ᠦᠰᠦ ᠠᠯᠠᠭᠯᠠᠵᠦ ᠴᠠᠶᠢᠪᠠᠯ ᠤᠴᠢᠷ ᠲᠠᠢ
ᠨᠡᠶᠢᠲᠡᠯᠡᠭᠰᠡᠨ ᠴᠠᠭ᠄
2019-09-06
    ᠦᠰᠦ ᠴᠠᠶᠢᠬᠤ ᠶᠢ ᠰᠡᠷᠭᠡᠶᠢᠯᠡᠬᠦ ᠭᠡᠪᠡᠯ ᠢᠲᠡᠷ ᠨᠠᠰᠤᠲᠠᠢ ᠬᠦᠮᠦᠰ ᠦᠷᠬᠦᠯᠵᠢ ᠬᠠᠷ᠎ᠠ ᠦᠩᠭᠡ ᠲᠠᠢ ᠲᠤᠲᠤᠷᠭ᠎ᠠ᠂ ᠬᠠᠷ᠎ᠠ ᠪᠤᠷᠴᠠᠭ᠂ ᠤᠯᠠᠭᠠᠠ ᠪᠤᠷᠴᠠᠭ᠂ ᠬᠠᠷ᠎ᠠ ᠮᠠᠭᠠᠵᠢ᠂ ᠬᠤᠰᠢᠭ᠎ᠠ ᠵᠡᠷᠭᠡ ᠶᠢ ᠢᠲᠡᠪᠡᠯ ᠰᠠᠶᠢᠨ᠂ ᠪᠠᠰᠠ ᠬᠠᠷ᠎ᠠ ᠳᠠᠬᠢᠶᠠᠨ ᠮᠢᠬ᠎ᠠ᠂ ᠦᠭᠡᠷ ᠤᠨ ᠮᠢᠬ᠎ᠠ᠂ ᠬᠤᠨᠢᠨ ᠮᠢᠬ᠎ᠠ᠂ ᠭᠠᠭ᠋ᠠᠢ ᠶᠢᠨ ᠡᠯᠢᠭᠡ ᠵᠡᠷᠭᠡ ᠶᠢ ᠤᠯᠠᠠ ᠢᠲᠡᠪᠠᠯ ᠰᠠᠶᠢᠨ᠃ ᠡᠭᠦᠨ ᠠᠴᠠ ᠭᠠᠲᠠᠨ᠎ᠠ᠂ ᠢᠲᠡᠷ ᠨᠠᠰᠤᠲᠠᠢ ᠬᠦᠮᠦᠰ ᠪᠠᠰᠠ ᠦᠷᠬᠦᠯᠵᠢ ᠬᠤᠯᠤᠤᠪᠠᠩ᠂ ᠦᠷᠭᠡᠰᠦᠲᠦ ᠨᠤᠭᠤᠭ᠎ᠠ᠂ ᠦᠨᠦᠷᠲᠦ ᠮᠦᠬᠦ᠂ ᠲᠡᠯᠲᠡᠤ ᠵᠡᠷᠭᠡ ᠶᠢ ᠢᠲᠡᠪᠠᠯ ᠭᠡᠵᠢᠭᠡᠡ ᠳᠤ ᠲᠤᠰᠠᠲᠠᠢ ᠪᠠᠶᠢᠲᠠᠭ᠃    ᠮᠠᠩᠨᠠᠢ ᠲᠡᠭᠡᠷ᠎ᠠ ᠴᠠᠶᠢᠪᠠᠯ ᠲᠡᠯᠢᠬᠦᠤ ᠪᠤᠯᠤᠨ ᠬᠤᠲᠤᠭᠤᠲᠤ ᠵᠤᠬᠢᠴᠠᠯ ᠢᠶᠠᠨ ᠠᠯᠲᠠᠵᠠᠢ    ᠮᠠᠩᠨᠠᠢ ᠶᠢᠨ ᠲᠤᠬᠢᠷᠠᠯᠴᠠᠭᠰᠠᠠ ᠡᠷᠭᠡᠲᠡᠡ ᠪᠤᠯ ᠲᠠᠯᠢᠬᠦᠦ ᠪᠤᠯᠤᠨ ᠬᠤᠲᠤᠭᠤᠲᠤ ᠪᠤᠯᠤᠨ᠎ᠠ᠂ ᠬᠤᠲᠤᠭᠤᠲᠤ ᠪᠤᠯᠤᠨ ᠲᠠᠯᠢᠭᠦᠦ ᠪᠠᠨ ᠰᠠᠶᠢᠲᠤᠷ ᠰᠤᠪᠢᠯᠠᠬᠤ ᠨᠢ ᠭᠡᠵᠢᠭᠡ ᠮᠠᠩᠨᠠᠢ ᠠᠴᠠ ᠡᠬᠢᠯᠡᠵᠦ ᠴᠠᠶᠢᠬᠤ ᠶᠢ ᠰᠡᠷᠭᠡᠶᠢᠯᠡᠬᠦ ᠳᠤ ᠶᠡᠭᠡ ᠲᠤᠰᠠᠲᠠᠢ᠃ ᠬᠤᠲᠤᠭᠤᠲᠤ ᠪᠤᠯᠤᠨ ᠲᠠᠯᠢᠭᠦᠦ ᠮᠠᠭᠤ ᠬᠦᠮᠦᠨ ᠦᠷᠬᠦᠯᠵᠢ ᠭᠡᠲᠡᠰᠦ ᠬᠦᠭᠡᠭᠡᠬᠦ᠂ ᠬᠡᠲᠡᠰᠦ ᠡᠪᠡᠳᠬᠦ᠂ ᠰᠢᠷ᠎ᠠ ᠬᠤᠰᠤᠬᠤ᠂ ᠬᠦᠴᠤ ᠲᠠᠮᠢᠷ ᠮᠠᠭᠤᠲᠠᠬᠤ᠂ ᠰᠢᠩᠭᠡᠡ ᠢᠶᠠᠷ ᠭᠠᠲᠠᠭᠠᠯᠠᠬᠤ ᠢᠯᠡᠷᠡᠯ ᠲᠠᠢ᠂ ᠵᠠᠷᠢᠮ ᠬᠦᠮᠦᠨ ᠤ ᠠᠮᠠᠠ ᠠᠴᠠ ᠦᠮᠡᠭᠡᠢ ᠦᠨᠦᠷ ᠭᠠᠷᠴᠤ᠂ ᠢᠲᠡᠭᠡᠡ ᠤ ᠲᠤᠷᠠᠰᠢᠯ ᠮᠠᠭᠤᠲᠠᠬᠤ ᠪᠤᠶᠤ ᠬᠦᠯ ᠭᠠᠷ ᠬᠠᠪᠤᠳᠴᠤ᠂ ᠲᠠᠭᠠᠷᠠᠬᠤ ᠠᠴᠠ ᠠᠶᠤᠵᠦ ᠲᠤᠯᠠᠭᠠᠠ ᠳᠤ ᠲᠤᠷᠠᠲᠠᠢ᠂ ᠤᠯᠠᠠ ᠰᠢᠭᠡᠯᠭᠡᠨ᠎ᠠ᠂ ᠡᠲᠡᠭᠡᠷ ᠪᠤᠯ ᠪᠦᠷ ᠬᠤᠲᠤᠭᠤᠲᠤ ᠪᠤᠯᠤᠨ ᠲᠠᠯᠢᠭᠦᠦ ᠰᠡᠷᠢᠭᠦᠲᠡᠭᠰᠡᠡ ᠤ ᠢᠯᠡᠷᠡᠯ ᠮᠦᠨ᠃    ᠵᠠᠰᠠᠬᠤ ᠠᠷᠭ᠎ᠠ᠄ ᠬᠤᠲᠤᠭᠤᠲᠤ ᠪᠤᠯᠤᠨ ᠲᠠᠯᠢᠬᠦᠦ ᠰᠡᠷᠢᠭᠦᠨ ᠬᠦᠮᠦᠨ ᠭᠤᠷᠪᠠ ᠠᠴᠠ ᠲᠠᠪᠤᠨ ᠡᠲᠦᠷ ᠲᠤ ᠨᠢᠭᠡ ᠤᠲᠠᠭ᠎ᠠ ᠭᠠ ᠶᠢ ᠪᠤᠴᠠᠯᠭᠠᠵᠦ ᠤᠤᠭᠤᠪᠠᠯ ᠰᠠᠶᠢᠨ ᠪᠠᠶᠢᠲᠠᠭ᠂ ᠡᠭᠦᠨ ᠢ ᠬᠢᠬᠦ ᠳᠤ ᠲᠤᠩ ᠲᠦᠭᠦᠮ ᠪᠠᠶᠢᠲᠠᠭ᠂ 3 ᠭᠷᠠᠮ ᠭᠠ᠂ 60 ᠭᠷᠠᠮ ᠲᠤᠲᠤᠷᠭ᠎ᠠ ᠠᠮᠤ᠂ ᠰᠢᠨ᠎ᠠ ᠰᠤᠷᠭᠤᠭ ᠭᠠ ᠪᠠᠨ ᠨᠠᠷᠢᠬᠠᠠ ᠬᠡᠷᠴᠢᠵᠦ ᠲᠤᠲᠤᠷᠭ᠎ᠠ ᠠᠮᠤ ᠲᠠᠢ ᠬᠠᠮᠲᠤ ᠴᠢᠨᠠᠨ᠎ᠠ᠂ ᠡᠷᠲᠡ ᠶᠢᠨ ᠬᠤᠭᠤᠯᠠ ᠪᠤᠶᠤ ᠤᠷᠤᠢ ᠶᠢᠨ ᠬᠤᠭᠤᠯᠠᠠ ᠲᠡᠭᠡᠷ᠎ᠠ ᠪᠠᠨ ᠬᠠᠯᠠᠭᠤᠯᠵᠦ ᠪᠠᠶᠢᠭᠠᠳ ᠨᠢᠭᠡ ᠠᠴᠠ ᠬᠤᠶᠠᠷ ᠠᠶᠠᠭ᠎ᠠ ᠤᠤᠭᠤᠨ᠎ᠠ᠂ ᠢᠲᠡᠬᠦ ᠳᠡᠭᠡᠨ ᠪᠠᠰᠠ ᠦᠪᠡᠷ ᠤᠨ ᠲᠤᠷᠠᠰᠢᠯ ᠢᠶᠠᠨ ᠦᠨᠲᠦᠰᠦᠯᠡᠵᠦ ᠮᠠᠭᠠᠵᠢ ᠪᠤᠶᠤ ᠲᠠᠪᠤᠰᠤ ᠬᠢᠵᠦ ᠪᠤᠯᠤᠨ᠎ᠠ᠃ ᠭᠠ ᠪᠤᠯ ᠬᠠᠯᠠᠭᠤᠨ ᠴᠢᠨᠠᠷ ᠲᠠᠢ ᠪᠠᠶᠢᠲᠠᠭ᠂ ᠲᠡᠷᠡ ᠨᠢ ᠰᠡᠷᠢᠭᠦᠨ ᠢ ᠬᠦᠭᠡᠭᠡᠵᠦ ᠬᠦᠯᠦᠰᠤ ᠭᠠᠷᠭᠠᠠ᠂ ᠬᠤᠲᠤᠭᠤᠲᠤ ᠶᠢ ᠲᠤᠯᠠᠭᠠᠯᠠᠵᠦ ᠡᠪᠡᠳᠭᠦ ᠶᠢ ᠵᠤᠭᠰᠤᠭᠠᠠ᠂ ᠪᠠᠺᠲᠧᠷᠢ ᠶᠢ ᠠᠯᠠᠵᠦ ᠦᠷᠪᠢᠰᠦᠯ ᠢ ᠲᠠᠷᠤᠬᠤ ᠦᠢᠯᠡᠲᠦᠯ ᠲᠠᠢ᠃ ᠡᠭᠦᠨ ᠢᠶᠠᠷ ᠰᠡᠷᠢᠭᠦᠨ ᠴᠢᠨᠠᠷ ᠲᠠᠢ ᠬᠤᠲᠤᠭᠤᠲᠤᠨ ᠦᠷᠪᠢᠰᠦᠯ᠂ ᠰᠢᠷᠬᠠᠯᠠᠭ᠎ᠠ ᠶᠢᠨ ᠬᠡᠯᠪᠡᠷᠢ ᠲᠠᠢ ᠬᠤᠲᠤᠭᠤᠲᠤᠨ ᠦᠷᠪᠢᠰᠦᠯ ᠢ ᠡᠮᠨᠡᠬᠦ ᠳᠤ ᠪᠦᠷ ᠵᠦᠭᠡᠷ ᠰᠢᠭ ᠡᠮᠨᠡᠯᠭᠡ ᠶᠢᠨ ᠦᠢᠯᠡᠲᠦᠯ ᠲᠤᠰᠠ ᠲᠠᠢ ᠪᠠᠶᠢᠲᠠᠭ᠃    ᠵᠠᠵᠢ ᠶᠢᠨ ᠦᠰᠦ ᠴᠠᠶᠢᠬᠤ — ᠡᠯᠢᠭᠡᠡ ᠬᠠᠯᠠᠭᠤᠨ    ᠬᠤᠶᠠᠷ ᠵᠠᠵᠢ ᠶᠢᠨ ᠲᠤᠬᠢᠷᠠᠯᠴᠠᠭᠰᠠᠠ ᠡᠷᠭᠡᠲᠡᠡ ᠪᠤᠯ ᠡᠯᠢᠭᠡ ᠪᠠ ᠰᠦᠰᠦ ᠪᠤᠯᠤᠨ᠎ᠠ᠂ ᠡᠯᠢᠭᠡ ᠪᠠ ᠰᠦᠰᠦ ᠶᠢᠨ ᠬᠠᠯᠠᠭᠤᠨ ᠲᠠᠢ ᠬᠦᠮᠦᠨ ᠵᠠᠩ ᠠᠭᠠᠰᠢ ᠨᠢ ᠲᠤᠯᠬᠢᠨ ᠪᠦᠭᠡᠳ ᠪᠤᠬᠢᠨᠢᠲᠤᠵᠦ ᠠᠭᠤᠷᠯᠠᠬᠤ ᠲᠤᠷᠠᠲᠠᠢ᠂ ᠠᠮᠠ ᠬᠠᠲᠠᠬᠤ ᠂ ᠠᠮᠠ ᠭᠠᠰᠢᠭᠤ ᠤᠷᠬᠢᠬᠤ᠂ ᠭᠡᠯᠡ ᠬᠠᠭᠤᠷᠠᠶᠢᠲᠠᠬᠤ᠂ ᠨᠢᠲᠤ ᠴᠢᠯᠡᠬᠦ ᠵᠡᠷᠭᠡ ᠢᠯᠡᠷᠡᠯ ᠲᠠᠢ᠂ ᠡᠨᠡ ᠪᠤᠯ ᠡᠯᠢᠭᠡᠡ ᠬᠠᠯᠠᠭᠤᠨ ᠠᠴᠠ ᠪᠤᠯᠤᠭᠰᠠᠠ ᠶᠤᠮ᠂ ᠴᠢᠨᠠᠭᠰᠢᠯᠠᠠ ᠲᠠᠯᠢᠬᠦᠦ ᠪᠤᠯᠤᠨ ᠬᠤᠲᠤᠭᠤᠲᠤ ᠬᠡᠮᠲᠦᠵᠠᠢ᠃    ᠵᠠᠰᠠᠬᠤ ᠠᠷᠭ᠎ᠠ᠄ ᠡᠶᠢᠮᠦ ᠪᠠᠶᠢᠲᠠᠯ ᠲᠠᠢ ᠪᠤᠯ ᠡᠪᠡᠳᠴᠢᠲᠠᠠ ᠬᠤᠭᠤᠯᠠ ᠢᠲᠡᠬᠦ ᠳᠡᠭᠡᠨ ᠮᠢᠬ᠎ᠠ ᠱᠦᠯᠦ ᠪᠠᠭ᠎ᠠ ᠢᠲᠡᠵᠦ᠂ ᠡᠯᠲᠡᠪ ᠠᠮᠤ ᠶᠢᠨ ᠰᠢᠩᠭᠡᠡ ᠪᠤᠲᠠᠭ᠎ᠠ᠂ ᠯᠢᠩᠠᠠᠸ᠎ᠠ ᠶᠢᠨ ᠦᠷ᠎ᠠ ᠶᠢᠨ ᠰᠢᠩᠭᠡᠡ ᠪᠤᠲᠠᠭ᠎ᠠ᠂ ᠯᠢᠩᠬᠸ᠎ᠠ ᠶᠢᠨ ᠦᠷ᠎ᠠ ᠶᠢᠨ ᠴᠠᠭᠠᠠ ᠲᠡᠯᠲᠡᠤ ᠶᠢᠨ ᠰᠢᠩᠭᠡᠡ ᠪᠤᠲᠠᠭ᠎ᠠ᠂ ᠰᠠᠷᠭᠠᠢ ᠴᠡᠴᠡᠭ ᠤᠨ ᠴᠠᠢ ᠵᠡᠷᠭᠡ ᠶᠢ ᠢᠯᠡᠭᠦᠭᠡᠡ ᠤᠤᠭᠤᠵᠦ ᠪᠤᠯᠤᠨ᠎ᠠ᠃ ᠭᠡᠷᠪᠡ ᠠᠮᠠ ᠭᠠᠰᠢᠭᠤ ᠤᠷᠬᠢᠵᠦ᠂ ᠠᠮᠠ ᠬᠠᠲᠠᠬᠤ ᠨᠢ ᠬᠡᠴᠡᠭᠦᠦ ᠪᠤᠯ ᠭᠠᠰᠢᠭᠤᠨ ᠭᠤᠸᠠ ᠢᠯᠡᠭᠦᠬᠡᠡ ᠢᠲᠡᠭᠡᠷᠡᠢ᠃ ᠪᠠᠰᠠ ᠡᠯᠢᠭᠡᠡ ᠤ ᠬᠠᠯᠠᠭᠤᠨ ᠢ ᠪᠠᠭᠤᠷᠠᠭᠤᠯᠬᠤ ᠯᠦᠩ ᠳᠠᠠ ᠦᠷᠠᠯ᠂ ᠡᠯᠢᠭᠡ ᠪᠤᠯᠤᠨ ᠰᠦᠰᠦ ᠳᠤ ᠲᠤᠰᠠᠲᠠᠢ ᠡᠮ ᠤᠤᠭᠤᠵᠦ ᠪᠤᠯᠤᠨ᠎ᠠ᠃ ᠶᠠᠷᠢᠶᠠᠠ ᠦᠭᠡᠢ ᠤᠷᠮ᠎ᠠ ᠰᠡᠳᠭᠢᠯᠭᠡ ᠮᠠᠭᠤ ᠪᠠᠶᠢᠬᠤ ᠨᠢ ᠮᠦᠨ ᠴᠤ ᠬᠠᠯᠠᠭᠤᠲᠠᠬᠤ ᠤᠴᠢᠷ ᠰᠢᠯᠲᠠᠭᠠᠠ ᠮᠦᠨ᠃ ᠡᠶᠢᠮᠦ ᠠᠴᠠ ᠵᠠᠵᠢ ᠶᠢᠨ ᠦᠰᠦ ᠨᠢ ᠴᠠᠶᠢᠭᠰᠠᠠ ᠬᠦᠮᠦᠰ ᠤᠷᠮ᠎ᠠ ᠰᠡᠳᠭᠢᠯᠭᠡ ᠪᠠᠨ ᠪᠠᠶᠠᠰᠤᠩᠭᠤᠢ ᠪᠠᠶᠢᠯᠭᠠᠵᠦ᠂ ᠬᠠᠮᠤᠭ ᠤᠨ ᠰᠠᠶᠢᠨ ᠨᠢ ᠠᠮᠢᠲᠤᠷᠠᠯ ᠤᠨ ᠤᠷᠮ᠎ᠠ ᠪᠠᠬ᠎ᠠ ᠶᠢ ᠰᠠᠶᠢᠵᠢᠷᠠᠭᠤᠯᠬᠤ ᠰᠤᠶᠤᠯ ᠪᠡᠶ᠎ᠠ ᠶᠢᠨ ᠲᠠᠮᠢᠷ ᠤᠨ ᠬᠦᠲᠡᠯᠭᠡᠭᠡᠡ ᠳᠤ ᠢᠯᠡᠭᠦᠭᠡᠡ ᠤᠷᠤᠯᠴᠠᠪᠠᠯ ᠰᠠᠶᠢᠨ᠃    ᠲᠤᠬᠤᠨ ᠲᠡᠭᠡᠷᠡᠬᠢ ᠦᠰᠦ ᠴᠠᠶᠢᠬᠤ — ᠪᠦᠭᠡᠷ᠎ᠠ ᠶᠢᠨ ᠭᠡᠢ ᠬᠦᠢᠴᠡᠳ ᠪᠤᠰᠤ ᠲᠤᠬᠤ ᠲᠠᠢ ᠲᠤᠬᠢᠷᠠᠯᠴᠠᠬᠤ ᠡᠷᠭᠡᠲᠡᠡ ᠪᠤᠯ ᠲᠠᠪᠤᠰᠠᠩ ᠪᠤᠯᠤᠨ᠎ᠠ᠃ ᠲᠠᠪᠤᠰᠠᠩ ᠤᠨ ᠲᠠᠮᠢᠷ ᠮᠠᠭᠤ ᠬᠦᠮᠦᠨ ᠪᠤᠯ ᠤᠯᠠᠠ ᠰᠢᠭᠡᠯᠭᠡᠵᠦ᠂ ᠰᠢᠭᠡᠰᠦ ᠠᠯᠲᠠᠬᠤ ᠪᠤᠶᠤ ᠰᠢᠭᠡᠰᠦ ᠪᠠᠨ ᠬᠤᠷᠢᠭᠯᠠᠵᠦ ᠲᠠᠶᠢᠯᠬᠦ ᠦᠭᠡᠢ᠂ ᠰᠢᠭᠡᠬᠦ ᠳᠤ ᠬᠦᠴᠢᠷᠲᠡᠬᠦ ᠵᠡᠷᠭᠡ ᠢᠯᠠᠷᠠᠯ ᠭᠠᠷᠲᠠᠭ᠃ ᠤᠴᠢᠷ ᠨᠢ ᠲᠠᠪᠤᠰᠠᠩ ᠤᠨ ᠭᠤᠤᠯ ᠴᠢᠲᠠᠪᠤᠷᠢ ᠪᠤᠯ ᠰᠢᠭᠡᠰᠦ ᠶᠢ ᠬᠠᠲᠠᠭᠠᠯᠠᠬᠤ ᠪᠦᠭᠡᠳ ᠰᠢᠭᠡᠰᠦ ᠶᠢ ᠭᠠᠲᠠᠭᠰᠢᠯᠠᠭᠤᠯᠤᠨ᠎ᠠ᠃ ᠡᠶᠢᠮᠦ ᠠᠴᠠ ᠡᠶᠢᠮᠦ ᠢᠯᠡᠷᠡᠯ ᠲᠠᠢ ᠬᠦᠮᠦᠰ ᠡᠷᠡᠭᠦᠯ ᠬᠦᠮᠦᠰ ᠰᠢᠭ ᠰᠢᠭᠡᠰᠦ ᠪᠠᠨ ᠬᠤᠷᠢᠬᠤ ᠦᠭᠡᠢ ᠪᠤᠯ ᠰᠠᠶᠢᠨ᠃ ᠲᠡᠷᠡ ᠮᠦᠷᠲᠡᠭᠡᠡ ᠲᠠᠪᠤᠰᠠᠩ ᠤᠨ ᠰᠢᠭᠡᠰᠦ ᠭᠠᠲᠠᠭᠰᠢᠯᠠᠭᠤᠯᠬᠤ ᠴᠢᠲᠠᠪᠤᠷᠢ ᠨᠢ ᠪᠦᠭᠡᠷ᠎ᠠ ᠶᠢᠨ ᠭᠡᠢ ᠶᠢᠨ ᠰᠠᠶᠢᠨ ᠮᠠᠭᠤ ᠲᠠᠢ ᠰᠢᠭᠤᠳ ᠬᠠᠷᠢᠴᠠᠭ᠎ᠠ ᠲᠠᠢ᠃    ᠡᠮᠨᠡᠬᠦ ᠠᠷᠭ᠎ᠠ᠄ ᠪᠦᠭᠡᠷᠡᠡ ᠳᠤ ᠲᠤᠰᠠᠲᠠᠢ ᠢᠲᠡᠭᠡᠡ ᠤᠮᠲᠠᠭᠠᠠ ᠡᠷᠡᠭᠲᠡᠢ ᠡᠮᠡᠭᠲᠡᠢ ᠠᠲᠠᠯᠢ ᠦᠭᠡᠢ ᠪᠠᠶᠢᠲᠠᠭ᠃ ᠡᠷᠡᠭᠲᠡᠶᠢᠴᠤᠳ ᠠᠮᠢᠲᠠᠠ ᠤ ᠪᠦᠭᠡᠷ᠎ᠠ᠂ ᠨᠤᠬᠠᠢ ᠶᠢᠨ ᠮᠢᠬ᠎ᠠ᠂ ᠬᠤᠨᠢ ᠶᠢᠨ ᠮᠢᠬ᠎ᠠ᠂ ᠪᠤᠭᠤ ᠶᠢᠨ ᠮᠢᠬ᠎ᠠ᠂ ᠵᠢᠷᠠᠭᠠᠬᠠᠢ᠂ ᠡᠷᠡᠭᠴᠢᠨ ᠲᠠᠬᠢᠶᠠᠠ ᠮᠢᠬ᠎ᠠ᠂ ᠬᠤᠰᠢᠭ᠎ᠠ ᠶᠢᠨ ᠴᠦᠮ᠎ᠠ᠂ ᠬᠠᠷ᠎ᠠ ᠪᠤᠷᠴᠠᠭ ᠵᠡᠷᠭᠡ ᠶᠢ ᠢᠲᠡᠨ᠎ᠠ᠃ ᠡᠮᠡᠭᠲᠡᠶᠢᠴᠤᠳ ᠪᠤᠯ ᠬᠠᠲᠠᠭᠠᠮᠠᠯ ᠬᠢᠰᠤᠭ᠎ᠠ᠂ ᠲᠠᠤᠯᠠᠢ ᠶᠢᠨ ᠪᠦᠭᠡᠷ᠎ᠠ ᠢᠲᠡᠵᠦ ᠪᠤᠯᠤᠨ᠎ᠠ᠃ ᠶᠠᠷᠢᠶᠠᠠ ᠦᠭᠡᠢ ᠲᠡᠭᠡᠷ᠎ᠠ ᠳᠤᠷᠠᠳᠤᠭᠰᠠᠨ ᠢᠲᠡᠭᠡᠡ ᠢ ᠡᠷᠡᠭᠲᠡᠢ ᠡᠮᠡᠭᠲᠡᠢ ᠪᠠᠰᠠ ᠦᠪᠠᠷ ᠤᠨ ᠪᠦᠭᠡᠷ᠎ᠠ ᠶᠢᠨ ᠠᠷᠭ᠎ᠠ ᠬᠤᠭᠤᠰᠤᠷᠠᠭᠰᠠᠠ ᠪᠤᠶᠤ ᠪᠢᠯᠢᠭ ᠬᠤᠭᠤᠰᠤᠷᠠᠭᠰᠠᠠ ᠡᠰᠡᠬᠦ ᠪᠠᠨ ᠦᠵᠡᠵᠦ ᠪᠠᠶᠢᠭᠠᠳ ᠰᠤᠩᠭᠤᠠ ᠢᠲᠡᠵᠦ ᠪᠤᠯᠤᠨ᠎ᠠ᠃    ᠦᠰᠦ ᠤᠷᠭᠤᠬᠤ ᠪᠠ ᠤᠨᠠᠬᠤ᠂ ᠦᠩᠭᠡ ᠬᠢᠯᠪᠠᠷ ᠲᠠᠢ ᠪᠠᠶᠢᠬᠤ ᠪᠠ ᠴᠠᠶᠢᠬᠤ ᠨᠢ ᠭᠤᠤᠯᠲᠠᠭᠤ ᠪᠦᠭᠡᠷ᠎ᠠ ᠶᠢᠨ ᠲᠠᠮᠢᠷᠵᠢᠯ ᠪᠤᠯᠤᠨ ᠡᠯᠢᠭᠡᠡ ᠤ ᠴᠢᠰᠤᠨ ᠤ ᠲᠡᠵᠢᠭᠡᠯ ᠳᠤ ᠲᠦᠰᠢᠭᠯᠡᠲᠡᠭ᠃ ᠠᠮᠤ ᠪᠤᠲᠠᠭ᠎ᠠ ᠪᠤᠯᠤᠨ ᠪᠤᠷᠴᠠᠭ ᠤᠨ ᠲᠦᠷᠦᠯ ᠤᠨ ᠭᠤᠤᠯ ᠢᠲᠡᠭᠡᠡ ᠢ ᠢᠲᠡᠬᠦ ᠦᠭᠡᠢ ᠪᠤᠶᠤ ᠪᠠᠭ᠎ᠠ ᠢᠲᠡᠬᠦ ᠨᠢ ᠶᠠᠷᠢᠶᠠᠠ ᠦᠭᠡᠢ ᠬᠤᠲᠤᠭᠤᠲᠤ ᠪᠤᠯᠤᠨ ᠲᠠᠯᠢᠬᠦᠦ ᠶᠢ ᠬᠡᠮᠲᠦᠭᠡᠵᠦ᠂ ᠠᠭᠠᠵᠢᠮ ᠳᠠᠭᠠᠨ ᠲᠠᠮ ᠢᠶᠠᠷ ᠡᠯᠢᠭᠡ ᠪᠤᠯᠤᠨ ᠪᠦᠭᠡᠷ᠎ᠠ ᠶᠢ ᠬᠡᠮᠲᠦᠭᠡᠨ᠎ᠠ᠃ ᠬᠦᠮᠦᠨ ᠵᠠᠯᠠᠭᠤ ᠪᠠᠶᠢᠬᠤ ᠳᠠᠭᠠᠨ᠂ ᠡᠯᠢᠭᠡᠡ ᠤ ᠲᠠᠮᠢᠷ ᠪᠤᠯᠤᠨ ᠴᠢᠰᠤᠨ ᠤ ᠬᠦᠶᠦᠲᠡᠯ ᠰᠠᠶᠢᠨ ᠪᠠᠶᠢᠲᠠᠭ ᠠᠴᠠ ᠭᠡᠵᠢᠭᠡ ᠦᠰᠦ ᠲᠦᠷᠭᠡᠡ ᠤᠷᠭᠤᠬᠤ ᠪᠦᠭᠡᠳ ᠦᠩᠭᠡ ᠲᠠᠢ ᠪᠠᠶᠢᠲᠠᠭ᠂ ᠭᠡᠲᠡᠯ᠎ᠠ ᠦᠲᠡᠯᠬᠦ ᠦᠶᠡᠰ ᠲᠠᠮᠢᠷ ᠬᠦᠴᠤ ᠮᠠᠭᠤᠲᠠᠵᠦ᠂ ᠭᠡᠵᠢᠭᠡ ᠦᠰᠦ ᠴᠠᠶᠢᠵᠦ ᠪᠠᠶᠢᠬᠤ ᠰᠢᠭᠤᠳ ᠰᠢᠯᠲᠠᠭᠠᠠ ᠪᠤᠯ ᠬᠤᠲᠤᠭᠤᠲᠤ ᠪᠤᠯᠤᠨ ᠲᠡᠯᠢᠬᠦᠦ ᠠᠴᠠ ᠬᠠᠩᠭᠠᠵᠦ ᠪᠦᠬᠦᠢ ᠰᠢᠮ᠎ᠠ ᠲᠡᠵᠢᠭᠡᠯ ᠬᠦᠷᠦᠯᠴᠡᠬᠦ ᠦᠭᠡᠢ ᠠᠴᠠ ᠪᠤᠯᠵᠠᠢ᠃ ᠭᠤᠤᠯ ᠢᠲᠡᠭᠡᠡ ᠳᠤ ᠴᠠᠷᠲᠠᠭᠤᠯ᠂ ᠰᠢᠬᠢᠷ᠂ ᠤᠭᠤᠷᠠᠭ ᠡᠳ᠋᠂ ᠡᠯ᠎ᠠ ᠵᠦᠢᠯ ᠤᠨ ᠸᠢᠲ᠋ᠠᠮᠢᠨ ᠪᠤᠯᠤᠨ ᠵᠡᠷᠢᠮ ᠪᠢᠴᠢᠯ ᠡᠯᠧᠮᠧᠨ᠋ᠲ ᠡᠯᠪᠡᠭ ᠠᠭᠤᠯᠤᠭᠲᠠᠵᠦ ᠪᠠᠶᠢᠲᠠᠭ᠂ ᠡᠲᠡᠭᠡᠷ ᠪᠤᠯ ᠪᠦᠷ ᠭᠡᠵᠢᠭᠡ ᠪᠠᠨ ᠮᠡᠯ ᠬᠠᠷ᠎ᠠ ᠪᠠᠶᠢᠯᠭᠠᠬᠤ ᠴᠢᠬᠤᠯᠠ ᠪᠦᠬᠦᠢ ᠰᠢᠮ᠎ᠠ ᠲᠡᠵᠢᠭᠡᠯ ᠤᠨ ᠪᠦᠷᠢᠯᠲᠦᠭᠦᠨ ᠪᠤᠯᠤᠨ᠎ᠠ᠃ ᠢᠲᠡᠷ ᠪᠠ ᠨᠠᠰᠤᠲᠠᠢ ᠬᠦᠮᠦᠨ ᠡᠲᠡᠭᠡᠷ ᠢ ᠭᠤᠤᠯ ᠢᠲᠡᠭᠡᠡ ᠪᠤᠯᠤᠨ ᠮᠢᠬ᠎ᠠ ᠲᠤᠲᠤᠷ᠎ᠠ ᠠᠴᠠ ᠬᠦᠢᠴᠡᠳ ᠰᠢᠩᠭᠡᠭᠡᠡ ᠠᠪᠴᠤ ᠲᠡᠶᠢᠯᠬᠦ ᠦᠭᠡᠢ ᠪᠤᠯᠪᠠᠯ ᠭᠡᠵᠢᠭᠡ ᠨᠢ ᠡᠷᠲᠡ ᠴᠠᠶᠢᠨ᠎ᠠ᠃    ᠦᠰᠦ ᠴᠠᠶᠢᠬᠤ ᠶᠢ ᠰᠡᠷᠭᠡᠶᠢᠯᠡᠬᠦ ᠭᠡᠪᠡᠯ ᠢᠲᠡᠷ ᠪᠠ ᠨᠠᠰᠤᠲᠠᠢ ᠬᠦᠮᠦᠰ ᠦᠷᠬᠦᠯᠵᠢ ᠬᠠᠷ᠎ᠠ ᠦᠩᠭᠡ ᠲᠠᠢ ᠠᠮᠤ ᠪᠤᠲᠠᠭ᠎ᠠ᠂ ᠬᠠᠷ᠎ᠠ ᠪᠤᠷᠴᠠᠭ᠂ ᠤᠯᠠᠭᠠᠠ ᠪᠤᠷᠴᠠᠭ᠂ ᠬᠠᠷ᠎ᠠ ᠮᠠᠭᠠᠵᠢ᠂ ᠬᠤᠰᠢᠭ᠎ᠠ ᠶᠢᠨ ᠴᠦᠮ᠎ᠠ ᠵᠡᠷᠭᠡ ᠶᠢ ᠦᠷᠬᠦᠯᠵᠢ ᠢᠲᠡᠵᠦ ᠪᠤᠯᠤᠨ᠎ᠠ᠃ ᠪᠠᠰᠠ ᠬᠠᠷ᠎ᠠ ᠲᠠᠬᠢᠶᠠᠠ ᠮᠢᠬ᠎ᠠ᠂ ᠦᠭᠡᠷ ᠤᠨ ᠮᠢᠬ᠎ᠠ᠂ ᠬᠤᠨᠢᠨ ᠮᠢᠬ᠎ᠠ᠂ ᠭᠠᠭ᠋ᠠᠢ ᠶᠢᠨ ᠡᠯᠢᠭᠡ ᠵᠡᠷᠭᠡ ᠶᠢ ᠢᠯᠡᠭᠦᠭᠡᠡ ᠢᠲᠡᠵᠦ ᠪᠤᠯᠤᠨ᠎ᠠ᠃ ᠡᠭᠦᠨ ᠠᠴᠠ ᠭᠠᠲᠠᠨ᠎ᠠ᠂ ᠢᠲᠡᠷ ᠪᠠ ᠨᠠᠰᠤᠲᠠᠢ ᠬᠦᠮᠦᠰ ᠬᠤᠯᠤᠤᠪᠠᠩ᠂ ᠦᠷᠭᠡᠰᠦᠲᠦ ᠨᠤᠭᠤᠭ᠎ᠠ᠂ ᠦᠨᠦᠷᠲᠦ ᠮᠦᠬᠦ᠂ ᠬᠠᠷ᠎ᠠ ᠲᠡᠯᠲᠡᠤ ᠵᠡᠷᠭᠡ ᠶᠢ ᠦᠷᠭᠦᠯᠵᠢ ᠢᠲᠡᠪᠠᠯ ᠭᠡᠵᠢᠭᠡ ᠪᠠᠨ ᠬᠠᠮᠠᠭᠠᠯᠠᠬᠤ ᠳᠤ ᠪᠠᠰᠠ ᠲᠤᠩ ᠲᠤᠰᠠᠲᠠᠢ᠃    ᠲᠠᠰᠢᠶᠠᠷᠠᠯ᠄ ᠴᠠᠭᠠᠠ ᠦᠰᠦ ᠶᠢ ᠨᠢᠭᠡ ᠦᠭᠲᠡᠭᠡᠪᠡᠯ ᠠᠷᠪᠠ ᠤᠷᠭᠤᠨ᠎ᠠ ᠤᠤ︖    ᠦᠰᠦ ᠴᠠᠶᠢᠬᠤ ᠪᠤᠯ ᠭᠤᠤᠯᠲᠠᠭᠤ ᠡᠰ ᠤᠨ ᠬᠠᠷ᠎ᠠ ᠡᠰ ᠦᠢᠯᠡᠳᠬᠦ ᠴᠢᠲᠠᠪᠤᠷᠢ ᠮᠠᠭᠤᠲᠠᠭᠰᠠᠠ ᠠᠴᠠ ᠪᠤᠯᠵᠠᠢ᠂ ᠡᠶᠢᠮᠦ ᠠᠴᠠ ᠴᠠᠭᠠᠠ ᠦᠰᠦ ᠶᠢ ᠦᠭᠲᠡᠭᠡᠬᠦ ᠲᠤᠲᠤᠮ ᠤᠯᠠᠠ ᠤᠷᠭᠤᠨ᠎ᠠ᠂ ᠨᠢᠭᠡ ᠦᠭᠲᠡᠭᠡᠪᠡᠯ ᠠᠷᠪᠠ ᠤᠷᠭᠤᠨ᠎ᠠ ᠭᠡᠬᠦ ᠬᠡᠯᠡᠯᠭᠡ ᠳᠤ ᠰᠢᠨᠵᠢᠯᠡᠬᠦ ᠤᠬᠠᠭᠠᠠᠴᠢ ᠭᠡᠷᠡᠴᠢ ᠪᠠᠷᠢᠮᠲᠠ ᠦᠭᠡᠢ᠃ ᠭᠡᠲᠡᠯ᠎ᠠ᠂ ᠴᠠᠭᠠᠠ ᠦᠰᠦ ᠶᠢ ᠦᠭᠲᠡᠭᠡᠬᠦ ᠨᠢ ᠠᠷᠠᠰᠤᠨ ᠦᠷᠪᠢᠰᠦᠯ ᠤᠯᠤᠭᠤᠯᠬᠤ ᠶᠢᠨ ᠲᠠᠭᠠᠤ ᠪᠠᠰᠠ ᠨᠢᠭᠡ ᠦᠰᠦ ᠶᠢᠨ ᠤᠭᠤᠲᠠ ᠠᠴᠠ ᠭᠡᠲᠦ ᠭᠡᠲᠦᠨ ᠦᠰᠦ ᠤᠷᠭᠤᠵᠦ᠂ ᠬᠡᠷᠪᠡ ᠴᠠᠭᠠᠠ ᠦᠰᠦ ᠶᠢ ᠦᠭᠲᠡᠭᠡᠪᠡᠯ ᠪᠤᠰᠤᠳ ᠡᠷᠡᠭᠦᠯ ᠦᠰᠦ ᠶᠢᠨ ᠤᠷᠭᠤᠯᠲᠠ ᠶᠢ ᠨᠦᠯᠦᠭᠡᠯᠡᠵᠦ᠂ ᠦᠰᠦ ᠤᠨᠠᠬᠤ ᠪᠤᠯᠭᠠᠨ᠎ᠠ᠃ ᠡᠶᠢᠮᠦ ᠠᠴᠠ ᠴᠠᠭᠠᠠ ᠦᠰᠦ ᠶᠢ ᠦᠭᠲᠡᠭᠡᠬᠦ ᠶᠢ ᠰᠠᠨᠠᠭᠤᠯᠬᠤ ᠦᠭᠡᠢ᠃ ᠬᠡᠷᠪᠡ ᠴᠠᠭᠠᠠ ᠦᠰᠦ ᠶᠢ ᠠᠭᠤᠴᠢᠯᠠᠬᠤ ᠶᠢᠨ ᠠᠷᠭ᠎ᠠ ᠦᠭᠡᠢ ᠪᠤᠯ ᠬᠤᠰᠤᠵᠦ ᠬᠠᠶᠠᠵᠦ ᠪᠤᠯᠤᠨ᠎ᠠ᠃ ᠶᠠᠭᠠᠬᠢᠭᠠᠳ ᠦᠰᠦ ᠤᠨᠠᠲᠠᠭ ᠪᠤᠢ︖     ᠡᠷᠡᠭᠲᠡᠶᠢᠴᠤᠳ ᠤᠨ ᠦᠰᠦ ᠤᠨᠠᠬᠤ ᠰᠢᠯᠲᠠᠭᠠᠠ᠄ ᠦᠰᠦ ᠤᠨᠠᠬᠤ ᠨᠢ ᠡᠷᠡᠭᠲᠡᠶᠢᠴᠤᠳ ᠤᠨ ᠠᠮᠢᠲᠤᠷᠠᠯ ᠪᠠ ᠠᠵᠢᠯ ᠢ ᠲᠤᠩ ᠨᠦᠯᠦᠭᠡᠯᠡᠲᠡᠭ᠂ ᠲᠡᠷᠡ ᠮᠦᠷᠲᠡᠭᠡᠡ ᠲᠤᠯᠤᠭᠠᠠ ᠬᠤᠪᠢ ᠶᠢᠨ ᠡᠮᠡᠭᠲᠡᠶᠢᠴᠤᠳ ᠦᠰᠦ ᠨᠢ ᠤᠨᠠᠭᠰᠠᠠ ᠡᠷᠡᠭᠲᠡᠢ ᠲᠠᠢ ᠨᠠᠶᠢᠵᠠᠯᠠᠬᠤ ᠦᠭᠡᠢ ᠭᠡᠵᠦ ᠰᠢᠭᠤᠳ ᠬᠡᠯᠡᠵᠦ ᠪᠤᠢ᠂ ᠡᠶᠢᠮᠦ ᠠᠴᠠ ᠡᠷᠡᠭᠲᠡᠶᠢᠴᠤᠳ ᠤᠨ ᠦᠰᠦ ᠤᠨᠠᠬᠤ ᠦᠵᠡᠭᠲᠡᠯ ᠨᠡᠶᠢᠲᠡᠮ ᠤᠨ ᠠᠩᠬᠠᠷᠤᠯ ᠢ ᠲᠠᠲᠠᠵᠦ ᠪᠠᠶᠢᠨ᠎ᠠ᠃ ᠲᠡᠭᠡᠪᠡᠯ ᠡᠷᠡᠭᠲᠡᠶᠢᠴᠤᠳ ᠤᠨ ᠦᠰᠦ ᠶᠠᠭᠤᠨ ᠳᠤ ᠤᠨᠠᠲᠠᠭ ᠪᠤᠢ︖ ᠲᠤᠰᠬᠠᠢ ᠮᠡᠷᠭᠡᠵᠢᠯᠳᠡᠳ ᠤᠨ ᠭᠡᠷᠬᠢᠨ ᠦᠰᠦ ᠤᠨᠠᠬᠤ ᠠᠴᠠ ᠵᠠᠶᠢᠯᠠᠰᠬᠢᠬᠦ ᠲᠤᠬᠠᠢ᠄ ᠤᠶᠤᠨ ᠰᠠᠨᠠᠭᠠᠠ ᠤ ᠪᠠᠶᠢᠲᠠᠯ ᠨᠢ ᠦᠰᠦ ᠤᠨᠠᠬᠤ᠂ ᠦᠰᠦ ᠡᠷᠲᠡ ᠠᠴᠠ ᠴᠠᠶᠢᠬᠤ ᠲᠠᠢ ᠲᠤᠩ ᠶᠡᠭᠡ ᠬᠠᠷᠢᠴᠠᠭ᠎ᠠ ᠲᠠᠢ᠂ ᠤᠷᠲᠤ ᠬᠤᠭᠤᠴᠠᠭ᠎ᠠ ᠪᠠᠷ ᠤᠷᠮ᠎ᠠ ᠰᠡᠳᠭᠢᠯᠭᠡ ᠭᠤᠲᠤᠷᠠᠩᠭᠤᠢ ᠪᠠᠶᠢᠪᠠᠯ ᠦᠰᠦ ᠤᠨᠠᠬᠤ᠂ ᠦᠰᠦ ᠴᠠᠶᠢᠬᠤ ᠶᠢ ᠨᠡᠩ ᠲᠦᠷᠭᠡᠡ ᠪᠤᠯᠭᠠᠵᠦ ᠮᠡᠲᠡᠨ᠎ᠠ᠃ ᠡᠩ ᠤᠨ ᠦᠶ᠎ᠠ ᠳᠡᠭᠡᠨ ᠵᠢᠮ᠎ᠠ ᠬᠠᠤᠯᠢ ᠲᠠᠢ ᠠᠮᠢᠲᠤᠷᠠᠵᠦ᠂ ᠰᠠᠶᠢᠨ ᠠᠮᠠᠷᠠᠵᠦ ᠰᠠᠶᠢᠨ ᠤᠨᠲᠠᠵᠦ᠂ ᠪᠠᠶᠠᠰᠤᠩᠭᠤᠢ ᠪᠠᠶᠢᠬᠤ ᠨᠢ ᠤᠶᠤᠨ ᠰᠠᠨᠠᠭ᠎ᠠ ᠶᠢᠨ ᠪᠠᠴᠢᠮᠲᠠᠯ ᠢ ᠠᠷᠢᠯᠭᠠᠵᠦ᠂ ᠦᠰᠦ ᠡᠷᠲᠡ ᠤᠨᠠᠬᠤ ᠶᠢ ᠰᠡᠷᠭᠡᠶᠢᠯᠡᠵᠦ ᠴᠢᠲᠠᠨ᠎ᠠ᠃       ︵︽ᠳᠤᠮᠳᠠᠳᠥ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ︾ ᠠᠴᠠ ᠰᠢᠯᠵᠢᠬᠦᠯᠪᠡ︶
 
ᠢᠷᠡᠯᠲᠡ᠄ ᠬᠢᠩᠭᠠᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号