ᠵᠢᠯ ᠪᠦᠷᠢ ᠶᠢᠨ ᠪᠢᠯᠢᠭ ᠤᠨ ᠣᠯᠠᠷᠢᠯ ᠤᠨ ᠲᠠᠪᠣᠨ ᠰᠠᠷ᠎ᠠ ᠶᠢᠨ ᠰᠢᠨ᠎ᠠ ᠶᠢᠨ ᠲᠠᠪᠣᠨ ᠤ ᠡᠳᠦᠷ ᠪᠣᠯᠬᠤᠶ᠎ᠠ | ᠲᠣᠮᠳᠠᠳᠣ ᠣᠯᠣᠰ ᠤᠨ ᠵᠠᠭᠤᠨ ᠣᠪᠣᠭᠲᠠᠳ ᠡᠨᠡ ᠡᠳᠦᠷ ᠢ ᠲᠣᠷᠠᠰᠬᠠᠳᠠᠭ᠃ ᠡᠨᠡ ᠲᠣᠷᠠᠰᠬᠠᠯᠲᠣ ᠡᠳᠦᠷ ᠨᠢ ᠴᠦᠨ | ᠴᠢᠦ ᠪᠠᠶᠢᠯᠳᠣᠭᠠᠨᠲᠣ ᠣᠯᠣᠰ ᠤᠨ ᠦᠶ᠎ᠠ ᠠᠴᠠ ᠡᠬᠢᠯᠡᠭᠡᠳ ᠣᠳᠣ ᠪᠣᠯᠲᠠᠯ᠎ᠠ ᠬᠤᠶᠠᠷ ᠮᠢᠩᠭ᠎ᠠ ᠭᠠᠷᠣᠢ ᠵᠢᠯ ᠪᠣᠯᠵᠣ | ᠪᠠᠶᠢᠨ᠎ᠠ᠃ | ᠲᠣᠰ ᠲᠣᠷᠠᠰᠬᠠᠯᠲᠣ ᠡᠳᠦᠷ ᠤᠨ ᠢᠷᠠᠯᠲᠠ ᠶᠢᠨ ᠲᠣᠬᠠᠢ ᠡᠮᠦᠨᠡᠲᠦ ᠣᠮᠠᠷᠠᠲᠣ ᠣᠷᠣᠨ ᠤ ᠭᠠᠵᠠᠷ ᠭᠠᠵᠠᠷ ᠤᠨ | ᠦᠨᠳᠦᠰᠦᠲᠡᠨ ᠶᠠᠰᠣᠲᠠᠨ ᠤ ᠲᠣᠮᠳᠠ ᠠᠳᠠᠯᠢ ᠪᠣᠰᠣ ᠶᠢᠨ ᠣᠯᠠᠮᠵᠢᠯᠠᠯ ᠶᠠᠷᠢᠶ᠎ᠠ ᠪᠣᠢ ᠪᠣᠯᠪᠠᠴᠣ ᠲᠡᠣᠬᠡ ᠶᠢᠨ | ᠦᠨᠡᠨ ᠤ ᠮᠦᠷ ᠰᠡᠭᠦᠳᠡᠷ ᠲᠠᠯᠳᠠᠯᠠᠭᠳᠠᠵᠣ ᠪᠠᠶᠢᠨ᠎ᠠ᠃ ᠲᠡᠷᠡ ᠨᠢ ᠴᠦ᠋ ᠣᠯᠣᠰ ᠤᠨ ᠠᠭᠤᠣ ᠶᠡᠭᠡ ᠮᠣᠩᠭᠤᠯᠵᠢᠨ | ᠰᠣᠳᠣᠨ ᠰᠢᠯᠦᠭᠴᠢᠨ ᠴᠢᠣᠢ ᠶᠣᠸᠠᠨ ᠢ ᠲᠣᠷᠠᠰᠬᠠᠭᠰᠠᠨ ᠠᠴᠠ ᠡᠭᠦᠰᠦᠯ ᠲᠠᠢ ᠶᠣᠮ᠃ ᠡᠨᠡ ᠲᠣᠬᠠᠢ ᠲᠣᠣᠷᠠᠬᠢ | ᠮᠡᠲᠦ ᠬᠡᠳᠦᠨ ᠲᠠᠯ᠎ᠠ ᠪᠠᠷ ᠦᠭᠦᠯᠡᠶᠠ᠄ | ᠴᠢᠣᠢ ᠶᠣᠸᠠᠨ ᠤ ᠣᠭ ᠣᠳᠣᠮ | ᠴᠢᠣᠢ ᠶᠣᠸᠠᠨ ᠪᠣᠯ ᠤᠨ ᠲᠣᠭᠠᠯᠠᠯ ᠤᠨ ᠡᠮᠦᠨᠡᠬᠢ 340 ᠤᠨ — 278 ᠤᠨ ᠤ ᠬᠤᠭᠤᠷᠣᠨᠳᠣ | ᠠᠮᠢᠳᠣᠷᠠᠵᠣ ᠪᠠᠶᠢᠵᠠᠢ᠃ ᠪᠠᠶᠢᠯᠳᠣᠭᠠᠨᠲᠣ ᠣᠯᠣᠰ ᠤᠨ ᠰᠡᠭᠦᠯᠴᠢ ᠶᠢᠨ ᠦᠶ᠎ᠠ ᠶᠢᠨ ᠴᠦ᠋ ᠣᠯᠣᠰ ᠤᠨ ᠳ᠋ᠠᠨ ᠶᠠᠩ ᠤᠨ | ᠬᠦᠮᠦᠨ ᠪᠦᠭᠡᠳ ᠣᠭ ᠢᠵᠠᠭᠤᠷ ᠣᠳᠣᠮ ᠣᠭᠰᠠᠭ᠎ᠠ ᠨᠢ ᠮᠣᠩᠭᠤᠯᠵᠢᠨ ᠬᠦᠮᠦᠨ ᠪᠣᠯᠣᠨ᠎ᠠ᠃ ︽ᠱᠠᠨ ᠬᠠᠢ ᠵᠢᠩ︾ | ᠨᠣᠮ ᠳᠤ ᠲᠡᠭᠦᠨ ᠢ ︽ᠴᠦ᠋ ᠶᠢᠨ ᠮᠠᠨᠴᠣᠳ︾ ᠭᠡᠳᠡᠭ᠃ | ᠰᠧ ᠮᠠ ᠴᠢᠶᠠᠨ ᠤ ︽ᠲᠡᠣᠬᠡᠨ ᠲᠡᠮᠲᠡᠭᠯᠡᠯ︾ ᠤᠨ ︽ᠴᠢᠣᠢ ᠶᠣᠸᠠᠨ ᠤ ᠴᠠᠳᠢᠭ︾ ᠲᠤ᠄ ︽ᠴᠢᠣᠢ ᠶᠣᠸᠠᠨ | ᠪᠣᠯ ᠴᠦᠨ ᠴᠢᠦ ᠪᠠᠶᠢᠯᠳᠣᠭᠠᠨᠲᠣ ᠣᠯᠣᠰ ᠤᠨ ᠦᠶ᠎ᠠ ᠳᠤ ᠴᠦ᠋ ᠣᠯᠣᠰ ᠤᠨ ᠨᠢᠭᠡᠨ ᠢᠵᠠᠭᠤᠷᠲᠠᠨ ᠪᠠᠶᠢᠵᠠᠢ᠃ | ᠵᠠᠯᠠᠭᠤ ᠨᠠᠰᠣᠨ ᠳᠠᠭᠠᠨ ᠴᠦ᠋ ᠬᠤᠸᠠᠢ ᠸᠠᠩ ᠤᠨ ᠢᠲᠡᠭᠡᠯ ᠢ ᠣᠯᠵᠣ᠂ ᠽᠦᠸᠧ ᠲᠦ᠋ ᠲᠦᠰᠢᠮᠡᠯ ᠪᠣᠯᠣᠭᠠᠳ ᠡᠵᠡᠨ | ᠬᠠᠭᠠᠨ ᠳᠠᠭᠠᠨ ᠦᠨᠡᠨᠴᠢ ᠰᠢᠳᠣᠷᠭᠤ ᠪᠠᠷ ᠵᠢᠳᠭᠦᠬᠦ ᠶᠢᠨ ᠲᠦᠯᠦᠭᠡ ︽ᠮᠡᠷᠭᠡᠳ ᠢ ᠰᠣᠩᠭᠤᠨ ᠡᠯᠰᠡᠵᠦ᠂ | ᠴᠢᠳᠠᠯᠲᠠᠨ ᠢ ᠡᠷᠭᠦᠨ ᠬᠡᠷᠡᠭᠯᠡᠵᠦ᠂ ᠰᠠᠶᠢᠨ ᠵᠠᠰᠠᠭ ᠢ ᠶᠠᠪᠣᠭᠤᠯᠣᠨ᠂ ᠴᠦ᠋ ᠣᠯᠣᠰ ᠢᠶᠠᠨ ᠴᠢᠬᠢᠷᠠᠭᠵᠢᠭᠤᠯᠣᠮᠣ︕︾ | ᠭᠡᠵᠦ ᠰᠡᠳᠦᠵᠦ ᠰᠠᠨᠠᠭᠤᠯᠵᠣ ᠪᠠᠶᠢᠵᠠᠢ᠃ | ᠴᠢᠣᠢ ᠶᠣᠸᠠᠨ ᠴᠦᠯᠡᠭᠳᠡᠭᠰᠡᠨ ᠨᠢ | ᠴᠢᠣᠢ ᠶᠣᠸᠠᠨ ᠪᠠᠰᠠ ᠴᠦ᠋ ᠬᠤᠸᠠᠢ ᠸᠠᠩ ᠳᠤ ᠰᠠᠨᠠᠭᠠᠴᠢᠯᠠᠵᠣ ︽ᠣᠯᠣᠰ ᠠᠷᠠᠳ ᠢᠶᠠᠨ ᠪᠠᠶᠠᠵᠢᠭᠤᠯᠵᠣ᠂ | ᠬᠤᠶᠠᠭ ᠴᠡᠷᠢᠭ ᠢᠶᠠᠨ ᠴᠢᠬᠢᠷᠠᠭᠵᠢᠭᠤᠯᠣᠨ᠂ ᠴᠢ ᠣᠯᠣᠰ ᠲᠠᠢ ᠬᠤᠯᠪᠣᠭᠠᠯᠠᠵᠣ᠂ ᠴᠢᠨ ᠣᠯᠣᠰ ᠤᠨ | ᠲᠦᠷᠢᠮᠡᠬᠡᠶᠢᠯᠡᠯ ᠢ ᠡᠰᠡᠷᠭᠦᠴᠡᠬᠦ︾ ᠶᠢ ᠵᠣᠷᠢᠵᠣ ᠪᠠᠶᠢᠯ᠎ᠠ᠃ ᠡᠨᠡᠬᠦ ᠲᠦᠪ ᠶᠣᠰᠣᠨ ᠤ ᠦᠨᠡᠨᠴᠢ ᠵᠣᠷᠢᠯᠲᠠ ᠨᠢ ᠽᠢ | ᠯᠠᠨ ︵子兰︶ ᠮᠡᠲᠦ ᠢᠵᠠᠭᠤᠷᠲᠠᠠ ᠤ ᠴᠢᠩᠭ᠎ᠠ ᠡᠰᠡᠷᠭᠦᠴᠡᠯ ᠳᠤ ᠣᠴᠠᠷᠠᠪᠠ᠃ ᠴᠦ᠋ ᠬᠤᠸᠠᠢ ᠸᠠᠩ ᠪᠠᠰᠠ | ᠲᠣᠬᠠᠢ ᠶᠢᠨ ᠦᠶ᠎ᠠ ᠶᠢᠨ ᠡᠷᠬᠡ ᠲᠠᠩᠬᠠᠢ᠂ ᠡᠷᠳᠡᠮ ᠴᠢᠳᠠᠯ ᠦᠭᠡᠢ ᠪᠦᠭᠡᠳ ᠬᠡᠷᠬᠡᠮ ᠲᠣᠰᠢᠶᠠᠯ ᠳᠤ ᠠᠲᠠᠭᠠᠷᠬᠠᠭᠰᠠᠨ | ᠬᠤᠪᠴᠢ ᠲᠦᠰᠢᠮᠡᠯ ᠱᠠᠩ ᠭᠤᠸᠠᠨ ᠹᠦ᠋ ︵上官夫︶ ᠪᠣᠯᠣᠨ ᠶᠢᠨ ᠱᠠᠩ ︵靳 尚︶ ᠮᠡᠲᠦ ᠶᠢᠨ | ᠬᠦᠮᠦᠰ ᠤᠨ ᠬᠤᠶᠢᠬᠤᠷ ᠦᠭᠡ ᠶᠢ ᠰᠣᠨᠣᠰᠣᠭᠠᠳ ᠴᠢᠣᠢ ᠶᠣᠸᠠᠨ ᠳᠤ ᠦᠰᠦᠳ ᠦᠭᠡᠷ᠎ᠠ ᠦᠵᠡᠯᠲᠡ ᠲᠠᠢ ᠪᠣᠯᠪᠠ᠃ | ᠲᠡᠭᠡᠭᠡᠳ ᠴᠢᠣᠢ ᠶᠣᠸᠠᠨ ᠤ ᠬᠡᠷᠬᠡᠮ ᠢ ᠬᠠᠰᠣᠵᠣ᠂ ᠲᠣᠰᠢᠶᠠᠯ ᠠᠴᠠ ᠨᠢ ᠪᠠᠭᠤᠯᠭᠠᠵᠣ᠂ ᠨᠡᠶᠢᠰᠯᠡᠯ ᠶᠢᠩ ᠳᠤ ︵郢都 | ︶ ᠬᠤᠲᠠ ᠠᠴᠠ ᠬᠦᠭᠡᠭᠡᠵᠦ᠂ ᠬᠠᠨ ᠱᠦᠢ ᠭᠤᠣᠯ ᠤᠨ ᠠᠷᠣ ᠳᠤ ᠴᠦᠯᠡᠵᠦ ᠶᠠᠪᠣᠭᠤᠯᠪᠠ᠃ | ᠴᠦ᠋ ᠬᠤᠸᠠᠢ ᠸᠠᠩ ᠰᠢᠳᠣᠷᠭᠤ ᠲᠦᠰᠢᠮᠡᠯ ᠴᠢᠣᠢ ᠶᠣᠸᠠᠨ ᠢᠶᠠᠨ ᠬᠦᠭᠡᠭᠡᠵᠦ ᠶᠠᠪᠣᠭᠤᠯᠣᠭᠰᠠᠨ ᠠᠴᠠ ᠴᠦ᠋ | ᠣᠯᠣᠰ ᠠᠷᠪᠠᠭᠠᠳ ᠵᠢᠯ ᠤᠨ ᠬᠤᠭᠤᠷᠣᠨᠳᠣ ᠭᠠᠳᠠᠭᠠᠳᠣ ᠬᠠᠷᠢᠯᠴᠠᠭ᠎ᠠ ᠨᠢ ᠮᠣᠬᠤᠷᠳᠠᠵᠣ᠂ ᠠᠵᠣ ᠠᠬᠤᠢ ᠨᠢ | ᠣᠷᠣᠭᠤᠳᠠᠭᠰᠠᠨ ᠮᠦᠷᠲᠡᠭᠡᠨ ᠴᠢᠨ ᠣᠯᠣᠰ ᠲᠠᠢ ᠣᠳᠠᠭ᠎ᠠ ᠲᠠᠷᠠᠭᠠᠯᠠᠨ ᠪᠠᠶᠢᠯᠳᠣᠵᠣ ᠢᠯᠠᠭᠳᠠᠭᠠᠳ ᠶᠡᠭᠡ ᠬᠤᠬᠢᠷᠠᠯ | ᠠᠮᠰᠠᠭᠰᠠᠨ ᠰᠢᠯᠲᠠᠭᠠᠨ ᠢᠶᠠᠨ ᠮᠡᠳᠡᠭᠡᠳ ᠴᠦ᠋ ᠬᠤᠸᠠᠢ ᠸᠠᠩ ᠴᠢᠣᠢ ᠶᠣᠸᠠᠨ ᠢ ᠲᠠᠬᠢᠨ ᠵᠠᠯᠠᠵᠣ ᠠᠪᠴᠢᠷᠠᠭᠠᠳ | ᠲᠣᠰᠢᠶᠠᠯ ᠳᠤᠨᠢ ᠬᠡᠷᠡᠭᠯᠡᠭᠰᠡᠨ ᠠᠴᠠ ᠴᠦ᠋ ᠣᠯᠣᠰ ᠦᠭᠡᠳᠡᠯᠡᠨ ᠲᠡᠭᠵᠢᠷᠡᠪᠡ᠃ ᠲᠡᠮᠡᠢ ᠣᠳᠠᠭᠰᠠᠨ ᠦᠭᠡᠢ ᠴᠦ᠋ | ᠬᠤᠸᠠᠢ ᠸᠠᠩ ᠦᠬᠦᠭᠰᠡᠨ ᠳᠤ ᠲᠡᠭᠦᠨ ᠤ ᠬᠦᠪᠡᠭᠦᠨ ᠴᠦ᠋ ᠰᠢᠶᠠᠩ ᠸᠠᠩ ᠣᠯᠣᠰ ᠤᠨ ᠡᠵᠡᠨ ᠪᠣᠯᠣᠭᠰᠠᠨ ᠤ ᠲᠠᠷᠠᠭ᠎ᠠ | ᠂ ᠶᠡᠷᠦᠩᠬᠡᠢ ᠰᠠᠶᠢᠳ ᠽᠢ ᠯᠠᠨ᠂ ᠱᠠᠩ ᠭᠤᠸᠠᠨ ᠳ᠋ᠠᠶᠢᠹᠦ᠋ ᠵᠡᠷᠭᠡ ᠬᠤᠶᠢᠬᠤᠷ ᠲᠦᠰᠢᠮᠡᠳ ᠲᠤ ᠬᠠᠪᠴᠢᠭᠳᠠᠨ | ᠭᠠᠳᠠᠭᠤᠷᠴᠢᠯᠠᠭᠳᠠᠭᠠᠳ ᠣᠷᠲᠣ ᠮᠦᠷᠡᠨ ᠤ ᠡᠮᠦᠨᠡᠬᠢ ᠪᠤᠶᠢᠳᠠ ᠪᠦᠭᠯᠡᠭᠦᠦ ᠭᠠᠵᠠᠷ ᠴᠦᠯᠡᠭᠳᠡᠪᠡ᠃ ᠲᠡᠭᠡᠭᠡᠳ ᠴᠢᠣᠢ | ᠶᠣᠸᠠᠨ ︽ᠭᠤᠨᠢᠭᠲᠣ ᠣᠴᠠᠷᠠᠯ︾ ᠭᠡᠰᠡᠨ ᠰᠢᠯᠦᠭ ᠪᠢᠴᠢᠵᠦ ︽ᠬᠢᠯᠢᠰ ᠬᠦᠵᠢᠷ ᠢᠶᠠᠷ ᠴᠦᠯᠡᠭᠳᠡᠭᠡᠳ᠂ | ᠭᠡᠨᠡᠳᠲᠡ ᠶᠢᠨ ᠦᠬᠦᠯ ᠲᠠᠭᠠᠷᠢᠪᠠᠴᠣ᠂ ᠶᠠᠩᠵᠣ ᠦᠭᠡᠢ ᠵᠠᠩ ᠢᠶᠠᠷ᠂ ᠶᠠᠭᠠᠬᠢᠭᠰᠠᠨ ᠴᠦ ᠪᠢ ᠶᠠᠪᠣᠬᠤ ᠦᠭᠡᠢ︾ | ᠭᠡᠵᠦ ᠠᠷᠢᠭᠤᠨ ᠴᠢᠭᠡᠴᠢ ᠪᠠᠨ ᠢᠯᠡᠳᠭᠡᠪᠡ᠃ | ᠴᠢᠣᠢ ᠶᠣᠸᠠᠨ ᠤ ᠣᠶᠠᠩᠭ᠎ᠠ ᠰᠢᠯᠦᠭ | ᠴᠢᠤᠢ ᠶᠣᠸᠠᠨ ᠴᠦᠯᠡᠭᠳᠡᠭᠰᠡᠨ ᠡᠬᠢᠨ ᠤ ᠬᠤᠭᠤᠴᠠᠭᠠᠨ ᠳᠠᠭᠠᠨ ᠳ᠋ᠦᠡᠭ ᠲᠢᠩ ᠨᠠᠭᠤᠷ ᠢᠶᠠᠷ ᠡᠷᠭᠢᠴᠡᠨ᠂ | ᠬᠠᠨ ᠱᠦᠢ ᠭᠤᠣᠯ ᠢᠶᠠᠷ ᠦᠭᠰᠣᠵᠦ᠂ ᠰᠢᠦ᠋ᠢᠹᠦ᠋ ᠭᠡᠳᠡᠭ ᠭᠠᠵᠠᠷ ᠰᠠᠭᠤᠭᠠᠳ᠂ ᠲᠠᠷᠠᠭ᠎ᠠ ᠨᠢ ᠰᠢᠶᠠᠩᠵᠢᠶᠠᠩ | ᠮᠦᠷᠡᠨ ᠢᠶᠠᠷ ᠣᠷᠣᠭᠤᠳᠠᠨ᠂ ᠮᠢ ᠯᠦᠸᠧ ᠵᠢᠶᠠᠩ ᠮᠦᠷᠡᠨ ︵汨 罗 江︶ ᠤ ᠬᠦᠪᠡᠭᠡ ᠳᠤ ᠰᠠᠭᠤᠭᠰᠠᠨ | ᠪᠠᠶᠢᠨ᠎ᠠ᠃ | ᠴᠢᠣᠢ ᠶᠣᠸᠠᠨ ᠴᠦᠯᠡᠭᠳᠡᠭᠰᠡᠨ ᠬᠤᠭᠤᠴᠠᠭᠠᠨ ᠳᠠᠭᠠᠨ ᠴᠦ᠋ ᠣᠯᠣᠰ ᠤᠨ ᠠᠷᠠᠳ ᠤᠨ ᠲᠠᠭᠤᠣ ᠶᠢᠨ ᠰᠠᠭᠤᠷᠢᠠ | ᠲᠡᠭᠡᠷ᠎ᠠ ︽ᠣᠶᠠᠩᠭ᠎ᠠ ᠶᠢᠨ ᠬᠡᠯᠪᠡᠷᠢᠲᠦ᠂ ᠦᠪᠡᠷᠮᠢᠴᠡ ᠣᠨᠴᠠᠯᠢᠭ ᠲᠠᠢ᠂ ᠰᠢᠯᠦᠭ ᠤᠨ ᠬᠡᠯᠪᠡᠷᠢᠲᠠᠢ ᠣᠶᠠᠩᠭ᠎ᠠ ᠶᠢ | ᠣᠯᠠᠨ ᠪᠦᠲᠦᠭᠡᠪᠡ︾᠃ ᠡᠶᠢᠮᠦ ᠬᠡᠯᠪᠡᠷᠢ ᠪᠠᠷ ᠪᠢᠴᠢᠭᠰᠡᠨ ᠰᠢᠯᠦᠭ ᠢ ︽ᠴᠦ᠋ ᠣᠯᠣᠰ ᠤᠨ ᠣᠶᠠᠩᠭ᠎ᠠ︾ ︵楚辞 | ︶ ᠭᠡᠳᠡᠭ᠃ ᠣᠳᠣ ᠪᠣᠯᠲᠠᠯ᠎ᠠ ᠣᠯᠠᠮᠵᠢᠯᠠᠭᠳᠠᠵᠣ ᠢᠷᠡᠭᠰᠡᠨ ᠴᠢᠣᠢ ᠶᠣᠸᠠᠨ ᠤ ᠰᠢᠯᠦᠭ ᠲᠤ᠄ ︽ᠭᠤᠨᠢᠭᠲᠣ | ᠣᠴᠠᠷᠠᠯ︾ ︵离骚︶᠂ ︽ᠶᠢᠰᠦᠨ ᠲᠠᠭᠤᠣ︾ ︵九歌︶᠂ ︽ᠶᠢᠰᠦᠨ ᠰᠢᠯᠦᠭ︾ ︵九章︶᠂ | ︽ᠰᠦᠨᠡᠰᠦᠨ ᠤ ᠲᠠᠯᠠᠯᠭ᠎ᠠ︾ ︵招魂︶᠂ ︽ᠲᠡᠭᠷᠢ ᠶᠢᠨ ᠠᠰᠠᠭᠤᠳᠠᠯ︾ ︵天问︶ ᠭᠡᠬᠦ ᠮᠡᠲᠦ | ᠬᠤᠷᠢ ᠭᠠᠷᠣᠢ ᠵᠣᠬᠢᠶᠠᠯ ᠪᠦᠲᠦᠭᠡᠯ ᠨᠢ ᠦᠯᠡᠳᠡᠵᠦ ᠢᠷᠡᠵᠠᠢ᠃ ᠲᠡᠳᠡᠭᠡᠷ ᠣᠶᠠᠩᠭ᠎ᠠ ᠶᠢᠨ ᠰᠢᠯᠦᠭ ᠲᠡᠭᠡᠨ | ᠲᠣᠬᠠᠢ ᠶᠢᠨ ᠦᠶ᠎ᠠ ᠶᠢᠨ ᠨᠣᠶᠠᠷᠬᠠᠭᠴᠢ ᠠᠩᠬᠢ ᠶᠢᠨ ᠲᠣᠲᠣᠷᠠᠬᠢ ᠬᠤᠶᠠᠷ ᠪᠦᠯᠦᠭ ᠲᠡᠮᠡᠴᠡᠯ ᠳᠤ ᠢᠯᠠᠭᠳᠠᠨ | ᠲᠠᠷᠣᠭᠳᠠᠵᠣ ᠣᠷᠲᠣ ᠬᠤᠭᠤᠴᠠᠭ᠎ᠠ ᠪᠠᠷ ᠴᠦᠯᠡᠭᠳᠡᠵᠦ ᠶᠠᠪᠣᠭᠰᠠᠨ ᠦᠡᠭᠭᠡᠷᠡᠯᠲᠡ ᠪᠠᠷ ᠢᠶᠠᠨ ᠲᠠᠮᠵᠢᠭᠤᠯᠵᠣ᠂ ᠬᠠᠷᠬᠢᠰ | ᠲᠡᠷᠰᠯᠡᠭᠦᠦ ᠪᠦᠭᠡᠳ ᠬᠤᠪᠳᠤᠭ ᠲᠣᠯᠣᠮᠰᠢᠭ ᠡᠷᠬᠡ ᠪᠠᠷᠢᠭᠴᠢᠳ ᠤᠨ ᠶᠠᠯ᠎ᠠ ᠭᠡᠮ ᠢ ᠬᠠᠶᠢᠷ᠎ᠠ ᠨᠠᠶᠢᠷ ᠦᠭᠡᠢ | ᠢᠯᠡᠴᠢᠯᠡᠵᠦ᠂ ᠬᠠᠶᠢᠷ᠎ᠠ ᠬᠤᠷᠣᠰᠣᠯ ᠢᠶᠠᠨ ᠢᠯᠡᠳᠭᠡᠬᠦ ᠶᠢᠨ ᠲᠠᠭᠠᠤ ᠴᠢᠨ ᠣᠯᠣᠰ ᠤᠨ ᠲᠦᠷᠢᠮᠡᠬᠡᠶᠢᠯᠡᠯ ᠢ | ᠡᠰᠡᠷᠭᠦᠴᠡᠭᠰᠡᠨ ᠡᠬᠡ ᠣᠯᠣᠰ ᠤᠨ ᠢᠶᠠᠨ ᠨᠣᠲᠤᠭ ᠲᠡᠪᠢᠰᠭᠡᠷ ᠢ ᠬᠠᠮᠠᠭᠠᠯᠠᠬᠤ ᠪᠠᠷ ᠲᠠᠶᠢᠨ ᠤ ᠲᠠᠯᠠᠪᠣᠷ ᠲᠤ | ᠪᠠᠭᠠᠲᠣᠷᠯᠢᠭ ᠢᠶᠠᠷ ᠲᠡᠮᠡᠴᠡᠵᠦ ᠪᠡᠶ᠎ᠠ ᠦᠷᠡᠭᠳᠡᠭᠰᠡᠨ ᠪᠠᠭᠠᠲᠣᠷᠴᠣᠳ ᠤᠨ ᠢᠶᠠᠨ ᠠᠷᠢᠭᠤᠨ ᠰᠦᠨᠡᠰᠦ ᠶᠢ ᠨᠢ ᠲᠠᠬᠢᠵᠣ᠂ | ᠲᠡᠳᠡᠨ ᠤ ᠪᠠᠭᠠᠲᠣᠷ ᠵᠣᠷᠢᠭ ᠢ ᠮᠠᠭᠲᠠᠨ ᠲᠠᠭᠤᠯᠠᠪᠠ᠃ | ᠮᠢ ᠯᠦᠸᠧ ᠵᠢᠶᠠᠩ ᠮᠦᠷᠡᠨ ᠳᠤ ᠬᠠᠷᠠᠶᠢᠵᠣ ᠨᠠᠰᠣ ᠪᠠᠷᠠᠭᠰᠠᠨ ᠨᠢ | ᠤᠨ ᠲᠣᠭᠠᠯᠠᠯ ᠤᠨ ᠡᠮᠦᠨᠡᠬᠢ 278 ᠤᠨ ᠳᠤ ᠴᠢᠨ ᠱᠢ ᠬᠤᠸᠠᠩ ᠤᠨ ᠴᠢᠨ ᠣᠯᠣᠰ ᠤᠨ ᠶᠡᠭᠡ ᠴᠡᠷᠢᠭ | ᠴᠦ᠋ ᠣᠯᠣᠰ ᠤᠨ ᠬᠢᠯᠢ ᠬᠢᠵᠠᠭᠠᠷ ᠢ ᠲᠣᠪᠲᠣᠯᠵᠣ᠂ ᠨᠡᠶᠢᠰᠯᠡᠯ ᠶᠢᠩ ᠳᠤ ᠬᠤᠲᠠ ᠶᠢ ᠨᠢ ᠡᠪᠳᠡᠵᠦ᠂ ᠣᠯᠣᠰ | ᠣᠷᠣᠨ ᠢ ᠨᠢ ᠡᠵᠡᠯᠡᠵᠦ᠂ ᠴᠡᠷᠢᠭ ᠠᠷᠠᠳ ᠢ ᠨᠢ ᠶᠡᠬᠡᠪᠡᠷ ᠬᠢᠲᠣᠭᠰᠠᠨ ᠳᠤ ᠴᠢᠣᠢ ᠶᠣᠸᠠᠨ ᠨᠡᠩ ᠶᠡᠭᠡ ᠬᠠᠷᠠᠰᠣᠨ᠂ | ᠡᠯᠢᠭᠡ ᠵᠢᠷᠦᠬᠡ ᠶᠢ ᠨᠢ ᠮᠡᠰᠡ ᠬᠢᠲᠤᠭ᠎ᠠ ᠪᠠᠷ ᠣᠭᠲᠣᠯᠵᠣ ᠪᠠᠶᠢᠬᠤ ᠮᠡᠲᠦ ᠪᠣᠯᠣᠭᠰᠠᠨ ᠳᠤ ᠡᠬᠡ ᠣᠯᠣᠰ ᠢᠶᠠᠨ | ᠬᠠᠶᠢᠷᠠᠯᠠᠬᠤ ᠵᠣᠷᠢᠭ ᠰᠠᠨᠠᠭ᠎ᠠ ᠨᠢ ᠣᠯᠠᠮ ᠴᠢᠩᠭᠠᠷᠠᠵᠣ᠂ 5 ᠰᠠᠷ᠎ᠠ ᠶᠢᠨ 5 ᠤ ᠡᠳᠦᠷ ᠬᠠᠮᠤᠭ ᠡᠴᠦᠰ ᠤᠨ ᠬᠡᠷᠢᠶᠡᠰ | ᠪᠢᠴᠢᠭ ︽ᠬᠤᠸᠠᠢ ᠱᠠ︾ ᠲᠠᠭᠤᠯᠠᠯ ᠢᠶᠠᠨ ᠪᠢᠴᠢᠭᠡᠳ ᠴᠢᠯᠠᠭᠤ ᠲᠡᠪᠡᠷᠢᠵᠦ ᠮᠢ ᠯᠦᠸᠧ ᠵᠢᠶᠠᠩ ᠮᠦᠷᠡᠨ ᠳᠤ | ᠬᠠᠷᠠᠶᠢᠵᠣ᠂ ᠰᠦᠷᠯᠢᠭ ᠶᠡᠭᠡ ᠢᠷᠠᠭᠤ ᠬᠦᠭ ᠲᠠᠢ ᠣᠶᠠᠩᠭ᠎ᠠ ᠰᠢᠯᠦᠭ ᠲᠡᠭᠡᠨ ᠡᠬᠡ ᠣᠯᠣᠰ ᠢᠶᠠᠨ ᠬᠠᠶᠢᠷᠠᠯᠠᠬᠤ | ᠰᠡᠳᠬᠢᠯᠭᠡ ᠪᠠᠨ ᠢᠯᠡᠳᠭᠡᠵᠦ᠂ ᠲᠡᠣᠬᠡ ᠶᠢᠨ ᠬᠠᠭᠤᠳᠠᠰᠣᠨ ᠳᠤ ᠮᠦᠡᠭᠬᠡ ᠦᠯᠡᠳᠡᠭᠡᠪᠡ᠃ | ᠬᠤᠭᠤᠷᠠᠬᠤ ᠠᠴᠠ ᠪᠢᠰᠢ ᠨᠣᠭᠤᠷᠠᠬᠤ ᠦᠭᠡᠢ ᠬᠠᠳᠠᠨ ᠵᠣᠷᠢᠭᠲᠠᠨ | ᠴᠢᠣᠢ ᠶᠣᠸᠠᠨ ᠤ ᠡᠨᠡ ᠮᠡᠲᠦ ᠡᠬᠡ ᠣᠷᠣᠨᠴᠢ ᠦᠵᠡᠯ ᠨᠢ ᠴᠦᠮ ᠮᠣᠩᠭᠤᠯ ᠣᠨᠴᠠᠯᠢᠭ ᠪᠦᠬᠦᠢ ᠴᠦ᠋ ᠶᠢᠨ | ᠵᠣᠷᠢᠭ ᠰᠠᠨᠠᠭ᠎ᠠ᠂ ᠴᠦ᠋ ᠶᠢᠨ ᠰᠣᠶᠣᠯ ᠢᠶᠠᠷ ᠠᠮᠢᠯᠠᠭᠰᠠᠨ ᠪᠠᠶᠢᠨ᠎ᠠ᠃ ᠲᠣᠬᠠᠢ ᠶᠢᠨ ᠦᠶ᠎ᠠ ᠳᠤ ᠬᠠᠷᠠᠩᠭᠤᠢ ᠮᠣᠩᠬᠠᠭ | ᠴᠦ᠋ ᠰᠢᠶᠠᠩ ᠸᠠᠩ ᠬᠤᠶᠢᠬᠤᠷ ᠬᠤᠯᠵᠢᠨ ᠬᠦᠮᠦᠨ ᠤ ᠬᠤᠪᠴᠢ ᠦᠭᠡᠨ ᠳᠤ ᠣᠨᠠᠵᠣ ᠰᠢᠳᠣᠷᠭᠤ ᠴᠢᠭᠡᠴᠢ ᠴᠢᠣᠢ | ᠶᠣᠸᠠᠨ ᠢ ᠴᠦᠯᠡᠭᠡᠳ᠂ ᠴᠦ᠋ ᠣᠯᠣᠰ ᠤᠨ ᠴᠡᠷᠢᠭ ᠠᠷᠠᠳ ᠨᠢ ᠴᠢᠨ ᠣᠯᠣᠰ ᠤᠨ ᠦᠭᠶᠦᠭᠡ ᠪᠣᠯᠵᠣ᠂ | ᠡᠴᠦᠰ ᠲᠡᠭᠡᠨ ᠴᠦ᠋ ᠣᠯᠣᠰ ᠨᠢ ᠴᠦ ᠮᠦᠬᠦᠪᠡ᠃ ᠡᠶᠢᠮᠦ ᠠᠴᠠ ᠴᠢᠣᠢ ᠶᠣᠸᠠᠨ ︽ᠵᠢᠭᠠᠰᠣᠴᠢᠨ ᠡᠪᠦᠭᠡᠨ︾ ᠭᠡᠬᠦ | ᠰᠢᠯᠦᠭ ᠲᠡᠭᠡᠨ᠄ ︽ᠬᠦᠪᠴᠢᠨ ᠲᠡᠯᠡᠬᠡᠢ ᠪᠣᠵᠠᠷᠳᠠᠭᠠᠳ / ᠦᠴᠦᠬᠡᠨ ᠪᠢ ᠭᠠᠭᠴᠠᠭᠠᠷ ᠴᠡᠪᠡᠷ / ᠴᠦ᠋ ᠬᠤᠸᠠᠢ ᠸᠠᠩ | ᠮᠣᠩᠬᠠᠷᠠᠭᠠᠳ / ᠡᠭᠡᠯ ᠪᠢ ᠭᠠᠭᠴᠠᠭᠠᠷ ᠰᠡᠷᠭᠡᠢ︾ ᠭᠡᠮᠡᠨ ᠰᠢᠯᠦᠭᠯᠡᠵᠦ᠂ ᠡᠶᠢᠮᠦ ᠣᠴᠢᠷ ᠠᠴᠠ ᠴᠦᠯᠡᠭᠳᠡᠪᠡ ᠭᠡᠰᠡᠨ | ᠪᠦᠭᠡᠳ ᠪᠠᠰᠠ᠄ ︽ᠰᠢᠶᠠᠩ ᠵᠢᠶᠠᠩ ᠮᠦᠷᠡᠨ ᠤ ᠣᠰᠣᠨ ᠳᠤ ᠵᠢᠪᠴᠦ / ᠵᠢᠭᠠᠰᠣᠨ ᠤ ᠦᠭᠶᠦᠭᠡ ᠪᠣᠯᠬᠤ ᠠᠴᠠ | ᠪᠢᠰᠢ / ᠴᠡᠪᠡᠷ ᠴᠠᠭᠠᠨ ᠠᠷᠢᠭᠤᠨ ᠪᠡᠶ᠎ᠠ ᠳᠡᠭᠡᠨ / ᠶᠢᠷᠲᠢᠨᠴᠦ ᠶᠢᠨ ᠪᠣᠵᠠᠷ ᠢ ᠬᠠᠯᠳᠠᠭᠠᠬᠤ ᠦᠭᠡᠢ︾ ᠭᠡᠪᠡ᠃ ᠡᠨᠡ | ᠪᠣᠯ ᠴᠢᠣᠢ ᠶᠣᠸᠠᠨ ᠤ ᠬᠤᠭᠤᠷᠠᠬᠤ ᠠᠴᠠ ᠪᠢᠰᠢ ᠨᠣᠭᠤᠷᠠᠬᠤ ᠦᠭᠡᠢ ᠬᠠᠳᠠᠨ ᠵᠣᠷᠢᠭ ᠤᠨ ᠢᠯᠡᠷᠡᠯ ᠪᠣᠯᠣᠨ᠎ᠠ᠃ | ᠴᠢᠣᠢ ᠶᠣᠸᠠᠨ ᠢ ᠬᠡᠷᠬᠢᠨ ᠦᠨᠡᠯᠡᠬᠦ ᠪᠣᠢ︖ | ᠴᠢᠣᠢ ᠶᠣᠸᠠᠨ ᠪᠣᠯ ᠮᠠᠨ ᠤ ᠣᠯᠣᠰ ᠤᠨ ᠴᠦᠨ ᠴᠢᠦ ᠪᠠᠶᠢᠯᠳᠣᠭᠠᠨᠲᠣ ᠣᠯᠣᠰ ᠤᠨ ᠦᠶ᠎ᠠ ᠳᠠᠬᠢ ᠴᠦ᠋ | ᠣᠯᠣᠰ ᠤᠨ ᠠᠭᠤᠣ ᠶᠡᠭᠡ ᠮᠣᠩᠭᠤᠯᠵᠢᠨ ᠰᠢᠯᠦᠭᠴᠢ ᠪᠦᠭᠡᠳ ᠡᠬᠡ ᠣᠷᠣᠨᠴᠢ ᠬᠠᠳᠠᠨ ᠪᠠᠭᠠᠲᠣᠷ ᠰᠠᠶᠢᠨ ᠰᠠᠶᠢᠳ | ᠮᠦᠨ᠃ ᠴᠢᠣᠢ ᠶᠣᠸᠠᠨ ᠤ ᠣᠶᠠᠩᠭ᠎ᠠ ᠶᠢᠨ ᠲᠣᠬᠠᠢ ᠶᠡᠭᠡ ᠵᠣᠬᠢᠶᠠᠯᠴᠢ ᠰᠧ ᠮᠠ ᠴᠢᠶᠠᠨ᠄ ︽ᠣᠳᠬ᠎ᠠ ᠠᠨᠣ ᠭᠦᠨ᠂ | ᠣᠶᠠᠩᠭ᠎ᠠ ᠠᠨᠣ ᠣᠷᠠᠨ᠂ ᠵᠣᠷᠢᠭ ᠠᠨᠣ ᠬᠠᠲᠠᠭᠤ᠂ ᠦᠢᠯᠡᠰ ᠠᠨᠣ ᠴᠡᠪᠡᠷ᠂ ᠵᠣᠬᠢᠶᠠᠯ ᠠᠨᠣ ᠣᠬᠤᠷ ᠪᠦᠭᠡᠲᠡᠯᠠ | ᠲᠣᠰᠣᠯᠲᠠ ᠠᠨᠣ ᠲᠦᠢᠯ ᠤᠨ ᠶᠡᠭᠡ᠂ ᠦᠭᠦᠯᠡᠬᠦ ᠠᠨᠣ ᠣᠢᠢᠷ᠎ᠠ ᠪᠦᠭᠡᠲᠡᠯᠠ ᠬᠠᠷᠠᠯᠲᠠ ᠠᠨᠣ ᠬᠤᠯᠠ ᠪᠣᠶᠣ︕︾ | ᠭᠡᠵᠦ ᠦᠨᠡᠯᠡᠭᠰᠡᠨ ᠪᠠᠶᠢᠳᠠᠭ᠃ | ᠵᠠᠭᠤᠨ ᠣᠪᠣᠭᠲᠠᠨ ᠴᠢᠣᠢ ᠶᠣᠸᠠᠨ ᠢ ᠰᠠᠨᠠᠭᠠᠯᠵᠠᠭᠰᠠᠨ ᠨᠢ | ᠴᠢᠣᠢ ᠶᠣᠸᠠᠨ ᠨᠠᠰᠣ ᠪᠠᠷᠠᠭᠰᠠᠨ ᠳᠤ ᠴᠦ᠋ ᠣᠯᠣᠰ ᠤᠨ ᠵᠠᠭᠤᠨ ᠣᠪᠣᠭᠲᠠᠨ ᠬᠤᠶᠢᠨ᠎ᠠ ᠬᠤᠶᠢᠨ᠎ᠠ ᠠᠴᠠ ᠪᠠᠨ | ᠮᠢ ᠯᠦᠸᠧ ᠵᠢᠶᠠᠩ ᠮᠦᠷᠡᠨ ᠤ ᠬᠦᠪᠡᠭᠡᠠ ᠳᠤ ᠬᠦᠷᠴᠦ ᠡᠮᠭᠡᠨᠢᠨ ᠭᠠᠰᠢᠭᠤᠳᠠᠭᠰᠠᠨ ᠪᠠᠶᠢᠨ᠎ᠠ᠃ ᠡᠭᠦᠨ ᠳᠤ᠄ ᠣᠯᠠᠨ | ᠵᠢᠭᠠᠰᠣᠴᠢᠨ ᠠᠷᠠᠳ ᠣᠡᠭᠭᠤᠴᠠ ᠰᠠᠯ ᠢᠶᠠᠨ ᠰᠡᠯᠢᠨ ᠬᠦᠷᠴᠦ᠂ ᠮᠦᠷᠡᠨ ᠤ ᠲᠡᠭᠡᠭᠦᠷ ᠨᠠᠰᠢ ᠴᠠᠰᠢ ᠡᠷᠭᠢᠯᠳᠦᠬᠦ ᠳᠡᠭᠡᠨ | ᠲᠣᠣᠷ ᠬᠠᠶᠠᠵᠣ᠂ ᠴᠢᠣᠢ ᠶᠣᠸᠠᠨ ᠤ ᠬᠡᠭᠦᠷ ᠪᠡᠶ᠎ᠠ ᠶᠢ ᠱᠦᠭᠦᠵᠦ ᠣᠯᠬᠤ ᠪᠠᠷ ᠴᠢᠷᠮᠠᠶᠢᠪᠠ︔ ᠵᠠᠷᠢᠮ ᠵᠢᠭᠠᠰᠣᠴᠢᠨ | ᠠᠷᠠᠳ ᠴᠢᠣᠢ ᠶᠣᠸᠠᠨ ᠳᠤ ᠪᠡᠯᠡᠳᠭᠡᠭᠰᠡᠨ ᠠᠮᠲᠠᠲᠣ ᠢᠳᠡᠭᠡᠨ᠂ ᠲᠠᠬᠢᠶᠠᠨ ᠦᠨᠳᠡᠭᠡ᠂ ᠵᠠᠭᠤᠴᠢ ᠪᠣᠳᠠᠭ᠎ᠠ ᠵᠡᠷᠭᠡ ᠪᠠᠨ | ᠮᠦᠷᠡᠨ ᠤ ᠣᠰᠣᠨ ᠳᠤ ᠬᠠᠶᠠᠵᠣ᠂ ᠵᠢᠭᠠᠰᠣ ᠵᠢᠷᠠᠭᠠᠬᠠᠢ᠂ ᠨᠠᠢᠮᠠᠯᠵᠢ ᠮᠡᠯᠡᠬᠡᠢ ᠵᠡᠷᠭᠡ ᠣᠰᠣᠨ ᠤ ᠠᠮᠢᠲᠠᠳ ᠴᠢᠣᠢ | ᠶᠣᠸᠠᠨ ᠤ ᠬᠡᠭᠦᠷ ᠪᠡᠶ᠎ᠠ ᠶᠢ ᠪᠢᠲᠡᠬᠡᠢ ᠯᠡ ᠭᠡᠮᠲᠦᠭᠡ ᠭᠡᠵᠦ ᠬᠦᠰᠡᠮᠵᠢᠯᠡᠪᠡ︔ ᠵᠠᠷᠢᠮ ᠢᠷᠭᠡᠳ ᠬᠦᠭᠰᠢᠨ ᠵᠠᠯᠠᠭᠤ | ᠪᠦᠬᠦᠨ ᠢᠶᠠᠷ ᠢᠶᠠᠨ ᠬᠦᠷᠦᠯᠴᠡᠨ ᠣᠴᠢᠵᠣ᠂ ᠴᠢᠣᠢ ᠶᠣᠸᠠᠨ ᠤ ᠬᠡᠭᠦᠷ ᠪᠡᠶ᠎ᠠ ᠶᠢ ᠬᠠᠮᠠᠭᠠᠯᠠᠬᠤ ᠡᠯᠳᠡᠪ ᠵᠦᠢᠯ ᠤᠨ | ᠠᠷᠭ᠎ᠠ ᠰᠦᠪᠡᠭᠴᠢᠯᠡᠪᠡ ᠭᠡᠨ᠎ᠠ᠃ ᠨᠢᠭᠡᠨ ᠡᠪᠦᠭᠡᠨ ᠡᠮᠴᠢ ᠲᠣᠮᠴᠢ ᠨᠢᠭᠡ ᠪᠣᠲᠣᠩ ᠠᠷᠠᠵᠠ ᠰᠠᠷᠬᠤᠳ ᠢ ᠮᠦᠷᠡᠨ ᠳᠤ | ᠰᠠᠴᠣᠵᠣ᠂ ᠣᠰᠣᠨ ᠤ ᠠᠮᠢᠲᠠᠳ ᠣᠣᠭᠤᠵᠣ ᠰᠣᠭᠲᠣᠪᠠᠯ ᠴᠢᠣᠢ ᠶᠣᠸᠠᠨ ᠤ ᠬᠡᠭᠦᠷ ᠪᠡᠶ᠎ᠠ ᠶᠢ ᠭᠡᠮᠲᠦᠭᠡᠬᠦ ᠦᠭᠡᠢ | ᠶᠣᠮ ᠭᠡᠵᠦ ᠲᠣᠮᠨᠠᠪᠠ ᠭᠡᠨ᠎ᠠ᠃ | ᠰᠣᠳᠣᠨ ᠰᠢᠯᠦᠭᠴᠢᠨ ᠴᠢᠣᠢ ᠶᠣᠸᠠᠨ ᠢ ᠲᠣᠷᠠᠰᠬᠠᠭᠰᠠᠨ ᠨᠢ | ᠬᠤᠶᠠᠷ ᠮᠢᠩᠭᠠᠨ ᠵᠢᠯ ᠤᠨ ᠡᠮᠦᠨᠡᠬᠢ ᠴᠦᠨ ᠴᠢᠦ ᠶᠢᠨ ᠦᠶ᠎ᠠ ᠠᠴᠠ ᠡᠬᠢᠯᠡᠨ ᠣᠳᠣ ᠪᠣᠯᠲᠠᠯ᠎ᠠ ᠵᠢᠯ | ᠪᠦᠷᠢ ᠶᠢᠨ 5 ᠰᠠᠷ᠎ᠠ ᠶᠢᠨ 5 ᠤ ᠡᠳᠦᠷ ᠵᠠᠭᠤᠨ ᠣᠪᠣᠭᠲᠠᠨ ᠡᠷᠦᠬᠡ ᠪᠦᠷᠢ ᠪᠦᠷ ᠬᠤᠯᠣᠰᠣᠨ ᠨᠠᠪᠴᠢ ᠪᠠᠷ | ᠪᠣᠭᠤᠭᠰᠠᠨ ᠨᠢᠭᠡ ᠵᠦᠢᠯ ᠤᠨ ᠢᠳᠡᠭᠡᠨ — ᠽᠦᠡᠭᠽᠢ ᠢᠳᠡᠵᠦ ᠴᠢᠣᠢ ᠶᠣᠸᠠᠨ ᠢ ᠲᠣᠷᠠᠰᠬᠠᠳᠠᠭ᠃ ᠡᠮᠦᠨᠡᠲᠦ | ᠣᠷᠣᠨ ᠳᠤ ᠪᠣᠯ ᠯᠣᠣ ᠶᠢᠨ ᠲᠣᠯᠣᠭᠠᠢᠢᠲᠣ ᠣᠡᠭᠭᠤᠴᠠ ᠰᠡᠯᠢᠵᠦ ᠣᠷᠣᠯᠳᠣᠨ ᠠᠷᠢᠬᠢ ᠲᠠᠷᠠᠰᠣ ᠣᠣᠭᠤᠵᠣ ᠴᠢᠣᠢ | ᠶᠣᠸᠠᠨ ᠢ ᠲᠣᠷᠠᠰᠬᠠᠳᠠᠭ᠃ ᠽᠦᠡᠭᠽᠢ ᠢᠳᠡᠬᠦ ᠵᠠᠩᠰᠢᠯ ᠨᠢ ᠬᠦᠭᠵᠢᠭᠡᠳ ᠰᠣᠯᠣᠩᠭᠤᠰ᠂ ᠶᠠᠫᠣᠨ ᠪᠣᠶᠣ ᠡᠮᠦᠨᠡᠲᠦ | ᠠᠽᠢᠶ᠎ᠠ ᠶᠢᠨ ᠣᠯᠠᠨ ᠣᠯᠣᠰ ᠲᠤ ᠣᠯᠠᠮᠵᠢᠯᠠᠨ ᠲᠠᠷᠬᠠᠭᠰᠠᠨ ᠪᠠᠶᠢᠨ᠎ᠠ᠃ | |