ᠲᠠᠮᠠᠬᠢ ᠪᠠᠨ ᠵᠤᠭᠰᠤᠭᠠᠷᠠᠢ
ᠨᠡᠶᠢᠲᠡᠯᠡᠭᠰᠡᠨ ᠴᠠᠭ᠄
2024/7/19
  ᠲᠠᠮᠠᠬᠢ ᠲᠠᠳᠠᠭᠰᠠᠨ ᠠᠴᠠ ᠪᠤᠯᠵᠤ ᠲᠠᠨ ᠤ ᠬᠤᠪᠢ ᠪᠠᠶ᠎ᠠ ᠪᠠ ᠭᠡᠷ ᠪᠦᠯᠢ ᠳᠤ ᠶᠠᠮᠠᠷᠬᠠᠨ ᠬᠤᠤᠷ ᠬᠦᠨᠦᠬᠡᠯ᠂ ᠡᠪᠡᠳᠴᠢᠨ ᠡᠮᠭᠡᠭ ᠠᠪᠴᠢᠷᠠᠳᠠᠭ ᠢ ᠤᠯᠠᠨ ᠢᠶᠠᠷ ᠢᠶᠠᠨ ᠰᠠᠶᠢᠨ ᠮᠡᠳᠡᠨ᠎ᠡ᠃ ᠲᠠᠮᠠᠬᠢ ᠲᠠᠳᠠᠬᠤ ᠨᠢ ᠠᠭᠤᠰᠭᠢᠨ ᠤ ᠴᠢᠳᠠᠪᠬᠢ ᠶᠢ ᠮᠠᠭᠤᠳᠠᠭᠤᠯᠵᠤ᠂ ᠨᠢᠳᠤᠨ ᠤ ᠡᠪᠡᠷᠯᠢᠭ ᠪᠦᠷᠬᠦᠪᠴᠢ ᠶᠢ ᠰᠢᠷᠬᠠᠳᠤᠭᠤᠯᠤᠨ᠂ ᠰᠢᠳᠤ ᠰᠤᠯᠠᠷᠠᠬᠤ ᠪᠡ ᠵᠢᠷᠦᠭᠡ ᠡᠯᠢᠭᠡ ᠬᠤᠳᠤᠭᠤᠳᠦ ᠵᠡᠷᠭᠡ ᠴᠤᠯᠤ ᠰᠠᠪᠠᠨ ᠳᠤ ᠠᠶᠤᠮᠰᠢᠬᠳᠠᠢ ᠬᠦᠨᠦᠭᠡᠯ ᠤᠴᠠᠷᠠᠭᠤᠯᠳᠠᠭ᠃ ᠲᠡᠭᠡᠪᠡᠯ ᠲᠠᠮᠠᠬᠢ ᠪᠠᠨ ᠵᠤᠭᠰᠤᠪᠠᠯ ᠲᠠᠨ ᠤ ᠪᠡᠶ᠎ᠡ ᠳᠤ ᠶᠠᠮᠠᠷᠬᠠᠨ ᠬᠤᠪᠢᠷᠠᠯᠳᠠ ᠠᠪᠴᠢᠷᠠᠳᠠᠭ ᠢ ᠮᠡᠳᠡᠬᠦ ᠤᠤ︖   ᠢᠯᠡᠬᠦᠦ ᠤᠨᠳᠠᠵᠤ ᠠᠮᠠᠷᠠᠵᠥ ᠲᠠᠶᠢᠯᠭᠦ ᠪᠤᠯᠳᠠᠭ᠃ ᠲᠠᠮᠠᠬᠢ ᠵᠤᠬᠰᠤᠭᠠᠳ 12 ᠴᠠᠭ ᠪᠤᠯᠪᠠᠯ ᠲᠤᠬᠠᠢ ᠶᠢᠨ ᠬᠦᠮᠦᠨ ᠤ ᠴᠢᠰᠤᠨ ᠳᠠᠬᠢ ᠨᠡᠭᠦᠷᠡᠰᠦᠳᠦ᠋ᠷᠦᠭᠴᠢ ᠶᠢᠨ ᠢᠰᠦᠯ ᠪᠠᠭᠤᠷᠠᠵᠤ᠂ ᠡᠷᠡᠬᠦᠯ ᠬᠡᠮᠵᠢᠶᠡᠨ ᠳᠡᠭᠡᠨ ᠤᠷᠤᠨ᠎ᠠ᠃ ᠲᠡᠭᠦᠨᠴᠢᠯᠡᠨ ᠴᠢᠰᠤᠨ ᠳᠤ ᠠᠭᠤᠯᠳᠠᠭ ᠬᠦᠴᠢᠯᠳᠦ᠋ᠷᠦᠭᠴᠢ ᠨᠡᠮᠡᠭᠳᠡᠵᠤ ᠡᠬᠢᠯᠡᠭᠰᠡᠨ ᠢᠶᠠᠷ ᠢᠯᠡᠬᠦᠦ ᠤᠨᠳᠠᠵᠤ ᠠᠮᠠᠷᠠᠳᠠᠵᠥ ᠲᠠᠶᠢᠯᠭᠦ ᠪᠤᠯᠳᠠᠬ᠃   ᠵᠢᠷᠦᠬᠡᠨ ᠪᠤᠯᠴᠢᠩ ᠤᠨ ᠲᠦᠭᠵᠢᠷᠡᠯ ᠡᠪᠡᠳᠴᠢᠨ ᠠᠴᠠ ᠵᠠᠶᠢᠯᠠᠭᠤᠯᠤᠨ᠎ᠠ᠃ ᠡᠨᠡ ᠡᠪᠡᠳᠴᠢᠨ ᠪᠤᠯ ᠬᠦᠭᠰᠢᠨ ᠵᠠᠯᠠᠭᠤ ᠭᠡᠵᠤ ᠢᠯᠭᠠᠯ ᠦᠭᠡᠢ ᠠᠪᠤᠭᠠᠳ ᠶᠠᠪᠤᠳᠠᠭ ᠠᠶᠤᠮᠰᠢᠬᠳᠠᠢ ᠡᠪᠡᠳᠴᠢᠨ ᠶᠤᠮ᠃ ᠲᠠᠮᠠᠬᠢ ᠲᠠᠳᠠᠳᠠᠭ ᠬᠦᠮᠦᠰ ᠡᠨᠡ ᠡᠪᠡᠳᠴᠢᠨ ᠳᠤ ᠨᠡᠷᠪᠡᠭᠳᠡᠬᠦ ᠨᠤᠷᠮ᠎ᠠ ᠲᠤᠩ ᠦᠨᠳᠦᠷ ᠪᠠᠶᠢᠳᠠᠭ ᠠᠴᠠ ᠬᠡᠷᠪᠡ ᠲᠠ ᠲᠠᠮᠠᠬᠢ ᠪᠠᠨ ᠵᠤᠭᠰᠤᠭᠰᠠᠨ 24 ᠴᠠᠭ ᠤᠨ ᠲᠠᠷᠠᠭ᠎ᠠ ᠪᠤᠯᠬᠤ ᠳᠤ ᠵᠢᠷᠦᠭᠡᠨ ᠪᠤᠯᠴᠢᠩ ᠤᠨ ᠲᠦᠭᠵᠢᠷᠡᠯ ᠡᠪᠡᠳᠴᠢᠨ ᠳᠤ ᠨᠡᠷᠪᠡᠭᠳᠡᠬᠦ ᠮᠠᠭᠠᠳᠯᠠᠯ 30 ᠬᠤᠪᠢ ᠪᠠᠷ ᠪᠠᠭᠤᠷᠠᠳᠠᠭ᠃   ᠠᠮᠳᠠᠯᠠᠬᠤ ᠰᠡᠷᠡᠯ ᠰᠡᠷᠬᠦᠨ᠎ᠡ᠃ ᠲᠠᠮᠠᠬᠢᠨ ᠠᠴᠠ ᠭᠠᠷᠤᠭᠠᠳ ᠰᠠᠷ᠎ᠠ ᠪᠤᠯᠬᠤ ᠳᠤ ᠯᠡ ᠲᠠᠨ ᠤ ᠲᠤᠳᠤᠭᠠᠳᠦ ᠡᠷᠭᠡᠳᠡᠨ ᠰᠢᠰᠲ᠋ᠧᠮ ᠤᠳ ᠬᠡᠪ ᠤᠨ ᠠᠵᠢᠯᠯᠠᠭᠠᠨ ᠳᠠᠭᠠᠨ ᠤᠷᠤᠵᠤ᠂ ᠤᠯᠠᠮ ᠢᠶᠠᠷ ᠠᠭᠤᠰᠭᠢᠨ ᠲᠤᠳᠤᠷ᠎ᠠ ᠠᠭᠤᠯᠤᠭᠳᠠᠵᠤ ᠪᠠᠶᠢᠭᠰᠠᠨ ᠪᠦᠬᠦᠢ ᠯᠡ ᠬᠤᠤᠷ ᠲᠠᠢ ᠤᠳᠤᠭ᠎ᠠ ᠲᠤᠷᠳᠤᠭ ᠤᠳ ᠴᠡᠪᠡᠷᠰᠢᠵᠤ᠂ ᠰᠡᠳᠭᠢᠯ ᠰᠠᠨᠠᠭ᠎ᠠ ᠰᠡᠷᠬᠦᠨ᠂ ᠠᠮᠳᠠᠯᠠᠬᠤ ᠰᠡᠷᠡᠯ ᠰᠡᠷᠭᠦᠵᠤ ᠡᠬᠢᠯᠡᠨ᠎ᠡ᠃   ᠠᠮᠢᠰᠬᠤᠭ᠎ᠠ ᠴᠢᠬᠤᠯᠳᠠᠬᠤ ᠠᠶᠠᠳᠠᠨ᠎ᠠ᠃ ᠲᠠᠮᠠᠬᠢ ᠲᠠᠳᠠᠳᠠᠭ ᠬᠦᠮᠦᠨ ᠠᠮᠢᠰᠬᠤᠭ᠎ᠠ ᠴᠢᠬᠤᠯᠳᠠᠭᠠᠳ ᠬᠦᠶᠦᠵᠤ ᠲᠡᠶᠢᠯᠳᠡᠭ ᠦᠭᠡᠢ᠃ ᠬᠡᠷᠪᠡ ᠲᠠᠮᠠᠬᠢᠨ ᠠᠴᠠ ᠭᠠᠷᠴᠢᠬᠠᠪᠠᠯ ᠠᠭᠤᠰᠭᠢᠨ ᠪᠠᠭᠳᠠᠭᠠᠮᠵᠢ ᠨᠡᠮᠡᠭᠳᠡᠵᠤ᠂ ᠬᠦᠶᠦᠵᠤ ᠬᠠᠷᠠᠶᠢᠬᠤ ᠬᠡᠪ ᠤᠨ ᠪᠤᠯᠵᠤ ᠠᠮᠢᠰᠬᠤᠭ᠎ᠠ ᠵᠢᠭᠳᠡᠷᠡᠭᠡᠳ ᠢᠷᠡᠨ᠎ᠡ᠃ ᠲᠡᠭᠦᠨᠴᠢᠯᠡᠨ ᠠᠯᠬᠤᠬᠤ ᠬᠡᠮᠨᠡᠯ ᠤᠷᠳᠤᠰᠴᠦ ᠬᠠᠨᠢᠶᠠᠯᠭᠠᠬᠤ ᠪᠠᠭᠠᠰᠤᠭᠠᠳ ᠢᠷᠡᠬᠦ ᠨᠢ ᠲᠠᠨ ᠳᠤ ᠮᠡᠳᠡᠭᠳᠠᠨ᠎ᠠ᠃   ᠠᠮᠠᠨ ᠠᠴᠠ ᠡᠪ ᠦᠭᠡᠢ ᠦᠨᠦᠷ ᠦᠨᠦᠷᠳᠦᠭᠳᠡᠬᠦ ᠦᠬᠡᠢ ᠪᠤᠯᠤᠨ᠎ᠠ᠃ ᠲᠠᠮᠠᠬᠢ ᠲᠠᠳᠠᠳᠠᠭ ᠬᠦᠮᠦᠨ ᠤ ᠠᠮᠠᠨ ᠠᠴᠠ ᠦᠪᠡᠷ ᠢᠶᠠᠨ ᠴᠦ ᠮᠡᠳᠡᠯ ᠦᠭᠡᠢ ᠮᠠᠰᠢ ᠡᠪ ᠦᠭᠡᠢ ᠦᠨᠦᠷ ᠦᠨᠦᠷᠳᠦᠳᠡᠭ᠃ ᠲᠡᠷᠡ ᠦᠨᠦᠷ ᠢ ᠬᠡᠴᠢᠨᠡᠨ ᠪᠤᠬᠢ ᠵᠠᠵᠢᠯᠤᠭᠠᠳ ᠰᠢᠳᠦ ᠪᠠᠨ ᠤᠬᠢᠶᠠᠭᠰᠠᠨ ᠴᠦ ᠠᠷᠢᠯᠳᠠᠭ ᠦᠭᠡᠢ᠃ ᠵᠦᠪᠬᠡᠨ ᠲᠠᠮᠠᠬᠢ ᠪᠠᠨ ᠬᠠᠶᠠᠪᠠᠯ ᠰᠠᠶ᠋ᠢ ᠤᠷᠤ ᠲᠠᠰᠤ ᠠᠷᠢᠯᠳᠠᠭ᠃   ᠴᠢᠰᠤ ᠬᠠᠷᠪᠤᠬᠤ ᠮᠠᠭᠠᠳᠯᠠᠯ ᠪᠠᠭᠤᠷᠠᠨ᠎ᠠ᠃ ᠲᠠᠮᠠᠬᠢᠨ ᠠᠴᠠ ᠭᠠᠷᠤᠭᠠᠳ 5 — 10 ᠵᠢᠯ ᠤᠨ ᠲᠠᠷᠠᠭ᠎ᠠ ᠲᠠᠨ ᠤ ᠪᠡᠶ᠎ᠡ ᠶᠢᠨ ᠤᠷᠭᠠᠨᠢᠰᠮ ᠪᠦᠷᠢᠨ ᠡᠷᠡᠬᠦᠯᠵᠢᠨ᠂ ᠬᠡᠪ ᠤᠨ ᠪᠠᠶᠢᠳᠠᠯ ᠳᠠᠭᠠᠨ ᠪᠤᠴᠠᠬᠤ ᠤᠯᠠᠮ ᠢᠶᠠᠷ ᠴᠢᠰᠤ ᠬᠠᠷᠪᠤᠬᠤ ᠮᠠᠭᠠᠳᠯᠠᠯ ᠲᠠᠮᠠᠬᠢ ᠲᠠᠳᠠᠳᠠᠭ ᠦᠬᠡᠢ ᠬᠦᠮᠦᠨ ᠤ ᠬᠢ ᠲᠠᠢ ᠢᠵᠢᠯ ᠲᠦᠪᠰᠢᠨ ᠳᠤ ᠤᠴᠢᠳᠠᠭ᠃   ᠬᠤᠤᠷᠠᠳᠦ ᠬᠠᠪᠤᠳᠠᠷ ᠢᠶᠠᠷ ᠡᠪᠡᠳᠴᠢᠯᠡᠬᠦ ᠮᠠᠭᠠᠳᠯᠠᠯ ᠪᠠᠭᠤᠷᠠᠨ᠎ᠠ᠃ ᠶᠠᠷᠢᠶᠠᠨ ᠦᠭᠡᠢ ᠲᠠᠮᠠᠬᠢ ᠲᠠᠳᠠᠳᠠᠭ ᠦᠬᠡᠢ ᠬᠦᠮᠦᠨ ᠬᠤᠤᠷᠠᠳᠦ ᠬᠠᠪᠤᠳᠠᠷ ᠢᠶᠠᠷ ᠡᠪᠡᠳᠴᠢᠯᠡᠳᠡᠭ ᠦᠭᠡᠢ ᠭᠡᠰᠡᠨ ᠦᠭᠡ ᠪᠢᠰᠢ᠃ ᠬᠡᠬᠦ ᠳᠡᠭᠡᠨ ᠲᠠᠮᠠᠬᠢ ᠲᠠᠳᠠᠳᠠᠭ ᠬᠦᠮᠦᠨ ᠤ ᠬᠤᠤᠷᠠᠳᠦ ᠬᠠᠪᠤᠳᠠᠷ ᠲᠤ ᠨᠡᠷᠪᠡᠭᠳᠡᠬᠦ ᠮᠠᠭᠠᠳᠯᠠᠯ ᠲᠠᠮᠠᠬᠢ ᠲᠠᠳᠠᠳᠠᠭ ᠦᠭᠡᠢ ᠬᠦᠮᠦᠨ ᠠᠴᠠ ᠬᠠᠮᠢᠶ᠎ᠠ ᠦᠭᠡᠢ ᠦᠨᠳᠦᠷ ᠪᠠᠶᠢᠬᠤ ᠶᠢ ᠲᠤᠭ᠎ᠠ ᠪᠠᠷᠢᠮᠳᠠ ᠬᠡᠷᠡᠴᠢᠯᠡᠭᠰᠡᠨ ᠶᠤᠮ᠃   ᠰᠡᠳᠭᠢᠯ ᠰᠠᠨᠠᠭ᠎ᠠ ᠲᠠᠶᠢᠪᠤᠩ ᠲᠤᠭᠳᠠᠭᠤᠨ ᠪᠤᠯᠵᠤ᠂ ᠠᠵᠢᠯ ᠤᠨ ᠡᠷᠴᠢ ᠬᠦᠴᠦ ᠨᠡᠮᠡᠭᠳᠡᠨ᠎ᠡ᠃ ᠲᠠᠮᠠᠬᠢ ᠲᠠᠳᠠᠳᠠᠭ ᠬᠦᠮᠦᠨ ᠵᠢᠷ ᠤᠨ ᠬᠦᠮᠦᠨ ᠠᠴᠠ ᠬᠠᠪᠢ ᠦᠭᠡᠢ ᠲᠦᠷᠭᠡᠨ ᠠᠭᠤᠷ ᠲᠠᠢ᠂ ᠰᠡᠳᠭᠢᠯ ᠤᠨ ᠬᠦᠳᠡᠯᠭᠡᠭᠡᠨ ᠶᠡᠭᠡ ᠲᠠᠢ᠂ ᠬᠡᠮᠳᠦ ᠭᠡᠷᠡᠭ ᠲᠤ ᠬᠤᠯᠪᠤᠭᠳᠠᠬᠤ ᠮᠠᠭᠠᠳᠯᠠᠯ ᠦᠨᠳᠦᠷ ᠪᠤᠯᠬᠤ ᠶᠢ ᠰᠤᠳᠤᠯᠭ᠎ᠠ ᠪᠠᠷ ᠨᠤᠳᠠᠯᠠᠭᠰᠠᠨ ᠪᠠᠶᠢᠨ᠎ᠠ᠃ ᠲᠠᠮᠠᠬᠢ ᠪᠠᠨ ᠵᠤᠭᠰᠤᠭᠰᠠᠨ ᠠᠴᠠ ᠲᠠᠨ ᠤ ᠰᠡᠳᠭᠢᠯ ᠰᠠᠨᠠᠭ᠎ᠠ ᠲᠠᠶᠢᠪᠤᠩ ᠲᠤᠭᠳᠠᠭᠤᠨ ᠪᠤᠯᠵᠤ᠂ ᠠᠭᠤᠷ ᠤᠴᠠᠭᠠᠷ ᠨᠠᠮᠳᠠᠵᠤ᠂ ᠪᠡᠶ᠎ᠡ ᠶᠢᠨ ᠲᠠᠮᠢᠷ ᠲᠡᠩᠭᠡᠬᠡ ᠨᠡᠮᠡᠭᠳᠡᠬᠦ ᠶᠢᠨ ᠤᠯᠠᠮ ᠢᠶᠠᠷ ᠠᠵᠢᠯ ᠤᠨ ᠡᠷᠴᠢ ᠬᠦᠴᠦ ᠴᠢᠩᠭᠠᠷᠠᠵᠤ ᠢᠷᠡᠳᠡᠭ᠃   ᠲᠠ ᠦᠪᠡᠷ ᠤᠨ ᠪᠡᠶ᠎ᠡ ᠶᠢᠨ ᠡᠷᠡᠬᠦᠯ ᠮᠡᠨᠳᠦ᠂ ᠲᠡᠷᠡᠴᠢᠯᠡᠨ ᠠᠪᠤ ᠡᠵᠢ᠂ ᠠᠮᠠᠷᠠᠭ ᠬᠠᠨᠢ᠂ ᠦᠷ᠎ᠡ ᠬᠡᠥᠬᠡᠳ᠂ ᠨᠠᠶᠢᠵᠠ ᠨᠦᠬᠦᠳ ᠤᠨ ᠢᠶᠠᠨ ᠪᠡᠶ᠎ᠡ ᠰᠡᠳᠭᠢᠯ ᠤᠨ ᠡᠷᠡᠬᠦᠯ ᠮᠡᠨᠳᠦ ᠶᠢᠨ ᠲᠦᠯᠦᠭᠡ ᠲᠠᠮᠠᠬᠢ ᠠᠴᠠ ᠲᠠᠳᠠᠭᠠᠯᠵᠠᠵᠤ᠂ ᠲᠠᠮᠠᠬᠢ ᠪᠠᠨ ᠵᠤᠭᠰᠤᠬᠤ ᠶᠢ ᠰᠠᠨᠠᠭᠤᠯᠵᠤ ᠪᠠᠶᠢᠨ᠎ᠠ᠃ ᠲᠠᠮᠠᠬᠢ ᠪᠠᠨ ᠵᠤᠭᠰᠤᠭᠰᠠᠨ ᠠᠴᠠ ᠲᠠᠨ ᠤ ᠪᠡᠶ᠎ᠡ ᠰᠡᠳᠭᠢᠯ᠂ ᠠᠵᠢᠯ ᠠᠮᠢᠳᠤᠷᠠᠯ ᠳᠤ ᠶᠡᠬᠡᠭᠡᠨ ᠬᠤᠪᠢᠷᠠᠯᠳᠠ ᠠᠪᠴᠢᠷᠠᠵᠤ᠂ ᠠᠬᠢᠭᠠᠳ ᠰᠢᠨ᠎ᠡ ᠠᠮᠢ ᠨᠠᠰᠤ ᠤᠯᠤᠭᠰᠠᠨ ᠮᠡᠳᠦ ᠠᠯᠢᠪᠠ ᠪᠦᠬᠦᠨ ᠰᠠᠶᠢᠨ ᠰᠠᠶᠢᠬᠠᠨ ᠢᠶᠠᠷ ᠡᠷᠬᠢᠬᠦ ᠪᠤᠯᠤᠨ᠎ᠠ᠃         ︵︽ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ︾ ᠠᠴᠠ︶
 
ᠢᠷᠡᠯᠲᠡ᠄ ᠬᠢᠩᠭᠠᠨ ᠤ ᠡᠳᠣᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号