤᠨ᠎ᠠ᠃      ᠦᠪᠡᠷ ᠤᠨ ᠲᠤᠷ᠎ᠠ ᠪᠠᠭ᠋ᠠᠳᠠᠢ ᠵᠦᠢᠯ ᠤᠨ ᠢᠶᠠᠨ ᠲᠦᠯᠦᠭᠡ 1 ᠴᠠᠬ ᠡᠷᠳᠡᠯᠡᠵᠤ ᠪᠤᠰᠬᠤ᠂ ᠡᠰᠡᠬᠦᠯ᠎ᠠ ᠬᠠᠭᠠᠰ ᠴᠠᠬ᠂ ᠠᠯᠢ ᠡᠰᠡᠬᠦᠯ᠎ᠠ 10 ᠮᠢᠨᠦ᠋ᠲ ᠡᠷᠳᠡᠯᠡᠵᠤ ᠪᠤᠰᠬᠤ ᠨᠢ ᠴᠢᠮᠠᠢᠢ ᠤᠤᠯ ᠠᠴᠠ ᠴᠢᠨᠢ ᠬᠤᠯᠠ ᠢᠯᠡᠬᠦᠦ ᠬᠤᠪᠢᠷᠠᠯᠳᠠ ᠲᠠᠢ ᠪᠤᠯᠭᠠᠳᠠᠬ᠃ ᠡᠨᠡ ᠪᠤᠯ ᠵᠦᠪᠭᠡᠨ ᠴᠢᠨᠤ ᠴᠠᠬ ᠪᠠᠶᠢᠵᠤ᠂ ᠤᠷᠠᠨ ᠪᠢᠴᠢᠯᠭᠡ ᠪᠢᠴᠢᠬᠦ᠂ ᠵᠢᠷᠤᠬ ᠵᠢᠷᠤᠬᠤ᠂ ᠰᠤᠯᠠ ᠠᠯᠬᠤᠬᠤ᠂ ᠬᠦᠶᠦᠬᠦ ᠵᠡᠷᠭᠡ ᠦᠪᠡᠷ ᠤᠨ ᠠᠯᠢ ᠲᠤᠷᠠᠳᠠᠢ ᠪᠠᠨ ᠬᠢᠵᠤ ᠪᠤᠯᠤᠨ᠎ᠠ᠃ ᠡᠨᠡ ᠨᠢ ᠶᠠᠬ ᠴᠢᠮ᠎ᠡ ᠳᠤ ᠢᠯᠡᠬᠦᠦ 2 ᠴᠠᠬ ᠢ ᠪᠡᠯᠡᠭᠯᠡᠭᠰᠡᠨ ᠰᠢᠭ ᠪᠠᠶᠢᠵᠤ᠂ ᠠᠮᠢ ᠨᠠᠰᠤ ᠴᠢᠨᠢ ᠤᠳᠬ᠎ᠠ ᠲᠡᠬᠦᠯᠳᠡᠷ ᠪᠤᠯᠳᠠᠬ᠃            ︵︽ᠦᠪᠤᠷ ᠮᠤᠩᠭᠤᠯ ᠤᠨ ᠡᠳᠤᠷ ᠤᠨ ᠰᠤᠨᠢᠨ︾ ᠠᠴᠠ ᠰᠢᠯᠵᠢᠭᠦᠯᠪᠡ︶
 
ᠢᠷᠡᠯᠲᠡ᠄ ᠬᠢᠩᠭᠠᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号