ᠮᠠᠰᠢᠨ ᠵᠢᠯᠤᠭᠤᠳᠬᠤ ᠳᠤ ᠠᠩᠬᠠᠷᠤᠭᠠᠷᠠᠢ
ᠨᠡᠶᠢᠲᠡᠯᠡᠭᠰᠡᠨ ᠴᠠᠭ᠄
2025/6/10
        ᠮᠠᠰᠢᠨ ᠲᠡᠷᠬᠡ ᠵᠢᠯᠤᠭᠤᠳᠬᠤ ᠳᠠᠭᠠᠨ ᠠᠶᠤᠯ ᠦᠬᠡᠢ ᠪᠦᠰᠡ ᠪᠦᠰᠡᠯᠡᠬᠦ ︵ᠪᠤᠶᠤ ᠳᠤᠭᠤᠯᠠᠭ᠎ᠠ ᠵᠡᠬᠦᠬᠦ︶᠂ ᠬᠤᠷᠳᠤᠴᠠ ᠬᠡᠳᠤᠷᠡᠬᠦᠯᠬᠦ ᠦᠬᠡᠢ ᠪᠠᠶᠢᠬᠤ ᠶᠢ ᠠᠩᠬᠠᠷᠴᠤ᠂ ᠠᠷᠢᠬᠢ ᠤᠤᠭᠤᠪᠠᠯ ᠮᠠᠰᠢᠨ ᠵᠢᠯᠤᠭᠤᠳᠬᠤ ᠦᠬᠡᠢ ᠪᠠᠶᠢᠬᠤ ᠨᠢ ᠵᠠᠮ ᠬᠠᠷᠢᠯᠴᠠᠭᠠᠨ ᠤ ᠰᠢᠷᠬᠠᠳᠤᠯ ᠬᠡᠮᠳᠤᠯ ᠢ ᠦᠨᠡᠡ ᠬᠦ ᠴᠦᠬᠡᠳᠬᠡᠵᠤ ᠲᠡᠶᠢᠯᠳᠡᠭ᠃        ᠪᠦᠬᠦ ᠲᠡᠯᠡᠬᠡᠢ ᠶᠢᠨ ᠵᠢᠯ ᠪᠤᠯᠭᠠᠨ ᠤ ᠠᠶᠠᠨ ᠵᠠᠮ ᠳᠠᠭᠠᠨ ᠮᠠᠰᠢᠨ ᠲᠡᠷᠬᠡ ᠮᠦᠷᠬᠦᠯᠳᠦᠭᠰᠡᠡ ᠠᠴᠠ ᠪᠤᠯᠵᠤ ᠠᠮᠢ ᠪᠠᠨ ᠬᠤᠷᠤᠭᠠᠭᠰᠠᠠ ᠬᠦᠮᠤᠨ ᠤ ᠳᠤᠭ᠎ᠠ ᠪᠠᠷᠤᠭ 120 ᠲᠦᠮᠨ ᠳᠤ ᠬᠦᠷᠳᠡᠭ᠃ ᠡᠨᠡ ᠨᠢ ᠪᠦᠬᠦ ᠲᠡᠯᠡᠬᠡᠢ ᠶᠢᠨ ᠦᠬᠦᠵᠤ ᠡ᠊ᠨᠳᠡᠭᠰᠡᠡ ᠬᠦᠮᠤᠨ ᠤ ᠶᠠᠷᠤᠩᠬᠡᠢ ᠳᠤᠭᠠᠨ ᠤ 2.1% ᠶᠢ ᠡᠵᠡᠯᠡᠵᠤ ᠪᠤᠢ᠃ ᠡᠬᠦᠨ ᠠᠴᠠ ᠭᠠᠳᠠᠨ᠎ᠠ ᠪᠠᠰᠠ ᠬᠡᠳᠤᠨ ᠵᠠᠭᠤᠨ ᠲᠦᠮᠡᠨ ᠬᠦᠮᠤᠨ ᠵᠠᠮ ᠬᠠᠷᠢᠯᠴᠠᠭᠠᠨ ᠤ ᠡ᠊ᠨᠳᠡᠯ ᠠᠴᠠ ᠪᠤᠯᠵᠤ ᠰᠢᠷᠬᠠᠳᠤᠨ ᠬᠡᠮᠳᠤᠳᠡᠭ᠂ ᠵᠠᠮ ᠬᠠᠷᠢᠯᠴᠠᠭᠠᠨ ᠤ ᠡ᠊ᠨᠳᠡᠯ ᠠᠴᠠ ᠪᠤᠯᠤᠭᠰᠠᠠ ᠰᠢᠷᠬᠠᠳᠤᠯ ᠬᠡᠮᠳᠤᠯ ᠨᠢ 5 — 25 ᠨᠠᠰᠤᠨ ᠤ ᠬᠤᠭᠤᠷᠤᠨᠳᠤᠬᠢ ᠬᠦᠮᠤᠰ ᠤᠨ ᠦᠬᠦᠵᠤ ᠰᠦᠢᠳᠬᠦ ᠠᠶᠤᠯ ᠤᠨ ᠬᠤᠶᠠᠳᠤᠭᠠᠷ ᠶᠡᠭᠡ ᠰᠢᠯᠳᠠᠭᠠᠨ ᠪᠤᠯᠤᠭᠠᠳ ᠪᠠᠶᠢᠨ᠎ᠠ᠃        ᠵᠠᠮ ᠬᠠᠷᠢᠯᠴᠠᠭᠠᠨ ᠤ ᠡ᠊ᠨᠳᠡᠯ ᠠᠴᠠ ᠮᠤᠯᠳᠤᠷᠠᠨ ᠵᠠᠶᠢᠯᠠᠵᠤ ᠪᠤᠯᠳᠠᠭ᠃ ᠮᠠᠰᠢ ᠤᠯᠠᠨ ᠤᠯᠤᠰ ᠤᠨ ᠬᠢᠨ ᠵᠠᠩᠬᠢᠯᠠᠭ᠎ᠠ ᠶᠢᠨ ᠠᠰᠠᠭᠤᠳᠠᠯ ᠢ ᠰᠶᠢᠳᠪᠤᠷᠢᠯᠡᠬᠦ ᠪᠠᠷ ᠲᠠᠮᠵᠢᠨ ᠡ᠊ᠨᠳᠡᠯ ᠭᠠᠷᠬᠤ ᠳᠤᠭ᠎ᠠ ᠬᠡᠮᠵᠢᠶ᠎ᠠ᠂ ᠲᠡᠪᠳᠡᠮᠵᠢ ᠪᠤᠯᠤᠨ ᠬᠦᠨᠳᠤ ᠨᠤᠴᠢᠳᠠᠢ ᠴᠢᠨᠠᠷ ᠢ ᠮᠡᠳᠡᠭᠳᠡᠬᠦᠶᠢᠴᠠ ᠪᠠᠭᠤᠷᠠᠭᠤᠯᠤᠭᠰᠠᠠ ᠪᠠᠶᠢᠳᠠᠭ᠃ ᠬᠠᠮᠢᠶ᠎ᠠ ᠪᠦᠬᠦᠢ ᠮᠠᠲ᠋ᠧᠷᠢᠶᠠᠯ ᠳᠤ ᠳᠤᠳᠤᠷᠬᠠᠶᠢᠯᠠᠭᠰᠠᠠ ᠢ ᠦᠨᠳᠤᠰᠤᠯᠠᠪᠠᠯ᠂ ᠮᠠᠰᠢᠨ ᠲᠡᠷᠬᠡ ᠵᠢᠯᠤᠭᠤᠳᠬᠤ ᠪᠤᠶᠤ ᠮᠠᠰᠢᠨ ᠲᠡᠷᠬᠡᠨ ᠳᠤ ᠰᠠᠭᠤᠬᠤ ᠳᠠᠭᠠᠨ ᠠᠶᠤᠯ ᠦᠬᠡᠢ ᠪᠦᠰᠡ ᠶᠢ ᠪᠦᠰᠡᠯᠡᠪᠡᠯ ᠰᠢᠷᠬᠠᠳᠤᠵᠤ ᠬᠡᠮᠳᠤᠬᠦ ᠠᠶᠤᠯ ᠢ 4% — 5% ᠪᠠᠷ ᠪᠠᠭᠤᠷᠠᠭᠤᠯᠵᠤ ᠪᠤᠯᠬᠤ ᠪᠦᠬᠡᠳ ᠦᠬᠦᠵᠤ ᠰᠦᠢᠳᠬᠦ ᠠᠶᠤᠯ ᠢ 4% — 6% ᠪᠠᠷ ᠴᠦᠬᠡᠳᠬᠡᠵᠤ ᠲᠡᠶᠢᠯᠳᠡᠭ᠃        ᠲᠤᠭᠤᠯᠠᠭ᠎ᠠ ᠵᠡᠬᠦᠬᠦ ᠨᠢ ᠤᠨᠤᠵᠤ ᠪᠠᠶᠢᠬᠤ ᠮᠤᠲ᠋ᠤᠷ ᠬᠢᠬᠡᠳ ᠳᠤᠭᠤᠢ ᠲᠡᠷᠬᠡ ᠮᠦᠷᠬᠦᠯᠳᠤᠵᠤ ᠳᠤᠯᠤᠭᠠᠢ ᠶᠢᠨ ᠬᠡᠰᠡᠭ ᠰᠢᠷᠬᠠᠳᠤᠵᠤ ᠬᠡᠮᠳᠤᠬᠦ ᠶᠢ ᠴᠦᠬᠡᠳᠬᠡᠵᠤ ᠪᠤᠯᠬᠤ ᠬᠠᠮᠤᠭ ᠪᠦᠳᠤᠮᠵᠢᠳᠡᠢ ᠠᠷᠭ᠎ᠠ ᠬᠡᠯᠪᠡᠷᠢ ᠪᠤᠯᠤᠨ᠎ᠠ᠃ ᠮᠤᠲ᠋ᠤᠷ ᠤᠨᠤᠬᠤ ᠳᠤ ᠳᠤᠭᠤᠯᠠᠭ᠎ᠠ ᠵᠡᠬᠦᠪᠡᠯ ᠳᠤᠯᠤᠭᠠᠢ ᠶᠢᠨ ᠬᠡᠰᠡᠭ ᠲᠤ ᠰᠢᠷᠬᠠᠳᠤᠯ ᠬᠡᠮᠳᠤᠯ ᠭᠠᠷᠬᠤ ᠪᠠ ᠲᠡᠬᠦᠨ ᠠᠴᠠ ᠪᠤᠯᠵᠤ ᠬᠦᠨᠳᠤ ᠬᠡᠴᠡᠬᠦᠤ ᠪᠠᠶᠢᠳᠠᠯ ᠡᠬᠦᠰᠬᠦ ᠶᠢ ᠪᠠᠷᠤᠭ 70% ᠪᠠᠷ ᠴᠦᠬᠡᠳᠬᠡᠵᠤ ᠲᠡᠶᠢᠯᠳᠡᠭ ᠪᠦᠬᠡᠳ ᠦᠬᠦᠵᠤ ᠰᠦᠢᠳᠬᠦ ᠠᠶᠤᠯ ᠢ 39% ᠪᠠᠷ ᠪᠠᠭᠤᠷᠠᠭᠤᠯᠵᠤ ᠪᠤᠯᠳᠠᠭ᠃        ᠬᠡᠳᠤ ᠬᠤᠷᠳᠤᠴᠠ ᠪᠠᠷ ᠮᠠᠰᠢᠨ ᠲᠡᠷᠬᠡ ᠵᠢᠯᠤᠭᠤᠳᠬᠤ ᠪᠤᠯ ᠵᠠᠮ ᠬᠠᠷᠢᠯᠴᠠᠭᠠᠨ ᠤ ᠰᠢᠷᠬᠠᠳᠤᠯ ᠬᠡᠮᠳᠤᠯ ᠭᠠᠷᠴᠤ ᠪᠠᠶᠢᠬᠤ ᠶᠢᠨ ᠭᠤᠤᠯ ᠰᠢᠯᠳᠠᠭᠠᠨ ᠪᠤᠯᠤᠨ᠎ᠠ᠃ ᠪᠤᠳᠠᠳᠤ ᠪᠠᠶᠢᠳᠠᠯ ᠬᠡᠷᠡᠴᠢᠯᠡᠭᠰᠡᠡ ᠨᠢ᠂ ᠮᠠᠰᠢᠨ ᠲᠡᠷᠬᠡᠨ ᠤ ᠲᠠᠪᠬᠢᠬᠤ ᠬᠤᠷᠳᠤᠴᠠ ᠶᠢ ᠲᠡᠭᠰᠢᠳᠬᠡᠬᠡᠳ ᠴᠠᠭ ᠪᠦᠷᠢ ᠳᠤ 1 ᠺᠢᠯᠤᠮᠧᠲᠷ ᠤᠳᠠᠭᠠᠰᠢᠷᠠᠭᠤᠯᠪᠠᠯ ᠮᠠᠰᠢᠨ ᠲᠡᠷᠬᠡᠨ ᠠᠴᠠ ᠪᠤᠯᠬᠤ ᠦᠬᠦᠯ ᠤᠨ ᠠᠶᠤᠯ ᠢ 4% — 5% ᠪᠠᠷ ᠴᠦᠬᠡᠳᠬᠡᠵᠤ ᠪᠤᠯᠳᠠᠭ᠃ ᠮᠠᠰᠢᠨ ᠲᠡᠷᠬᠡᠨ ᠤ ᠲᠠᠪᠬᠢᠬᠤ ᠬᠤᠷᠳᠤᠴᠠ ᠶᠢ ᠤᠳᠠᠭᠠᠰᠢᠷᠠᠭᠤᠯᠪᠠᠯ ᠶᠠᠪᠠᠭᠠᠨ ᠬᠦᠮᠤᠨ ᠢ ᠪᠠᠰᠠ ᠠᠶᠤᠯ ᠠᠴᠠ ᠬᠡᠯᠳᠤᠷᠢᠬᠦᠯᠵᠤ ᠪᠤᠯᠳᠠᠭ᠃ ᠲᠡᠶᠢᠮᠤ ᠪᠤᠯᠬᠤᠷ ᠮᠠᠰᠢᠨ ᠲᠡᠷᠬᠡᠨ ᠤ ᠵᠢᠯᠤᠭᠤᠴᠢᠳ ᠡᠷᠬᠡᠪᠰᠢ ᠮᠠᠰᠢᠨ ᠲᠡᠷᠬᠡᠨ ᠤ ᠲᠠᠪᠬᠢᠬᠤ ᠬᠤᠷᠳᠤᠴᠠ ᠶᠢ ᠬᠢᠵᠠᠭᠠᠷᠯᠠᠬᠤ ᠲᠦᠷᠢᠮ ᠢ ᠴᠢᠩᠭ᠎ᠠ ᠵᠢᠷᠤᠮᠯᠠᠨ ᠲᠠᠭᠠᠬᠤ ᠬᠡᠷᠡᠭᠳᠡᠢ᠃        ᠠᠷᠢᠬᠢ ᠤᠤᠭᠤᠭᠰᠠᠠ ᠪᠠᠶᠢᠳᠠᠯ ᠳᠤᠤᠷ᠎ᠠ ᠡ᠊ᠨᠳᠡᠯ ᠭᠠᠷᠬᠤ ᠪᠤᠯᠤᠮᠵᠢ ᠤᠯᠠᠰᠢᠷᠠᠬᠤ ᠪᠦᠬᠡᠳ ᠰᠢᠷᠬᠠᠳᠤᠯ ᠬᠡᠮᠳᠤᠯ ᠢ ᠬᠦᠨᠳᠤᠷᠠᠬᠦᠯᠬᠦ ᠨᠢ ᠶᠠᠷᠢᠶᠠᠨ ᠦᠬᠡᠢ᠂ ᠠᠷᠢᠬᠢ ᠤᠤᠭᠤᠭᠠᠳ ᠮᠠᠰᠢᠨ ᠲᠡᠷᠬᠡ ᠵᠢᠯᠤᠭᠤᠳᠤᠭᠰᠠᠠ ᠵᠢᠯᠤᠭᠤᠴᠢ ᠶᠢᠨ ᠠᠮᠢᠨ ᠳᠤ ᠳᠤᠯᠤᠭᠰᠠᠠ ᠠᠶᠤᠯ ᠪᠦᠬᠦᠢ ᠲᠡᠷᠬᠡᠨ ᠡ᠊ᠨᠳᠡᠯ ᠭᠠᠷᠭᠠᠬᠤ ᠨᠢ ᠰᠫᠢᠷᠲ ᠤᠨ ᠬᠤᠤᠷ ᠨᠦᠯᠦᠬᠡ ᠶᠢ ᠦᠯᠤ ᠬᠦᠷᠳᠡᠭᠰᠡᠡ ᠵᠢᠯᠤᠭᠤᠴᠢ ᠶᠢᠨ ᠲᠡᠷᠬᠡᠨ ᠡ᠊ᠨᠳᠡᠯ ᠭᠠᠷᠭᠠᠭᠰᠠᠠ ᠤ 17 ᠲᠠᠬᠢᠨ ᠪᠠᠶᠢᠳᠠᠭ᠃        ᠬᠤᠯᠠ ᠵᠠᠮ ᠮᠠᠰᠢᠨ ᠲᠡᠷᠬᠡ ᠵᠢᠯᠤᠭᠤᠳᠤᠨ ᠠᠶᠠᠨ ᠬᠦᠬᠡᠬᠡᠬᠦ᠂ ᠵᠠᠮ ᠲᠠᠭᠠᠤ ᠡᠯᠤᠢ ᠬᠤᠯᠤᠢ ᠪᠠᠶᠢᠳᠠᠯ ᠲᠠᠢ ᠪᠠᠶᠢᠬᠤ᠂ ᠵᠠᠮ ᠤᠨ ᠪᠠᠶᠢᠴᠠ ᠶᠢ ᠰᠠᠶᠢᠨ ᠮᠡᠳᠡᠬᠦ ᠦᠬᠡᠢ᠂ ᠠᠭᠤᠷ ᠠᠮᠢᠰᠬᠤᠯ ᠤᠨ ᠪᠠᠶᠢᠳᠠᠯ ᠮᠠᠭᠤ ᠪᠠᠶᠢᠬᠤ᠂ ᠨᠢᠬᠡ ᠡᠳᠤᠷ ᠤᠨ ᠤᠨᠳᠠᠭᠰᠠᠠ ᠴᠠᠭ ᠨᠢ 5 ᠴᠠᠭ ᠲᠤ ᠬᠦᠷᠤᠬᠡ ᠦᠬᠡᠢ᠂ ᠶᠠᠷᠤᠳᠠ ᠶᠢᠨ ᠤᠨᠳᠠᠬᠤ ᠶᠤᠰᠤᠳᠠᠢ ᠴᠠᠭ ᠲᠤ ᠮᠠᠰᠢᠨ ᠲᠡᠷᠬᠡ ᠵᠢᠯᠤᠭᠤᠳᠬᠤ ᠵᠡᠷᠬᠡ ᠳᠤᠬᠢᠶᠠᠯᠳᠤᠯ ᠳᠤ ᠵᠢᠯᠤᠭᠤᠴᠢ ᠶᠢᠨ ᠪᠠᠶ᠎ᠠ ᠳᠤ ᠬᠢᠯᠪᠠᠷᠬᠠᠨ ᠢᠶᠠᠷ ᠶᠠᠳᠡᠷᠡᠵᠤ ᠵᠦᠳᠡᠷᠡᠭᠰᠡᠡ ᠪᠠᠶᠢᠳᠠᠯ ᠢᠯᠡᠷᠡᠳᠡᠭ᠂ ᠡᠶᠢᠮᠤ ᠶᠠᠳᠠᠷᠠᠵᠤ ᠵᠦᠳᠡᠷᠡᠭᠰᠡᠡ ᠪᠠᠶᠢᠳᠠᠯ ᠳᠤ ᠮᠠᠰᠢᠨ ᠲᠡᠷᠬᠡ ᠵᠢᠯᠤᠭᠤᠳᠪᠠᠯ ᠲᠡᠷᠬᠡᠨ ᠡ᠊ᠨᠳᠡᠯ ᠯᠠᠪ ᠭᠠᠷᠤᠨ᠎ᠠ᠃ ᠵᠢᠯᠤᠭᠤᠴᠢ ᠪᠤᠯᠤᠭᠰᠠᠳ ᠮᠠᠰᠢᠨ ᠲᠡᠷᠬᠡ ᠪᠠᠨ ᠦᠷᠬᠦᠯᠵᠢᠯᠡᠬᠦᠯᠤᠨ 4 ᠴᠠᠭ ᠵᠢᠯᠤᠭᠤᠳᠤᠭᠰᠠᠠ ᠤ ᠲᠠᠷᠠᠭ᠎ᠠ ᠲᠡᠷᠬᠡ ᠪᠠᠨ ᠵᠤᠭᠰᠤᠭᠠᠵᠤ᠂ ᠪᠠᠶ᠎ᠠ ᠮᠠᠬᠠᠪᠤᠳ ᠪᠡ ᠰᠡᠳᠬᠢᠯ ᠰᠠᠨᠠᠭ᠎ᠠ ᠪᠠᠨ ᠰᠡᠷᠬᠦᠬᠡᠨ ᠠᠮᠠᠷᠠᠭᠠᠬᠤ ᠬᠡᠷᠡᠭᠳᠡᠢ᠃        ᠬᠡᠤᠬᠡᠳ ᠲᠤ ᠵᠤᠷᠢᠭᠤᠯᠤᠭᠰᠠᠠ ᠰᠡᠷᠬᠡᠶᠢᠯᠡᠨ ᠬᠠᠮᠠᠭᠠᠯᠠᠯᠳᠠ ᠪᠦᠬᠦᠢ ᠳᠤᠨᠤᠭ ᠲᠦᠬᠦᠬᠡᠷᠤᠮᠵᠢ᠂ ᠳᠤᠬᠠᠶᠢᠯᠠᠪᠠᠯ ᠨᠢᠯᠬ᠎ᠠ ᠬᠡᠤᠬᠡᠳ ᠪᠡ ᠦᠬᠡᠯᠡᠢ ᠬᠡᠤᠬᠡᠳ ᠲᠤ ᠵᠤᠷᠢᠭᠤᠯᠤᠭᠰᠠᠠ ᠰᠠᠭᠤᠳᠠᠯ ᠨᠢ ᠵᠠᠮ ᠬᠠᠷᠢᠯᠴᠠᠭᠠᠨ ᠤ ᠡ᠊ᠨᠳᠡᠯ ᠭᠠᠷᠬᠤ ᠦᠶᠠᠰ ᠨᠢᠯᠬ᠎ᠠ ᠬᠡᠤᠬᠡᠳ ᠪᠠ ᠦᠬᠡᠯᠡᠢ ᠬᠡᠤᠬᠡᠳ ᠲᠤ ᠪᠦᠳᠤᠮᠵᠢᠳᠡᠢ ᠬᠠᠮᠠᠭᠠᠯᠠᠬᠤ ᠤᠶᠢᠯᠠᠳᠤᠯ ᠦᠵᠡᠬᠦᠯᠳᠡᠭ᠃ ᠮᠠᠰᠢᠨ ᠲᠡᠷᠬᠡ ᠮᠦᠷᠬᠦᠯᠳᠤᠬᠦ ᠦᠶᠠᠰ ᠲᠤ ᠬᠡᠤᠬᠡᠳ ᠲᠤ ᠵᠤᠷᠢᠭᠤᠯᠤᠭᠰᠠᠠ ᠰᠡᠷᠬᠡᠶᠢᠯᠡᠨ ᠬᠠᠮᠠᠭᠠᠯᠠᠯᠳᠠ ᠶᠢᠨ ᠳᠤᠨᠤᠭ ᠲᠦᠬᠦᠬᠡᠷᠤᠮᠵᠢ ᠨᠢ 71% ᠶᠢᠨ ᠨᠢᠯᠬ᠎ᠠ ᠬᠡᠤᠬᠡᠳ᠂ 54% ᠶᠢᠨ ᠦᠬᠡᠯᠡᠢ ᠬᠡᠤᠬᠡᠳ ᠤᠨ ᠦᠬᠦᠵᠤ ᠰᠦᠢᠳᠬᠦ ᠠᠶᠤᠯ ᠢ ᠪᠠᠭᠠᠰᠬᠠᠳᠠᠭ ᠪᠠᠶᠢᠨ᠎ᠠ᠃ ᠲᠡᠶᠢᠮᠤ ᠪᠤᠯᠬᠤᠷ ᠮᠠᠰᠢᠨ ᠲᠡᠷᠬᠡᠨ ᠤ ᠳᠤᠳᠤᠷ᠎ᠠ ᠬᠡᠤᠬᠡᠳ ᠲᠤ ᠵᠤᠷᠢᠭᠤᠯᠤᠭᠰᠠᠠ ᠰᠡᠷᠬᠡᠶᠢᠯᠡᠨ ᠬᠠᠮᠠᠭᠠᠯᠠᠯᠳᠠ ᠶᠢᠨ ᠳᠤᠨᠤᠭ ᠲᠦᠬᠦᠬᠡᠷᠤᠮᠵᠢ ᠶᠢ ᠤᠭᠰᠠᠷᠠᠨ ᠲᠠᠭᠠᠷᠠᠭᠤᠯᠪᠠᠯ ᠵᠤᠬᠢᠨ᠎ᠠ᠃        ᠶᠠᠪᠠᠭᠠᠨ ᠬᠦᠮᠤᠨ ᠪᠠ ᠮᠠᠰᠢᠨ ᠬᠦᠳᠡᠯᠬᠡᠬᠦᠷ ᠦᠬᠡᠢ ᠲᠡᠷᠬᠡᠨ ᠤ ᠵᠢᠯᠤᠭᠤᠴᠢ ᠴᠤ ᠵᠠᠮ ᠬᠠᠷᠢᠯᠴᠠᠭᠠᠨ ᠤ ᠬᠠᠤᠯᠢ ᠳᠤᠭᠳᠠᠭᠠᠯ ᠢ ᠤᠬᠠᠮᠰᠠᠷ ᠠᠴᠠ ᠪᠠᠨ ᠰᠠᠬᠢᠨ ᠵᠢᠷᠤᠮᠯᠠᠬᠤ ᠬᠡᠷᠡᠭᠳᠡᠢ᠃ ᠵᠠᠮ ᠤᠭᠳᠤᠯᠵᠤ ᠭᠠᠷᠬᠤ ᠳᠠᠭᠠᠨ ᠵᠠᠪᠠᠯ ᠬᠦᠨᠳᠡᠯᠡᠨ ᠵᠢᠷᠤᠭᠠᠰᠤ ᠲᠠᠢ ᠭᠠᠵᠡᠷ ᠢᠶᠠᠷ ᠶᠠᠪᠤᠵᠤ᠂ ᠭᠠᠷ ᠤᠳᠠᠰᠤ ᠪᠠᠨ ᠦᠵᠡᠬᠦ ᠪᠤᠶᠤ ᠰᠤᠨᠤᠰᠤᠭᠤᠷ ᠢᠶᠠᠷ ᠶᠠᠭᠤᠮ᠎ᠠ ᠰᠤᠨᠤᠰᠴᠤ ᠠᠩᠬᠠᠷᠤᠯ ᠲᠦᠪᠯᠡᠷᠡᠬᠦ ᠦᠬᠡᠢ ᠪᠠᠶᠢᠳᠠᠯ ᠭᠠᠷᠬᠤ ᠠᠴᠠ ᠬᠡᠷᠰᠡᠤᠯᠡᠬᠦ ᠬᠡᠷᠡᠭᠳᠡᠢ᠃ ᠪᠠᠭ᠎ᠠ ᠰᠤᠷᠭᠠᠭᠤᠯᠢ ᠶᠢᠨ ᠰᠤᠷᠤᠭᠴᠢᠳ ᠪᠤᠯᠤᠨ ᠴᠡᠪᠡᠷᠯᠡᠭᠡ ᠶᠢᠨ ᠠᠵᠢᠯᠴᠢᠳ ᠬᠡᠷᠡᠯ ᠤᠶᠢᠯᠭᠠᠬᠤ ᠴᠢᠨᠠᠷᠳᠡᠢ ᠪᠤᠶᠤ ᠦᠩᠬᠡ ᠪᠤᠳᠤᠭ ᠨᠢ ᠬᠡᠷᠡᠯ ᠬᠢᠯᠪᠠᠭ᠎ᠠ ᠲᠠᠢ ᠬᠤᠪᠴᠠᠰᠤ ᠡᠮᠤᠰᠬᠦ ᠪᠤᠶᠤ ᠫᠠᠶᠢᠰᠠ ᠲᠡᠮᠳᠡᠭ ᠵᠡᠬᠦᠬᠦ ᠬᠡᠷᠡᠭᠳᠡᠢ᠃ ᠳᠤᠬᠠᠶᠢᠯᠠᠪᠠᠯ᠂ ᠪᠠᠭ᠎ᠠ ᠰᠤᠷᠭᠠᠭᠤᠯᠢ ᠶᠢᠨ ᠰᠤᠷᠤᠭᠴᠢᠳ ᠰᠢᠷ᠎ᠠ ᠮᠠᠯᠠᠭᠠᠢ ᠵᠡᠬᠦᠵᠡᠬᠡᠬᠦ ᠨᠢ ᠮᠠᠰᠢᠨ ᠲᠡᠷᠬᠡᠨ ᠤ ᠵᠢᠯᠤᠭᠤᠴᠢ ᠳᠤ ᠨᠡᠩ ᠢᠯᠠ ᠳᠤᠳᠤᠷᠬᠠᠢ ᠬᠠᠷᠠᠭᠳᠠᠳᠠᠭ ᠪᠤᠯᠬᠤᠷ ᠡᠬᠦᠨ ᠤ ᠤᠯᠠᠮ ᠢᠶᠠᠷ ᠦᠪᠡᠷ ᠤᠨ ᠪᠠᠶ᠎ᠠ ᠪᠠᠨ ᠬᠠᠮᠠᠭᠠᠯᠠᠬᠤ ᠤᠶᠢᠯᠠᠳᠤᠯ ᠭᠠᠷᠭᠠᠵᠤ ᠪᠠᠶᠢᠳᠠᠭ᠃        ᠵᠠᠮ ᠬᠠᠷᠢᠯᠴᠠᠭᠠᠨ ᠤ ᠡ᠊ᠨᠳᠡᠯ ᠳᠤᠮᠳᠠ ᠦᠬᠦᠭᠰᠡᠡ᠂ ᠰᠢᠷᠬᠠᠳᠤᠭᠰᠠᠠ ᠪᠠ ᠵᠡᠮᠳᠡᠭ ᠪᠤᠯᠤᠭᠰᠠᠠ ᠭᠤᠤᠯ ᠪᠤᠯᠬᠤᠶᠢᠴᠠ ᠬᠦᠮᠤᠰ ᠨᠢ ᠬᠡᠤᠬᠡᠳ᠂ ᠵᠠᠯᠠᠭᠤᠴᠤᠳ ᠪᠠᠭᠠᠴᠤᠳ ᠪᠠᠶᠢᠳᠠᠭ᠃ ᠬᠡᠬᠦ ᠳᠡᠭᠡᠨ ᠲᠡᠳᠡᠨ ᠤ ᠳᠤᠳᠤᠷ᠎ᠠ ᠶᠠᠪᠠᠭᠠᠨ ᠶᠠᠪᠤᠭᠴᠢ᠂ ᠳᠤᠭᠤᠢ ᠤᠨᠤᠭᠴᠢ᠂ ᠮᠤᠲ᠋ᠤᠷ ᠤᠨᠤᠭᠴᠢ᠂ ᠮᠠᠰᠢᠨ ᠲᠡᠷᠬᠡᠨ ᠤ ᠰᠢᠨ᠎ᠠ ᠵᠢᠯᠤᠭᠤᠴᠢ ᠶᠤᠮ ᠤᠤ ᠮᠠᠰᠢᠨ ᠲᠡᠷᠬᠡᠨ ᠳᠤ ᠰᠠᠭᠤᠭᠴᠢ ᠠᠯᠢ ᠠᠯᠢ ᠨᠢ ᠪᠦᠷ ᠪᠠᠶᠢᠯᠴᠠᠳᠠᠭ᠃ ᠡᠶᠢᠮᠤ ᠪᠠᠶᠢᠳᠠᠯ ᠤᠨ ᠪᠤᠢ ᠪᠤᠯᠤᠭᠰᠠᠠ ᠨᠢ ᠬᠡᠤᠬᠡᠳ᠂ ᠵᠠᠯᠠᠭᠤᠴᠤᠳ ᠤᠨ ᠮᠠᠬᠠᠪᠤᠳ ᠤᠨ ᠪᠠ ᠰᠡᠳᠬᠢᠴᠠ ᠶᠢᠨ ᠤᠨᠴᠠᠯᠢᠬ ᠲᠠᠢ ᠬᠤᠯᠪᠤᠭ᠎ᠠ ᠲᠠᠢ ᠪᠠᠶᠢᠳᠠᠭ᠃ ᠪᠤᠳᠠᠳᠠᠢ ᠪᠠᠷ ᠬᠡᠯᠡᠪᠡᠯ᠂ ᠲᠠᠳᠡᠨᠤᠰ ᠶᠠᠷᠤ ᠨᠢ ᠠᠪ ᠠᠮᠠᠷᠬᠠᠨ ᠬᠦᠬᠡᠷᠤᠨ ᠬᠦᠭᠰᠡᠳᠡᠭ ᠪᠦᠬᠡᠳ ᠳᠤᠷᠰᠢᠯᠭ᠎ᠠ ᠲᠠᠩᠴᠤ ᠮᠡᠬᠦᠰ ᠪᠠᠶᠢᠳᠠᠭ᠃ ᠡᠴᠢᠬᠡ ᠡᠬᠡ ᠪᠤᠯᠤᠭᠰᠠᠳ ᠪᠠᠶ᠎ᠠ ᠪᠠᠷ ᠢᠶᠠᠨ ᠬᠡᠪ ᠲᠦᠷᠢᠮ ᠦᠵᠡᠬᠦᠯᠵᠤ᠂ ᠬᠡᠤᠬᠡᠳ ᠤᠨ ᠢᠶᠠᠨ ᠵᠠᠮ ᠬᠠᠷᠢᠯᠴᠠᠭᠠᠨ ᠤ ᠠᠮᠤᠷ ᠮᠠᠨᠳᠤ ᠶᠢᠨ ᠲᠠᠯ᠎ᠠ ᠪᠠᠷ ᠬᠢ ᠰᠤᠷᠭᠠᠨ ᠬᠦᠮᠤᠵᠢᠯ ᠢ ᠴᠢᠩᠭᠠᠳᠬᠠᠵᠤ᠂ ᠲᠡᠳᠡᠨ ᠢ ᠵᠢᠭᠠᠨ ᠵᠢᠯᠤᠭᠤᠳᠴᠤ ᠵᠠᠮ ᠬᠠᠷᠢᠯᠴᠠᠭᠠᠨ ᠤ ᠬᠠᠤᠯᠢ ᠲᠤᠭᠳᠠᠭᠠᠯ ᠢ ᠵᠢᠷᠤᠮᠯᠠᠨ ᠰᠡᠬᠢᠭᠤᠯᠬᠤ ᠬᠡᠷᠡᠭᠳᠡᠢ᠃ ︵︽ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ︾ ᠠᠴᠠ ᠰᠢᠯᠵᠢᠬᠦᠯᠪᠡ︶
 
ᠢᠷᠡᠯᠲᠡ᠄ ᠬᠢᠩᠭᠠᠨ ᠤ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号