ᠨᠢᠭᠡ᠂ ᠴᠠᠭᠠᠨ ᠬᠢᠯᠢᠩ ᠤᠨ ᠮᠠᠩᠬ᠎ᠠ | — ᠡᠯᠦᠨᠴᠡ ᠡᠪᠦᠭᠡ ᠶᠢᠨ ᠨᠦᠢᠷᠰᠤᠭᠰᠠᠨ ᠦᠨᠢ ᠮᠦᠩᠭᠡ ᠶᠢᠨ ᠮᠠᠩᠬ᠎ᠠ | ᠡᠷᠪᠡᠢ ᠪᠡᠶ᠎ᠡ ᠶᠢ ᠮᠢᠨᠢ ᠦᠯᠦᠭᠡᠶᠢᠳᠡᠭᠰᠡᠨ ᠡᠩᠭᠦᠷᠡᠢ ᠵᠦᠭᠡᠯᠡᠨ ᠮᠠᠩᠬ᠎ᠠ | ᠦᠨᠢᠳᠡ ᠴᠡᠭᠡᠵᠢᠨ᠎ᠡ ᠦᠭᠡᠶᠢᠯᠡᠭᠳᠡᠬᠦ ᠲᠤᠷᠠᠰᠤᠯ ᠤᠨ ᠴᠠᠭᠠᠨ ᠮᠠᠩᠬ᠎ᠠ | ᠮᠢᠨᠦ ᠡᠯᠦᠨᠴᠡ ᠡᠪᠦᠭᠡ᠂ ᠡᠯᠦᠨᠴᠡ ᠡᠮᠡᠭᠡ ᠪᠠ ᠡᠪᠦᠭᠡ᠂ ᠡᠮᠡᠭᠡ ᠶᠢᠨ ᠤᠩᠭᠤᠨ ᠮᠠᠨ ᠤ ᠠᠶᠢᠯ ᠤᠨ ᠵᠡᠭᠦᠨ | ᠡᠮᠦᠨ᠎ᠡ ᠲᠦᠷᠪᠡ ᠲᠠᠪᠤᠨ ᠭᠠᠵᠠᠷ ᠤᠨ ᠵᠠᠢ ᠲᠠᠢ ᠴᠠᠭᠠᠨ ᠬᠢᠯᠢᠩ ᠤᠨ ᠮᠠᠩᠬᠠᠨ ᠤ ᠡᠭᠡᠪᠦᠷ ᠲᠤ ᠪᠠᠶᠢᠳᠠᠭ᠃ | ᠠᠭᠤᠯᠠᠨ ᠤ ᠵᠠᠪᠢ ᠳᠤ ᠠᠭᠤᠯᠠ ᠰᠢᠬ ᠴᠠᠭᠠᠨ ᠮᠠᠩᠬ᠎ᠠ ᠪᠠᠶᠢᠳᠠᠭ ᠪᠦᠭᠡᠳ ᠠᠭᠤᠯᠠᠰ ᠢᠶᠠᠷ ᠬᠦᠷᠢᠶᠡᠯᠡᠭᠳᠡᠭᠰᠡᠨ ᠲᠤᠯᠠ | ᠮᠠᠩᠬᠠᠨ ᠤ ᠨᠡᠭᠦᠬᠦ ᠨᠢ ᠪᠠᠭ᠎ᠠ᠃ ᠨᠠᠮ᠎ᠠ ᠶᠢ ᠮᠡᠳᠡᠭᠡ ᠤᠷᠤᠭᠰᠠᠨ ᠴᠠᠭ ᠠᠴᠠ ᠡᠳᠦᠭᠡ ᠪᠤᠯᠳᠠᠯ᠎ᠠ ᠲᠡᠷᠡ ᠴᠠᠭᠠᠨ | ᠮᠠᠩᠬ᠎ᠠ ᠲᠡᠷᠡ ᠯᠠ ᠶᠠᠩᠵᠤ ᠪᠠᠷ ᠢᠶᠠᠨ ᠪᠦᠭᠡᠳ ᠮᠢᠨᠦ ᠡᠯᠦᠨᠴᠡ ᠡᠪᠦᠭᠡ ᠠᠴᠠ ᠡᠬᠢᠯᠡᠭᠡᠳ ᠮᠢᠨᠦ ᠲᠡᠭᠡᠳᠦᠰ ᠲᠡᠨᠳᠡ | ᠠᠮᠤᠷᠯᠢᠩᠭᠤᠢ ᠨᠦᠢᠷᠰᠤᠵᠤ ᠪᠠᠶᠢᠳᠠᠭ᠃ ᠠᠪᠤ ᠮᠢᠨᠢ ᠡᠳᠡᠭᠡᠷ ᠪᠤᠩᠬᠤᠨ ᠤ ᠲᠡᠷᠭᠡᠳᠡᠭᠦᠷ ᠬᠠᠶᠢᠯᠠᠰᠤᠨ ᠮᠤᠳᠤ | ᠵᠠᠶᠢᠯᠠᠭᠰᠠᠨ ᠨᠢ ᠡᠳᠡᠭᠡᠴᠢᠭᠡᠭᠡᠳ ᠠᠶᠠᠭᠠᠠ ᠬᠢᠷᠢ ᠪᠦᠳᠦᠭᠦᠨ ᠪᠤᠯᠤᠭᠠᠳ ᠪᠠᠶᠢᠨ᠎ᠠ᠃ ᠠᠪᠤ ᠤᠩᠭᠤᠨ ᠢ ᠮᠠᠩᠬᠠᠨ ᠳᠤ | ᠲᠠᠷᠤᠭᠳᠠᠬᠤ ᠠᠴᠠ ᠠᠶᠤᠭᠠᠳ ᠮᠤᠳᠤ ᠵᠠᠶᠢᠯᠠᠭᠰᠠᠨ ᠴᠦ ᠪᠤᠯᠪᠠ ᠤᠤ⁈ ᠶᠠᠭᠤᠨ ᠳᠤ ᠴᠠᠭᠠᠨ ᠬᠢᠯᠢᠩ ᠤᠨ ᠮᠠᠩᠬ᠎ᠠ | ᠭᠡᠵᠦ ᠲᠠᠭᠤᠳᠠᠬᠤ ᠶᠢ ᠪᠤᠤ ᠮᠡᠳᠡ᠂ ᠮᠠᠩᠬ᠎ᠠ ᠶᠢ ᠬᠦᠷᠢᠶᠡᠯᠡᠭᠰᠡᠨ ᠵᠢᠵᠢᠭᠬᠡᠨ ᠠᠭᠤᠯᠠᠨ ᠤ ᠨᠡᠷ᠎ᠡ ᠨᠢ ᠴᠠᠭᠠᠨ ᠬᠢᠯᠢᠩ | ᠭᠡᠳᠡᠭ ᠤᠤ⁈ ᠡᠰᠡᠭᠦᠯ᠎ᠡ ᠬᠢᠯᠢᠩ ᠲᠤᠷᠭ᠎ᠠ ᠰᠢᠬ ᠵᠦᠭᠡᠯᠡᠨ ᠮᠠᠩᠬ᠎ᠠ ᠶᠢ ᠴᠠᠭᠠᠨ ᠬᠢᠯᠢᠩ ᠭᠡᠵᠦ ᠨᠡᠷᠡᠯᠡᠪᠡ ᠤᠤ⁈ | ᠶᠠᠭᠤ ᠴᠦ ᠭᠡᠰᠡᠨ ᠲᠡᠷᠡ ᠨᠢᠭᠡ ᠬᠡᠰᠡᠭ ᠭᠠᠵᠠᠷ ᠢ ᠴᠠᠭᠠᠨ ᠬᠢᠯᠢᠩ ᠭᠡᠵᠦ᠂ ᠴᠠᠭᠠᠨ ᠬᠢᠯᠢᠩ ᠤᠨ ᠠᠭᠤᠯᠠ ᠪᠤᠶᠤ | ᠴᠠᠭᠠᠨ ᠬᠢᠯᠢᠩ ᠤᠨ ᠮᠠᠩᠬ᠎ᠠ ᠭᠡᠵᠦ ᠯᠠ ᠨᠡᠷᠡᠯᠡᠭᠰᠡᠭᠡᠷ ᠢᠷᠡᠵᠡᠢ᠃ | ᠡᠪᠡᠰᠦ ᠪᠡᠯᠴᠢᠭᠡᠷ ᠰᠠᠶᠢᠳᠠᠢ᠂ ᠬᠠᠩᠭᠠᠢ ᠨᠤᠳᠤᠭ ᠲᠤ ᠮᠢᠨᠢ ᠭᠡᠨᠡᠳᠳᠡ ᠰᠠᠶᠢᠵᠠᠳᠠᠭᠰᠠᠨ ᠰᠢᠬ ᠨᠠᠷᠢᠯᠢᠭ ᠴᠠᠭᠠᠨ | ᠮᠠᠩᠬ᠎ᠠ ᠪᠠᠶᠢᠳᠠᠭ ᠨᠢ ᠮᠢᠨᠦ ᠪᠠᠭ᠎ᠠ ᠪᠠᠯᠴᠢᠷ ᠤᠢ ᠤᠬᠠᠭᠠᠨ ᠳᠤ ᠬᠡᠮᠵᠢᠶᠡᠯᠡᠰᠢ ᠦᠭᠡᠢ ᠰᠤᠨᠢᠨ ᠰᠠᠶᠢᠬᠠᠨ ᠰᠠᠨᠠᠭᠳᠠᠵᠠᠢ | ᠃ ᠲᠡᠷᠡ ᠦᠶ᠎ᠡ ᠳᠤ ᠪᠤᠷᠤᠭᠠᠨ ᠬᠤᠷ᠎ᠠ ᠲᠡᠭᠰᠢ᠂ ᠠᠶᠢᠯ ᠤᠨ ᠵᠡᠭᠦᠨ ᠲᠠᠯ᠎ᠠ ᠶᠢᠨ ᠵᠦᠯᠭᠡᠨ ᠲᠡᠭᠡᠷ᠎ᠡ ᠬᠤᠷᠠᠭ᠎ᠠ ᠲᠤᠭᠤᠯ | ᠬᠠᠷᠢᠭᠤᠯᠳᠠᠭ ᠪᠦᠭᠡᠳ ᠡᠮᠦᠨᠡᠰᠢ ᠪᠠᠷᠠᠯᠠᠪᠠᠯ ᠬᠠᠷᠠᠭᠠᠨ ᠤ ᠦᠵᠦᠭᠦᠷ ᠲᠤ ᠲᠡᠭᠷᠢ ᠭᠠᠵᠠᠷ ᠨᠡᠶᠢᠯᠡᠭᠡᠳ᠂ ᠲᠡᠷᠡ | ᠵᠦᠭ ᠲᠤ ᠶᠠᠪᠤᠭᠠᠳ ᠯᠠ ᠪᠠᠶᠢᠪᠠᠯ ᠲᠡᠭᠷᠢ ᠳᠤ ᠴᠦ ᠭᠠᠷᠴᠤ ᠪᠤᠯᠤᠨ᠎ᠠ ᠭᠡᠵᠦ ᠪᠢ ᠪᠤᠳᠤᠳᠠᠭ ᠪᠠᠶᠢᠵᠠᠢ᠃ ᠴᠡᠬᠤᠮ | ᠬᠡᠴᠢᠨᠡᠨ ᠬᠤᠯᠠ ᠶᠠᠪᠤᠪᠠᠯ ᠲᠡᠭᠷᠢ ᠳᠤ ᠭᠠᠷᠴᠤ ᠲᠡᠶᠢᠯᠳᠡᠭ ᠪᠤᠯ︖ ᠭᠡᠵᠦ ᠨᠢᠯᠬ᠎ᠠ ᠤᠶᠤᠨ ᠳᠤ ᠪᠠᠨ ᠲᠠᠭᠠᠮᠠᠭᠯᠠᠭᠠᠳ | ᠂ ᠪᠢᠴᠢᠭ ᠰᠤᠶᠤᠯ ᠦᠵᠡᠭᠡᠳ ᠯᠠ ᠪᠠᠶᠢᠪᠠᠯ ᠲᠡᠷᠡ ᠭᠠᠵᠠᠷ ᠲᠤ ᠬᠦᠷᠴᠦ ᠲᠡᠶᠢᠯᠳᠡᠭ ᠪᠠᠶᠢᠬ᠎ᠠ ᠭᠡᠵᠦ ᠰᠤᠯᠤᠩᠭᠠᠨ | ᠮᠦᠷᠦᠭᠡᠳᠦᠯ ᠬᠦᠪᠦᠷᠡᠬᠦᠯᠵᠦ ᠪᠠᠶᠢᠵᠠᠢ᠃ ᠠᠶᠢᠯ ᠤᠨ ᠵᠡᠭᠦᠨ ᠲᠠᠯ᠎ᠠ ᠶᠢᠨ ᠵᠢᠵᠢᠭᠬᠡᠨ ᠠᠭᠤᠯᠠ ᠶᠢᠨ ᠡᠩᠭᠡᠷ ᠠᠴᠠ | ᠪᠤᠳᠠ ᠮᠠᠯ ᠢᠶᠠᠨ ᠲᠤᠰᠴᠤ ᠠᠪᠴᠢᠷᠠᠳᠠᠭ ᠪᠦᠭᠡᠳ ᠪᠠᠯ ᠲᠦᠭᠦᠷᠡᠩ ᠤᠷᠭᠤᠭᠰᠠᠨ ᠰᠠᠷᠠᠯᠠᠩ ᠬᠤᠸᠠᠷ ᠢ ᠲᠡᠭᠦᠵᠦ | ᠪᠠᠶᠢᠭᠰᠠᠨ᠃ ᠰᠠᠷᠠᠯᠠᠩ ᠬᠤᠸᠠᠷ ᠤᠨ ᠢᠶᠠᠨ ᠵᠠᠷᠢᠮ ᠢ ᠨᠢ ᠠᠮᠳᠠᠯᠠᠵᠤ᠂ ᠵᠠᠷᠢᠮ ᠢ ᠨᠢ ᠲᠤᠯᠤᠭᠠᠢ ᠲᠡᠭᠡᠷ᠎ᠡ ᠪᠠᠨ | ᠵᠡᠭᠦᠴᠢᠭᠡᠭᠡᠳ ᠲᠤᠭᠯᠠᠵᠤ ᠬᠦᠭᠡᠷᠴᠦ ᠪᠠᠶᠢᠭᠰᠠᠨ᠃ ᠵᠢᠯ ᠪᠦᠷᠢ ᠶᠢᠨ ᠬᠠᠩᠰᠢ ᠪᠤᠯᠤᠭᠰᠠᠭᠠᠷ ᠠᠪᠤ ᠪᠠ ᠠᠪᠠᠭ᠎ᠠ ᠨᠠᠷ | ᠬᠡᠦᠬᠡᠳ ᠰᠢᠦᠬᠠᠳ ᠢᠶᠠᠨ ᠲᠠᠭᠠᠭᠤᠯᠵᠣ᠂ ᠴᠠᠭᠠᠨ ᠬᠢᠯᠢᠩ ᠤᠨ ᠮᠠᠩᠬ᠎ᠠ ᠶᠢ ᠴᠢᠭᠯᠡᠳᠡᠭ᠃ ᠮᠢᠨᠦ ᠤᠢ ᠤᠬᠠᠭᠠᠨ ᠳᠤ | ᠪᠦᠦᠷ ᠲᠦᠦᠷ ᠴᠡᠭᠡᠵᠢᠯᠡᠵᠦ ᠪᠠᠶᠢᠬᠤ ᠪᠠᠷ ᠴᠠᠭᠠᠨ ᠬᠢᠯᠢᠩ ᠳᠤ ᠠᠩᠬᠠᠨ ᠳᠤ ᠪᠠᠨ ᠮᠤᠷᠢᠨ ᠲᠡᠷᠭᠡ ᠪᠠᠷ ᠤᠴᠢᠵᠦ | ᠪᠠᠶᠢᠭᠰᠠᠨ᠂ ᠬᠤᠵᠢᠮ ᠨᠢ ᠲᠦᠷᠪᠡᠨ ᠬᠦᠷᠳᠦᠳᠦ ᠲᠷᠠᠺᠲ᠋ᠤᠷ ᠢᠶᠠᠷ ᠤᠴᠢᠬᠤ ᠪᠤᠯᠤᠭᠰᠠᠨ᠃ ᠵᠠᠷᠢᠮ ᠭᠡᠷ ᠤᠨ ᠬᠢᠨ | ᠪᠤᠯᠠᠰᠢᠨ ᠲᠡᠭᠡᠷ᠎ᠡ ᠰᠢᠷᠤᠢ ᠨᠡᠮᠡᠬᠦ ᠪᠠᠷ ᠤᠴᠢᠬᠤ ᠳᠠᠭᠠᠨ ᠬᠡᠦᠬᠡᠨ ᠬᠦᠮᠦᠨ ᠢ ᠲᠠᠭᠠᠭᠤᠯᠳᠠᠭ ᠦᠭᠡᠢ᠃ ᠭᠡᠳᠡᠯ᠎ᠡ ᠮᠠᠨ ᠤ | ᠭᠡᠷ ᠲᠤ ᠲᠡᠶᠢᠮᠦ ᠴᠡᠭᠡᠷ ᠪᠠᠶᠢᠳᠠᠭ ᠦᠭᠡᠢ᠂ ᠪᠢᠳᠡ ᠪᠦᠬᠦᠳᠡᠭᠡᠷ ᠢᠶᠠᠨ ᠲᠡᠭᠡᠳᠦᠰ ᠤᠨ ᠤᠩᠭᠤᠨ ᠳᠠᠭᠠᠨ ᠰᠢᠷᠤᠢ | ᠨᠡᠮᠡᠵᠦ ᠮᠦᠷᠭᠦᠬᠦ ᠪᠠᠷ ᠤᠴᠢᠳᠠᠭ᠃ ᠲᠡᠨᠳᠡ ᠬᠦᠷᠦᠭᠰᠡᠨ ᠤ ᠰᠡᠭᠦᠯᠡᠷ ᠶᠡᠬᠡᠴᠦᠦᠯ ᠨᠢ ᠬᠦᠷᠵᠡ ᠪᠠᠷᠢᠵᠤ᠂ ᠰᠢᠷᠤᠢ | ᠤᠯᠠᠯᠠᠵᠤ ᠰᠢᠨᠡᠬᠡᠨ ᠰᠢᠷᠤᠢ ᠶᠢ ᠲᠡᠷᠭᠡ ᠪᠠᠷ ᠲᠡᠭᠡᠭᠡᠵᠦ ᠠᠪᠴᠢᠷᠠᠭᠠᠳ ᠪᠤᠩᠬᠤᠨ ᠲᠡᠭᠡᠷ᠎ᠡ ᠨᠡᠮᠡᠳᠡᠭ᠃ | ᠬᠡᠦᠬᠡᠳ ᠤᠳ ᠨᠢ ᠮᠠᠩᠬᠠᠨ ᠠᠭᠤᠯᠠᠨ ᠲᠡᠭᠡᠷ᠎ᠡ ᠨᠢ ᠬᠦᠷᠴᠦ᠂ ᠴᠢᠨᠠᠭᠰᠠᠨ ᠦᠨᠳᠡᠭᠡ ᠪᠠᠨ ᠲᠤᠷᠤᠭᠰᠢ ᠭᠤᠯᠭᠤᠭᠤᠯᠵᠤ | ᠨᠠᠭᠠᠳᠳᠠᠭ᠃ ᠪᠠᠰᠠ ᠮᠠᠩᠬ᠎ᠠ ᠤᠷᠤᠭᠤ ᠪᠦᠮᠪᠦᠷᠢᠵᠦ ᠨᠠᠭᠠᠳᠳᠠᠭ᠃ ᠴᠠᠭᠠᠨ ᠬᠢᠯᠢᠩ ᠤᠨ ᠮᠠᠩᠬ᠎ᠠ ᠲᠦᠢᠯ ᠤᠨ | ᠨᠠᠷᠢᠯᠢᠭ ᠪᠠᠶᠢᠳᠠᠭ᠂ ᠶᠠᠮᠠᠷ ᠴᠦ ᠴᠢᠯᠠᠭᠤ ᠬᠠᠶᠢᠷ ᠪᠠᠶᠢᠳᠠᠭ ᠦᠭᠡᠢ᠃ ᠪᠢᠳᠡᠨ ᠢ ᠪᠠᠭ᠎ᠠ ᠪᠠᠶᠢᠬᠤ ᠳᠤ ᠪᠦᠷ ᠡ᠊ᠨᠳᠡᠬᠢ | ᠮᠠᠩᠬ᠎ᠠ ᠪᠠᠷ ᠦᠯᠦᠭᠡᠶᠢᠳᠡᠭᠰᠡᠨ ᠪᠠᠶᠢᠳᠠᠭ᠃ | ᠠᠪᠤ ᠰᠢᠷᠤᠢ ᠨᠡᠮᠡᠵᠦ ᠪᠠᠷᠠᠭᠠᠳ ᠲᠦᠯᠡᠰᠢ ᠲᠤᠶ᠋ᠢᠩ ᠦᠭᠬᠦ ᠦᠶᠡᠰ ᠪᠢᠳᠡᠨ ᠢ ᠲᠠᠭᠤᠳᠠᠳᠠᠭ᠃ ᠲᠡᠭᠡᠪᠡᠯ ᠪᠢᠳᠡ | ᠠᠭᠤᠯᠠᠨ ᠲᠡᠭᠡᠷ᠎ᠡ ᠠᠴᠠ ᠬᠠᠳᠠᠭᠰᠠᠨ ᠬᠠᠷᠠᠭᠠᠨ᠎ᠠ ᠶᠢᠨ ᠮᠤᠳᠤ᠂ ᠪᠤᠳᠠᠷᠭᠠᠨ᠎ᠠ ᠲᠡᠭᠦᠵᠦ ᠠᠪᠴᠢᠷᠠᠭᠠᠳ ᠲᠦᠯᠡᠰᠢ | ᠦᠭᠬᠦ ᠳᠤ ᠬᠠᠮᠵᠢᠳᠠᠭ᠃ ᠶᠠᠷᠢᠶᠠᠨ ᠦᠭᠡᠢ ᠠᠪᠤ ᠭᠡᠷ ᠠᠴᠠ ᠬᠠᠭᠤᠷᠠᠢ ᠮᠤᠳᠤᠨ ᠲᠦᠯᠡᠭᠡ ᠪᠠᠰᠠ ᠠᠪᠴᠢᠷᠠᠭᠰᠠᠨ | ᠪᠠᠶᠢᠳᠠᠭ᠃ ᠠᠪᠤ ᠲᠦᠯᠡᠰᠢ ᠶᠢᠨ ᠵᠦᠢᠯ ᠢᠶᠠᠨ ᠰᠢᠳᠠᠭᠠᠬᠤ ᠶᠢᠨ ᠲᠠᠭᠠᠤ᠄ ︽ᠡᠪᠦᠭᠡ᠂ ᠡᠮᠡᠭᠡ᠂ ᠠᠪᠤ ᠡ᠂ ᠲᠠ | ᠨᠠᠷ ᠲᠤ ᠢᠳᠡᠬᠦ ᠵᠦᠢᠯ᠂ ᠡᠮᠦᠰᠬᠦ ᠬᠤᠪᠴᠠᠰᠤ᠂ ᠵᠠᠷᠤᠬᠤ ᠵᠤᠭᠤᠰ ᠢ ᠴᠢᠨᠢ ᠦᠭᠴᠦ ᠪᠠᠶᠢᠨ᠎ᠠ ᠁︾ ᠭᠡᠵᠦ | ᠠᠮᠠᠨ ᠳᠠᠭᠠᠨ ᠤᠪᠤᠷ ᠲᠤᠪᠤᠷ ᠶᠠᠷᠢᠵᠤ ᠲᠦᠷᠡᠯᠵᠡᠭᠰᠡᠨ ᠭᠠᠯ ᠲᠡᠭᠡᠷ᠎ᠡ ᠠᠪᠴᠢᠷᠠᠭᠰᠠᠨ ᠬᠦᠵᠢ᠂ ᠮᠢᠬ᠎ᠠ᠂ ᠪᠤᠤᠪᠤ | ᠪᠤᠭᠤᠷᠰᠤᠭ᠂ ᠦᠨᠳᠡᠭᠡ᠂ ᠴᠠᠢ᠂ ᠠᠷᠢᠬᠢ᠂ ᠲᠠᠮᠠᠬᠢ᠂ ᠴᠢᠪᠠᠭ᠎ᠠ᠂ ᠪᠦᠰ ᠤᠨ ᠦᠭᠡᠳᠡᠰᠦ᠂ ᠲᠦᠯᠡᠰᠢ ᠶᠢᠨ ᠴᠠᠭᠠᠰᠤ | ᠵᠡᠷᠭᠡ ᠲᠤᠶ᠋ᠢᠩ ᠢᠶᠠᠨ ᠰᠢᠳᠠᠭᠠᠵᠤ ᠦᠭᠳᠡᠭ᠃ ᠪᠠᠰᠠ ᠠᠷᠢᠬᠢᠨ ᠲᠠᠭᠯᠠᠭ᠎ᠠ ᠪᠠᠨ ᠨᠡᠭᠡᠭᠡᠵᠦ᠂ ᠲᠡᠭᠷᠢ ᠭᠠᠵᠠᠷ ᠲᠤ | ᠰᠡᠷᠵᠢᠮ ᠡᠷᠭᠦᠭᠡᠭᠡᠳ᠂ ᠲᠠᠬᠢᠨ ᠲᠦᠯᠡᠰᠢ ᠶᠢᠨ ᠭᠠᠯ ᠳᠤ ᠡᠷᠭᠦᠳᠡᠭ᠃ ᠪᠢᠳᠡ ᠠᠪᠤ᠂ ᠠᠪᠠᠭ᠎ᠠ ᠨᠠᠷ ᠢ ᠲᠠᠭᠠᠵᠦ | ᠲᠦᠰ ᠲᠦᠰ ᠮᠦᠷᠭᠦᠳᠡᠭ᠃ ᠲᠦᠯᠡᠰᠢ ᠶᠢᠨ ᠵᠦᠢᠯ ᠠᠴᠠ ᠪᠤᠭᠤᠷᠰᠤᠭ ᠪᠠ ᠭᠤᠸᠠᠨᠲᠸᠤ ᠦᠯᠡᠳᠡᠭᠡᠵᠦ ᠪᠢᠳᠡᠨ ᠳᠤ | ᠵᠢᠭᠠᠬᠠᠨ ᠵᠤᠭᠤᠬᠠᠨ ᠬᠤᠪᠢᠶᠠᠵᠤ ᠦᠭᠳᠡᠭ᠃ | ᠵᠢᠯ ᠪᠦᠷᠢ ᠶᠢᠨ ᠬᠠᠩᠰᠢ ᠪᠤᠯᠤᠭᠰᠠᠭᠠᠷ ᠪᠢᠳᠡ ᠲᠦᠯᠡᠰᠢ ᠲᠤᠶ᠋ᠢᠩ ᠤᠨ ᠵᠦᠢᠯ ᠢᠶᠠᠨ ᠰᠠᠭᠰᠤᠨ ᠳᠤ ᠬᠢᠵᠦ᠂ | ᠬᠦᠷᠵᠡ ᠪᠠᠨ ᠲᠡᠭᠡᠭᠡᠳ ᠴᠠᠭᠠᠨ ᠬᠢᠯᠢᠩ ᠤᠨ ᠮᠠᠩᠬ᠎ᠠ ᠶᠢ ᠴᠢᠭᠯᠡᠭᠰᠡᠭᠡᠷ ᠁ ᠨᠢᠭᠡ ᠮᠡᠳᠡᠬᠦ ᠳᠤ ᠪᠤᠩᠬᠤᠨ | ᠨᠡᠮᠡᠭᠳᠡᠴᠢᠭᠡᠭᠰᠡᠨ᠂ ᠪᠠᠭ᠎ᠠ ᠡᠪᠦᠭᠡ ᠲᠡᠭᠷᠢ ᠳᠤ ᠬᠠᠯᠢᠴᠢᠬᠠᠭᠰᠠᠨ᠂ ᠡᠭᠡᠴᠢ ᠮᠢᠨᠢ ᠴᠦ ᠦᠨᠢᠳᠡ ᠶᠠᠪᠤᠴᠢᠬᠠᠭᠰᠠᠨ᠂ | ᠡᠮᠡᠭᠡ ᠴᠦ ᠬᠠᠯᠢᠴᠢᠬᠠᠭᠰᠠᠨ᠂ ᠠᠪᠠᠭ᠎ᠠ ᠴᠦ ᠨᠠᠰᠤ ᠪᠠᠷᠠᠴᠢᠬᠠᠭᠰᠠᠨ ᠪᠠᠶᠢᠨ᠎ᠠ᠃ ᠪᠢ ᠬᠤᠯᠠ ᠭᠠᠵᠠᠷ ᠬᠡᠳᠦᠨ ᠵᠢᠯ | ᠰᠤᠷᠤᠯᠴᠠᠬᠤ ᠳᠠᠭᠠᠨ ᠴᠠᠭᠠᠨ ᠬᠢᠯᠢᠩ ᠤᠨ ᠮᠠᠩᠬᠠᠨ ᠳᠤ ᠢᠷᠡᠵᠦ ᠲᠡᠭᠡᠳᠦᠰ ᠲᠡᠭᠡᠨ ᠰᠢᠷᠤᠢ ᠨᠡᠮᠡᠵᠦ ᠮᠦᠷᠭᠦᠵᠦ | ᠲᠡᠶᠢᠯᠦᠭᠰᠡᠨ ᠦᠭᠡᠢ᠂ ᠪᠠᠰᠠ ᠴᠠᠭᠠᠨ ᠬᠢᠯᠢᠩ ᠤᠨ ᠮᠠᠩᠬᠠᠨ ᠲᠡᠭᠡᠷ᠎ᠡ ᠢᠷᠡᠵᠦ ᠨᠠᠭᠠᠳᠤᠭᠰᠠᠨ ᠦᠭᠡᠢ ᠪᠦᠭᠡᠳ | ᠨᠠᠭᠠᠳᠴᠤ ᠲᠤᠭᠯᠠᠬᠤ ᠨᠠᠰᠤ ᠴᠦ ᠨᠠᠳᠠ ᠠᠴᠠ ᠬᠤᠯᠠᠳᠠᠴᠢᠬᠠᠯᠠ᠃ ᠬᠤᠵᠢᠮ ᠨᠢ ᠠᠵᠢᠯ ᠳᠤ ᠭᠠᠷᠴᠤ᠂ ᠠᠶᠢᠯ | ᠡᠷᠦᠬᠡ ᠪᠤᠰᠬᠠᠵᠤ᠂ ᠬᠡᠦᠬᠡᠳ ᠲᠠᠢ ᠪᠤᠯᠴᠢᠬᠠᠭᠰᠠᠨ ᠠᠴᠠ ᠨᠡᠩ ᠴᠦᠬᠡᠨ ᠢᠷᠡᠬᠦ ᠪᠤᠯᠪᠠ᠃ ᠡᠮᠡᠭᠡ ᠨᠠᠰᠤ | ᠪᠠᠷᠠᠭᠰᠠᠨ ᠤ ᠲᠠᠷᠠᠭ᠎ᠠ ᠵᠢᠯ ᠨᠢ ᠪᠢ ᠴᠠᠭᠠᠨ ᠬᠢᠯᠢᠩ ᠤᠨ ᠮᠠᠩᠬᠠᠨ ᠳᠤ ᠢᠷᠡᠭᠰᠡᠨ᠃ ᠪᠢ ᠬᠤᠰᠢᠭᠤᠨ ᠲᠦᠪ ᠤᠨ | ᠭᠡᠷ ᠠᠴᠠ ᠪᠠᠨ ᠮᠠᠰᠢᠨ ᠢᠶᠠᠷ ᠡᠷᠳᠡ ᠭᠠᠷᠤᠭᠰᠠᠨ ᠲᠤᠯᠠ ᠠᠪᠤ᠂ ᠠᠬ᠎ᠠ ᠨᠠᠷ ᠢᠷᠡᠬᠦ ᠠᠴᠠ ᠡᠮᠦᠨ᠎ᠡ ᠲᠡᠨᠳᠡ ᠬᠦᠷᠪᠡ᠃ | ᠲᠡᠭᠡᠭᠡᠳ ᠴᠠᠭᠠᠨ ᠮᠠᠩᠬ᠎ᠠ ᠶᠢ ᠡᠩᠭᠦᠷᠡᠶᠢᠯᠡᠨ ᠢᠯᠪᠢᠵᠦ᠂ ᠲᠡᠷᠭᠡᠳᠡᠬᠢ ᠵᠢᠵᠢᠭᠬᠡᠨ ᠠᠭᠤᠯᠠᠨ ᠲᠡᠭᠡᠷ᠎ᠡ ᠭᠠᠷᠪᠠ᠃ | ᠴᠠᠭᠠᠨ ᠮᠠᠩᠬ᠎ᠠ ᠮᠦᠨ ᠯᠠ ᠲᠡᠶᠢᠮᠦ ᠵᠦᠭᠡᠯᠡᠨ ᠢᠶᠠᠷ ᠢᠶᠠᠨ᠃ ᠦᠯᠦᠭᠡᠢ ᠳᠤ ᠪᠠᠶᠢᠬᠤ ᠳᠤ ᠨᠠᠮ᠎ᠠ ᠶᠢ ᠬᠠᠭᠤᠷᠠᠶᠢᠯᠠᠵᠤ᠂ | ᠦᠰᠴᠤ ᠲᠤᠮᠤᠭᠠᠵᠢᠬᠤ ᠳᠤ ᠲᠤᠭᠯᠠᠵᠤ ᠨᠠᠭᠠᠳᠴᠤ ᠪᠠᠶᠢᠭᠰᠠᠨ ᠦᠨᠢ ᠶᠢᠨ ᠲᠤᠷᠠᠳᠬᠠᠯᠳᠤ ᠡᠯᠡᠰᠦ ᠮᠠᠩᠬ᠎ᠠ ᠮᠢᠨᠢ︕ | ᠬᠤᠷᠤᠭᠤᠨ ᠤ ᠰᠠᠯᠠᠭ᠎ᠠ ᠪᠠᠷ ᠭᠤᠭᠤᠵᠢᠬᠤ ᠡᠯᠡᠰᠦ ᠮᠠᠩᠬ᠎ᠠ ᠶᠠᠭ ᠯᠠ ᠦᠩᠭᠡᠷᠡᠵᠦ ᠤᠳᠤᠭᠰᠠᠨ ᠡᠳᠦᠷ ᠬᠤᠨᠤᠭ ᠰᠢᠬ | ᠰᠠᠨᠠᠭᠳᠠᠬᠤᠯᠠᠷ ᠪᠢ ᠦᠪᠡᠷ ᠤᠨ ᠡᠷᠭᠡ ᠦᠭᠡᠢ ᠦᠪᠡᠷ ᠤᠨ ᠪᠢᠴᠢᠭᠰᠡᠨ ᠬᠡᠳᠦᠨ ᠮᠦᠷ ᠰᠢᠯᠦᠭ ᠢᠶᠠᠨ ᠰᠠᠨᠠᠭᠠᠨ ᠳᠤ | ᠤᠷᠤᠪᠠ᠃ | ︽ᠡᠳᠦᠷ ᠬᠤᠨᠤᠭ | ᠤᠷᠭ᠎ᠠ ᠶᠢᠨ ᠡᠰᠢ ᠰᠢᠭ ᠤᠷᠳᠤ ᠪᠦᠭᠡᠳᠡᠯ᠎ᠡ ᠤᠬᠤᠷ | ᠤᠯᠠᠷᠢᠯ ᠤᠨ ᠰᠤᠯᠢᠭᠳᠠᠯ | ᠦᠷᠯᠦᠭᠡ ᠦᠳᠡᠰᠢ ᠶᠢᠨ ᠰᠢᠭᠦᠳᠡᠷᠢ ᠮᠡᠳᠦ ᠡᠮᠵᠡᠭᠬᠡᠨ | ᠡᠳᠦᠷ ᠰᠦᠨᠢ ᠪᠠᠷ ᠡᠮᠵᠢᠶᠡᠷᠢᠯᠡᠭᠰᠡᠨ | ᠡᠪᠦᠯ ᠵᠤᠨ ᠬᠠᠪᠤᠷ ᠨᠠᠮᠤᠷ ᠢᠶᠠᠷ ᠦᠶᠡᠯᠡᠭᠰᠡᠨ | ᠡᠨᠡᠦᠬᠡᠨ ᠨᠠᠰᠤᠨ ᠤ ᠮᠦᠴᠡ ᠪᠦᠷᠢ | ᠡᠩᠭᠦᠷᠡᠢ ᠬᠤᠷᠤᠭᠤᠳ ᠤᠨ ᠵᠠᠪᠰᠠᠷ ᠢᠶᠠᠷ ᠭᠤᠭᠤᠵᠢᠬᠤ ᠡᠯᠡᠰᠦ ᠮᠡᠳᠦ ᠁︾ | ᠠᠭᠤᠯᠠᠨ ᠲᠡᠭᠡᠷ᠎ᠡ ᠭᠠᠷᠬᠤ ᠳᠤ ᠪᠤᠳᠠᠷᠭᠠᠨ᠎ᠠ ᠬᠦᠬᠡᠷᠡᠵᠦ᠂ ᠡᠪᠡᠰᠦ ᠪᠡᠯᠴᠢᠭᠡᠷ ᠦᠩᠭᠡᠷᠡᠭᠰᠡᠨ ᠠᠴᠠ ᠨᠡᠯᠢᠶᠡᠳ | ᠮᠠᠭᠤᠵᠢᠷᠠᠭᠰᠠᠨ ᠴᠦ ᠠᠯᠤᠰ ᠤᠨ ᠬᠦᠬᠡ ᠤᠨᠢᠶᠠᠷ ᠵᠡᠷᠭᠡᠯᠭᠡᠨᠳᠤᠵᠤ᠂ ᠡᠮᠡᠭᠡ ᠶᠢᠨ ᠮᠢᠨᠢ ᠡᠨᠡᠷᠢᠩᠭᠦᠢ ᠲᠦᠷᠢ ᠡᠭᠦᠯᠡᠨ | ᠲᠠᠯᠳᠠ ᠠᠴᠠ ᠬᠠᠷᠠᠭᠳᠠᠮᠠᠷ ᠰᠠᠨᠠᠭᠳᠠᠬᠤ ᠳᠤ ᠨᠢᠳᠤᠨ ᠳᠤ ᠮᠢᠨᠢ ᠵᠠᠶᠢᠷ ᠬᠦᠶᠦᠪᠡ᠃ | ᠬᠤᠷᠢᠳᠤᠭᠠᠷ ᠵᠠᠭᠤᠨ ᠤ ᠭᠤᠴᠢᠭᠠᠳ ᠤᠨ ᠤ ᠦᠶ᠎ᠡ ᠳᠤ ᠮᠢᠨᠦ ᠡᠯᠦᠨᠴᠡ ᠡᠪᠦᠭᠡ᠂ ᠡᠯᠦᠨᠴᠡ ᠡᠮᠡᠭᠡ ᠶᠢ | ᠪᠠᠭᠳᠠᠭᠠᠭᠰᠠᠨ ᠨᠢᠭᠡ ᠪᠦᠯᠦᠭ ᠬᠦᠮᠦᠰ ᠬᠠᠷᠠᠴᠢᠨ ᠠᠴᠠ ᠲᠠᠮᠨᠠᠭᠤᠷ ᠢᠶᠠᠷ ᠨᠡᠭᠦᠵᠦ ᠢᠷᠡᠭᠡᠳ ᠡᠨᠡ ᠭᠠᠵᠠᠷ ᠲᠤ | ᠨᠤᠳᠤᠭᠯᠠᠭᠰᠠᠨ ᠠᠴᠠ ᠲᠠᠷᠢᠶᠠᠨ ᠲᠤᠪᠤ ᠪᠠᠶᠢᠭᠰᠠᠨ ᠭᠠᠵᠠᠷ ᠠᠶᠢᠯ ᠲᠤᠰᠬᠤᠨ ᠪᠤᠯᠵᠤ᠂ ᠦᠷᠡᠵᠢᠨ ᠲᠦᠯᠵᠢᠭᠰᠭᠡᠷ | ᠡᠳᠦᠭᠡ ᠵᠠᠭᠤ ᠢᠯᠡᠬᠦᠦ ᠡᠷᠦᠬᠡ ᠲᠠᠢ ᠪᠤᠯᠪᠠ᠃ ᠡᠮᠡᠭᠡ ᠮᠢᠨᠢ ᠪᠢᠳᠡᠨ ᠳᠤ ᠲᠡᠭᠡᠳᠦᠰ ᠤᠨ ᠦᠯᠢᠭᠡᠷ ᠢ ᠲᠠᠩᠳᠠ | ᠶᠠᠷᠢᠵᠤ ᠦᠭᠳᠡᠭ᠃ ᠡᠮᠡᠭᠡ ᠭᠤᠴᠢᠭᠠᠳ ᠨᠠᠰᠤᠨ ᠠᠴᠠ ᠪᠠᠨ ᠪᠡᠯᠪᠡᠰᠦᠷᠡᠵᠦ᠂ ᠬᠡᠳᠦᠨ ᠲᠦᠷᠦ ᠶᠢ ᠡᠯᠡᠭᠡᠵᠦ ᠬᠠᠯᠠ | ᠵᠤᠪᠠᠯᠠᠩ ᠢ ᠬᠠᠨᠳᠠᠯ᠎ᠠ ᠠᠮᠰᠠᠭᠰᠠᠨ ᠪᠤᠯᠪᠠᠴᠤ ᠪᠡᠶ᠎ᠡ ᠴᠢᠬᠢᠷᠠᠭ᠂ ᠤᠬᠠᠭᠠᠨ ᠰᠠᠷᠠᠭᠤᠯ᠂ ᠶᠡᠷᠡᠨ ᠨᠠᠰᠤ ᠶᠢ ᠬᠦᠷᠦᠭᠰᠡᠨ | ᠪᠤᠭᠤᠷᠤᠯ᠃ ᠲᠡᠶᠢᠮᠦ ᠳᠡᠭᠡᠨ ᠪᠢᠳᠡᠨ ᠳᠤ ᠦᠩᠭᠡᠷᠡᠭᠰᠡᠨ ᠤ ᠴᠠᠭ ᠲᠦᠷᠦ ᠶᠢᠨ ᠤᠷᠤᠭ᠎ᠠ ᠪᠤᠰᠬᠠᠭ᠎ᠠ ᠪᠠ ᠡᠯᠦᠨᠴᠡ | ᠡᠪᠦᠭᠡ ᠶᠢᠨ ᠤᠴᠢᠷ ᠶᠠᠪᠤᠳᠠᠯ ᠤᠳ ᠢ ᠶᠠᠷᠢᠵᠦ ᠦᠭᠳᠡᠭ᠃ ︽ᠡᠯᠦᠨᠴᠡ ᠡᠪᠦᠭᠡ ᠴᠢᠨᠢ ᠪᠡᠭᠡᠵᠢᠩ ᠳᠤ ᠪᠢᠴᠢᠭᠡᠴᠢ | ᠪᠠᠶᠢᠭᠰᠠᠨ ᠬᠦᠮᠦᠨ᠂ ᠪᠤᠰᠤᠳ ᠤᠨ ᠤᠴᠢᠷ ᠲᠤ ᠬᠤᠯᠪᠤᠭᠳᠠᠵᠤ ᠵᠡᠷᠭᠡ ᠲᠤᠰᠢᠶᠠᠯ ᠢᠶᠠᠨ ᠤᠷᠬᠢᠭᠠᠳ ᠬᠠᠷᠢᠵᠤ | ᠢᠷᠡᠭᠰᠡᠨ ᠁ ᠡ᠊ᠨᠳᠡ ᠢᠷᠡᠭᠡᠳ ᠪᠠᠰᠠ ᠪᠠᠭᠰᠢᠯᠠᠵᠤ ᠪᠠᠶᠢᠭᠰᠠᠨ ᠁ ᠲᠠᠨ ᠤ ᠠᠶᠢᠮᠠᠭ ᠤᠭᠰᠠᠭ᠎ᠠ ᠪᠢᠴᠢᠭ ᠢ | ᠲᠡᠭᠡᠳᠦᠯᠡᠳᠡᠭ ᠰᠢᠦ︕︾᠂ ︽ᠪᠢ ᠲᠠᠪᠤᠨ ᠨᠠᠰᠤ ᠲᠠᠢ ᠢᠷᠡᠭᠰᠡᠨ᠂ ᠡᠨᠡ ᠠᠶᠢᠯ ᠤᠨ ᠶᠠᠮᠠᠷ ᠤᠴᠢᠷ ᠢ ᠮᠡᠳᠡᠬᠦ | ᠦᠭᠡᠢ ᠪᠤᠢ ᠁︾ ᠭᠡᠵᠦ ᠬᠠᠭᠤᠴᠢᠯᠠᠳᠠᠭ᠃ | ᠤᠳᠤ ᠡᠮᠡᠭᠡ ᠮᠢᠨᠢ ᠪᠤᠷᠬᠠᠨ ᠤ ᠤᠷᠤᠨ ᠳᠤ ᠤᠳᠤᠭᠠᠳ ᠠᠷᠪᠠᠭᠠᠳ ᠢᠯᠡᠭᠦᠦ ᠵᠢᠯ ᠪᠤᠯᠪᠠ᠃ ᠪᠢ ᠲᠠᠩᠳᠠ | ᠡᠮᠡᠭᠡ ᠪᠠᠨ ᠵᠡᠭᠦᠳᠦᠯᠡᠳᠡᠭ᠂ ᠡᠮᠡᠭᠡ ᠶᠢᠨ ᠮᠢᠨᠢ ᠶᠠᠷᠢᠵᠤ ᠦᠭᠴᠦ ᠪᠠᠶᠢᠭᠰᠠᠨ ᠮᠠᠩᠭᠤᠰ ᠤᠨ ᠦᠯᠢᠭᠡᠷ᠂ ᠶᠠᠪᠠᠭᠠᠨ | ᠦᠯᠢᠭᠡᠷ ᠤᠳ ᠮᠢᠨᠦ ᠨᠢᠯᠬ᠎ᠠ ᠤᠶᠤᠨ ᠢ ᠰᠢᠮᠡᠵᠢᠭᠦᠯᠦᠭᠰᠡᠨ᠃ | ᠴᠠᠭᠠᠨ ᠬᠢᠯᠢᠩ ᠤᠨ ᠮᠠᠩᠬ᠎ᠠ ᠴᠠᠭᠠᠨ ᠰᠢᠷᠭᠠᠯ ᠢᠶᠠᠷ ᠢᠶᠠᠨ᠂ ᠨᠠᠰᠤᠨ ᠦᠭᠡᠳᠡ ᠪᠤᠯᠤᠭᠰᠠᠨ ᠲᠤᠳᠤᠨᠤ | ᠬᠦᠮᠦᠰ ᠤᠨ ᠰᠦᠨᠡᠰᠦ ᠠᠯᠢ ᠬᠡᠳᠦ᠋ᠢᠨ ᠪᠦᠷ ᠲᠦᠷᠦᠯ ᠢᠶᠠᠨ ᠤᠯᠵᠤ ᠰᠠᠶᠢᠬᠠᠨ ᠠᠵᠤ ᠲᠦᠷᠦᠵᠦ ᠪᠠᠶᠢᠬ᠎ᠠ᠃ | ︽ᠤᠤᠭᠤᠭᠰᠠᠨ ᠤᠰᠤ ᠷᠠᠰᠢᠶᠠᠨ᠂ ᠤᠨᠠᠭᠰᠠᠨ ᠰᠢᠷᠤᠢ ᠠᠯᠳᠠ︾ ᠭᠡᠳᠡᠭ ᠵᠢᠷᠦᠬᠡᠨ ᠠᠴᠠ ᠤᠶᠠᠭᠠᠳᠠᠢ | ᠦᠭᠡ ᠶᠢ ᠪᠤᠳᠤᠮᠠᠭᠴᠠ ᠪᠢ ᠠᠶᠢᠯ ᠤᠨ ᠪᠠᠷᠠᠭᠤᠨ ᠲᠠᠯ᠎ᠠ ᠶᠢᠨ ᠵᠢᠵᠢᠭᠬᠡᠨ ᠭᠤᠤᠯ ᠪᠠ ᠠᠶᠢᠯ ᠤᠨ ᠵᠠᠭᠦᠨ ᠡᠮᠦᠨ᠎ᠡ | ᠪᠠᠶᠢᠭ᠎ᠠ ᠴᠠᠭᠠᠨ ᠬᠢᠯᠢᠩ ᠤᠨ ᠮᠠᠩᠬ᠎ᠠ ᠪᠠᠨ ᠪᠤᠳᠤᠵᠤ ᠤᠯᠳᠠᠭ᠃ ᠮᠢᠨᠦ ᠤᠬᠠᠭᠠᠨ ᠤ ᠲᠡᠯᠡᠬᠡᠢ᠂ ᠲᠡᠭᠡᠳᠦᠰ ᠤᠨ | ᠱᠠᠷᠢᠯ ᠨᠦᠢᠷᠰᠤᠭᠰᠠᠨ ᠭᠠᠵᠠᠷ᠂ ᠰᠢᠷᠭᠠᠯ ᠴᠠᠭᠠᠨ ᠮᠠᠩᠬ᠎ᠠ ᠮᠢᠨᠢ᠂ ᠴᠠᠭᠠᠨ ᠬᠢᠯᠢᠩ ᠤᠨ ᠮᠠᠩᠬ᠎ᠠ ᠮᠢᠨᠢ᠂ | ᠲᠤᠷᠠᠰᠤᠯ ᠤᠨ ᠴᠠᠭᠠᠨ ᠮᠠᠩᠬ᠎ᠠ ᠮᠢᠨᠢ᠂ ᠬᠠᠩᠰᠢ ᠪᠤᠯᠵᠤ ᠬᠠᠭᠳᠠ ᠬᠦᠬᠡᠷᠡᠬᠦ ᠪᠠᠷ ᠪᠢ ᠲᠡᠭᠦᠨ ᠲᠡᠶᠢᠰᠢ ᠵᠤᠷᠢᠨ᠎ᠠ︕ | ᠬᠡᠭᠦᠳᠡᠭ ᠴᠡᠭᠡᠵᠢᠨ ᠤ ᠪᠤᠬᠢᠨᠢᠳᠤᠯ ᠭᠤᠨᠢᠭ ᠢᠶᠠᠨ ᠬᠡᠬᠡᠷ᠎ᠡ ᠶᠢᠨ ᠰᠠᠯᠬᠢᠨ ᠳᠤ ᠰᠢᠪᠡᠨᠡᠨ᠎ᠡ᠃ ᠬᠡᠨ ᠳᠤ ᠴᠤ ᠬᠡᠯᠡᠳᠡᠭ | ᠦᠭᠡᠢ ᠰᠡᠳᠬᠢᠯ ᠤᠨ ᠦᠭᠡ ᠪᠠᠨ ᠮᠠᠩᠬᠠᠨ ᠲᠡᠭᠡᠷ᠎ᠡ ᠪᠢᠴᠢᠭᠯᠡᠨ᠎ᠡ᠃ ᠡᠭᠦᠯᠡᠨ ᠲᠠᠯᠳᠠ ᠤᠷᠤᠭᠰᠠᠨ ᠡᠮᠡᠭᠡ ᠳᠡᠭᠡᠨ | ᠪᠠᠰᠠ ᠤᠯᠠᠨ ᠦᠭᠡ ᠶᠠᠷᠢᠨ᠎ᠠ ᠁ | ᠬᠤᠶᠠᠷ᠂ ᠤᠵᠤᠭᠤᠷ ᠰᠤᠶᠤᠯ ᠤᠨ ᠰᠢᠮ᠎ᠡ ᠶᠢ ᠬᠦᠷᠳᠡᠭᠰᠡᠨ ᠤᠨᠠᠭᠠᠨ ᠨᠠᠰᠤᠨ ᠤ ᠲᠤᠷᠠᠰᠤᠮᠵᠢ | ︽ᠦᠨᠢᠷ ᠪᠠᠶᠠᠨ | ᠡᠬᠡ ᠬᠡᠯᠡᠨ ᠤ ᠪᠠᠨ ᠭᠦᠨ ᠲᠠᠯᠠᠢ ᠳᠤ | ᠡᠪᠴᠢᠭᠦᠨ ᠵᠠᠪᠢ ᠰᠢᠭ᠋ | ᠰᠡᠯᠢᠵᠦ ᠰᠤᠷᠤᠭᠰᠠᠨ ᠳᠠᠭᠠᠨ ᠪᠢ ᠪᠠᠭ᠋ᠠᠷᠬᠠᠳᠠᠭ︾ ᠭᠡᠬᠦ ᠪ᠊᠂ ᠶᠠᠪᠤᠭᠤᠬᠤᠯᠠᠨ ᠤ ᠰᠢᠯᠦᠭ ᠢᠶᠠᠷ ᠪᠠᠭ᠋ᠠᠷᠬᠠᠳᠠᠭ᠃ | ᠮᠤᠩᠭᠤᠯ ᠡᠬᠡ ᠶᠢᠨ ᠠᠷᠢᠭᠤᠨ ᠴᠠᠭᠠᠨ ᠰᠦ ᠶᠢ ᠰᠢᠮᠡᠵᠦ᠂ ᠮᠤᠩᠭᠤᠯ ᠰᠤᠶᠤᠯ ᠤᠨ ᠲᠠᠷᠬᠠᠨ ᠦᠪ ᠢᠶᠠᠷ ᠬᠦᠮᠦᠨ | ᠪᠤᠯᠤᠭᠰᠠᠨ ᠪᠢ ᠡᠬᠡ ᠤᠷᠤᠨ᠂ ᠨᠤᠳᠤᠭ ᠤᠰᠤ᠂ ᠡᠵᠢ ᠠᠪᠤ ᠳᠤ ᠪᠠᠨ ᠬᠡᠵᠢᠶᠡᠳᠡ ᠲᠠᠯᠠᠷᠬᠠᠳᠠᠭ᠃ | ᠮᠢᠨᠦ ᠦᠰᠴᠦ ᠲᠦᠷᠦᠭᠰᠡᠨ ᠭᠡᠷ ᠪᠦᠯᠢ᠂ ᠨᠤᠳᠤᠭ ᠤᠰᠤ ᠲᠡᠷᠡ ᠴᠢᠭ ᠢᠶᠠᠷ ᠢᠶᠠᠨ ᠤᠵᠤᠭᠤᠷ ᠰᠤᠶᠤᠯ ᠤᠨ | ᠦᠩ ᠰᠢᠮᠡᠯᠢᠭ ᠬᠦᠷᠦᠰᠦ ᠰᠢᠷᠤᠢ ᠪᠠᠶᠢᠭᠰᠠᠨ᠃ ᠡᠮᠡᠭᠡ ᠮᠢᠨᠢ ᠨᠡᠷ᠎ᠡ ᠪᠠᠨ ᠪᠢᠴᠢᠵᠦ ᠴᠢᠳᠠᠳᠠᠭ ᠦᠭᠡᠢ ᠴᠦ ᠦᠯᠢᠭᠡᠷ | ᠲᠤᠮᠤᠭ ᠤᠯᠠᠨ ᠮᠡᠳᠡᠳᠡᠭ᠃ ᠪᠢᠳᠡᠨ ᠢ ᠪᠠᠭ᠎ᠠ ᠪᠠᠶᠢᠬᠤ ᠳᠤ ᠡᠮᠡᠭᠡ ᠪᠢᠳᠡᠨ ᠳᠤ ᠮᠠᠩᠭᠤᠰ ᠤᠨ ᠦᠯᠢᠭᠡᠷ᠂ | ᠪᠠᠯᠭᠠᠨᠰᠠᠩ ᠤᠨ ᠦᠯᠢᠭᠡᠷ᠂ ᠲᠠᠯᠠᠨ ᠬᠤᠳᠠᠯᠴᠢ ᠶᠢᠨ ᠦᠯᠢᠭᠡᠷ ᠵᠡᠷᠭᠡ ᠠᠷᠠᠳ ᠤᠨ ᠠᠮᠠᠨ ᠦᠯᠢᠭᠡᠷ ᠢ ᠦᠷᠬᠦᠯᠵᠢ | ᠶᠠᠷᠢᠵᠦ ᠦᠭᠳᠡᠭ᠃ ᠡᠮᠡᠭᠡ ᠶᠢᠨ ᠢᠶᠠᠨ ᠬᠠᠯᠠᠭᠤᠨ ᠡᠪᠦᠷ ᠲᠤ ᠠᠳᠤᠷᠢᠵᠤ᠂ ᠠᠮᠠᠨ ᠦᠯᠢᠭᠡᠷ ᠢ ᠨᠢ ᠰᠤᠨᠤᠰᠴᠤ | ᠵᠡᠭᠦᠳᠦᠨ ᠶᠢᠷᠳᠢᠨᠴᠦ ᠳᠤ ᠤᠷᠤᠬᠤ ᠨᠢ ᠲᠡᠶᠢᠮᠦ ᠯᠠ ᠵᠢᠷᠭᠠᠯᠳᠠᠢ ᠪᠠᠶᠢᠭᠰᠠᠨ᠃ | ᠠᠪᠤ ᠮᠢᠨᠢ ᠠᠷᠪᠠᠨ ᠬᠤᠶᠠᠷᠳᠠᠢ ᠠᠪᠤ ᠪᠠᠨ ᠠᠯᠳᠠᠵᠤ᠂ ᠲᠦᠩᠭᠡᠵᠦ ᠪᠠᠭ᠎ᠠ ᠰᠤᠷᠭᠠᠭᠤᠯᠢ ᠶᠢᠨ ᠲᠦᠷᠪᠡᠳᠦᠭᠡᠷ ᠤᠨ | ᠲᠡᠭᠦᠰᠦᠭᠰᠡᠨ ᠪᠤᠯᠪᠠᠴᠤ ᠨᠤᠮ ᠪᠢᠴᠢᠭ ᠤᠷᠪᠠᠭᠤᠯᠬᠤ ᠲᠤᠷᠠᠳᠠᠢ ᠲᠤᠯᠠ ᠲᠤᠬᠠᠢ ᠶᠢᠨ ᠦᠶ᠎ᠡ ᠳᠤ ᠪᠠᠨ ᠨᠡᠯᠢᠶᠡᠳ | ᠪᠢᠴᠢᠭ ᠲᠠᠢ ᠬᠦᠮᠦᠨ ᠳᠤ ᠪᠠᠨ ᠪᠠᠭᠳᠠᠨ᠎ᠠ᠃ ᠠᠪᠤ ᠮᠢᠨᠢ ᠠᠵᠢᠯᠴᠢ ᠬᠦᠳᠡᠯᠮᠦᠷᠢᠴᠢ᠂ ᠦᠰᠦᠭ ᠪᠢᠴᠢᠭ ᠮᠡᠳᠡᠳᠡᠭ | ᠲᠤᠯᠠ ᠪᠠᠷᠢᠭᠠᠳᠠ ᠶᠢᠨ ᠲᠠᠷᠤᠭ᠎ᠠ ᠶᠢᠨ ᠡᠭᠦᠷᠭᠡ ᠶᠢ ᠬᠠᠷᠢᠭᠤᠴᠠᠵᠤ᠂ ᠮᠠᠨ ᠤ ᠠᠶᠢᠯ ᠳᠤ ᠪᠠᠨ ᠬᠦᠨᠳᠦᠳᠭᠡᠯᠳᠡᠢ | ᠶᠠᠪᠤᠭᠰᠠᠨ᠃ ᠨᠡᠩ ᠨᠤᠮ ᠲᠡᠪᠳᠡᠷ ᠤᠷᠪᠠᠭᠤᠯᠬᠤ ᠵᠠᠩ ᠢᠶᠠᠨ ᠨᠠᠰᠤᠨ ᠲᠤᠷᠰᠢ ᠬᠠᠶᠠᠭᠰᠠᠨ ᠦᠭᠡᠢ ᠪᠦᠭᠡᠳ ᠬᠡᠦᠬᠡᠳ | ᠤᠮᠪᠤᠯᠤ ᠪᠠᠨ ᠪᠦᠷ ᠪᠢᠴᠢᠭ ᠰᠤᠶᠤᠯ ᠲᠠᠢ ᠬᠦᠮᠦᠨ ᠪᠤᠯᠭᠠᠨ ᠬᠦᠮᠦᠵᠢᠭᠦᠯᠦᠭᠰᠡᠨ ᠶᠤᠮ᠃ ᠠᠪᠤ ᠮᠢᠨᠢ ᠦᠷᠬᠦᠯᠵᠢ | ᠦᠯᠢᠭᠡᠷ ᠤᠨ ᠲᠡᠪᠳᠡᠷ ᠤᠩᠰᠢᠳᠠᠭ ᠠᠴᠠ ᠮᠠᠨ ᠤ ᠭᠡᠷ ᠲᠤ ᠲᠠᠪᠤᠨ ᠵᠤᠸᠠᠨ ᠤ ᠱᠠᠰᠳᠢᠷ᠂ ︽ᠬᠦᠬᠡ ᠰᠤᠳᠤᠷ︾᠂ ︽ | ᠰᠡᠬᠢᠭᠤᠯᠰᠤᠨ ᠡᠷᠭᠦᠮᠵᠢᠯᠡᠭᠰᠡᠨ ᠦᠯᠢᠭᠡᠷ︾᠂ ︽ᠤᠯᠠᠭᠠᠨ ᠠᠰᠠᠷ ᠤᠨ ᠵᠡᠭᠦᠳᠦᠨ︾ ᠵᠡᠷᠭᠡ ᠤᠯᠠᠨ ᠨᠤᠮ ᠪᠠᠶᠢᠭᠰᠠᠨ | ᠃ ᠪᠢ ᠦᠰᠦᠭ ᠨᠢᠳᠦᠯᠡᠵᠦ ᠡᠬᠢᠯᠡᠭᠰᠡᠨ ᠠᠴᠠ ᠠᠪᠤ ᠶᠢᠨ ᠤᠩᠰᠢᠳᠠᠭ ᠲᠡᠳᠡᠭᠡᠷ ᠦᠯᠢᠭᠡᠷ ᠤᠨ ᠨᠤᠮ ᠢ ᠤᠩᠰᠢᠵᠤ | ᠡᠬᠢᠯᠡᠪᠡ᠃ ᠪᠠᠰᠠ ᠠᠬ᠎ᠠ ᠨᠠᠷ ᠤᠨ ᠬᠢᠴᠢᠶᠡᠯ ᠤᠨ ᠪᠢᠴᠢᠭ᠂ ᠵᠢᠷᠤᠭᠳᠤ ᠲᠡᠪᠳᠡᠷ ᠢ ᠨᠢ ᠦᠵᠡᠵᠦ ᠪᠠᠬ᠎ᠠ ᠰᠤᠨᠢᠷᠬᠠᠯ | ᠬᠦᠷᠴᠦ ᠪᠠᠶᠢᠪᠠ᠃ ᠮᠢᠨᠦ ᠡᠵᠢ ᠠᠵᠢᠯᠴᠢ ᠬᠦᠳᠡᠯᠮᠦᠴᠢ᠂ ᠭᠠᠷ ᠤᠷᠠᠨ᠂ ᠪᠤᠰᠢᠭᠤ ᠱᠠᠯᠠᠮᠠᠭᠠᠢ ᠪᠦᠭᠡᠳ | ᠠᠷᠠᠳ ᠤᠨ ᠲᠠᠭᠤᠤ ᠶᠢ ᠰᠠᠶᠢᠬᠠᠨ ᠲᠠᠭᠤᠯᠠᠳᠠᠭ᠃ ᠡᠵᠢ ᠲᠠᠢ ᠬᠠᠮᠳᠤ ᠬᠡᠬᠡᠷ᠎ᠡ ᠭᠠᠷᠬᠤ ᠪᠤᠶᠤ ᠠᠶᠠᠨ ᠵᠠᠮ | ᠬᠦᠬᠡᠬᠡᠬᠦ ᠳᠤ ᠡᠵᠢ ᠮᠢᠨᠢ ᠠᠷᠠᠳ ᠤᠨ ᠲᠠᠭᠤᠤ ᠶᠢ ᠬᠠᠩᠭᠢᠨᠠᠳᠠᠯ᠎ᠠ ᠲᠠᠭᠤᠯᠠᠳᠠᠭ ᠪᠠᠶᠢᠭᠰᠠᠨ᠃ ᠬᠦᠭᠡᠷᠦᠬᠦᠢ᠂ ᠲᠡᠷᠡ | ᠦᠶ᠎ᠡ ᠳᠤ ᠡᠵᠢ ᠮᠢᠨᠢ ᠨᠠᠭᠠᠴᠤ ᠡᠪᠦᠭᠡ᠂ ᠨᠠᠭᠠᠴᠤ ᠡᠮᠡᠭᠡ ᠶᠢ ᠰᠠᠨᠠᠵᠤ ᠪᠠᠶᠢᠭᠰᠠᠨ ᠰᠡᠳᠬᠢᠯ ᠤᠨ ᠢᠶᠠᠨ ᠭᠤᠨᠢᠭ ᠢ | ᠲᠠᠭᠤᠤ ᠪᠠᠷ ᠢᠯᠡᠳᠭᠡᠵᠦ ᠪᠠᠶᠢᠭᠰᠠᠨ ᠪᠠᠶᠢᠪᠠ ᠤᠤ᠃ ᠡᠵᠢ ᠶᠢᠨ ᠮᠢᠨᠢ ᠲᠠᠭᠤᠯᠠᠳᠠᠭ ᠠᠷᠠᠳ ᠤᠨ ᠲᠠᠭᠤᠨ ᠳᠤ | ᠤᠶᠠᠩᠭ᠎ᠠ ᠰᠡᠳᠬᠢᠯ ᠢᠶᠠᠨ ᠤᠶᠠᠷᠠᠭᠤᠯᠵᠤ ᠪᠠᠶᠢᠭᠰᠠᠨ᠃ | ᠮᠢᠨᠦ ᠪᠠᠭ᠎ᠠ ᠶᠢᠨ ᠦᠶ᠎ᠡ ᠳᠤ ᠮᠠᠨ ᠤ ᠠᠶᠢᠯ ᠳᠤ ᠴᠠᠬᠢᠯᠭᠠᠨ ᠭᠡᠵᠦ ᠪᠠᠶᠢᠬᠤ ᠦᠭᠡᠢ᠃ ᠦᠳᠡ ᠤᠷᠤᠢ ᠳᠤ ᠪᠠᠨ | ᠷᠠᠳᠢᠣ᠋ ᠪᠠᠨ ᠲᠠᠯᠪᠢᠵᠤ ᠬᠤᠭᠤᠷ ᠤᠨ ᠦᠯᠢᠭᠡᠷ ᠰᠤᠨᠤᠰᠳᠠᠭ᠃ ᠦᠳᠡ ᠶᠢᠨ 12 ᠴᠠᠭ ᠠᠴᠠ 1 ᠴᠠᠭ ᠪᠤᠯᠳᠠᠯ᠎ᠠ | ᠬᠤᠭᠤᠷ ᠤᠨ ᠦᠯᠢᠭᠡᠷ ᠰᠤᠨᠤᠰᠳᠠᠭ᠃ ᠮᠢᠨᠦ ᠭᠡᠷ ᠪᠠᠭ᠎ᠠ ᠰᠤᠷᠭᠠᠭᠤᠯᠢ ᠠᠴᠠ ᠵᠠᠭᠤᠬᠠᠨ ᠮᠧᠳ᠋ᠷ ᠬᠤᠯᠠ ᠪᠠᠶᠢᠳᠠᠭ | ᠲᠤᠯᠠ ᠦᠯᠢᠭᠡᠷ ᠢᠶᠠᠨ ᠰᠤᠨᠤᠰᠴᠤ ᠪᠠᠷᠠᠮᠠᠭᠴᠠ ᠰᠤᠷᠭᠠᠭᠤᠯᠢ ᠵᠦᠭ ᠢᠶᠠᠨ ᠨᠢᠰᠬᠦ ᠮᠡᠳᠦ ᠲᠤᠪᠳᠤᠯᠳᠠᠭ᠃ ᠮᠠᠨ ᠤ | ᠭᠡᠷ ᠤᠨ ᠬᠡᠨ ᠨᠢᠭᠡ ᠨᠢ ᠶᠠᠮᠠᠷ ᠨᠢᠭᠡᠨ ᠶᠠᠪᠤᠳᠠᠯ ᠢᠶᠠᠷ ᠦᠨᠦᠳᠦᠷ ᠤᠨ ᠬᠤᠭᠤᠷ ᠤᠨ ᠦᠯᠢᠭᠡᠷ ᠢ ᠰᠤᠨᠤᠰᠴᠤ | ᠠᠮᠵᠢᠭᠰᠠᠨ ᠦᠭᠡᠢ ᠪᠤᠯ ᠪᠢᠳᠡ ᠠᠬ᠎ᠠ ᠲᠡᠭᠦᠦ ᠬᠡᠳᠦᠭᠦᠯᠡ ᠤᠷᠤᠯᠳᠤᠵᠤ ᠪᠠᠶᠢᠮᠠᠨ ᠶᠠᠷᠢᠵᠤ ᠦᠭᠳᠡᠭ᠃ ᠪᠠᠰᠠ ᠵᠠᠷᠢᠮ | ᠤᠷᠤᠢ ᠳᠤ ᠪᠠᠨ ᠠᠶᠢᠯ ᠤᠨ ᠵᠠᠯᠠᠭᠤᠴᠤᠳ ᠢᠳᠡᠷᠴᠦᠳ ᠬᠡᠨ ᠨᠢᠭᠡᠨ ᠤ ᠳᠤ ᠨᠢ ᠴᠤᠭᠯᠠᠷᠠᠵᠤ ᠬᠤᠯᠪᠤᠭ᠎ᠠ ᠬᠡᠯᠡᠵᠦ | ᠲᠠᠭᠤᠤ ᠲᠠᠭᠤᠯᠠᠳᠠᠭ᠃ | ᠬᠠᠮᠤᠭ ᠤᠨ ᠢᠳᠡ ᠲᠠᠢ ᠨᠢ ᠲᠠᠭᠠᠷᠢᠯᠴᠠᠭ᠎ᠠ ᠬᠤᠯᠪᠤᠭ᠎ᠠ ᠪᠤᠯᠤᠨ᠎ᠠ᠃ ᠨᠢᠭᠡ ᠨᠢ ︽ᠰᠢᠳᠦ ᠦᠭᠡᠢ ᠮᠡᠭᠡᠵᠢ ᠨᠢ᠂ | ᠰᠢᠰᠢ ᠶᠢᠨ ᠪᠤᠤᠪᠤ ᠳᠤ ᠲᠤᠷᠠᠯᠠᠵᠠᠢ᠂ ᠰᠢᠯᠦᠭ ᠮᠡᠳᠡᠬᠦ ᠦᠭᠡᠢ ᠪᠠᠶᠢᠭᠠᠳ ᠴᠢ᠂ ᠨᠠᠳᠠ ᠲᠠᠢ ᠬᠡᠯᠡᠯᠴᠡᠬᠦ ᠶᠢ ᠲᠤᠷᠠᠯᠠᠵᠠᠢ | ᠃ ᠠᠷᠠᠭ᠎ᠠ ᠦᠭᠡᠢ ᠮᠡᠭᠡᠵᠢ ᠨᠢ᠂ ᠠᠭ᠎ᠠ ᠶᠢᠨ ᠪᠤᠤᠪᠤ ᠳᠤ ᠲᠤᠷᠠᠯᠠᠵᠠᠢ᠂ ᠠᠷᠭ᠎ᠠ ᠪᠠᠨ ᠪᠠᠷᠠᠭᠰᠠᠨ ᠴᠢ ᠳ᠋ᠧ᠂ | ᠬᠤᠯᠪᠤᠭ᠎ᠠ ᠬᠡᠯᠡᠯᠴᠡᠬᠦ ᠶᠢ ᠲᠤᠷᠠᠯᠠᠵᠠᠢ︾ ᠭᠡᠬᠦ ᠳᠤ ᠨᠦᠭᠦᠭᠡ ᠨᠢ ᠤᠭᠳᠤᠵᠤ ᠠᠪᠤᠭᠠᠳ ︽ᠠᠯᠳᠠᠨ ᠬᠠᠶᠢᠷᠴᠠᠭ ᠢᠶᠠᠨ | ᠨᠡᠭᠡᠭᠡᠶ᠎ᠡ ᠪᠢ᠂ ᠤᠭᠤᠳᠠᠨ ᠰᠠᠶᠢᠯᠤ ᠮᠤᠩᠳᠠᠢ ᠳ᠋ᠠ᠂ ᠠᠶᠤᠤᠯᠢᠬᠠᠢ ᠴᠡᠭᠡᠵᠢ ᠪᠠᠨ ᠨᠡᠭᠡᠭᠡᠶ᠎ᠡ ᠪᠢ᠂ ᠰᠢᠯᠦᠭ ᠤᠨ | ᠰᠠᠶᠢᠯᠤ ᠮᠤᠩᠳᠠᠢ ᠳ᠋ᠠ︾ ᠭᠡᠬᠦ ᠮᠡᠳᠦ ᠪᠠᠷ ᠪᠤᠯᠢᠶᠠᠯᠴᠠᠵᠤ ᠲᠠᠭᠠᠷᠢᠯᠴᠠᠭ᠎ᠠ ᠬᠤᠯᠪᠤᠭ᠎ᠠ ᠬᠡᠯᠡᠳᠡᠭ᠃ ᠬᠠᠶᠠ | ᠵᠠᠷᠢᠮ ᠳᠠᠭᠠᠨ ᠶᠡᠭᠡ ᠠᠬ᠎ᠠ ᠶᠢᠨ ᠦᠶ᠎ᠡ ᠬᠤᠷᠠᠭᠴᠤᠤᠯ ᠨᠢ ᠭᠡᠷ ᠲᠤ ᠢᠷᠡᠪᠡᠯ ᠬᠠᠨ᠎ᠠ ᠲᠡᠭᠡᠷ᠎ᠡ ᠡᠯᠭᠦᠵᠦ ᠪᠠᠶᠢᠬᠤ | ᠲᠠᠮᠠᠬᠢᠨ ᠤᠭᠤᠳᠠ ᠶᠢ ᠰᠦᠢᠷᠠᠴᠢᠬᠠᠭᠠᠳ ︽ᠨᠠᠢᠮᠠᠨ ᠫᠢᠶᠤᠤᠳᠠᠢ ᠲᠠᠢ ᠤᠭᠤᠳᠠ ᠪᠠᠨ ᠨᠠᠷᠠᠨ ᠤ ᠬᠠᠯᠠᠭᠤᠨ ᠳᠤ ᠪᠠᠨ | ᠤᠶᠤᠭᠰᠠᠨ ᠶᠤᠮ ᠡ ᠁︾ ᠭᠡᠵᠦ ᠨᠠᠬᠢᠯᠵᠠᠨ ᠲᠠᠭᠤᠯᠠᠵᠤ ᠪᠦᠵᠢᠭᠯᠡᠭᠡᠳ ᠪᠢᠳᠡᠨ ᠢ ᠢᠨᠢᠶᠡᠯᠭᠡᠳᠡᠭ᠃ ᠪᠠᠰᠠ | ᠬᠡᠨ ᠨᠢᠭᠡ ᠨᠢ ᠰᠢᠨ᠎ᠡ ᠭᠡᠷ ᠲᠤ ᠤᠷᠤᠬᠤ ᠳᠤ ᠢᠷᠦᠭᠡᠯ ᠤᠩᠰᠢᠵᠤ ᠮᠢᠯᠢᠶᠠᠯᠭ᠎ᠠ ᠬᠢᠳᠡᠭ᠃ | ᠡᠮᠡᠭᠡ᠂ ᠠᠪᠤ ᠡᠵᠢ ᠪᠦᠷ ᠲᠤᠮ ᠰᠢᠪᠰᠢᠯᠭᠡ ᠶᠢᠨ ᠦᠭᠡ ᠶᠢ ᠵᠦᠩᠳᠡᠭᠡᠨ ᠬᠡᠯᠡᠳᠡᠭ᠃ ᠲᠤᠬᠠᠶᠢᠯᠠᠪᠠᠯ᠂ ᠪᠢ | ᠪᠦᠳᠦᠷᠢᠵᠦ ᠤᠨᠠᠭᠠᠳ ᠡᠪᠤᠳᠦᠭ ᠢᠶᠠᠨ ᠰᠢᠯᠪᠤᠯᠠᠪᠠᠯ ᠡᠵᠢ ᠮᠢᠨᠢ ︽ᠬᠤᠤᠷ ᠪᠤᠤ ᠲᠤᠭᠳᠠ᠂ ᠬᠤᠭ ᠪᠤᠤ ᠨᠠᠭᠠᠯᠳᠤ︾ | ᠭᠡᠵᠦ ᠰᠢᠷᠬᠠᠳᠤᠭᠰᠠᠨ ᠭᠠᠵᠠᠷ ᠢ ᠦᠯᠢᠶᠡᠵᠦ ᠦᠭᠳᠡᠭ᠃ ᠭᠠᠭ᠋ᠠᠢ ᠶᠢᠨ ᠲᠤᠯᠤᠭᠠᠢ ᠴᠢᠨᠠᠪᠠᠯ᠂ ᠡᠵᠢ ᠮᠢᠨᠢ | ᠲᠠᠩᠨᠠᠢ ᠪᠠᠷ ᠨᠢ ᠮᠢᠨᠦ ᠭᠠᠷ ᠤᠨ ᠠᠯᠠᠭ᠎ᠠ ᠶᠢ ᠲᠤᠪᠰᠢᠭᠠᠳ ︽ᠤᠷᠠᠨ ᠬᠡᠯᠡ ᠲᠠᠢ ᠪᠤᠯ᠂ ᠤᠯᠤᠰ ᠤᠨ ᠮᠠᠩᠯᠠᠢ ᠪᠤᠯ︾ | ᠭᠡᠵᠦ ᠰᠢᠪᠰᠢᠳᠡᠭ᠃ ᠡᠮᠡᠭᠡ ᠮᠢᠨᠢ ᠪᠢᠳᠡᠨ ᠳᠤ ︽ᠤᠷᠤᠢ ᠬᠢᠮᠤᠰᠤ ᠠᠪᠤᠪᠠᠯ ᠬᠤᠯᠠᠭᠠᠶᠢᠴᠢ ᠪᠤᠯᠤᠨ᠎ᠠ︾᠂ ︽ | ᠬᠤᠸᠠᠷ ᠴᠡᠴᠡᠭ ᠢ ᠲᠠᠰᠤᠳᠠᠪᠠᠯ ᠵᠢᠰᠤ ᠴᠢᠨᠢ ᠮᠠᠭᠤᠬᠠᠢ ᠪᠤᠯᠤᠨ᠎ᠠ︾᠂ ︽ᠭᠠᠯ ᠢᠶᠠᠷ ᠨᠠᠭᠠᠳᠪᠠᠯ ᠲᠡᠪᠢᠰᠭᠡᠷ | ᠲᠡᠭᠡᠷ᠎ᠡ ᠪᠠᠨ ᠰᠢᠭᠡᠭᠡᠨᠡ︾ ᠭᠡᠬᠦ ᠮᠡᠳᠦ ᠶᠢᠨ ᠤᠯᠠᠨ ᠤᠯᠠᠨ ᠤᠯᠠᠮᠵᠢᠯᠠᠯᠳᠤ ᠴᠡᠭᠡᠷ ᠶᠤᠰᠤ ᠶᠢ ᠶᠠᠷᠢᠵᠤ ᠪᠢᠳᠡᠨ ᠢ | ᠶᠤᠰᠤ ᠨᠤᠮ ᠲᠠᠢ ᠬᠡᠦᠬᠡᠳ ᠪᠤᠯ ᠭᠡᠵᠦ ᠴᠢᠩᠳᠠᠯᠠᠨ ᠰᠤᠷᠭᠠᠳᠠᠭ᠃ | ᠪᠢ ᠲᠤᠰᠠ ᠳᠤ ᠤᠷᠤᠮᠠᠭᠴᠠ ᠠᠪᠠᠭ᠎ᠠ᠂ ᠠᠬ᠎ᠠ ᠨᠠᠷ ᠢ ᠲᠠᠭᠠᠵᠤ ᠵᠤᠨ ᠤ ᠦᠳᠡᠰᠢ ᠬᠦᠯᠭᠡ ᠶᠢᠨ ᠦᠭᠡᠷ | ᠠᠳᠤᠭᠤᠯᠳᠠᠭ᠃ ᠲᠡᠭᠡᠭᠡᠳ ᠦᠬᠡᠷ ᠢᠶᠠᠨ ᠪᠡᠯᠴᠢᠭᠡᠷᠯᠡᠭᠦᠯᠪᠡᠯ ᠪᠦᠬᠦᠳᠡᠭᠡᠷ ᠨᠦᠢᠳᠠᠨ ᠰᠢᠷᠠᠯᠵᠢ ᠶᠢ ᠦᠭᠳᠡᠭᠡᠨ | ᠠᠪᠴᠢᠷᠠᠵᠤ᠂ ᠤᠳᠤᠭ᠎ᠠ ᠪᠠᠭᠠᠬᠢᠭᠤᠯᠤᠨ ᠪᠠᠳᠠᠭᠠᠨ᠎ᠠ ᠰᠢᠮᠠᠭᠤᠯ ᠢ ᠦᠯᠳᠡᠵᠦ᠂ ᠭᠠᠯ ᠢ ᠲᠤᠭᠤᠷᠢᠵᠤ ᠰᠠᠭᠤᠭᠠᠳ | ᠠᠪᠠᠭ᠎ᠠ ᠨᠠᠷ ᠤᠨ ᠶᠠᠷᠢᠬᠤ ᠶᠠᠪᠠᠭᠠᠨ ᠦᠯᠢᠭᠡᠷ ᠢ ᠠᠮᠳᠠᠷᠬᠠᠨ ᠰᠤᠨᠤᠰᠳᠠᠭ᠃ | ᠮᠠᠨ ᠤ ᠠᠶᠢᠯ ᠳᠤ ᠭᠠᠭᠴᠠᠬᠠᠨ ᠬᠢᠳᠡᠳ ᠡᠷᠦᠬᠡ ᠰᠠᠭᠤᠷᠢᠰᠢᠳᠠᠭ᠃ ᠲᠡᠳᠡᠨ ᠤ ᠬᠡᠦᠬᠡᠳ ᠨᠢ ᠪᠦᠷ ᠮᠤᠩᠭᠤᠯ | ᠪᠢᠴᠢᠭ ᠦᠵᠡᠳᠡᠭ᠃ ᠲᠡᠶᠢᠮᠦ ᠠᠴᠠ ᠪᠢ ᠰᠤᠷᠭᠠᠭᠤᠯᠢ ᠰᠤᠶᠤᠯ ᠤᠨ ᠮᠦᠷ ᠢ ᠬᠦᠭᠡᠭᠡᠳᠡᠯᠡ ᠬᠢᠳᠠᠳ ᠦᠭᠡ ᠶᠢ | ᠪᠠᠷᠤᠭ ᠤᠯᠵᠤ ᠰᠤᠨᠤᠰᠤᠭᠰᠠᠨ ᠴᠦ ᠦᠭᠡᠢ᠃ ᠮᠠᠨ ᠤ ᠰᠤᠮᠤᠨ ᠲᠦᠪ ᠲᠤ ᠬᠤᠳᠠᠯᠳᠤᠭ᠎ᠠ ᠡᠷᠬᠢᠯᠡᠳᠡᠭ ᠬᠤᠶᠠᠷ | ᠡᠷᠦᠬᠡ ᠨᠢ ᠯᠠ ᠬᠢᠳᠡᠳ ᠬᠦᠮᠦᠨ᠃ ᠪᠢ ᠬᠢᠳᠠᠳ ᠦᠭᠡ ᠶᠢ ᠬᠢᠴᠢᠶᠡᠯ ᠤᠨ ᠲᠠᠩᠭᠢᠮ ᠪᠠ ᠬᠢᠳᠠᠳ ᠬᠡᠯᠡᠨ ᠤ | ᠪᠠᠭᠰᠢ ᠠᠴᠠ ᠪᠠᠨ ᠯᠠ ᠰᠤᠷᠤᠭᠰᠠᠨ ᠶᠤᠮ᠃ ᠡᠶᠢᠮᠦ ᠤᠷᠴᠢᠨ ᠠᠬᠤᠢ ᠳᠤ ᠦᠰᠦᠭᠰᠡᠨ ᠪᠢ ᠤᠵᠤᠭᠤᠷ | ᠰᠤᠶᠤᠯ ᠤᠨ ᠢᠶᠠᠨ ᠲᠠᠯᠠᠢ ᠶᠡᠭᠡ ᠪᠠᠶᠠᠨ ᠰᠠᠩ ᠳᠤ ᠪᠠᠶᠢᠵᠠᠢ ᠭᠡᠳᠡᠭ ᠢᠶᠠᠨ ᠬᠤᠵᠢᠮ ᠦᠭᠡᠯᠡᠢ ᠪᠤᠯᠤᠭᠠᠳ ᠰᠠᠶ᠋ᠢ | ᠤᠬᠠᠭᠠᠭᠰᠠᠨ ᠶᠤᠮ᠃ | ᠭᠤᠷᠪᠠ᠂ ᠰᠠᠶᠢᠬᠠᠨ ᠡᠭᠡᠴᠢ | ᠰᠠᠶᠢᠬᠠᠨ ᠡᠭᠡᠴᠢ ᠶᠢᠨ ᠨᠡᠷ᠎ᠡ ᠨᠢ ᠦᠷᠡᠵᠢᠮᠢᠰ ᠭᠡᠳᠡᠭ᠃ ᠶᠡᠷᠦᠳᠡᠭᠡᠨ ᠶᠠᠭᠠᠨ ᠬᠠᠨᠳᠠᠭᠠᠵᠠ᠂ ᠬᠦᠬᠡ ᠦᠮᠦᠳᠦ᠂ | ᠬᠠᠷ᠎ᠠ ᠪᠦᠰ ᠱᠠᠬᠠᠢ ᠡᠮᠦᠰᠴᠦ᠂ ᠤᠷᠳᠤ ᠬᠠᠷ᠎ᠠ ᠭᠡᠵᠢᠭᠡ ᠪᠠᠨ ᠬᠤᠶᠠᠷ ᠰᠠᠯᠠᠭᠠᠯᠠᠨ ᠬᠦᠷᠦᠵᠦ ᠶᠠᠪᠤᠳᠠᠭ᠃ ᠪᠢ | ᠡᠮᠡᠭᠳᠡᠢ ᠬᠦᠮᠦᠨ ᠤ ᠭᠤᠸ᠎ᠠ ᠰᠠᠶᠢᠬᠠᠨ ᠢ ᠰᠠᠶᠢᠬᠠᠨ ᠡᠭᠡᠴᠢ ᠪᠠᠷ ᠪᠠᠷᠢᠶᠠᠮᠵᠢᠯᠠᠨ ᠦᠵᠡᠳᠡᠭ᠃ ᠰᠠᠶᠢᠬᠠᠨ ᠡᠭᠡᠴᠢ | ᠪᠢᠴᠢᠭ ᠰᠤᠶᠤᠯ ᠲᠠᠢ᠂ ᠦᠨᠳᠦᠷ ᠲᠤᠮᠳᠠᠳᠤ ᠲᠡᠭᠦᠰᠭᠡᠭᠰᠡᠨ ᠶᠤᠮ᠃ ᠠᠵᠢᠯᠴᠢ ᠬᠦᠳᠡᠯᠮᠦᠷᠢᠴᠢ᠂ ᠭᠠᠷ ᠤᠷᠠᠨ᠂ | ᠴᠡᠭᠡᠵᠢ ᠰᠡᠷᠭᠡᠢ᠂ ᠲᠡᠭᠡᠬᠦ ᠳᠤ ᠪᠠᠨ ᠨᠠᠮᠤ ᠲᠠᠷᠤᠤᠬᠠᠨ ᠵᠠᠩ ᠲᠠᠢ᠂ ᠦᠭᠡ ᠬᠡᠯᠡᠬᠦ ᠨᠢ ᠡᠶᠡᠯᠳᠡᠭ᠂ ᠬᠦᠳᠡᠯᠵᠦ | ᠪᠠᠷᠢᠬᠤ ᠨᠢ ᠭᠦᠩᠭᠡᠨ ᠱᠦᠩᠭᠡᠨ᠃ ᠲᠡᠭᠰᠢ ᠴᠠᠭᠠᠨ ᠰᠢᠳᠦ ᠪᠠᠨ ᠢᠷᠠᠯᠵᠠᠳᠠᠯ᠎ᠠ ᠢᠨᠢᠶᠡᠬᠦ ᠨᠢ ᠪᠠᠬ᠎ᠠ ᠶᠢ ᠲᠠᠳᠠᠮ᠎ᠠ᠃ | ᠪᠢ ᠠᠯᠴᠠᠷ ᠪᠠᠯᠴᠠᠷ ᠠᠯᠬᠤᠮᠠᠭᠴᠠ ᠵᠡᠭᠦᠨ ᠭᠡᠷ ᠤᠨ ᠰᠠᠶᠢᠬᠠᠨ ᠡᠭᠡᠴᠢ ᠶᠢᠨ ᠢᠶᠠᠨ ᠰᠤᠷᠭᠠᠭᠤᠯᠢ ᠠᠴᠠ ᠪᠠᠨ | ᠬᠠᠷᠢᠵᠤ ᠢᠷᠡᠭᠡᠳ ᠨᠤᠭᠤᠭᠠᠨ ᠪᠤᠭᠴᠤᠨ ᠠᠴᠠ ᠪᠠᠨ ᠨᠤᠮ ᠲᠡᠪᠳᠡᠷ ᠢᠶᠠᠨ ᠭᠠᠷᠭᠠᠵᠤ ᠱᠠᠭᠠᠶᠢᠵᠤ ᠪᠠᠶᠢᠬᠤ ᠶᠢ ᠤᠯᠵᠤ | ᠦᠵᠡᠭᠰᠡᠨ᠃ ᠰᠠᠶᠢᠬᠠᠨ ᠡᠭᠡᠴᠢ ᠬᠤᠷᠠᠭ᠎ᠠ ᠲᠤᠭᠤᠯ ᠬᠠᠷᠢᠭᠤᠯᠬᠤ ᠪᠤᠶᠤ ᠬᠡᠬᠡᠷ᠎ᠡ ᠵᠢᠮᠢᠰ ᠲᠡᠭᠦᠬᠦ ᠪᠠᠷ ᠭᠠᠷᠬᠤ ᠭᠡᠪᠡᠯ | ᠪᠢ ᠬᠤᠷᠮᠤᠢ ᠡᠩᠭᠡᠷ ᠠᠴᠠ ᠨᠢ ᠵᠠᠭᠤᠷᠠᠵᠤ᠂ ︽ᠪᠢ ᠪᠠᠰᠠ ᠲᠠᠭᠠᠨ᠎ᠠ︾ ᠭᠡᠵᠦ ᠤᠬᠢᠯᠠᠵᠤ ᠪᠠᠶᠢᠭᠰᠠᠨ ᠮᠢᠨᠢ ᠪᠦᠦᠷ | ᠲᠦᠦᠷ ᠰᠠᠨᠠᠭᠳᠠᠨ᠎ᠠ᠃ ᠰᠠᠶᠢᠬᠠᠨ ᠡᠭᠡᠴᠢ ᠬᠡᠳᠦᠨ ᠬᠦᠦ ᠲᠡᠭᠦᠦ ᠲᠠᠢ ᠪᠠᠶᠢᠭᠰᠠᠨ ᠠᠴᠠ ᠪᠤᠯᠪᠠ ᠤᠤ᠂ ᠨᠠᠳᠠ ᠶᠢ | ᠬᠡᠦᠬᠡᠨ ᠲᠡᠭᠦᠦ ᠭᠡᠵᠦ ᠡᠩᠭᠦᠷᠡᠶᠢᠯᠡᠨ ᠰᠠᠨᠠᠳᠠᠭ ᠪᠦᠭᠡᠳ ᠭᠠᠭᠴᠠ ᠬᠤᠶᠠᠷ ᠤᠯᠤᠭᠰᠠᠨ ᠰᠢᠬᠢᠷ ᠠᠴᠠ ᠪᠠᠨ ᠨᠠᠳᠠ | ᠰᠡᠮᠡᠭᠡᠷ ᠦᠭᠳᠡᠭ ᠪᠠᠶᠢᠪᠠ᠃ ᠰᠠᠶᠢᠬᠠᠨ ᠡᠭᠡᠴᠢ ᠨᠠᠳᠠ ᠲᠡᠶᠢᠮᠦ ᠯᠠ ᠰᠠᠶᠢᠬᠠᠨ ᠬᠠᠨᠳᠤᠳᠠᠭ ᠪᠦᠭᠡᠳ ᠮᠢᠨᠦ | ᠰᠡᠳᠬᠢᠯ ᠳᠤ ᠦᠵᠡᠰᠭᠦᠯᠡᠩ ᠰᠠᠶᠢᠬᠠᠨ ᠤ ᠪᠦᠷᠢᠯᠸ᠎ᠠ ᠰᠢᠭ ᠰᠠᠨᠠᠭᠳᠠᠳᠠᠭ ᠲᠤᠯᠠ ᠪᠢ ᠶᠡᠷᠦ ᠠᠴᠠ ᠰᠠᠶᠢᠬᠠᠨ | ᠡᠭᠡᠴᠢ ᠶᠢ ᠨᠡᠷ᠎ᠡ ᠪᠠᠷ ᠨᠢ ᠲᠠᠭᠤᠳᠠᠳᠠᠭ ᠦᠭᠡᠢ᠂ ︽ᠭᠠ ᠭᠠ ᠡᠭᠡᠴᠢ︾᠂ ︽ᠰᠠᠶᠢᠬᠠᠨ ᠡᠭᠡᠴᠢ︾ ᠭᠡᠵᠦ | ᠲᠠᠭᠤᠳᠠᠭᠰᠠᠭᠠᠷ ᠵᠠᠩᠰᠢᠴᠢᠬᠠᠵᠠᠢ᠃ | ᠨᠢᠭᠡᠨ ᠵᠤᠨ ᠤ ᠠᠮᠠᠷᠠᠯᠳᠠ ᠠᠴᠠ ᠰᠠᠶᠢᠬᠠᠨ ᠡᠭᠡᠴᠢ ᠦᠨᠳᠦᠷ ᠲᠤᠮᠳᠠᠳᠤ ᠪᠠᠨ ᠲᠡᠭᠦᠰᠭᠡᠴᠢᠭᠡᠭᠰᠡᠨ ᠭᠡᠨ᠎ᠡ᠂ | ᠲᠠᠬᠢᠵᠤ ᠰᠤᠷᠭᠠᠭᠤᠯᠢ ᠳᠤ ᠤᠴᠢᠬᠤ ᠦᠭᠡᠢ ᠯᠠᠢ ᠭᠡᠨ᠎ᠡ᠃ ᠪᠢ ᠲᠤᠩ ᠪᠠᠶᠠᠷᠯᠠᠪᠠ᠃ ᠰᠠᠶᠢᠬᠠᠨ ᠡᠭᠡᠴᠢ ᠬᠡᠳᠦᠨ | ᠲᠡᠭᠦᠦ ᠨᠠᠷ ᠢᠶᠠᠨ ᠪᠢᠴᠢᠭ ᠦᠵᠡᠭᠦᠯᠬᠦ ᠶᠢ ᠪᠤᠳᠤᠵᠤ ᠦᠪᠡᠷ ᠢᠶᠠᠨ ᠲᠠᠪᠳᠠᠨ ᠰᠤᠷᠤᠯᠴᠠᠭᠰᠠᠨ ᠦᠭᠡᠢ᠂ ᠬᠦᠳᠡᠭᠡ ᠶᠢᠨ | ᠪᠤᠷᠤ ᠠᠵᠢᠯ ᠳᠤ ᠪᠠᠨ ᠵᠢᠳᠭᠦᠪᠡ᠃ ᠰᠠᠶᠢᠬᠠᠨ ᠡᠭᠡᠴᠢ ᠤᠳᠠᠯ ᠦᠭᠡᠢ ᠤᠶᠤᠳᠠᠯ ᠬᠢᠳᠡᠯ ᠰᠣᠷᠴᠤ᠂ ᠠᠶᠢᠯ | ᠠᠶᠢᠮᠠᠭ ᠲᠤ ᠪᠠᠨ ᠭᠠᠷ ᠤᠷᠠᠨ᠂ ᠠᠵᠢᠯᠴᠢ᠂ ᠤᠬᠠᠭᠠᠨ ᠲᠠᠢ ᠬᠡᠦᠬᠡᠨ ᠭᠡᠵᠦ ᠪᠢᠰᠢᠷᠡᠭᠳᠡᠬᠦ ᠪᠤᠯᠪᠠ᠃ ᠰᠠᠶᠢᠬᠠᠨ | ᠡᠭᠡᠴᠢ ᠶᠢᠨ ᠬᠤᠸᠠᠷ ᠤᠷᠠᠯᠠᠬᠤ᠂ ᠱᠠᠬᠠᠢ ᠤᠶᠤᠬᠤ ᠶᠢ ᠨᠢ ᠪᠢ ᠶᠡᠬᠡᠳᠡ ᠦᠵᠡᠬᠦ ᠲᠤᠷᠠᠳᠠᠢ᠃ ᠡᠭᠡᠴᠢ ᠮᠢᠨᠢ ᠠᠯᠢ | ᠵᠠᠪ ᠢᠶᠠᠷ ᠢᠶᠠᠨ ᠸᠠᠳᠧᠩ ᠲᠦᠭᠦᠷᠡᠩ ᠱᠠᠬᠠᠢ ᠤᠶᠤᠴᠢᠬᠠᠭᠰᠠᠨ ᠢ ᠪᠤᠤ ᠮᠡᠳᠡ᠃ ᠪᠢ ᠭᠡᠷ ᠲᠤ ᠪᠠᠨ ᠬᠠᠷᠢᠭᠠᠳ | ᠡᠵᠢ ᠳᠤ ᠪᠠᠨ᠄ ︽ᠰᠠᠶᠢᠬᠠᠨ ᠡᠭᠡᠴᠢ ᠲᠡᠶᠢᠮᠦ ᠠᠷᠪᠢᠨ ᠱᠠᠬᠠᠢ ᠤᠶᠤᠭᠠᠳ ᠶᠠᠭᠠᠬᠢᠬᠤ ᠭᠡᠰᠡᠨ ᠪᠤᠢ︖︾ | ᠭᠡᠰᠡᠨ ᠳᠤ ᠡᠵᠢ᠄ ︽ᠬᠠᠷᠢ ᠳᠤ ᠮᠤᠷᠳᠠᠬᠤ ᠦᠶᠡᠰ ᠬᠠᠳᠠᠮ ᠤᠨ ᠭᠠᠵᠠᠷ ᠲᠤ ᠪᠠᠨ ᠠᠪᠠᠴᠢᠬᠤ ᠭᠡᠵᠦ ᠪᠠᠶᠢᠨ᠎ᠠ ᠰᠢᠳᠡ | ︾ ᠭᠡᠪᠡ᠃ ᠪᠢ᠄ ︽ᠰᠠᠶᠢᠬᠠᠨ ᠡᠭᠡᠴᠢ ᠬᠦᠷᠭᠡᠨ ᠴᠦ ᠦᠭᠡᠢ ᠪᠠᠶᠢᠭᠠᠳ ᠶᠠᠭᠤᠨ ᠳᠤ ᠶᠠᠭᠠᠷᠠᠭᠠᠳ ᠲᠡᠶᠢᠮᠦ ᠠᠷᠪᠢᠨ | ᠱᠠᠬᠠᠢ ᠤᠶᠤᠬᠤ ᠪᠤᠢ︖︾ ᠭᠡᠰᠡᠨ ᠳᠤ ᠡᠵᠢ᠄ ︽ᠬᠤᠷᠢ ᠬᠦᠷᠴᠢᠭᠡᠭᠰᠡᠨ ᠬᠡᠦᠬᠡᠨ ᠬᠦᠮᠦᠨ᠂ ᠱᠠᠬᠠᠢ ᠤᠶᠤᠵᠤ | ᠲᠠᠯᠪᠢᠬᠤ ᠦᠭᠡᠢ ᠶᠠᠭᠠᠬᠢᠬᠤᠪ᠂ ᠬᠡᠦᠬᠡᠨ ᠬᠦᠮᠦᠨ ᠬᠠᠳᠠᠮ ᠳᠤ ᠤᠴᠢᠬᠤ ᠳᠤ ᠪᠠᠨ ᠬᠠᠳᠠᠮ ᠤᠨ ᠢᠶᠠᠨ ᠭᠡᠷ ᠤᠨ | ᠬᠦᠮᠦᠨ ᠨᠢᠭᠡᠪᠦᠷᠢ ᠳᠤ ᠱᠠᠬᠠᠢ ᠶᠢᠨ ᠪᠡᠯᠡᠭ ᠲᠠᠢ ᠤᠴᠢᠳᠠᠭ ᠰᠢᠦ︕ ᠠᠢ᠂ ᠦᠷᠡᠵᠢᠮᠢᠰ ᠬᠡᠳᠦᠨ ᠲᠡᠭᠦᠦ ᠳᠤ ᠪᠠᠨ | ᠱᠠᠬᠠᠢ ᠤᠶᠤᠵᠤ ᠦᠭᠭᠦᠭᠡᠳ ᠪᠠᠰᠠ ᠬᠠᠷᠢᠯᠠᠬᠤ ᠦᠶ᠎ᠡ ᠶᠢᠨ ᠱᠠᠬᠠᠢ ᠪᠠᠨ ᠪᠡᠯᠡᠳᠭᠡᠵᠦ ᠪᠠᠶᠢᠬᠤ ᠠᠵᠢᠯ ᠲᠠᠢ | ᠤᠬᠠᠭᠠᠨ ᠲᠠᠢ ᠬᠡᠦᠬᠡᠨ ᠰᠢᠦ᠂ ᠠᠯᠢ ᠭᠡᠷ ᠤᠨ ᠪᠤᠶᠠᠨ ᠲᠠᠢ ᠬᠦᠦ ᠨᠢ ᠤᠯᠳᠠᠭ ᠪᠤᠯ︖︾ ᠭᠡᠯᠡ᠃ ᠪᠢ ᠰᠠᠶᠢᠬᠠᠨ | ᠡᠭᠡᠴᠢ ᠪᠠᠨ ᠬᠠᠶᠢᠷᠠᠯᠠᠵᠤ᠄ ︽ᠪᠢ ᠰᠠᠶ᠋ᠢ ᠬᠤᠵᠢᠮ ᠱᠠᠬᠠᠢ ᠤᠶᠤᠵᠤ ᠬᠤᠷᠤᠭᠤ ᠬᠢᠮᠤᠰᠤ ᠪᠠᠨ ᠪᠠᠷᠠᠬᠤ ᠦᠭᠡᠢ᠂ | ᠬᠠᠷ᠎ᠠ ᠶᠠᠷᠰᠢᠭ᠂ ᠪᠠᠰᠠ ᠬᠦᠮᠦᠨ ᠪᠦᠷᠢ ᠳᠤ ᠨᠢᠭᠡ ᠵᠦᠢᠷᠡᠢ ᠤᠶᠤᠬᠤ ᠭᠡᠨ᠎ᠡ᠂ ᠪᠢ ᠯᠠ ᠤᠶᠤᠬᠤ ᠦᠭᠡᠢ︾ ᠭᠡᠵᠦ | ᠤᠷᠤᠭᠤᠯ ᠴᠤᠷᠪᠤᠶᠢᠯᠭᠠᠬᠤ ᠳᠤ ᠡᠵᠢ ᠮᠢᠨᠢ᠄ ︽ᠲᠡᠨᠡᠭ ᠬᠡᠦᠬᠡᠨ ᠳ᠋ᠠ︕ ᠬᠤᠵᠢᠮ ᠪᠢᠴᠢᠭ ᠨᠤᠮ ᠢᠶᠠᠨ ᠰᠠᠶᠢᠨ | ᠰᠤᠷᠴᠤ ᠶᠠᠪᠤ︕︾ ᠭᠡᠵᠦ ᠨᠠᠳᠠ ᠶᠢ ᠦᠭᠦᠭᠡᠷᠳᠡᠨ ᠦᠨᠦᠰᠴᠦ ᠪᠢᠯᠡ᠃ | ᠬᠠᠷᠠᠵᠤ ᠪᠠᠶᠢᠳᠠᠯ᠎ᠠ ᠪᠢ ᠨᠠᠢᠮᠠᠨ ᠨᠠᠰᠤ ᠬᠦᠷᠴᠦ ᠰᠤᠷᠭᠠᠭᠤᠯᠢ ᠳᠤ ᠤᠷᠤᠯ᠎ᠠ᠃ ᠪᠢ ᠡᠳᠦᠷ ᠤᠨ | ᠰᠤᠷᠤᠭᠰᠠᠨ ᠢᠶᠠᠨ ᠰᠠᠶᠢᠬᠠᠨ ᠡᠭᠡᠴᠢ ᠳᠤ ᠤᠩᠰᠢᠵᠤ ᠦᠭᠪᠡᠯ ᠰᠠᠶᠢᠬᠠᠨ ᠡᠭᠡᠴᠢ ᠮᠢᠨᠢ᠄ ︽ᠮᠢᠨᠦ ᠮᠠᠭᠤ ᠭᠤᠯᠤ᠂ | ᠪᠢᠴᠢᠭ ᠢᠶᠠᠨ ᠰᠠᠶᠢᠨ ᠰᠤᠷᠴᠤ᠂ ᠬᠤᠵᠢᠮ ᠬᠤᠯᠠ ᠶᠠᠪᠤᠨ᠎ᠠ ᠰᠢᠦ︾ ᠭᠡᠳᠡᠭ᠃ ᠰᠠᠶᠢᠬᠠᠨ ᠡᠭᠡᠴᠢ ᠮᠢᠨᠢ ᠭᠡᠨᠡᠳᠳᠡ | ᠡᠪᠡᠳᠴᠦ᠂ ᠵᠡᠭᠦᠨ ᠭᠡᠷ ᠤᠨ ᠠᠪᠠᠭ᠎ᠠ ᠬᠤᠳᠠ ᠳᠤ ᠠᠪᠠᠴᠢᠵᠦ ᠦᠵᠡᠭᠦᠯᠦᠭᠰᠡᠨ ᠪᠤᠯᠪᠠᠴᠤ ᠲᠤᠰᠠ ᠪᠤᠯᠤᠭᠰᠠᠨ ᠦᠭᠡᠢ | ᠂ ᠪᠢᠳᠡ ᠪᠦᠬᠦᠨ ᠢ ᠤᠬᠢᠯᠠᠭᠤᠯᠵᠤ ᠶᠢᠷᠳᠢᠨᠴᠦ ᠠᠴᠠ ᠠᠩᠭᠢᠵᠢᠷᠠᠯ᠎ᠠ᠃ ᠪᠢ ᠨᠢᠭᠡᠨ ᠵᠡᠷᠭᠡ ᠦᠨᠦᠴᠢᠷᠡᠭᠰᠡᠨ ᠰᠢᠭ | ᠭᠤᠨᠢᠭᠰᠠᠨ ᠪᠤᠯᠪᠠᠴᠤ ᠤᠳᠠᠯ ᠦᠭᠡᠢ ᠮᠠᠷᠳᠠᠴᠢᠬᠠᠵᠠᠢ᠃ ᠰᠤᠷᠭᠠᠭᠤᠯᠢ ᠰᠤᠶᠤᠯ ᠤᠨ ᠮᠦᠷ ᠢ ᠬᠦᠭᠡᠭᠡᠵᠦ᠂ ᠤᠯᠠᠨ | ᠬᠠᠮᠳᠤ ᠨᠠᠶᠢᠵᠠ ᠲᠠᠢ ᠪᠤᠯᠵᠤ᠂ ᠭᠡᠷ ᠨᠤᠳᠤᠭ ᠠᠴᠠ ᠪᠠᠨ ᠰᠠᠯᠵᠤ ᠡᠷᠳᠡᠮ ᠤᠨ ᠠᠶᠠᠨ ᠳᠤ ᠮᠤᠷᠳᠠᠯ᠎ᠠ᠃ ᠪᠢ | ᠪᠠᠭᠰᠢ ᠶᠢᠨ ᠰᠤᠷᠭᠠᠭᠤᠯᠢ ᠳᠤ ᠰᠤᠷᠤᠯᠴᠠᠵᠤ ᠪᠠᠶᠢᠬᠤ ᠦᠶ᠎ᠡ ᠳᠤ᠂ ᠰᠤᠷᠭᠠᠭᠤᠯᠢ ᠶᠢᠨ ᠬᠦᠷᠢᠶᠡᠨ ᠤ ᠭᠤᠤᠯᠳᠤ | ᠪᠤᠷᠤ ᠶᠢᠨ ᠠᠩᠭᠢᠯᠤᠮ᠎ᠠ ᠦᠨᠦᠷ ᠢ ᠤᠯᠵᠤ ᠦᠨᠦᠷᠳᠦᠬᠦ ᠦᠶ᠎ᠡ ᠳᠤ ᠦᠪᠡᠷ ᠤᠨ ᠡᠷᠬᠡ ᠦᠭᠡᠢ ᠰᠠᠶᠢᠬᠠᠨ ᠡᠭᠡᠴᠢ ᠪᠠᠨ | ᠪᠤᠳᠤᠵᠤ ᠤᠯᠪᠠ᠃ ᠤᠴᠢᠷ ᠨᠢ ᠭᠤᠤᠯᠳᠤ ᠪᠤᠷᠤ ᠶᠢᠨ ᠠᠩᠭᠢᠯᠤᠮ᠎ᠠ ᠦᠨᠦᠷ ᠨᠢ ᠰᠠᠶᠢᠬᠠᠨ ᠡᠭᠡᠴᠢ ᠶᠢᠨ ᠮᠢᠨᠢ | ᠲᠦᠷᠭᠢᠵᠦ ᠪᠠᠶᠢᠭᠰᠠᠨ ᠡᠩᠭᠡᠰᠭᠡ ᠶᠢᠨ ᠦᠨᠦᠷ ᠲᠠᠢ ᠡᠭᠡᠭᠡ ᠠᠳᠠᠯᠢᠬᠠᠨ ᠠᠩᠭᠢᠯᠤᠮ᠎ᠠ ᠱᠠᠩᠳᠠᠭᠤᠨ᠃ | ᠰᠠᠶᠢᠬᠠᠨ ᠡᠭᠡᠴᠢ ᠮᠢᠨᠢ ᠡᠨᠡ ᠦᠶ᠎ᠡ ᠳᠤ ᠲᠦᠷᠦᠯ ᠤᠯᠤᠭᠠᠳ ᠪᠠᠰᠠ ᠨᠡᠯᠢᠶᠡᠳ ᠲᠤᠮᠤ ᠪᠤᠯᠴᠢᠬᠠᠭᠰᠠᠨ ᠪᠠᠶᠢᠬ᠎ᠠ | ᠃ ᠰᠠᠶᠢᠬᠠᠨ ᠡᠭᠡᠴᠢ ᠶᠢ ᠬᠦᠭᠡᠭᠡᠴᠡᠯᠳᠦᠵᠦ ᠪᠠᠶᠢᠭᠰᠠᠨ ᠠᠶᠢᠯ ᠤᠨ ᠬᠦᠦᠴᠦᠦᠯ ᠠᠴᠠ ᠲᠡᠷᠡ ᠸᠠᠳᠧᠩ ᠲᠦᠭᠦᠷᠡᠩ | ᠱᠠᠬᠠᠢ ᠠᠴᠠ ᠨᠢᠬᠡ ᠵᠦᠢᠷᠡᠢ ᠶᠢ ᠨᠢ ᠴᠤ ᠤᠯᠵᠤ ᠬᠦᠷᠳᠡᠭᠰᠡᠨ ᠦᠭᠡᠢ᠃ ᠰᠠᠶᠢᠬᠠᠨ ᠡᠭᠡᠴᠢ ᠮᠢᠨᠢ ᠬᠠᠷ᠎ᠠ ᠬᠦᠦ ᠶᠢᠨ | ᠬᠠᠶᠢᠷ᠎ᠠ ᠶᠢ ᠴᠤ ᠮᠡᠳᠡᠷᠡᠭᠡ ᠦᠭᠡᠢ ᠪᠠᠷ ᠬᠤᠷᠸ᠎ᠠ ᠠᠴᠠ ᠠᠩᠭᠢᠵᠢᠷᠠᠴᠢᠬᠠᠯᠠ᠃ ᠪᠢ ᠰᠠᠶᠢᠬᠠᠨ ᠡᠭᠡᠴᠢ ᠪᠠᠨ | ᠡᠩᠰᠡᠷᠡᠳᠡᠯ᠎ᠡ ᠰᠠᠨᠠᠪᠠ᠃ | ᠪᠢ ᠦᠪᠡᠰᠦᠪᠡᠨ ᠬᠡᠦᠬᠡᠨ ᠲᠠᠢ ᠪᠤᠯᠤᠭᠠᠳ ᠬᠦᠷᠰᠢ ᠶᠢᠨ ᠠᠪᠠᠭ᠎ᠠ ᠪᠠ ᠠᠪᠠᠭ᠎ᠠ ᠡᠵᠢ ᠶᠢᠨ ᠰᠠᠶᠢᠬᠠᠨ ᠡᠭᠡᠴᠢ ᠶᠢ | ᠠᠯᠳᠠᠭᠰᠠᠨ ᠤ ᠲᠠᠷᠠᠭᠠᠬᠢ ᠭᠦᠨ ᠭᠤᠨᠢᠭ ᠢ ᠵᠢᠷᠦᠬᠡ ᠰᠡᠳᠬᠢᠯ ᠢᠶᠠᠷ ᠢᠶᠠᠨ ᠮᠡᠳᠡᠷᠡᠪᠡ᠃ | ᠰᠠᠶᠢᠬᠠᠨ ᠡᠭᠡᠴᠢ ᠮᠢᠨᠢ ᠤᠳᠤ ᠴᠦ ᠭᠡᠰᠡᠨ ᠮᠢᠨᠦ ᠰᠡᠳᠬᠢᠯ ᠳᠤ ᠭᠤᠸ᠎ᠠ ᠰᠠᠶᠢᠬᠠᠨ ᠤ ᠲᠠᠭᠢᠨᠢ ᠰᠢᠬ | ᠪᠤᠳᠤᠭᠳᠠᠭᠰᠠᠭᠠᠷ ᠁ ᠪᠢ ᠲᠠᠨ ᠢ ᠪᠠᠨ ᠲᠤᠷᠠᠳᠬᠠᠵᠤ ᠠᠩᠬ᠎ᠠ ᠲᠡᠮᠳᠡᠭᠯᠡᠵᠦ ᠲᠠᠯᠪᠢᠬᠤ ᠳᠤ ᠪᠠᠨ ᠰᠤᠷᠮᠤᠤᠰᠤ | ᠮᠢᠨᠢ ᠴᠢᠬᠢᠭᠳᠦᠪᠡ ᠁ | ᠵᠣᠬᠢᠶᠠᠭᠴᠢ᠄ ᠴᠢ᠊᠂ ᠲᠤᠯᠭᠢᠶᠠᠨ | ᠵᠤᠬᠢᠶᠠᠬᠴᠢ ᠶᠢᠨ ᠬᠠᠶ᠋ᠢᠭ᠄ ᠲᠤᠮᠳᠠᠳᠤ ᠬᠤᠰᠢᠭᠤᠨ ᠤ ᠪᠠᠶᠠᠨᠬᠤᠰᠢᠭᠤ ᠵᠢᠷᠭᠤᠳᠤᠭᠠᠷ ᠲᠤᠮᠳᠠᠳᠤ ᠰᠤᠷᠭᠠᠭᠤᠯᠢ |